ᠮᠤᠩᠭᠤᠯ ᠰᠤᠲᠤᠯᠤᠯ᠎ᠲᠠᠢ ᠬᠤᠯᠪᠤᠬ᠍ᠲᠠᠬᠤ ᠲᠦᠪᠡᠳ ᠰᠤᠷᠪᠤᠯᠵᠢ ᠪᠢᠴᠢᠭ᠎ᠢ ᠡᠮᠬᠢᠳᠭᠡᠨ ᠠᠱᠢᠬ᠍ᠯᠠᠬᠤ ᠠᠵᠢᠯ ᠱᠢᠨ᠎ᠡ ᠲᠡᠭ᠌ᠳᠡᠷ᠎ᠲᠤ ᠭᠠᠷᠤᠯ᠎ᠠ
2020-03-04 11:07:22
ᠵᠣᠬᠢᠶᠠᠭ᠍ᠴᠢ᠄
ᠱᠢᠶᠠᠩ ᠲᠤᠤ
ᠣᠩᠱᠢᠭ᠍ᠰᠠᠨ ᠣᠳᠠᠭ᠎ᠠ᠄
★★★☆☆

      1247 ᠤᠨ᠎ᠳᠤ ᠦᠬᠡᠳᠡᠢ ᠬᠠᠭᠠᠨ᠎ᠤ ᠬᠦᠪᠡᠬᠦᠨ ᠬᠦᠳᠡᠨ ᠨᠤᠶᠠᠨ᠂ ᠲᠦᠪᠡᠳ᠎ᠤᠨ ᠰᠠᠰᠭᠢᠶ᠎ᠠ ᠪᠠᠨᠲᠢᠲᠠ ᠬᠦᠩᠭᠠᠵᠠᠯᠰᠠᠨ᠎ᠲᠠᠢ ᠯᠢᠶᠠᠩᠵᠸᠦ᠎ᠳᠤ ᠵᠤᠯᠭᠠᠭ᠍ᠰᠠᠨ᠎ᠠᠴᠠ ᠮᠤᠩᠭᠤᠯ ᠤᠷᠤᠨ᠎ᠳᠤ ᠪᠤᠷᠬᠠᠨ᠎ᠤ ᠱᠠᠱᠢᠨ ᠡᠬᠢᠯᠡᠨ ᠤᠯᠠᠮᠵᠢᠯᠠᠨ ᠲᠡᠯᠭᠡᠷᠡᠭ᠌ᠰᠡᠨ ᠪᠠᠢᠨ᠎ᠠ᠃ ᠡᠨᠡ ᠬᠦ᠌ ᠲᠡᠦᠭᠡᠨ ᠭᠡᠷᠡᠭ ᠶᠠᠪᠤᠲᠠᠯ᠎ᠨᠢ ᠲᠡᠦᠭᠡ ᠰᠤᠲᠤᠯᠤᠬ᠍ᠴᠢᠳ᠎ᠤᠨ ᠬᠠᠷᠠᠭᠠᠨ᠎ᠳᠠᠬᠢ ᠮᠤᠩᠭᠤᠯ ᠲᠦᠪᠡᠳ ᠬᠤᠶᠠᠷ ᠦᠨᠲᠦᠰᠦᠳᠡᠨ᠎ᠤ ᠬᠠᠷᠢᠯᠴᠠᠭ᠎ᠠ ᠶᠠᠪᠤᠯᠴᠠᠭᠠᠨ᠎ᠤ ᠡᠬᠢᠯᠡᠯᠳᠡ ᠪᠤᠯᠤᠬ᠍ᠰᠠᠨ ᠪᠦᠬᠡᠳ ᠪᠠᠷᠤᠭ ᠯᠡ ᠡᠨᠡ ᠦᠶ᠎ᠡ᠎ᠠᠴᠠ ᠡᠬᠢᠯᠡᠭᠡᠳ ᠮᠤᠩᠭᠤᠯᠴᠤᠳ᠎ᠲᠠᠢ ᠬᠤᠯᠪᠤᠬ᠍ᠲᠠᠬᠤ ᠲᠦᠪᠡᠳ ᠰᠤᠷᠪᠤᠯᠵᠢ ᠪᠢᠴᠢᠭ᠎ᠤᠳ ᠪᠤᠢ ᠪᠤᠯᠤᠬ᠍ᠰᠠᠨ ᠪᠢᠯᠡ᠃
      ᠤᠯᠠᠨ ᠵᠠᠭᠤᠨ᠎ᠤ ᠲᠤᠷᠰᠢ᠂ ᠮᠤᠩᠭᠤᠯᠴᠤᠳ᠎ᠤᠨ ᠲᠡᠦᠭᠡ ᠪᠠ ᠰᠤᠶᠤᠯ᠎ᠲᠠᠢ ᠬᠤᠯᠪᠤᠬ᠍ᠲᠠᠬᠤ ᠨᠤᠮ ᠪᠢᠴᠢᠭ ᠲᠦᠪᠡᠳ᠎ᠢᠶᠠᠷ ᠲᠠᠰᠤᠷᠠᠯᠲᠠ ᠦᠬᠡᠢ ᠵᠤᠬᠢᠶᠠᠨ ᠪᠦᠲᠦᠭᠡᠭ᠌ᠳᠡᠵᠦ᠍᠂ ᠮᠤᠩᠭᠤᠯ ᠯᠠᠮᠠ ᠡᠷᠳᠡᠮᠳᠡᠳ᠎ᠤᠨ ᠤᠶᠤᠨ ᠤᠬᠠᠭᠠᠨ᠎ᠤ ᠲᠠᠯᠠᠰᠲᠦ ᠪᠠ ᠲᠦᠪᠡᠳ ᠯᠠᠮᠠ ᠡᠷᠳᠡᠮᠳᠡᠳ᠎ᠤᠨ ᠮᠤᠩᠭᠤᠯ ᠰᠤᠶᠤᠯ ᠲᠡᠦᠬᠡ᠎ᠳᠤ ᠬᠠᠨᠲᠤᠭᠤᠯᠤᠬ᠍ᠰᠠᠨ ᠲᠡᠮᠳᠡᠭ᠌ᠯᠡᠯ ᠵᠤᠬᠢᠶᠠᠯ᠎ᠤᠳ᠎ᠨᠢ ᠮᠤᠩᠭᠤᠯ ᠰᠤᠲᠤᠯᠤᠯ᠎ᠤᠨ ᠨᠢᠬᠡᠨ ᠤᠮᠲᠤᠭᠠᠢᠯᠠᠵᠦ᠍ ᠪᠤᠯᠤᠰᠢ ᠦᠬᠡᠢ ᠴᠢᠬᠤᠯᠠ ᠬᠦᠷᠢᠶ᠎ᠡ ᠴᠠᠷᠠᠭ᠎ᠠ ᠪᠤᠯᠤᠬ᠍ᠰᠠᠭᠠᠷ ᠢᠷᠡᠭ᠌ᠰᠡᠨ ᠪᠢᠯᠡ᠃ ᠨᠢᠲᠤᠨᠤᠨ᠂ ᠦᠪᠦᠷ ᠮᠤᠩᠭᠤᠯ᠎ᠤᠨ ᠨᠡᠢᠬᠡᠮ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠳᠤ ᠮᠤᠩᠭᠤᠯ ᠰᠤᠲᠤᠯᠤᠯ᠎ᠤᠨ ᠲᠦᠪᠡᠳ ᠰᠤᠷᠪᠤᠯᠵᠢᠰ ᠰᠤᠲᠤᠯᠬᠤ ᠲᠦᠪ ᠪᠠᠢᠭᠤᠯᠤᠬ᠍ᠲᠠᠵᠦ᠍᠂ ᠮᠠᠨ᠎ᠤ ᠤᠯᠤᠰ᠎ᠲᠤ ᠮᠤᠩᠭᠤᠯ ᠰᠤᠲᠤᠯᠤᠯ᠎ᠲᠠᠢ ᠬᠤᠯᠪᠤᠭ᠍ᠲᠠᠬᠤ ᠲᠦᠪᠡᠳ ᠰᠤᠷᠪᠤᠯᠵᠢ ᠪᠢᠴᠢᠭ᠎ᠢ ᠰᠤᠲᠤᠯᠬᠤ ᠲᠤᠰᠭᠠᠢ ᠪᠠᠢᠭᠤᠯᠤᠮᠵᠢ ᠦᠬᠡᠢ ᠪᠠᠢᠬ᠍ᠰᠠᠨ ᠬᠤᠭᠤᠰᠤᠨ᠎ᠢ ᠨᠦᠬᠦᠪᠦᠷᠢᠯᠡᠵᠦ᠍᠂ ᠮᠤᠩᠭᠤᠯ ᠰᠤᠲᠤᠯᠤᠯ᠎ᠤᠨ ᠬᠦᠷᠢᠶ᠎ᠡ ᠴᠠᠷᠠᠭ᠎ᠠ᠎ᠶ᠋ᠢ ᠤᠯᠠᠮ ᠴᠠᠭᠠᠰᠢ ᠲᠡᠯᠡᠭ᠌ᠰᠡᠨ ᠪᠢᠯᠡ᠃
      ᠤᠲᠤ᠌᠂ 800 ᠱᠢᠬᠠᠮ ᠵᠢᠯ᠎ᠤᠨ ᠲᠡᠦᠬᠡ᠎ᠶ᠋ᠢᠨ ᠬᠤᠭ ᠲᠤᠭᠤᠰᠤᠨ᠎ᠳᠤ ᠲᠠᠷᠤᠭ᠍ᠲᠠᠵᠦ᠍ ᠪᠠᠢᠬ᠍ᠰᠠᠨ ᠮᠤᠩᠭᠤᠯ ᠰᠤᠲᠤᠯᠤᠯ᠎ᠤᠨ ᠲᠦᠪᠡᠳ ᠬᠡᠯᠡᠨ᠎ᠤ ᠰᠤᠷᠪᠤᠯᠵᠢᠰ᠂ ᠦᠶ᠎ᠡ ᠦᠶ᠎ᠡ᠎ᠶ᠋ᠢᠨ ᠡᠷᠳᠡᠮᠳᠡᠨ ᠰᠤᠲᠤᠯᠭᠠᠲᠠᠳ᠎ᠤᠨ ᠬᠠᠢᠨ ᠴᠤᠭ᠍ᠯᠠᠭᠤᠯᠬᠤ᠂ ᠡᠮᠬᠢᠳᠭᠡᠨ ᠲᠦᠷᠦᠯᠵᠢᠬᠦᠯᠬᠦ᠂ ᠱᠢᠨᠵᠢᠯᠡᠨ ᠰᠤᠲᠤᠯᠬᠤ᠂ ᠲᠤᠭᠠᠴᠢᠯᠠᠭᠤᠯᠤᠨ ᠬᠦᠮᠦᠷᠭᠡᠯᠡᠬᠦ᠌᠎ᠪᠠᠷ ᠲᠠᠮᠵᠢᠨ᠂ ᠰᠤᠲᠤᠯᠭᠠᠨ᠎ᠤ ᠲᠤᠰᠭᠠᠢ ᠪᠠᠢᠭᠤᠯᠤᠮᠵᠢ᠎ᠲᠠᠢ᠂ ᠱᠢᠨᠵᠢᠯᠡᠬᠡᠨ᠎ᠤ ᠲᠤᠰᠭᠠᠢ ᠡᠩᠨᠡᠭᠡ᠎ᠲᠠᠢ᠂ ᠱᠢᠨ᠎ᠡ ᠮᠡᠷᠭᠡᠵᠢᠯ᠎ᠤᠨ ᠲᠡᠮᠵᠢᠯᠬᠡ᠎ᠲᠠᠢ ᠪᠤᠯᠵᠦ᠍᠂ ᠭᠡᠷᠡᠯ ᠰᠠᠴᠤᠷᠠᠩᠭᠤᠢ ᠦᠩᠭᠡ ᠬᠢᠯᠪᠠᠭ᠎ᠠ᠎ᠪᠠᠨ ᠤᠯᠠᠮ᠎ᠢᠶᠠᠷ ᠰᠠᠴᠤᠷᠠᠭᠤᠯᠵᠦ᠍ ᠪᠤᠢ ᠁    



      800 ᠱᠢᠬᠠᠮ ᠵᠢᠯ᠎ᠤᠨ ᠲᠡᠷᠳᠡᠭᠡ᠎ᠠᠴᠠ ᠱᠢᠨ᠎ᠡ ᠵᠠᠭᠤᠨ ᠪᠤᠯᠲᠠᠯ᠎ᠠ ᠲᠤᠭᠤᠷᠪᠢᠬ᠍ᠲᠠᠪᠠ

      ᠮᠤᠩᠭᠤᠯ ᠲᠦᠪᠡᠳ ᠬᠤᠶᠠᠷ ᠦᠨᠲᠦᠰᠦᠳᠡᠨ᠎ᠤ ᠬᠠᠷᠢᠯᠴᠠᠭ᠎ᠠ ᠶᠠᠪᠤᠯᠴᠠᠭᠠᠨ᠎ᠤ ᠲᠡᠦᠭᠡᠨ ᠤᠯᠠ ᠮᠦᠷ᠎ᠢ ᠦᠭ᠌ᠰᠦᠬᠦᠯᠦᠨ ᠮᠦᠷᠳᠡᠪᠡᠯ᠂ ᠶᠤᠸᠠᠨ᠂ ᠮᠢᠩ᠂ ᠴᠢᠩ᠂ ᠴᠠᠭᠠᠱᠢᠯᠠᠭᠠᠳ ᠨᠡᠩ ᠡᠷᠳᠡ ᠴᠠᠭ ᠦᠶ᠎ᠡ᠎ᠲᠠᠢ ᠬᠤᠯᠪᠤᠬ᠍ᠲᠠᠬᠤ ᠪᠤᠯᠤᠨ᠎ᠠ᠃ ᠬᠡᠯᠡ ᠰᠤᠶᠤᠯ᠂ ᠵᠠᠩ ᠦᠢᠯᠡ᠂ ᠱᠢᠲᠦᠯᠬᠡ ᠪᠢᠱᠢᠷᠡᠯ᠎ᠢᠶᠠᠷ ᠪᠦᠷ ᠠᠳᠠᠯᠢ ᠪᠤᠰᠤ ᠡᠨᠡ ᠬᠤᠶᠠᠷ ᠦᠨᠲᠦᠰᠦᠳᠡᠨ 13 ᠳ᠋ᠤᠭᠠᠷ ᠵᠠᠭᠤᠨ᠎ᠤ ᠦᠶ᠎ᠡ᠎ᠳᠤ ᠤᠲᠤ᠎ᠶ᠋ᠢᠨ ᠭᠠᠨᠰᠦ ᠮᠤᠵᠢ᠂ ᠬᠦᠬᠡᠨᠠᠭᠤᠷ ᠮᠤᠵᠢ᠎ᠶ᠋ᠢᠨ ᠭᠡᠰᠡᠭ᠎ᠢᠶᠠᠷ᠂ ᠤᠯᠤᠰ ᠲᠦᠷᠦ᠍᠂ ᠱᠠᠱᠢᠨ ᠰᠤᠷᠲᠠᠬᠤᠨ᠂ ᠴᠡᠷᠢᠭ᠎ᠤᠨ ᠶᠠᠪᠤᠲᠠᠯ ᠵᠡᠷᠭᠡ ᠤᠯᠠᠨ ᠲᠠᠯ᠎ᠠ᠎ᠪᠠᠷ ᠬᠠᠷᠢᠯᠴᠠᠵᠦ᠍ ᠡᠬᠢᠯᠡᠭ᠌ᠰᠡᠨ ᠪᠠᠢᠨ᠎ᠠ᠃ ᠬᠦᠳᠡᠨ ᠨᠤᠶᠠᠨ ᠪᠠ ᠬᠦᠩᠭᠠᠵᠠᠯᠰᠠᠨ᠎ᠤ ᠯᠢᠶᠠᠩᠵᠸᠦ᠎ᠳᠠᠬᠢ ᠠᠭᠤᠯᠵᠠᠯᠲᠠ᠂ ᠬᠤᠪᠢᠯᠠᠢ ᠬᠠᠭᠠᠨ ᠪᠤᠯᠤᠨ ᠫᠠᠭ᠍ᠪᠠ ᠯᠠᠮᠠ᠎ᠶ᠋ᠢᠨ ᠯᠢᠦ ᠫᠠᠨ ᠱᠠᠨ᠎ᠳᠠᠬᠢ ᠠᠭᠤᠯᠵᠠᠯᠲᠠ᠂ ᠠᠯᠲᠠᠨ ᠬᠠᠭᠠᠨ ᠪᠠ ᠰᠤᠳᠨᠠᠮᠵᠠᠮᠰᠦ᠎ᠶ᠋ᠢᠨ ᠬᠦᠬᠡᠨᠠᠭᠤᠷ᠎ᠲᠠᠬᠢ ᠠᠭᠤᠯᠵᠠᠯᠲᠠ᠂ ᠬᠦᠱ᠌ᠢ ᠬᠠᠭᠠᠨ ᠪᠠ ᠠᠸᠠᠩᠯᠤᠪᠰᠠᠩᠵᠠᠮᠰᠦ᠎ᠶ᠋ᠢᠨ ᠲᠦᠪᠡᠳ᠎ᠲᠠᠬᠢ ᠠᠭᠤᠯᠵᠠᠯᠲᠠ ᠁ ᠲᠡᠦᠭᠡᠨ᠎ᠳᠤ ᠲᠡᠮᠳᠡᠭ᠌ᠯᠡᠭ᠌ᠳᠡᠵᠦ᠍ ᠰᠤᠲᠤᠷ᠎ᠲᠤ ᠪᠢᠴᠢᠭ᠌ᠳᠡᠭ᠌ᠰᠡᠨ ᠡᠳᠡᠭᠡᠷ ᠤᠯᠠᠨ ᠲᠡᠦᠭᠡᠨ ᠭᠡᠷᠡᠭ ᠶᠠᠪᠤᠲᠠᠯ᠎ᠨᠢ ᠬᠤᠶᠠᠷ ᠦᠨᠲᠦᠰᠦᠳᠡᠨ᠎ᠤ ᠬᠤᠭᠤᠷᠤᠨᠲᠦᠬᠢ ᠬᠡᠯᠡ ᠰᠤᠶᠤᠯ᠎ᠤᠨ ᠰᠤᠯᠢᠯᠴᠠᠭ᠎ᠠ᠂ ᠦᠨᠲᠦᠰᠦᠳᠡᠨ᠎ᠤ ᠬᠠᠷᠢᠯᠴᠠᠭ᠎ᠠ᠂ ᠱᠠᠱᠢᠨ ᠰᠤᠷᠲᠠᠬᠤᠨ᠎ᠤ ᠨᠡᠪᠴᠢᠯᠳᠡ ᠵᠡᠷᠭᠡ᠎ᠶ᠋ᠢ ᠲᠦᠷᠭᠡᠳᠭᠡᠭ᠌ᠰᠡᠨ ᠮᠦᠷᠳᠡᠭᠡᠨ ᠮᠤᠩᠭᠤᠯᠴᠤᠳ᠎ᠤᠨ ᠲᠡᠦᠭᠡ ᠰᠤᠶᠤᠯ᠎ᠲᠠᠢ ᠬᠤᠯᠪᠤᠬ᠍ᠲᠠᠬᠤ ᠲᠦᠪᠡᠳ ᠰᠤᠷᠪᠤᠯᠵᠢ ᠪᠢᠴᠢᠭ᠎ᠤᠨ ᠪᠤᠢ ᠪᠤᠯᠵᠦ᠍ ᠲᠡᠯᠭᠡᠷᠡᠬᠦ᠌᠎ᠳᠤ ᠴᠦ᠍ ᠲᠦᠯᠬᠢᠴᠡ ᠦᠢᠯᠡᠲᠦᠯ ᠦᠵᠡᠬᠦᠯᠵᠡᠢ᠃
      《ᠮᠤᠩᠭᠤᠯ ᠰᠤᠲᠤᠯᠤᠯ᠎ᠲᠠᠢ ᠬᠤᠯᠪᠤᠭ᠍ᠳᠠᠬᠤ ᠲᠦᠪᠡᠳ ᠰᠤᠷᠪᠤᠯᠵᠢ ᠪᠢᠴᠢᠭ᠎ᠤᠨ ᠪᠤᠢ ᠪᠤᠯᠵᠦ᠍ ᠲᠡᠯᠭᠡᠷᠡᠭ᠌ᠰᠡᠨ ᠱᠢᠯᠲᠠᠭᠠᠨ᠎ᠳᠤ᠂ ᠦᠨᠲᠦᠰᠦᠳᠡᠨ᠎ᠤ ᠬᠤᠭᠤᠷᠤᠨᠲᠦᠬᠢ ᠬᠠᠷᠢᠯᠴᠠᠭ᠎ᠠ ᠰᠤᠯᠢᠯᠴᠠᠭ᠎ᠠ᠎ᠠᠴᠠ ᠭᠠᠲᠠᠨ᠎ᠠ᠂ ᠪᠤᠷᠬᠠᠨ ᠱᠠᠱᠢᠨ᠎ᠤ ᠨᠡᠪᠴᠢᠯᠳᠡ ᠮᠠᠰᠢ ᠴᠢᠬᠤᠯᠠ ᠦᠢᠯᠡᠲᠦᠯ ᠦᠵᠡᠬᠦᠯᠦᠭ᠌ᠰᠡᠨ ᠪᠠᠢᠨ᠎ᠠ᠃ ᠲᠤᠬᠠᠢ᠎ᠶ᠋ᠢᠨ ᠦᠶ᠎ᠡ᠎ᠳᠤ᠂ ᠮᠠᠰᠢ ᠤᠯᠠᠨ ᠮᠤᠩᠭᠤᠯ ᠯᠠᠮᠠ ᠬᠤᠸᠠᠷᠠᠭ ᠲᠦᠪᠡᠳ᠎ᠤᠨ ᠰᠦᠮ᠎ᠡ ᠬᠡᠢᠳ᠎ᠲᠤ 2 ᠎ᠠᠴᠠ 3 ᠵᠢᠯ᠂ ᠴᠠᠭᠠᠱᠢᠯᠠᠪᠠᠯ 10 ᠎ᠠᠴᠠ 20 ᠵᠢᠯ᠂ ᠲᠡᠷᠡᠴᠢᠯᠡᠨ ᠨᠢᠬᠡ ᠨᠠᠰᠦ᠎ᠪᠠᠷ᠎ᠢᠶᠠᠨ ᠰᠠᠭᠤᠵᠦ᠍᠂ ᠲᠦᠪᠡᠳ ᠬᠡᠯᠡ ᠰᠤᠷᠴᠦ᠍᠂ ᠰᠤᠲᠤᠷ ᠨᠤᠮ᠎ᠳᠤ ᠱᠢᠮᠲᠠᠨ᠂ ᠯᠾᠠᠷᠠᠮᠪᠠ᠂ ᠷᠠᠪᠵᠠᠮᠪᠠ᠂ ᠭᠠᠪᠴᠦ᠍ ᠵᠡᠷᠭᠡ ᠡᠷᠳᠡᠮ᠎ᠤᠨ ᠴᠤᠯᠠ ᠤᠯᠵᠦ᠍ ᠪᠠᠢᠬ᠍ᠰᠠᠨ᠃ ᠡᠬᠦᠨ᠎ᠠᠴᠠ ᠭᠠᠲᠠᠨ᠎ᠠ᠂ ᠲᠤᠬᠠᠢ᠎ᠶ᠋ᠢᠨ ᠦᠶ᠎ᠡ᠎ᠶ᠋ᠢᠨ ᠬᠦᠮᠦᠰ ᠲᠦᠪᠡᠳ ᠦᠰᠦᠭ᠎ᠢ ᠪᠤᠷᠬᠠᠨ᠎ᠤ ᠦᠰᠦᠭ ᠭᠡᠮᠡᠨ ᠦᠵᠡᠵᠦ᠍᠂ ᠵᠦᠪᠭᠡᠨ ᠲᠦᠪᠡᠳ᠎ᠢᠶᠠᠷ ᠰᠤᠲᠤᠷ ᠨᠤᠮ ᠪᠢᠴᠢᠪᠡᠯ ᠰᠠᠶᠢ ᠰᠦᠰᠦᠭ᠎ᠢᠶᠠᠨ ᠬᠦᠢᠴᠡᠳᠭᠡᠵᠦ᠍ ᠴᠢᠲᠠᠨ᠎ᠠ ᠭᠡᠵᠦ᠍ ᠢᠳᠡᠭᠡᠳᠡᠭ ᠪᠠᠢᠪᠠ᠂ ᠢᠩᠬᠢᠭᠡᠳ ᠮᠤᠩᠭᠤᠯ ᠯᠠᠮᠠ ᠡᠷᠳᠡᠮᠳᠡᠳ᠎ᠤᠨ ᠲᠦᠪᠡᠳ᠎ᠢᠶᠠᠷ ᠲᠤᠭᠤᠷᠪᠢᠬ᠍ᠰᠠᠨ ᠵᠤᠬᠢᠶᠠᠯ ᠪᠦᠲᠦᠭᠡᠯ ᠦᠯᠡᠮᠵᠢ ᠤᠯᠠᠨ ᠲᠡᠯᠭᠡᠷᠡᠭ᠌ᠰᠡᠨ ᠶᠤᠮ》 ᠭᠡᠵᠦ᠍ ᠦᠪᠦᠷ ᠮᠤᠩᠭᠤᠯ᠎ᠤᠨ ᠨᠡᠢᠬᠡᠮ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠤᠨ ᠮᠤᠩᠭᠤᠯ ᠰᠤᠲᠤᠯᠤᠯ᠎ᠤᠨ ᠲᠦᠪᠡᠳ ᠰᠤᠷᠪᠤᠯᠵᠢᠰ ᠰᠤᠲᠤᠯᠬᠤ ᠲᠦᠪ᠎ᠤᠨ ᠡᠷᠬᠢᠯᠡᠭ᠌ᠴᠢ ᠱᠦ᠍ ᠯᠢᠨ ᠶᠠᠷᠢᠨ᠎ᠠ᠃
      ᠮᠤᠩᠭᠤᠯ ᠰᠤᠲᠤᠯᠤᠯ᠎ᠤᠨ ᠲᠦᠪᠡᠳ ᠬᠡᠯᠡᠨ᠎ᠤ ᠰᠤᠷᠪᠤᠯᠵᠢ ᠪᠢᠴᠢᠭ᠎ᠲᠤ ᠮᠤᠩᠭᠤᠯᠴᠤᠳ᠎ᠤᠨ ᠲᠦᠪᠡᠳ ᠬᠡᠯᠡ᠎ᠪᠠᠷ ᠲᠤᠭᠤᠷᠪᠢᠨ ᠪᠢᠴᠢᠭ᠌ᠰᠡᠨ ᠰᠤᠷᠪᠤᠯᠵᠢ ᠪᠢᠴᠢᠭ᠂ ᠲᠦᠪᠡᠳᠴᠤᠳ᠎ᠤᠨ ᠪᠢᠴᠢᠭ᠌ᠰᠡᠨ ᠮᠤᠩᠭᠤᠯ ᠰᠤᠲᠤᠯᠤᠯ᠎ᠤᠨ ᠬᠠᠮᠢᠶ᠎ᠠ᠎ᠲᠠᠢ ᠠᠭᠤᠯᠭ᠎ᠠ ᠪᠦᠬᠦᠢ ᠰᠤᠷᠪᠤᠯᠵᠢ ᠪᠢᠴᠢᠭ ᠪᠠᠭ᠍ᠲᠠᠵᠦ᠍ ᠪᠠᠢᠬᠤ᠎ᠪᠠᠷ ᠦᠯᠦ᠍ ᠪᠠᠷᠠᠮ ᠪᠠᠰᠠ ᠰᠠᠨᠰᠺᠷᠢᠲ ᠬᠡᠯᠡᠨ᠎ᠠᠴᠠ ᠲᠦᠪᠡᠳ ᠬᠡᠯᠡᠨ᠎ᠳᠤ ᠤᠷᠴᠢᠭᠤᠯᠤᠬ᠍ᠰᠠᠨ ᠪᠤᠷᠬᠠᠨ᠎ᠤ ᠰᠤᠲᠤᠷ᠎ᠢ ᠴᠦ᠍ ᠪᠠᠭ᠍ᠲᠠᠭᠠᠵᠦ᠍ ᠪᠠᠢᠲᠠᠭ᠃ ᠪᠦᠷᠢᠨ ᠪᠤᠰᠤ ᠪᠦᠷᠢᠳᠭᠡᠯ᠎ᠢ ᠦᠨᠲᠦᠰᠦᠯᠡᠪᠡᠯ᠂ ᠲᠡᠦᠭᠡᠨ ᠲᠡᠭᠡᠷ᠎ᠡ ᠨᠡᠢᠳᠡ 500 ᠭᠠᠷᠤᠢ ᠮᠤᠩᠭᠤᠯ ᠯᠠᠮᠠ ᠡᠷᠳᠡᠮᠳᠡᠳ ᠲᠦᠪᠡᠳ᠎ᠢᠶᠠᠷ ᠵᠤᠬᠢᠶᠠᠯ ᠪᠦᠲᠦᠭᠡᠯ ᠲᠤᠭᠤᠷᠪᠢᠨ ᠪᠢᠴᠢᠭ᠌ᠰᠡᠨ ᠪᠠᠢᠲᠠᠭ᠂ ᠡᠳᠡᠭᠡᠷ ᠵᠤᠬᠢᠶᠠᠯ ᠪᠦᠲᠦᠭᠡᠯ᠎ᠨᠢ ᠲᠠᠭᠤᠨ ᠤᠬᠠᠭᠠᠨ᠂ ᠲᠤᠲᠤᠭᠠᠲᠦ ᠤᠬᠠᠭᠠᠨ᠂ ᠨᠤᠲᠠᠯᠠᠬᠤᠢ ᠤᠬᠠᠭᠠᠨ᠂ ᠤᠷᠠᠯᠠᠬᠤᠢ ᠤᠬᠠᠭᠠᠨ᠂ ᠲᠡᠵᠢᠬᠡᠬᠦᠢ ᠤᠬᠠᠭᠠᠨ ᠭᠡᠬᠦ᠌ 《ᠶᠡᠭᠡ ᠲᠠᠪᠤᠨ ᠤᠬᠠᠭᠠᠨ》 ᠪᠠ ᠵᠤᠬᠢᠰᠲᠦ ᠠᠶᠠᠯᠭᠤ᠂ ᠬᠤᠯᠪᠤᠨ ᠨᠠᠢᠷᠠᠭᠤᠯᠭ᠎ᠠ᠂ ᠢᠯᠡᠳᠳᠡ ᠦᠬᠦᠯᠡᠬᠦᠢ᠂ ᠲᠠᠭᠤᠤᠷᠢ᠂ ᠤᠲᠤᠨ ᠵᠢᠷᠤᠬᠠᠢ ᠭᠡᠬᠦ᠌ 《ᠪᠠᠭ᠎ᠠ ᠲᠠᠪᠤᠨ ᠤᠬᠠᠭᠠᠨ》 ᠲᠡᠷᠢᠬᠦᠳᠡᠨ᠎ᠢ ᠬᠠᠮᠤᠷᠴᠦ᠍᠂ ᠤᠲᠤ ᠶᠢᠨ ᠬᠠᠷᠡᠴᠨᠨ᠎ᠳᠠᠬᠢ ᠲᠡᠦᠭᠡ᠂ ᠬᠦᠨ ᠤᠬᠠᠭᠠᠨ᠂ ᠯᠤᠬᠢᠭ ᠵᠦᠢ᠂ ᠪᠤᠷᠬᠠᠨ᠎ᠤ ᠱᠠᠱᠢᠨ᠎ᠤ ᠤᠬᠠᠭᠠᠨ᠂ ᠤᠳᠭ᠎ᠠ ᠵᠤᠬᠢᠶᠠᠯ᠂ ᠤᠳᠭ᠎ᠠ ᠵᠤᠬᠢᠶᠠᠯ᠎ᠤᠨ ᠤᠨᠤᠯ᠂ ᠬᠡᠯᠡᠨ ᠵᠦᠢ᠂ ᠠᠨᠠᠭᠠᠬᠤ ᠤᠬᠠᠭᠠᠨ᠂ ᠤᠲᠤᠨ ᠤᠷᠤᠨ᠎ᠤ ᠤᠬᠠᠭᠠᠨ᠂ ᠪᠠᠷᠢᠮᠠᠯ ᠰᠡᠢᠯᠦᠮᠡᠯ᠂ ᠵᠠᠩ ᠦᠢᠯᠡ ᠵᠡᠷᠭᠡ ᠤᠯᠠᠨ ᠱᠢᠨᠵᠢᠯᠡᠬᠡᠨ᠎ᠤ ᠰᠠᠯᠠᠭ᠎ᠠ᠎ᠶ᠋ᠢ ᠪᠠᠭ᠍ᠲᠠᠭᠠᠲᠠᠭ᠃
      《ᠪᠠᠷᠤᠭ 8 ᠳ᠋ᠤᠭᠠᠷ ᠵᠠᠭᠤᠨ᠎ᠠᠴᠠ ᠡᠬᠢᠯᠡᠭᠡᠳ ᠲᠦᠪᠡᠳᠴᠤᠳ ᠲᠦᠪᠡᠳ ᠬᠡᠯᠡ᠎ᠪᠠᠷ ᠵᠤᠬᠢᠶᠠᠯ ᠪᠦᠲᠦᠭᠡᠯ ᠲᠤᠭᠤᠷᠪᠢᠵᠦ᠍ ᠡᠬᠢᠯᠡᠭ᠌ᠰᠡᠨ ᠪᠠᠢᠨ᠎ᠠ᠂ ᠲᠡᠲᠡᠨᠤᠰ᠎ᠤᠨ ᠪᠢᠴᠢᠭ᠌ᠰᠡᠨ ᠲᠠᠯᠠᠢ ᠤᠯᠠᠨ ᠰᠦᠮᠪᠦᠮ ᠵᠤᠬᠢᠶᠠᠯ ᠪᠠ ᠪᠤᠰᠤᠳ ᠲᠠᠩᠰᠠ ᠡᠪᠬᠡᠮᠡᠯ ᠲᠤᠲᠤᠷ᠎ᠠ ᠮᠤᠩᠭᠤᠯᠴᠤᠳ᠎ᠤᠨ ᠲᠡᠦᠭᠡ ᠰᠤᠶᠤᠯ᠎ᠲᠠᠢ ᠬᠤᠯᠪᠤᠬ᠍ᠲᠠᠬ᠍ᠰᠠᠨ ᠵᠦᠢᠯ ᠤᠯᠠᠨ ᠪᠠᠢᠨ᠎ᠠ᠂ ᠨᠡᠩ ᠴᠦ᠍ ᠰᠠᠨᠰᠺᠷᠢᠲ ᠬᠡᠯᠡᠨ᠎ᠠᠴᠠ ᠲᠦᠪᠡᠳ ᠬᠡᠯᠡᠨ᠎ᠳᠤ ᠤᠷᠴᠢᠭᠤᠯᠤᠬ᠍ᠰᠠᠨ 〈ᠭᠠᠨᠵᠤᠤᠷ〉᠂ 〈ᠳ᠋ᠠᠨᠵᠤᠤᠷ〉 ᠵᠡᠷᠭᠡ ᠰᠤᠷᠪᠤᠯᠵᠢ ᠪᠢᠴᠢᠭ᠎ᠨᠢ ᠮᠤᠩᠭᠤᠯ ᠲᠦᠪᠡᠳ ᠬᠤᠶᠠᠷ ᠦᠨᠲᠦᠰᠦᠳᠡᠨ᠎ᠤ ᠰᠤᠶᠤᠯ ᠲᠡᠦᠭᠡ᠎ᠶ᠋ᠢ ᠰᠤᠲᠤᠯᠬᠤ᠎ᠳᠤ ᠤᠯᠲᠠᠰᠢ ᠦᠬᠡᠢ ᠬᠤᠪᠤᠷ ᠮᠠᠲ᠋ᠧᠷᠢᠶᠠᠯ ᠪᠤᠯᠤᠬ᠍ᠰᠠᠨ ᠱᠢᠦ》 ᠭᠡᠵᠦ᠍ ᠱᠦ᠍ ᠯᠢᠨ ᠲᠠᠨᠢᠯᠴᠠᠭᠤᠯᠤᠨ᠎ᠠ᠃
      ᠤᠲᠤ ᠤᠯᠲᠠᠭᠠᠳ ᠪᠠᠢᠭ᠎ᠠ ᠬᠠᠮᠤᠭ᠎ᠤᠨ ᠡᠷᠳᠡᠨ᠎ᠤ ᠲᠦᠪᠡᠳ ᠬᠡᠯᠡ᠎ᠪᠠᠷ ᠪᠢᠴᠢᠭ᠌ᠳᠡᠭ᠌ᠰᠡᠨ ᠮᠤᠩᠭᠤᠯ ᠰᠤᠲᠤᠯᠤᠯ᠎ᠤᠨ ᠰᠤᠷᠪᠤᠯᠵᠢ ᠪᠢᠴᠢᠭ ᠪᠤᠯ 1249 ᠤᠨ᠎ᠳᠤ ᠪᠢᠴᠢᠭ᠌ᠳᠡᠭ᠌ᠰᠡᠨ 《ᠰᠠᠰᠭᠢᠶ᠎ᠠ ᠪᠠᠨᠲᠢᠲᠠ ᠬᠦᠩᠭᠠᠵᠠᠯᠰᠠᠨ᠎ᠤ ᠲᠦᠪᠡᠳ᠎ᠤᠨ ᠪᠤᠶᠠᠨ᠎ᠤ ᠰᠠᠲᠦᠨ ᠲᠡᠭᠡᠲᠦ ᠲᠦᠷᠦᠯᠬᠢᠳᠡᠨ ᠵᠢᠴᠢ ᠤᠯᠠᠨ ᠦᠭ᠌ᠯᠢᠬᠡ᠎ᠶ᠋ᠢᠨ ᠡᠵᠡᠨ᠎ᠳᠤᠷ ᠦᠭ᠌ᠬᠦᠭ᠌ᠰᠡᠨ ᠪᠢᠴᠢᠭ》 ᠪᠤᠯᠤᠨ᠎ᠠ᠃ ᠰᠤᠲᠤᠯᠭᠠᠲᠠᠳ ᠡᠬᠦᠨ᠎ᠢ ᠰᠤᠷᠪᠤᠯᠵᠢ ᠪᠢᠴᠢᠭ᠎ᠲᠤ ᠲᠤᠲᠤᠷᠬᠠᠢ ᠲᠡᠮᠳᠡᠭ᠌ᠯᠡᠭ᠌ᠳᠡᠭ᠌ᠰᠡᠨ ᠬᠠᠮᠤᠭ᠎ᠤᠨ ᠡᠷᠳᠡᠨ᠎ᠤ ᠮᠤᠩᠭᠤᠯ ᠰᠤᠲᠤᠯᠤᠯ᠎ᠲᠠᠢ ᠬᠤᠯᠪᠤᠭ᠍ᠲᠠᠬᠤ ᠮᠠᠲ᠋ᠧᠷᠢᠶᠠᠯ ᠭᠡᠵᠦ᠍ ᠦᠵᠡᠳᠡᠭ ᠪᠤᠯᠪᠠᠴᠦ᠍ ᠡᠬᠦᠨ᠎ᠠᠴᠠ ᠡᠮᠦᠨ᠎ᠡ ᠪᠠᠰᠠ ᠪᠤᠰᠤᠳ ᠰᠤᠷᠪᠤᠯᠵᠢ ᠲᠡᠮᠳᠡᠭ᠌ᠯᠡᠯ ᠪᠠᠢᠵᠦ᠍ ᠮᠡᠳᠡᠬᠦ᠌ ᠪᠦᠬᠡᠳ ᠵᠦᠪᠭᠡᠨ ᠤᠲᠤ ᠬᠠᠷᠠᠬᠠᠨ ᠢᠯᠡᠷᠡᠬᠦᠯᠦᠬᠡ ᠦᠬᠡᠢ ᠲᠡᠲᠦᠢ ᠪᠠᠢᠵᠦ᠍ ᠮᠡᠳᠡᠨ᠎ᠡ᠃ ᠮᠤᠩᠭᠤᠯᠴᠤᠳ᠎ᠤᠨ ᠲᠦᠪᠡᠳ ᠬᠡᠯᠡ᠎ᠪᠠᠷ ᠪᠢᠴᠢᠭ᠌ᠰᠡᠨ ᠬᠠᠮᠤᠭ᠎ᠤᠨ ᠡᠷᠳᠡᠨ᠎ᠤ ᠰᠤᠷᠪᠤᠯᠵᠢ ᠪᠢᠴᠢᠭ ᠪᠤᠯ 13 ᠳ᠋ᠤᠭᠠᠷ ᠵᠠᠭᠤᠨ᠎ᠤ ᠰᠡᠬᠦᠯᠴᠢ 14 ᠳ᠋ᠤᠭᠡᠷ ᠵᠠᠭᠤᠨ᠎ᠤ ᠡᠬᠢᠨ᠎ᠳᠤ ᠴᠦᠢᠵᠢᠠᠤᠳᠰᠠᠷ᠎ᠤᠨ ᠪᠢᠴᠢᠭ᠌ᠰᠡᠨ 《ᠪᠤᠷᠬᠠᠨ᠎ᠤ 12 ᠵᠤᠬᠢᠶᠠᠩᠭᠤᠢ》 ᠬᠡᠮᠡᠬᠦ᠌ ᠨᠤᠮ ᠪᠤᠯᠬᠤ ᠶᠤᠮ᠃
      《ᠡᠨᠡ ᠨᠤᠮ᠎ᠢ ᠱᠢᠷᠠᠪᠰᠡᠩᠭᠡ ᠮᠤᠩᠭᠤᠯ᠎ᠢᠶᠠᠷ ᠤᠷᠴᠢᠭᠤᠯᠤᠬ᠍ᠰᠠᠨ ᠶᠤᠮ᠂ ᠬᠡᠪᠡᠴᠦ᠍ ᠤᠲᠤ ᠪᠤᠯᠲᠠᠯ᠎ᠠ ᠮᠤᠩᠭᠤᠯ ᠤᠷᠴᠢᠭᠤᠯᠭ᠎ᠠ᠎ᠶ᠋ᠢ᠎ᠨᠢ ᠤᠯᠤᠭ᠍ᠰᠠᠨ᠎ᠠᠴᠠ ᠪᠢᠰᠢ᠂ ᠲᠦᠪᠡᠳ ᠡᠬᠡ᠎ᠶ᠋ᠢ᠎ᠨᠢ ᠤᠯᠤᠭᠠᠲᠤᠢ ᠪᠠᠢᠬ᠍ᠰᠠᠭᠠᠷ᠃ ᠡᠬᠦᠨ᠎ᠠᠴᠠ ᠨᠠᠭᠠᠰᠢ ᠤᠯᠠᠨ ᠦᠶ᠎ᠡ᠎ᠶ᠋ᠢᠨ ᠮᠤᠩᠭᠤᠯ ᠯᠠᠮᠠ ᠡᠷᠳᠡᠮᠳᠡᠳ ᠲᠦᠪᠡᠳ᠎ᠢᠶᠠᠷ ᠲᠤᠭᠤᠷᠪᠢᠬ᠍ᠰᠠᠭᠠᠷ ᠢᠷᠡᠭ᠌ᠰᠡᠨ ᠪᠦᠬᠡᠳ ᠱᠢᠨ᠎ᠠ ᠵᠠᠭᠤᠨ ᠬᠦᠷᠳᠡᠯ᠎ᠡ ᠪᠡᠭᠡᠵᠢᠩ᠎ᠤᠨ ᠨᠠᠢᠷᠠᠯᠲᠦ ᠨᠠᠢᠷᠠᠮᠲᠠᠭᠤ ᠤᠷᠲᠤᠨ᠎ᠤ ᠤᠤᠯ᠎ᠤᠨ ᠬᠠᠮᠪᠦ᠌ ᠯᠠᠮᠠ ᠵᠠᠮᠢᠶᠠᠨᠲᠦᠪᠳᠡᠨ᠂ ᠠᠷᠪᠠᠨ ᠨᠢᠬᠡᠲᠦᠭᠡᠷ ᠲᠦᠷᠢ᠎ᠶ᠋ᠢᠨ ᠤᠯᠠᠭᠠᠨ ᠭᠡᠭᠡᠨ ᠭᠠᠯᠰᠠᠩᠬᠠᠢᠷᠤᠪᠲᠠᠮᠪᠢᠨᠢᠮ᠎ᠠ ᠨᠠᠷ ᠲᠦᠪᠡᠳ᠎ᠢᠶᠠᠷ ᠵᠤᠬᠢᠶᠠᠯ ᠪᠦᠲᠦᠭᠡᠯ ᠲᠤᠭᠤᠷᠪᠢᠵᠦ᠍ ᠪᠠᠢᠬ᠍ᠰᠠᠨ ᠶᠤᠮ》 ᠭᠡᠵᠦ᠍ ᠱᠦ᠍ ᠯᠢᠨ ᠶᠠᠷᠢᠨ᠎ᠠ᠃

      70 ᠵᠢᠯ᠎ᠤᠨ ᠰᠤᠲᠤᠯᠭᠠᠨ ᠲᠠᠷᠲᠠᠩ ᠵᠠᠮ᠎ᠢᠶᠠᠨ ᠡᠯᠬᠦᠯ᠎ᠡ

      2019 ᠤᠨ᠎ᠤ 11 ᠰᠠᠷ᠎ᠠ᠎ᠶ᠋ᠢᠨ 20 ᠎ᠤ ᠡᠲᠦᠷ᠂ ᠦᠪᠦᠷ ᠮᠤᠩᠭᠤᠯ᠎ᠤᠨ ᠨᠡᠢᠬᠡᠮ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠳᠤ᠂ ᠮᠤᠩᠭᠤᠯ ᠰᠤᠲᠤᠯᠤᠯ᠎ᠤᠨ ᠲᠦᠪᠡᠳ ᠰᠤᠷᠪᠤᠯᠵᠢᠰ ᠰᠤᠲᠤᠯᠬᠤ ᠲᠦᠪ᠎ᠤᠨ ᠫᠠᠢᠰᠠ ᠰᠡᠬᠦᠬᠦ᠌ ᠶᠤᠰᠤᠯᠠᠯ ᠪᠠ ᠶᠠᠷᠢᠯᠴᠠᠬᠤ ᠬᠤᠷᠠᠯ ᠶᠠᠪᠤᠭ᠍ᠲᠠᠪᠠ᠃ ᠮᠤᠩᠭᠤᠯ ᠰᠤᠲᠤᠯᠤᠯ᠎ᠳᠤ ᠬᠤᠯᠪᠤᠬ᠍ᠲᠠᠬᠤ ᠲᠦᠪᠡᠳ ᠰᠤᠷᠪᠤᠯᠵᠢ ᠪᠢᠴᠢᠭ ᠪᠠ ᠲᠠᠩᠰᠠ ᠡᠪᠬᠡᠮᠡᠯ᠎ᠢ ᠠᠭᠤᠲᠠᠯᠤᠨ ᠢᠯᠡᠷᠡᠬᠦᠯᠬᠦ᠂ ᠡᠮᠬᠢᠳᠭᠡᠨ ᠲᠦᠷᠦᠯᠵᠢᠬᠦᠯᠬᠦ᠌ ᠪᠠ ᠰᠤᠲᠤᠯᠤᠨ ᠱᠢᠨᠵᠢᠯᠡᠬᠦ᠌᠎ᠪᠠᠷ ᠵᠤᠷᠢᠯᠭ᠎ᠠ᠎ᠪᠠᠨ ᠪᠤᠯᠭᠠᠭ᠍ᠰᠠᠨ ᠲᠤᠰ ᠪᠠᠢᠭᠤᠯᠤᠮᠵᠢ᠎ᠨᠢ ᠮᠤᠩᠭᠤᠯ ᠰᠤᠲᠤᠯᠤᠯ᠎ᠤᠨ ᠠᠭᠤᠯᠭ᠎ᠠ᠎ᠶ᠋ᠢ ᠲᠡᠯᠡᠵᠦ᠍᠂ ᠠᠭᠤᠯᠬᠤᠨ᠎ᠢ᠎ᠨᠢ ᠪᠠᠶᠠᠯᠢᠭ᠍ᠵᠢᠭᠤᠯᠵᠦ᠍᠂ ᠮᠠᠨ᠎ᠤ ᠤᠯᠤᠰ᠎ᠲᠤ ᠮᠤᠩᠭᠤᠯ ᠰᠤᠲᠤᠯᠤᠯ᠎ᠲᠠᠢ ᠬᠤᠯᠪᠤᠭ᠍ᠲᠠᠬᠤ ᠲᠦᠪᠡᠳ ᠰᠤᠷᠪᠤᠯᠵᠢ ᠪᠢᠴᠢᠭ᠎ᠢ ᠰᠤᠲᠤᠯᠬᠤ ᠲᠤᠰᠭᠠᠢ ᠪᠠᠢᠭᠤᠯᠤᠮᠵᠢ ᠦᠬᠡᠢ ᠪᠠᠢᠬ᠍ᠰᠠᠨ ᠬᠤᠭᠤᠰᠤᠨ᠎ᠢ ᠨᠦᠬᠦᠪᠦᠷᠢᠯᠡᠭ᠌ᠰᠡᠨ ᠪᠢᠯᠡ᠃
      《ᠮᠠᠨ᠎ᠤ ᠰᠤᠲᠤᠯᠬᠤ ᠲᠦᠪ ᠭᠤᠤᠯᠲᠠᠭᠤ ᠮᠤᠩᠭᠤᠯᠴᠤᠳ᠎ᠤᠨ ᠲᠦᠪᠡᠳ᠎ᠢᠶᠠᠷ ᠲᠤᠭᠤᠷᠪᠢᠬ᠍ᠰᠠᠨ ᠤᠳᠭ᠎ᠠ ᠵᠤᠬᠢᠶᠠᠯ ᠪᠠ ᠤᠳᠭ᠎ᠠ ᠵᠤᠬᠢᠶᠠᠯ᠎ᠤᠨ ᠤᠨᠤᠯ᠎ᠤᠨ ᠰᠤᠲᠤᠯᠭᠠᠨ᠎ᠳᠤ ᠰᠠᠭᠤᠷᠢᠯᠠᠵᠦ᠍᠂ ᠮᠤᠩᠭᠤᠯ ᠦᠨᠲᠦᠰᠦᠳᠡᠨ᠎ᠤ ᠪᠤᠷᠬᠠᠨ ᠱᠠᠱᠢᠨ᠎ᠤ ᠲᠡᠦᠭᠡ᠎ᠶ᠋ᠢᠨ ᠰᠤᠲᠤᠯᠭᠠᠨ᠂ ᠮᠤᠩᠭᠤᠯ ᠲᠦᠪᠡᠳ ᠬᠠᠷᠢᠴᠠᠭᠤᠯᠤᠬ᠍ᠰᠠᠨ 〈ᠭᠡᠰᠡᠷ〉 ᠎ᠤᠨ ᠰᠤᠲᠤᠯᠤᠯ᠂ 〈ᠭᠠᠨᠵᠤᠤᠷ〉᠂ 〈ᠳ᠋ᠠᠨᠵᠤᠤᠷ〉 ᠎ᠤᠨ ᠰᠤᠲᠤᠯᠭᠠᠨ᠂ ᠮᠤᠩᠭᠤᠯ ᠲᠦᠪᠡᠳ ᠠᠨᠠᠭᠠᠬᠤ ᠤᠬᠠᠭᠠᠨ᠎ᠤ ᠰᠤᠲᠤᠯᠭᠠᠨ ᠵᠡᠷᠭᠡ ᠬᠦᠷᠢᠶ᠎ᠡ ᠴᠠᠷᠠᠭ᠎ᠠ᠎ᠳᠤ ᠠᠭᠠᠵᠢᠮ᠎ᠢᠶᠠᠷ ᠬᠦᠨᠵᠡᠭᠡᠢᠷᠡᠬᠦ᠌ ᠪᠤᠯᠤᠨ᠎ᠠ》 ᠭᠡᠵᠦ᠍ ᠱᠦ᠍ ᠯᠢᠨ ᠰᠤᠲᠤᠯᠬᠤ ᠲᠦᠪ᠎ᠤᠨ᠎ᠢᠶᠠᠨ ᠪᠠᠢᠲᠠᠯ᠎ᠢ ᠲᠠᠨᠢᠯᠴᠠᠭᠤᠯᠪᠠ᠃
      ᠰᠤᠷᠪᠤᠯᠵᠢ ᠪᠢᠴᠢᠭ ᠡᠮᠬᠢᠳᠭᠡᠨ ᠴᠤᠭ᠍ᠯᠠᠭᠤᠯᠬᠤ ᠪᠠ ᠰᠤᠲᠤᠯᠬᠤ ᠪᠤᠯ ᠲᠤᠰ ᠪᠠᠢᠭᠤᠯᠤᠮᠵᠢ᠎ᠶ᠋ᠢᠨ ᠬᠤᠶᠠᠷ ᠴᠢᠬᠤᠯᠠ ᠠᠵᠢᠯ ᠪᠤᠯᠤᠨ᠎ᠠ᠃ ᠮᠤᠩᠭᠤᠯ ᠰᠤᠲᠤᠯᠤᠯ᠎ᠤᠨ ᠲᠦᠪᠡᠳ ᠰᠤᠷᠪᠤᠯᠵᠢ ᠪᠢᠴᠢᠭ᠎ᠨᠢ ᠲᠦᠪᠡᠳ᠎ᠤᠨ ᠦᠪᠡᠷᠳᠡᠭᠡᠨ ᠵᠠᠰᠠᠬᠤ ᠤᠷᠤᠨ᠂ ᠬᠦᠬᠡᠨᠠᠭᠤᠷ᠂ ᠭᠠᠨᠰᠦ᠎ᠶ᠋ᠢᠨ ᠰᠦᠮ᠎ᠠ ᠬᠡᠢᠳ ᠪᠠ ᠨᠤᠮ᠎ᠤᠨ ᠰᠠᠩ᠂ ᠤᠯᠤᠰ᠎ᠤᠨ ᠨᠤᠮ᠎ᠤᠨ ᠰᠠᠩ᠂ ᠪᠡᠭᠡᠵᠢᠩ᠎ᠤᠨ ᠦᠨᠲᠦᠰᠦᠳᠡᠨ᠎ᠤ ᠨᠤᠮ᠎ᠤᠨ ᠰᠠᠩ᠂ ᠰᠧᠴᠤᠸᠠᠨ ᠮᠤᠵᠢ᠎ᠳᠤ ᠪᠠᠢᠭ᠎ᠠ ᠪᠠᠷᠠᠭᠤᠨ ᠡᠮᠦᠨᠡᠲᠦ᠎ᠶ᠋ᠢᠨ ᠦᠨᠲᠦᠰᠦᠳᠡᠨ᠎ᠤ ᠶᠡᠭᠡ ᠰᠤᠷᠭᠠᠭᠤᠯᠢ᠂ ᠦᠪᠦᠷ ᠮᠤᠩᠭᠤᠯ᠎ᠤᠨ ᠶᠡᠭᠡ ᠰᠤᠷᠭᠠᠭᠤᠯᠢ᠎ᠶ᠋ᠢᠨ ᠨᠤᠮ᠎ᠤᠨ ᠰᠠᠩ᠂ ᠦᠪᠦᠷ ᠮᠤᠩᠭᠤᠯ᠎ᠤᠨ ᠨᠡᠢᠬᠡᠮ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠤᠨ ᠨᠤᠮ᠎ᠤᠨ ᠰᠠᠩ ᠵᠡᠷᠭᠡ ᠪᠠᠢᠭᠤᠯᠭ᠎ᠠ ᠨᠢᠬᠡᠴᠢ ᠵᠢᠴᠢ ᠮᠤᠩᠭᠤᠯ ᠤᠯᠤᠰ᠂ ᠤᠷᠤᠰ᠎ᠤᠨ ᠬᠤᠯᠪᠤᠭᠠᠨ᠎ᠤ ᠪᠦᠬᠦᠳᠡ ᠨᠠᠢᠷᠠᠮᠲᠠᠬᠤ ᠪᠤᠷᠢᠶᠡᠳ ᠤᠯᠤᠰ᠂ ᠭᠧᠷᠮᠠᠨ᠂ ᠶᠠᠫᠦᠨ᠂ ᠠᠮᠧᠷᠢᠺᠠ᠂ ᠡᠨᠡᠳᠭᠡᠭ ᠵᠡᠷᠭᠡ ᠭᠠᠲᠠᠭᠠᠲᠦ ᠤᠯᠤᠰ᠎ᠲᠤ ᠴᠦ᠍ ᠬᠠᠲᠠᠭᠠᠯᠬᠠᠲᠠᠵᠦ᠍ ᠪᠠᠢᠭ᠎ᠠ ᠪᠤᠯᠬᠤᠷ ᠡᠮᠬᠢᠳᠭᠡᠨ ᠴᠤᠭ᠍ᠯᠠᠭᠤᠯᠬᠤ ᠠᠵᠢᠯ᠎ᠳᠤ ᠤᠯᠠᠨ ᠲᠠᠯ᠎ᠠ᠎ᠶ᠋ᠢᠨ ᠬᠦᠴᠢᠷᠳᠡᠯ ᠠᠪᠴᠢᠷᠠᠵᠠᠢ᠃
      《ᠤᠲᠤ ᠦᠶ᠎ᠡ᠎ᠳᠤ ᠮᠤᠩᠭᠤᠯᠴᠤᠳ᠎ᠤᠨ ᠲᠦᠪᠡᠳ ᠬᠡᠯᠡ᠎ᠪᠠᠷ ᠪᠢᠴᠢᠭ᠌ᠰᠡᠨ ᠰᠤᠷᠪᠤᠯᠵᠢ ᠪᠢᠴᠢᠭ᠎ᠤᠨ ᠲᠤᠬᠠᠢ ᠰᠤᠲᠤᠯᠭᠠᠨ ᠲᠡᠭᠡᠷ᠎ᠡ ᠵᠠᠭᠤᠨ᠎ᠤ ᠲᠠᠪᠢᠭᠠᠳ ᠤᠨ᠎ᠠᠴᠠ ᠡᠷᠴᠢᠮᠲᠠᠢ ᠶᠠᠪᠤᠬ᠍ᠲᠠᠵᠦ᠍ ᠡᠬᠢᠯᠡᠭ᠌ᠰᠡᠨ ᠪᠠᠢᠨ᠎ᠠ᠃ 2015 ᠤᠨ᠎ᠳᠤ᠂ ᠮᠢᠨᠦ᠍ ᠪᠠᠭ᠍ᠰᠢ ᠲᠦᠪᠡᠳᠴᠢ ᠡᠷᠳᠡᠮᠳᠡᠨ ᠠ᠊ · ᠡᠷᠳᠡᠨᠢᠪᠠᠶᠠᠷ ᠤᠯᠤᠰ᠎ᠤᠨ ᠨᠡᠢᠬᠡᠮ᠎ᠤᠨ ᠱᠢᠨᠵᠢᠯᠡᠬᠦ᠌ ᠤᠬᠠᠭᠠᠨ᠎ᠤ ᠲᠤᠮᠤ ᠲᠦᠰᠦᠯ ᠪᠤᠯᠬᠤ 〈ᠶᠤᠸᠠᠨ ᠮᠢᠩ ᠴᠢᠩ᠎ᠤᠨ ᠦᠶ᠎ᠡ᠎ᠶ᠋ᠢᠨ ᠮᠤᠩᠭᠤᠯᠴᠤᠳ᠎ᠤᠨ ᠲᠦᠪᠡᠳ ᠰᠤᠷᠪᠤᠯᠵᠢᠰ᠎ᠤᠨ ᠠᠭᠤᠲᠠᠯᠤᠯ᠂ ᠡᠮᠬᠢᠳᠭᠡᠯ ᠬᠢᠬᠡᠳ ᠰᠤᠲᠤᠯᠤᠯ〉 ᠰᠡᠲᠦᠪ᠎ᠢᠶᠠᠷ ᠲᠦᠪᠡᠳ ᠰᠤᠷᠪᠤᠯᠵᠢᠰ᠎ᠢ ᠴᠤᠭ᠍ᠯᠠᠭᠤᠯᠵᠦ᠍ ᠡᠮᠬᠢᠳᠭᠡᠬᠦ᠌ ᠠᠵᠢᠯ᠎ᠢ ᠡᠬᠢᠯᠡᠵᠦ᠍ ᠬᠢᠭ᠌ᠰᠡᠨ ᠪᠠᠢᠨ᠎ᠠ᠃ ᠪᠢ ᠪᠠᠭ᠍ᠰᠢ᠎ᠲᠠᠢ᠎ᠪᠠᠨ ᠬᠤᠶᠠᠭᠤᠯᠠ ᠪᠦᠬᠦ᠌ ᠤᠯᠤᠰ᠎ᠤᠨ ᠲᠤᠮᠤ ᠲᠤᠮᠤ ᠰᠦᠮ᠎ᠡ ᠬᠡᠢᠳ᠂ ᠨᠤᠮ᠎ᠤᠨ ᠰᠠᠩ᠂ ᠨᠤᠮ᠎ᠤᠨ ᠲᠡᠯᠭᠡᠬᠦᠷ᠎ᠢᠶᠠᠷ ᠶᠠᠪᠤᠵᠦ᠍ ᠰᠤᠷᠪᠤᠯᠵᠢᠰ ᠴᠤᠭ᠍ᠯᠠᠭᠤᠯᠤᠬ᠍ᠰᠠᠨ ᠪᠦᠬᠡᠳ ᠭᠠᠲᠠᠭᠠᠲᠦ ᠤᠯᠤᠰ᠎ᠲᠤ ᠴᠦ᠍ ᠰᠤᠷᠠᠭ ᠲᠠᠯᠪᠢᠭᠤᠯᠤᠨ ᠡᠷᠢᠬᠦᠯᠵᠦ᠍᠂ ᠰᠦᠯᠵᠢᠶ᠎ᠡ᠎ᠪᠠᠷ ᠡᠷᠢᠵᠦ᠍ ᠬᠤᠪᠢ ᠬᠦᠮᠦᠨ᠎ᠠᠴᠠ ᠴᠦ᠍ ᠤᠯᠵᠦ᠍ ᠪᠠᠢᠬ᠍ᠰᠠᠨ᠂ ᠲᠡᠭᠡᠭᠡᠳ ᠨᠡᠢᠳᠡ 120 ᠭᠠᠷᠤᠢ ᠯᠠᠮᠠ ᠡᠷᠳᠡᠮᠳᠡᠳ᠎ᠤᠨ ᠰᠦᠮᠪᠦᠮ ᠵᠤᠬᠢᠶᠠᠯ ᠪᠠ ᠭᠠᠭ᠍ᠴᠠ ᠬᠤᠶᠠᠷ ᠵᠤᠬᠢᠶᠠᠯ ᠪᠦᠲᠦᠭᠡᠯ᠎ᠢ ᠴᠤᠭ᠍ᠯᠠᠭᠤᠯᠵᠦ᠍ ᠤᠯᠤᠬ᠍ᠰᠠᠨ ᠪᠠᠢᠨ᠎ᠠ》 ᠭᠡᠵᠦ᠍ ᠱᠦ᠍ ᠯᠢᠨ ᠶᠠᠷᠢᠨ᠎ᠠ᠃ ᠠ᠊ · ᠡᠷᠳᠡᠨᠢᠪᠠᠶᠠᠷ ᠪᠠᠭ᠍ᠰᠢ ᠱᠢᠭ᠋ ᠡᠷᠳᠡᠮᠳᠡᠨ ᠰᠤᠲᠤᠯᠭᠠᠲᠠᠳ᠂ ᠭᠠᠵᠠᠷ ᠵᠦᠢ᠎ᠶ᠋ᠢᠨ ᠤᠷᠤᠨ ᠵᠠᠢ᠂ ᠴᠠᠭ ᠠᠭᠤᠷ᠎ᠤᠨ ᠤᠨᠴᠠᠭᠠᠢ ᠨᠦᠬᠦᠴᠡᠯ᠎ᠢ ᠬᠠᠢᠬᠤᠷᠤᠯ ᠦᠬᠡᠢ ᠴᠠᠰᠦᠲᠦ ᠦᠨᠲᠦᠷᠯᠢᠭ᠎ᠢᠶᠠᠷ ᠶᠠᠪᠤᠵᠦ᠍᠂ ᠰᠦᠮ᠎ᠡ ᠬᠡᠢᠳ᠎ᠢᠶᠠᠷ ᠰᠤᠷᠪᠤᠯᠵᠢᠯᠠᠨ᠂ ᠰᠤᠲᠤᠷ ᠪᠢᠴᠢᠭ ᠴᠤᠭ᠍ᠯᠠᠭᠤᠯᠤᠬ᠍ᠰᠠᠨ᠎ᠠᠴᠠ ᠮᠤᠩᠭᠤᠯ ᠰᠤᠲᠤᠯᠤᠯ᠎ᠤᠨ ᠬᠦᠷᠢᠶᠡᠨ᠎ᠳᠤ ᠮᠤᠩᠭᠤᠯ ᠰᠤᠲᠤᠯᠤᠯ᠎ᠲᠠᠢ ᠬᠤᠯᠪᠤᠬ᠍ᠲᠠᠬᠤ ᠲᠦᠪᠡᠳ ᠰᠤᠷᠪᠤᠯᠵᠢ ᠪᠢᠴᠢᠭ ᠬᠡᠬᠦ᠌ ᠡᠨᠡ ᠬᠦ᠌ ᠬᠦᠮᠦᠰ᠎ᠤᠨ ᠠᠩᠬᠠᠷᠤᠯ᠎ᠢ ᠲᠠᠲᠠᠭ᠍ᠰᠠᠨ ᠱᠢᠨ᠎ᠡ ᠨᠢᠬᠡᠨ ᠠᠭᠤᠯᠭ᠎ᠠ ᠨᠡᠮᠡᠭ᠌ᠳᠡᠭ᠌ᠰᠡᠨ ᠪᠢᠯᠡ᠃ ᠦᠶ᠎ᠡ ᠦᠶ᠎ᠡ᠎ᠶ᠋ᠢᠨ ᠡᠷᠳᠡᠮᠳᠡᠨ ᠰᠤᠲᠤᠯᠭᠠᠲᠠᠳ᠎ᠤᠨ ᠱᠢᠨᠲᠠᠷᠠᠰᠢ ᠦᠬᠡᠢ ᠴᠢᠷᠮᠠᠢᠯᠭ᠎ᠠ᠎ᠪᠠᠷ ᠲᠠᠮᠵᠢᠨ᠂ ᠮᠤᠩᠭᠤᠯ ᠰᠤᠲᠤᠯᠤᠯ᠎ᠲᠠᠢ ᠬᠤᠯᠪᠤᠬ᠍ᠲᠠᠬᠤ ᠲᠦᠪᠡᠳ ᠰᠤᠷᠪᠤᠯᠵᠢ ᠪᠢᠴᠢᠭ᠎ᠤᠨ ᠱᠢᠨᠵᠢᠯᠡᠬᠡᠨ᠎ᠤ ᠪᠠᠢᠭᠤᠯᠤᠯᠲᠠ ᠪᠦᠷᠢᠨᠱᠢᠵᠦ᠍᠂ ᠰᠤᠲᠤᠯᠭᠠᠨ᠎ᠤ ᠪᠠᠢᠭᠤᠯᠤᠮᠵᠢ ᠪᠦᠷᠢᠲᠦᠨ᠂ ᠰᠤᠲᠤᠯᠭᠠᠨ᠎ᠤ ᠬᠦᠷᠢᠶ᠎ᠡ ᠴᠠᠷᠠᠭ᠎ᠠ᠎ᠨᠢ ᠤᠯᠠᠮ᠎ᠢᠶᠠᠷ ᠦᠷᠬᠡᠵᠢᠯ᠎ᠡ᠃

      ᠲᠤᠭᠠᠴᠢᠯᠠᠭᠤᠯᠤᠯᠲᠠ᠎ᠶ᠋ᠢᠨ ᠮᠡᠷᠭᠡᠵᠢᠯ᠎ᠢᠶᠠᠷ ᠰᠤᠷᠪᠤᠯᠵᠢ ᠪᠢᠴᠢᠭ᠎ᠢᠶᠠᠨ ᠠᠮᠢᠯᠠᠭᠤᠯᠤᠨ᠎ᠠ

      《ᠤᠯᠤᠰ᠎ᠤᠨ ᠲᠤᠲᠤᠭᠠᠲᠦ ᠭᠠᠲᠠᠭᠠᠲᠦ᠎ᠳᠤ ᠮᠤᠩᠭᠤᠯ ᠰᠤᠲᠤᠯᠤᠯ᠎ᠳᠤ ᠬᠤᠯᠪᠤᠭ᠍ᠲᠠᠬᠤ ᠲᠦᠪᠡᠳ ᠬᠡᠯᠡᠨ᠎ᠤ ᠰᠤᠷᠪᠤᠯᠵᠢ ᠪᠢᠴᠢᠭ᠎ᠤᠳ ᠮᠠᠰᠢ ᠤᠯᠠᠨ ᠬᠠᠲᠠᠭᠠᠯᠠᠬ᠍ᠲᠠᠵᠦ᠍ ᠪᠤᠢ᠃ ᠭᠡᠪᠡᠴᠦ᠍ ᠲᠡᠷᠡ ᠪᠦᠬᠦᠨ᠎ᠢᠶᠠᠷ᠎ᠢᠶᠠᠨ ᠠᠱᠢᠬ᠍ᠯᠠᠯᠲᠠ᠎ᠳᠤ ᠤᠷᠤᠬ᠍ᠰᠠᠨ ᠪᠢᠰᠢ᠂ ᠤᠨ ᠵᠢᠯ᠎ᠤᠨ ᠨᠤᠭᠤᠴᠠᠭᠠᠨ᠎ᠠᠴᠠ ᠪᠤᠯᠵᠦ᠍ ᠵᠠᠷᠢᠮ ᠰᠤᠷᠪᠤᠯᠵᠢ ᠪᠢᠴᠢᠭ ᠨᠢᠬᠡᠨᠳᠡ ᠤᠷᠠᠭ᠍ᠲᠠᠵᠦ᠍ ᠨᠠᠪᠲᠠᠷᠠᠭᠠᠳ ᠠᠱᠢᠬ᠍ᠯᠠᠬᠤ᠎ᠶ᠋ᠢᠨ ᠠᠷᠭ᠎ᠠ ᠦᠬᠡᠢ ᠪᠤᠯᠤᠬ᠍ᠰᠠᠨ᠃ ᠡᠢᠮᠦ᠎ᠠᠴᠠ ᠰᠤᠷᠪᠤᠯᠵᠢ ᠪᠢᠴᠢᠭ᠎ᠲᠤ ᠠᠪᠴᠦ᠍ ᠬᠡᠯᠡᠪᠡᠯ ᠲᠤᠭᠠᠴᠢᠯᠠᠭᠤᠯᠬᠤ ᠪᠤᠯ ᠵᠠᠪᠠᠯ ᠶᠠᠪᠤᠬᠤ ᠵᠠᠮ ᠪᠤᠯᠤᠨ᠎ᠠ》 ᠭᠡᠵᠦ᠍ ᠦᠪᠦᠷ ᠮᠤᠩᠭᠤᠯ᠎ᠤᠨ ᠨᠡᠢᠬᠡᠮ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠤᠨ ᠮᠤᠩᠭᠤᠯ ᠰᠤᠲᠤᠯᠤᠯ᠎ᠤᠨ ᠲᠦᠪᠡᠳ ᠰᠤᠷᠪᠤᠯᠵᠢᠰ ᠰᠤᠲᠤᠯᠬᠤ ᠲᠦᠪ᠎ᠤᠨ ᠡᠷᠬᠢᠯᠡᠭ᠌ᠴᠢ ᠱᠦ᠍ ᠯᠢᠨ ᠰᠤᠷᠪᠤᠯᠵᠢᠯᠠᠬ᠍ᠴᠢ᠎ᠳᠤ ᠲᠠᠨᠢᠯᠴᠠᠭᠤᠯᠤᠨ᠎ᠠ᠃
      ᠲᠤᠭᠠᠴᠢᠯᠠᠭᠤᠯᠤᠯᠲᠠ ᠪᠤᠯ ᠰᠤᠷᠪᠤᠯᠵᠢ ᠪᠢᠴᠢᠭ᠎ᠢ ᠬᠠᠮᠠᠭᠠᠯᠠᠵᠦ᠍ ᠬᠠᠲᠠᠭᠠᠯᠠᠬᠤ᠂ ᠬᠠᠮᠲᠦ᠎ᠪᠠᠷ ᠠᠱᠢᠬ᠍ᠯᠠᠬᠤ᠎ᠶ᠋ᠢᠨ ᠪᠦᠲᠦᠮᠵᠢᠳᠡᠢ ᠠᠷᠭ᠎ᠠ ᠵᠠᠮ ᠪᠤᠯᠤᠨ᠎ᠠ᠃ ᠬᠡᠪᠡᠴᠦ᠍ ᠤᠲᠤᠬᠠᠨ᠎ᠳᠤ ᠮᠡᠷᠭᠡᠵᠢᠯ᠎ᠤᠨ ᠠᠰᠠᠭᠤᠲᠠᠯ᠂ ᠴᠢᠲᠠᠪᠦᠷᠢᠲᠠᠨ᠎ᠤ ᠠᠰᠠᠭᠤᠲᠠᠯ ᠪᠠ ᠪᠡᠯᠡ ᠮᠦᠩᠬᠦ᠌᠎ᠶ᠋ᠢᠨ ᠠᠰᠠᠭᠤᠲᠠᠯ᠎ᠨᠢ ᠰᠤᠷᠪᠤᠯᠵᠢ ᠪᠢᠴᠢᠭ᠎ᠢ ᠲᠤᠭᠠᠴᠢᠯᠠᠭᠤᠯᠤᠨ ᠬᠦᠮᠦᠷᠭᠡᠯᠡᠬᠦ᠌᠎ᠳᠤ ᠲᠤᠯᠭᠠᠷᠠᠭ᠍ᠰᠠᠨ ᠬᠠᠮᠤᠭ᠎ᠤᠨ ᠲᠤᠮᠤ ᠠᠰᠠᠭᠤᠲᠠᠯ ᠪᠤᠯᠵᠠᠢ᠃ 《ᠪᠢᠳᠡ ᠤᠲᠤ ᠶᠠᠭ ᠰᠠᠢᠬᠠᠨ ᠮᠤᠩᠭᠤᠯ ᠰᠤᠲᠤᠯᠤᠯ᠎ᠤᠨ ᠲᠦᠪᠡᠳ ᠰᠤᠷᠪᠤᠯᠵᠢ ᠪᠢᠴᠢᠭ᠎ᠢ ᠲᠤᠭᠠᠴᠢᠯᠠᠭᠤᠯᠬᠤ ᠠᠵᠢᠯ᠎ᠢ ᠬᠢᠵᠦ᠍ ᠪᠠᠢᠨ᠎ᠠ᠃ ᠡᠩ ᠲᠡᠷᠢᠬᠦᠨ᠎ᠳᠤ ᠮᠡᠷᠭᠡᠵᠢᠯ᠎ᠤᠨ ᠠᠰᠠᠭᠤᠲᠠᠯ᠎ᠢ ᠵᠠᠪᠠᠯ ᠱᠢᠢᠳᠪᠦᠷᠢᠯᠡᠬᠦ᠌ ᠭᠡᠷᠡᠭ᠌ᠳᠡᠢ᠂ ᠤᠲᠤ ᠪᠢᠳᠡ ᠰᠤᠷᠪᠤᠯᠵᠢ ᠪᠢᠴᠢᠭ ᠲᠤᠭᠠᠴᠢᠯᠠᠭᠤᠯᠬᠤ ᠫᠷᠦᠭ᠌ᠷᠠᠮ ᠵᠤᠬᠢᠶᠠᠬᠤ ᠠᠵᠢᠯ᠎ᠢ ᠰᠧᠴᠤᠸᠠᠨ ᠮᠤᠵᠢ᠎ᠶ᠋ᠢᠨ ᠴᠧᠩᠳᠦ᠋ ᠬᠤᠲᠠ᠎ᠶ᠋ᠢᠨ 〈ᠯᠢᠶᠠᠨ ᠲᠦ ᠺᠧ ᠵᠶ᠋ᠢ〉 ᠬᠡᠮᠡᠬᠦ᠌ ᠰᠤᠷᠪᠤᠯᠵᠢ ᠪᠢᠴᠢᠭ᠎ᠢ ᠢᠯᠭᠠᠨ ᠲᠠᠨᠢᠵᠦ᠍᠂ ᠲᠤᠭᠠᠴᠢᠯᠠᠭᠤᠯᠬᠤ ᠠᠵᠢᠯ᠎ᠢ ᠬᠢᠳᠡᠭ ᠲᠤᠰᠭᠠᠢ ᠺᠤᠮᠫᠠᠨᠢ᠎ᠶ᠋ᠢᠨ ᠨᠢᠬᠡᠨ ᠬᠤᠪᠢᠶᠠᠷᠢ ᠺᠤᠮᠫᠠᠨᠢ᠎ᠳᠤ ᠲᠠᠭᠠᠭᠠᠴᠢᠯᠠᠵᠦ᠍ ᠦᠭ᠌ᠬᠦᠭᠡᠳ ᠪᠠᠢᠨ᠎ᠠ》 ᠭᠡᠵᠦ᠍ ᠱᠦ᠍ ᠯᠢᠨ ᠶᠠᠷᠢᠨ᠎ᠠ᠃
ᠮᠡᠷᠭᠡᠵᠢᠯ᠎ᠤᠨ ᠠᠰᠠᠭᠤᠲᠠᠯ ᠪᠤᠯ ᠳ᠋ᠡᠢᠲ᠋ᠠ ᠬᠦᠮᠦᠷᠭᠡ ᠪᠠᠢᠭᠤᠯᠬᠤ᠎ᠶ᠋ᠢᠨ ᠠᠩᠬᠠᠨ᠎ᠤ ᠱᠢᠯᠭᠠᠯᠲᠠ᠂ ᠡᠨᠡ ᠬᠦ᠌ ᠬᠦᠴᠢᠷᠳᠡᠯ᠎ᠢ ᠢᠯᠠᠨ ᠲᠠᠪᠠᠭ᠍ᠰᠠᠭᠠᠷ ᠲᠠᠷᠠᠭᠠᠴᠢ᠎ᠶ᠋ᠢᠨ ᠠᠵᠢᠯ ᠱᠢᠯᠤᠭᠤᠬᠠᠨ ᠪᠤᠯᠤᠨ᠎ᠠ᠃ 《ᠲᠡᠲᠡ ᠮᠡᠷᠭᠡᠵᠢᠯ᠎ᠤᠨ ᠠᠰᠠᠭᠤᠲᠠᠯ᠎ᠢ ᠱᠢᠢᠳᠪᠦᠷᠢᠯᠡᠭ᠌ᠰᠡᠭᠡᠷ ᠪᠢᠳᠡ ᠰᠤᠷᠪᠤᠯᠵᠢ ᠪᠢᠴᠢᠭ᠎ᠢᠶᠠᠨ ᠲᠦᠷᠦᠯ ᠵᠠᠨᠠᠷ᠎ᠢᠶᠠᠷ᠎ᠨᠢ ᠬᠤᠪᠢᠶᠠᠵᠦ᠍᠂ ᠮᠠᠲ᠋ᠧᠷᠢᠶᠠᠯ᠎ᠢᠶᠠᠨ ᠤᠷᠤᠭᠤᠯᠤᠨ᠎ᠠ᠃ ᠮᠤᠩᠭᠤᠯ ᠰᠤᠲᠤᠯᠤᠯ᠎ᠤᠨ ᠲᠦᠪᠡᠳ ᠰᠤᠷᠪᠤᠯᠵᠢ ᠪᠢᠴᠢᠭ᠎ᠢ ᠲᠡᠦᠭᠡ᠂ ᠤᠷᠠᠨ ᠵᠤᠬᠢᠶᠠᠯ᠂ ᠤᠯᠠᠮᠵᠢᠯᠠᠯᠲᠦ ᠶᠡᠭᠡ ᠪᠠᠭ᠎ᠠ ᠲᠠᠪᠤᠨ ᠤᠬᠠᠭᠠᠨ ᠭᠡᠳ ᠨᠡᠢᠳᠡ 12 ᠲᠤᠮᠤ ᠲᠦᠷᠦᠯ ᠵᠦᠢᠯ᠎ᠳᠤ ᠬᠤᠪᠢᠶᠠᠬᠤ ᠪᠦᠬᠡᠳ ᠡᠳᠡᠭᠡᠷ᠎ᠢᠶᠠᠨ ᠲᠠᠬᠢᠨ ᠨᠠᠷᠢᠨ ᠠᠩᠬᠢᠯᠠᠭᠠᠳ ᠲᠤᠭᠠᠴᠢᠯᠠᠭᠤᠯᠤᠬ᠍ᠰᠠᠨ ᠮᠠᠲ᠋ᠧᠷᠢᠶᠠᠯ᠎ᠢᠶᠠᠨ ᠤᠷᠤᠭᠤᠯᠵᠦ᠍ ᠲᠠᠯᠪᠢᠨ᠎ᠠ》 ᠭᠡᠵᠦ᠍ ᠲᠤᠭᠠᠴᠢᠯᠠᠭᠤᠯᠬᠤ ᠠᠵᠢᠯ᠎ᠤᠨ᠎ᠢᠶᠠᠨ ᠲᠦᠯᠦᠪᠯᠡᠭᠡ᠎ᠶ᠋ᠢ ᠱᠦ᠍ ᠯᠢᠨ ᠨᠠᠷᠢᠨ ᠨᠢᠬ᠍ᠲᠠ ᠲᠠᠨᠢᠯᠴᠠᠭᠤᠯᠵᠦ᠍ ᠪᠠᠢᠯ᠎ᠠ᠃
      ᠪᠠᠢᠭᠤᠯᠤᠮᠵᠢ᠎ᠶ᠋ᠢᠨ ᠲᠠᠯ᠎ᠠ᠎ᠠᠴᠠ ᠮᠤᠩᠭᠤᠯ ᠰᠤᠲᠤᠯᠤᠯ᠎ᠤᠨ ᠲᠦᠪᠡᠳ ᠰᠤᠷᠪᠤᠯᠵᠢᠰ ᠰᠤᠲᠤᠯᠬᠤ ᠲᠦᠪ᠎ᠲᠤ ᠦᠬᠡᠷ᠎ᠡ ᠲᠤᠰᠭᠠᠢ ᠠᠵᠢᠯᠲᠠᠨ ᠬᠠᠷᠠᠬᠠᠨ ᠲᠤᠬᠢᠷᠠᠭᠤᠯᠵᠦ᠍ ᠦᠭ᠌ᠬᠦᠬᠡ ᠦᠬᠡᠢ ᠪᠤᠯᠬᠤᠷ ᠠᠵᠢᠯ ᠶᠠᠪᠤᠲᠠᠯ᠎ᠢᠶᠠᠨ ᠶᠠᠪᠤᠬ᠍ᠲᠠᠭᠤᠯᠬᠤ᠎ᠳᠤ ᠬᠦᠮᠦᠨ᠎ᠤ ᠬᠦᠴᠦᠨ ᠬᠦᠷᠦᠯᠴᠡᠬᠦ᠌ ᠦᠬᠡᠢ ᠠᠰᠠᠭᠤᠲᠠᠯ ᠴᠦ᠍ ᠲᠤᠯᠭᠠᠷᠠᠵᠦ᠍ ᠪᠠᠢᠭ᠎ᠠ ᠶᠤᠮ᠃ 《ᠲᠤᠭᠠᠴᠢᠯᠠᠭᠤᠯᠤᠯᠲᠠ᠎ᠶ᠋ᠢᠨ ᠬᠦᠮᠦᠷᠭᠡ ᠪᠠᠢᠭᠤᠯᠬᠤ ᠪᠤᠯ ᠮᠤᠩᠭᠤᠯ ᠰᠤᠲᠤᠯᠤᠯ᠎ᠳᠤ ᠲᠦᠢᠯ᠎ᠤᠨ ᠠᠴᠢ ᠬᠤᠯᠪᠤᠬ᠍ᠲᠠᠯ᠎ᠲᠠᠢ ᠶᠠᠪᠤᠲᠠᠯ ᠪᠤᠯᠬᠤ ᠶᠤᠮ᠃ ᠮᠠᠲ᠋ᠧᠷᠢᠶᠠᠯ ᠡᠷᠢᠬᠦ᠌᠎ᠳᠤ ᠠᠮᠠᠷ᠂ ᠬᠠᠮᠲᠦ᠎ᠪᠠᠷ ᠠᠱᠢᠬ᠍ᠯᠠᠬᠤ᠎ᠳᠤ ᠲᠦᠬᠦᠮ ᠳ᠋ᠡᠢᠲ᠋ᠠ ᠬᠦᠮᠦᠷᠬᠡ᠎ᠶ᠋ᠢ ᠪᠠᠢᠭᠤᠯᠬᠤ᠎ᠳᠤ ᠪᠡᠯᠡ ᠮᠦᠩᠬᠦᠨ᠎ᠤ ᠲᠤᠰᠠᠯᠠᠯᠴᠠᠭ᠎ᠠ ᠴᠦ᠍ ᠭᠡᠷᠡᠭ᠌ᠳᠡᠢ ᠪᠠᠢᠲᠠᠭ᠃ ᠪᠢᠳᠡᠨ᠎ᠤ ᠪᠡᠯᠡ ᠮᠦᠩᠬᠦ᠌ ᠬᠢᠵᠠᠭᠠᠷ᠎ᠲᠠᠢ᠂ ᠬᠡᠪᠡᠴᠦ᠍ ᠡᠬᠦᠨ᠎ᠠᠴᠠ ᠪᠤᠯᠵᠦ᠍ ᠬᠤᠢᠰᠢ ᠤᠬᠤᠷᠢᠵᠦ᠍ ᠯᠡ ᠪᠤᠯᠬᠤ ᠦᠬᠡᠢ᠂ ᠲᠤᠭᠠᠴᠢᠯᠠᠭᠤᠯᠬᠤ ᠠᠵᠢᠯ᠎ᠢᠶᠠᠨ ᠵᠠᠪᠠᠯ ᠡᠬᠢᠯᠡᠬᠦᠯᠬᠦ᠌ ᠭᠡᠷᠡᠭ᠌ᠳᠡᠢ᠃ ᠮᠠᠨ᠎ᠤ ᠬᠦᠮᠦᠷᠬᠡ ᠬᠤᠵᠢᠮ ᠨᠦᠯᠦᠬᠡ ᠶᠡᠬᠡᠳᠡᠢ ᠪᠤᠯᠤᠭ᠍ᠰᠠᠭᠠᠷ ᠪᠤᠰᠤᠳ ᠱᠢᠨᠵᠢᠯᠡᠭᠡᠨ᠎ᠤ ᠪᠠᠢᠭᠤᠯᠭ᠎ᠠ᠎ᠶ᠋ᠢᠨ ᠬᠦᠮᠦᠰ᠎ᠲᠠᠢ ᠬᠠᠮᠲᠤᠷᠠᠵᠦ᠍ ᠬᠢᠪᠡᠯ ᠨᠡᠩ ᠰᠠᠢᠨ ᠪᠤᠯᠬᠤ ᠪᠤᠢ ᠭᠡᠵᠦ᠍ ᠪᠤᠲᠤᠵᠦ᠍ ᠪᠠᠢᠨ᠎ᠠ》 ᠭᠡᠵᠦ᠍ ᠱᠦ᠍ ᠯᠢᠨ ᠶᠠᠷᠢᠨ᠎ᠠ᠃
      ᠤᠲᠤᠬᠠᠨ᠎ᠳᠤ ᠮᠠᠰᠢ ᠤᠯᠠᠨ ᠨᠤᠮ᠎ᠤᠨ ᠰᠠᠩ ᠰᠤᠷᠪᠤᠯᠵᠢ ᠪᠢᠴᠢᠭ᠎ᠤᠨ ᠲᠤᠭᠠᠴᠢᠯᠠᠭᠤᠯᠤᠬ᠍ᠰᠠᠨ ᠬᠦᠮᠦᠷᠬᠡ᠎ᠶ᠋ᠢ ᠪᠠᠢᠭᠤᠯᠵᠦ᠍ ᠪᠠᠢᠭ᠎ᠠ ᠪᠤᠯᠪᠠᠴᠦ᠍᠂ ᠡᠯ᠎ᠡ ᠵᠦᠢᠯ᠎ᠤᠨ ᠱᠢᠯᠲᠠᠭᠠᠨ᠎ᠠᠴᠠ ᠪᠤᠯᠵᠦ᠍ ᠤᠯᠠᠨ ᠨᠡᠢᠳᠡ᠎ᠶ᠋ᠢᠨ ᠭᠡᠷᠡᠭ᠌ᠯᠡᠭᠡᠨ᠎ᠳᠤ ᠬᠠᠷᠠᠬᠠᠨ ᠪᠦᠷᠢᠨ ᠤᠷᠤᠵᠦ᠍ ᠴᠢᠲᠠᠭ᠎ᠠ ᠦᠬᠡᠢ᠃ 《ᠦᠪᠦᠷ ᠮᠤᠩᠭᠤᠯ᠎ᠤᠨ ᠶᠡᠭᠡ ᠰᠤᠷᠭᠠᠭᠤᠯᠢ᠎ᠶ᠋ᠢᠨ᠎ᠬᠢᠨ ᠪᠠᠰᠠ ᠮᠤᠩᠭᠤᠯ ᠲᠦᠪᠡᠳ ᠤᠷᠠᠨ ᠵᠤᠬᠢᠶᠠᠯ᠎ᠤᠨ ᠲᠤᠭᠠᠴᠢᠯᠠᠭᠤᠯᠤᠬ᠍ᠰᠠᠨ ᠬᠦᠮᠦᠷᠬᠡ᠎ᠶ᠋ᠢ ᠶᠠᠭ ᠰᠠᠢᠬᠠᠨ ᠪᠠᠢᠭᠤᠯᠵᠦ᠍ ᠪᠠᠢᠨ᠎ᠠ᠂ ᠡᠳᠡᠭᠡᠷ ᠪᠤᠯ ᠪᠦᠷ ᠲᠠᠯᠠᠢᠬ᠍ᠴᠢ ᠪᠤᠯᠤᠬ᠍ᠰᠠᠨ ᠠ᠊ · ᠡᠷᠳᠡᠨᠢᠪᠠᠶᠠᠷ ᠪᠠᠭ᠍ᠰᠢ᠎ᠶ᠋ᠢᠨ ᠲᠠᠭᠠᠭᠠᠴᠢᠯᠠᠵᠦ᠍ ᠬᠢᠵᠦ᠍ ᠪᠠᠢᠬ᠍ᠰᠠᠨ ᠠᠵᠢᠯ ᠱᠢᠦ᠃ ᠤᠲᠤ ᠪᠢ ᠪᠠᠭ᠍ᠰᠢ᠎ᠶ᠋ᠢᠨ᠎ᠢᠶᠠᠨ ᠠᠵᠢᠯ᠎ᠢ ᠵᠠᠯᠭᠠᠮᠵᠢᠯᠠᠵᠦ᠍ ᠠᠪᠤᠭᠠᠳ ᠬᠢᠵᠦ᠍ ᠪᠠᠢᠨ᠎ᠠ᠂ ᠪᠢᠳᠡᠨ᠎ᠤ ᠮᠤᠩᠭᠤᠯ ᠰᠤᠲᠤᠯᠤᠯ᠎ᠤᠨ ᠲᠦᠪᠡᠳ ᠬᠡᠯᠡᠨ᠎ᠤ ᠰᠤᠷᠪᠤᠯᠵᠢ ᠪᠢᠴᠢᠭ᠎ᠤᠨ ᠬᠦᠮᠦᠷᠬᠡ᠎ᠨᠢ ᠮᠤᠩᠭᠤᠯᠴᠤᠳ᠎ᠤᠨ ᠰᠦᠮᠪᠦᠮ ᠵᠤᠬᠢᠶᠠᠯ᠎ᠠᠴᠠ ᠭᠠᠲᠠᠨ᠎ᠠ ᠮᠤᠩᠭᠤᠯ ᠰᠤᠲᠤᠯᠤᠯ᠎ᠳᠤ ᠬᠤᠯᠪᠤᠭ᠍ᠲᠠᠬᠤ ᠲᠦᠪᠡᠳᠴᠤᠳ᠎ᠤᠨ ᠰᠤᠷᠪᠤᠯᠵᠢ ᠪᠢᠴᠢᠭ ᠪᠠ ᠲᠠᠩᠰᠠ ᠡᠪᠭᠡᠮᠡᠯ᠂ ᠲᠦᠪᠡᠳ 〈ᠭᠠᠨᠵᠤᠤᠷ〉 〈ᠳ᠋ᠠᠨᠵᠤᠤᠷ〉 ᠎ᠤᠨ ᠤᠯᠠᠨ᠎ᠪᠠᠷ ᠬᠡᠪᠯᠡᠯ᠎ᠢ ᠪᠠᠰᠠ ᠪᠠᠭ᠍ᠠᠲᠠᠭᠠᠵᠦ᠍ ᠪᠠᠢᠭ᠎ᠠ ᠤᠴᠢᠷ᠎ᠠᠴᠠ ᠮᠤᠩᠭᠤᠯ ᠲᠦᠪᠡᠳ ᠤᠷᠠᠨ ᠵᠤᠬᠢᠶᠠᠯ᠎ᠤᠨ ᠲᠤᠭᠠᠴᠢᠯᠠᠭᠤᠯᠤᠬ᠍ᠰᠠᠨ ᠬᠦᠮᠦᠷᠭᠡ᠎ᠲᠠᠢ ᠠᠳᠠᠯᠢ ᠦᠬᠡᠢ ᠪᠠᠢᠲᠠᠭ᠂ ᠳ᠋ᠡᠢᠲ᠋ᠠ ᠬᠦᠮᠦᠷᠬᠡ ᠪᠠᠢᠭᠤᠯᠬᠤ ᠠᠵᠢᠯ ᠪᠤᠯ ᠮᠠᠨ᠎ᠤ ᠡᠨᠡ ᠵᠢᠯ᠎ᠤᠨ ᠬᠠᠮᠤᠭ᠎ᠤᠨ ᠲᠤᠮᠤ ᠠᠵᠢᠯ ᠮᠦᠨ》 ᠭᠡᠵᠦ᠍ ᠱᠦ᠍ ᠯᠢᠨ ᠶᠠᠷᠢᠨ᠎ᠠ᠃
      ᠲᠤᠭᠠᠴᠢᠯᠠᠭᠤᠯᠤᠬ᠍ᠰᠠᠨ ᠬᠦᠮᠦᠷᠬᠡ ᠪᠠᠢᠭᠤᠯᠤᠨ᠎ᠠ᠂ ᠮᠤᠩᠭᠤᠯᠴᠤᠳ᠎ᠤᠨ ᠲᠦᠪᠡᠳ ᠬᠡᠯᠡᠨ᠎ᠤ ᠤᠷᠠᠨ ᠵᠤᠬᠢᠶᠠᠯ᠎ᠤᠨ ᠲᠡᠦᠭᠡ᠎ᠶ᠋ᠢ ᠪᠢᠴᠢᠨ᠎ᠡ᠂ ᠰᠦᠮᠪᠦᠮ ᠵᠤᠬᠢᠶᠠᠯ ᠪᠠ ᠰᠦᠮᠪᠦᠮ ᠵᠤᠬᠢᠶᠠᠯ ᠦᠬᠡᠢ ᠮᠤᠩᠭᠤᠯ ᠯᠠᠮᠠ ᠡᠷᠳᠡᠮᠳᠡᠳ᠎ᠤᠨ ᠲᠤᠪᠴᠢ ᠨᠠᠮᠲᠠᠷ᠎ᠢ ᠡᠮᠬᠢᠯᠡᠵᠦ᠍ ᠬᠡᠲᠦᠨ ᠨᠤᠮ ᠭᠠᠷᠭᠠᠨ᠎ᠠ᠂ ᠵᠠᠮᠢᠶᠠᠨᠳᠦ᠋ᠪᠳᠡᠨ ᠪᠠᠭ᠍ᠰᠢ᠎ᠶ᠋ᠢᠨ ᠰᠦᠮᠪᠦᠮ ᠵᠤᠬᠢᠶᠠᠯ᠎ᠢ ᠬᠢᠲᠠᠳ ᠮᠤᠩᠭᠤᠯ᠎ᠢᠶᠠᠷ ᠤᠷᠴᠢᠭᠤᠯᠤᠨ᠎ᠠ᠂ ᠮᠤᠩᠭᠤᠯ ᠠᠨᠠᠭᠠᠬᠤ ᠤᠬᠠᠭᠠᠨ᠎ᠤ ᠲᠦᠪᠡᠳ ᠰᠤᠷᠪᠤᠯᠵᠢ ᠪᠢᠴᠢᠭ᠎ᠢ ᠮᠤᠩᠭᠤᠯᠴᠢᠯᠠᠵᠦ᠍ ᠬᠡᠪᠯᠡᠨ᠎ᠠ᠂ ᠮᠤᠩᠭᠤᠯ ᠰᠤᠲᠤᠯᠤᠯ᠎ᠤᠨ ᠲᠦᠪᠡᠳ ᠬᠡᠯᠡᠨ᠎ᠤ ᠰᠤᠷᠪᠤᠯᠵᠢ ᠪᠢᠴᠢᠭ᠎ᠤᠨ ᠦᠨᠲᠦᠷ ᠲᠡᠰ᠎ᠤᠨ ᠡᠷᠳᠡᠮ ᠱᠢᠨᠵᠢᠯᠡᠬᠡᠨ᠎ᠤ ᠬᠤᠷᠠᠯ᠎ᠢ ᠡᠷᠬᠢᠯᠡᠨ ᠬᠤᠷᠠᠯᠲᠤᠭᠤᠯᠤᠨ᠎ᠠ ᠁ ᠮᠤᠩᠭᠤᠯ ᠰᠤᠲᠤᠯᠤᠯ᠎ᠤᠨ ᠲᠦᠪᠡᠳ ᠬᠡᠯᠡᠨ᠎ᠤ ᠰᠤᠷᠪᠤᠯᠵᠢ ᠪᠢᠴᠢᠭ ᠰᠤᠲᠤᠯᠬᠤ ᠲᠦᠪ᠎ᠤᠨ ᠡᠨᠡ ᠵᠢᠯ᠎ᠤᠨ ᠠᠵᠢᠯ᠂ ᠲᠦᠯᠦᠪᠯᠡᠭᠡ ᠶᠤᠰᠤᠭᠠᠷ ᠠᠯᠬᠤᠮ ᠲᠠᠷᠠᠭ᠎ᠠ᠎ᠲᠠᠢ᠎ᠪᠠᠷ ᠶᠠᠪᠤᠬ᠍ᠲᠠᠵᠦ᠍ ᠡᠬᠢᠯᠡᠯ᠎ᠡ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号