ᠪᠣᠶᠠᠨᠨᠡᠮᠡᠬᠦ᠌ ᠬᠤᠭᠤᠷᠴᠢ᠎ᠶ᠋ᠢᠨ ᠬᠡᠯᠡᠭ᠌ᠰᠡᠨ ᠦᠯᠢᠭᠡᠷ᠎ᠢ ᠳᠠᠬᠢᠨ ᠱᠢᠩᠬᠡᠬᠡᠨ ᠬᠠᠳᠠᠭᠠᠯᠠᠯ᠎ᠠ
2021-10-15 09:49:50
ᠵᠣᠬᠢᠶᠠᠭ᠍ᠴᠢ᠄
​ ᠤᠷᠢᠬᠠᠨ ᠭᠤᠤ ᠮᠸᠢ ᠷᠥᠩ
ᠣᠩᠱᠢᠭ᠍ᠰᠠᠨ ᠣᠳᠠᠭ᠎ᠠ᠄
★★★☆☆

ᠠᠷᠣ ᠬᠤᠷᠴᠢᠨ ᠬᠤᠱᠢᠭᠤᠨ᠎ᠤ ᠦᠯᠢᠭᠡᠷ ᠬᠤᠯᠪᠤᠭ᠎ᠠ ᠲᠣᠣᠯᠢ᠎ᠶ᠋ᠢᠨ ᠣᠷᠠᠯᠢᠭ᠎ᠤᠨ ᠨᠡᠢᠭᠡᠮᠯᠢᠭ᠎ᠤᠨ ᠭᠡᠱᠢᠬᠦᠨ ᠡᠷᠳᠡᠨᠢᠪᠣᠯᠠᠭ ᠯᠢᠶᠣᠣᠨᠢᠩ ᠮᠤᠵᠢ᠎ᠶ᠋ᠢᠨ ᠹᠦᠱᠢᠨ᠎ᠤ ᠮᠣᠩᠭᠤᠯ ᠷᠠᠳᠢᠣ᠋ ᠬᠤᠷᠢᠶ᠎ᠠ᠎ᠳᠤ ᠬᠦᠷᠴᠦ᠍ ᠪᠣᠶᠠᠨᠨᠡᠮᠡᠬᠦ᠌ ᠬᠤᠭᠤᠷᠴᠢ᠎ᠶ᠋ᠢᠨ ᠬᠡᠯᠡᠭ᠌ᠰᠡᠨ 《ᠬᠤᠪᠢᠯᠭᠠᠨ ᠣᠳᠣᠳ᠎ᠤᠨ ᠱᠠᠰᠳᠢᠷ》᠂ 《ᠭᠠᠷᠣᠳᠢ ᠭᠠᠯᠪᠢᠩᠭ᠎ᠠ᠎ᠶ᠋ᠢᠨ ᠲᠣᠭᠤᠵᠢ》 ᠬᠡᠮᠡᠬᠦ᠌ ᠬᠤᠶᠠᠷ ᠦᠯᠢᠭᠡᠷ᠎ᠤᠨ 20 ᠭᠠᠷᠤᠢ ᠴᠠᠭ᠎ᠤᠨ ᠱᠢᠩᠬᠡᠬᠡᠯᠳᠡ᠎ᠶ᠋ᠢ ᠳᠠᠬᠢᠨ ᠱᠢᠩᠬᠡᠬᠡᠨ ᠬᠠᠳᠠᠭᠠᠯᠠᠪᠠ᠃ ᠡᠨᠡ ᠬᠦ᠌ ᠬᠤᠶᠠᠷ ᠦᠯᠢᠭᠡᠷ᠎ᠤᠨ ᠤᠤᠯ᠎ᠤᠨ ᠱᠢᠩᠭᠡᠭᠡᠯᠲᠡ᠎ᠶ᠋ᠢᠨ ᠣᠷᠢᠶᠠᠮᠠᠭ ᠪᠦᠰᠡ ᠪᠣᠯ ᠳᠡᠭᠡᠷ᠎ᠡ ᠵᠠᠭᠤᠨ᠎ᠤ ᠳᠠᠯᠠ ᠨᠠᠶᠠᠭᠠᠳ ᠣᠨ᠎ᠤ ᠦᠶ᠎ᠡ᠎ᠶ᠋ᠢᠨ ᠱᠢᠩᠭᠡᠭᠡᠯᠲᠡ᠎ᠶ᠋ᠢᠨ ᠮᠠᠱᠢᠨ᠎ᠢᠶᠠᠷ ᠱᠢᠩᠭᠡᠭᠡᠭ᠌ᠰᠡᠨ ᠣᠷᠢᠶᠠᠮᠠᠭ ᠪᠦᠰᠡ ᠪᠤᠯᠬᠤᠷ ᠤᠳᠤ ᠵᠦᠪᠬᠡᠨ ᠹᠦᠱᠢᠨ᠎ᠤ ᠮᠣᠩᠭᠤᠯ ᠷᠠᠳᠢᠣ᠋ ᠬᠤᠷᠢᠶ᠎ᠠ᠎ᠳᠤ ᠬᠠᠳᠠᠭᠠᠯᠠᠭ᠍ᠳᠠᠵᠦ᠍ ᠪᠠᠢᠭ᠎ᠠ ᠮᠠᠱᠢᠨ᠎ᠢᠶᠠᠷ MP3 ᠬᠡᠯᠪᠡᠷᠢ᠎ᠲᠠᠢ ᠪᠤᠯᠭᠠᠨ ᠳᠠᠬᠢᠨ ᠱᠢᠩᠭᠡᠭᠡᠨ ᠬᠠᠳᠠᠭᠠᠯᠠᠬᠤ ᠪᠤᠯᠤᠮᠵᠢ᠎ᠲᠠᠢ ᠪᠤᠯᠵᠠᠢ᠃


4145048_lity_1634113480715_m.jpg

4145047_lity_1634113518650_m.jpg


ᠪᠣᠶᠠᠨᠨᠡᠮᠡᠬᠦ᠌ ᠬᠤᠭᠤᠷᠴᠢ (1903 — 1982) ᠣᠣᠯ᠎ᠤᠨ ᠵᠢᠷᠢᠮ᠎ᠤᠨ ᠴᠢᠭᠤᠯᠭᠠᠨ᠎ᠤ ᠨᠠᠢ᠍ᠮᠠᠨ ᠬᠤᠱᠢᠭᠤᠨ᠎ᠤ ᠲᠠᠴᠢᠨ ᠰᠦᠮ᠎ᠡ᠎ᠶ᠋ᠢᠨ ᠲᠠᠯ᠎ᠠ᠎ᠶ᠋ᠢᠨ ᠠᠢᠯ᠎ᠳᠤ ᠠᠷᠠᠳ᠎ᠤᠨ ᠣᠷᠠᠯᠢᠭ᠍ᠴᠢᠨ ᠰᠧᠷᠡᠩᠨᠣᠷᠪᠤ᠎ᠶ᠋ᠢᠨ ᠭᠤᠷᠪᠠᠳᠣᠭᠠᠷ ᠬᠦᠦ᠎ᠨᠢ ᠪᠣᠯᠵᠤ ᠵᠠᠶᠠᠭᠠᠪᠠ᠃ ᠲᠡᠭᠦᠨ᠎ᠤ ᠤᠭ ᠨᠤᠲᠤᠭ᠎ᠨᠢ ᠮᠣᠩᠭᠤᠯᠵᠢᠨ ᠬᠤᠱᠢᠭᠤ ᠪᠣᠯᠣᠨ᠎ᠠ᠃ ᠲᠡᠷᠡ ᠬᠠᠷᠠᠬᠠᠨ ᠪᠠᠭ᠎ᠠ᠎ᠠᠴᠠ᠎ᠪᠠᠨ 《ᠠᠯᠲᠠᠨ ᠴᠡᠭᠡᠵᠢ᠎ᠲᠠᠢ ᠬᠡᠣᠬᠡᠳ》 ᠬᠡᠮᠡᠨ ᠠᠯᠳᠠᠷᠱᠢᠵᠦ᠍᠂ 15 ᠨᠠᠰᠣᠨ᠎ᠳᠠᠭᠠᠨ ᠮᠠᠨᠬᠦᠦ ᠭᠡᠳᠡᠭ ᠬᠤᠭᠤᠷᠴᠢ᠎ᠶ᠋ᠢ ᠪᠠᠭ᠍ᠰᠢ ᠪᠠᠷᠢᠵᠣ᠂ ᠬᠤᠷᠢ ᠬᠦᠷᠦᠮᠡᠭ᠌ᠴᠡ ᠦᠯᠢᠭᠡᠷ ᠬᠤᠯᠪᠤᠭ᠎ᠠ ᠬᠡᠯᠡᠵᠦ᠍ ᠠᠷᠠᠳ᠎ᠤᠨ ᠳᠠᠭᠤᠣ ᠳᠠᠭᠤᠯᠠᠬᠤ᠎ᠳᠤ ᠴᠠᠭᠠᠷᠠᠪᠠ᠃ ᠬᠤᠵᠢᠮ᠎ᠨᠢ ᠠᠷᠣ ᠬᠤᠷᠴᠢᠨ ᠵᠠᠰᠠᠭ ᠨᠣᠶᠠᠨ ᠸᠠᠩᠴᠢᠨᠫᠧᠷᠯᠠᠢ᠎ᠳᠤ ᠲᠠᠨᠢᠭ᠍ᠳᠠᠵᠣ᠂ ᠣᠷᠳᠣᠨ᠎ᠤ ᠬᠤᠭᠤᠷᠴᠢ ᠪᠣᠯᠤᠭ᠍ᠰᠠᠨ ᠪᠠᠢᠨ᠎ᠠ᠃ 

ᠲᠡᠷᠡ ᠣᠷᠳᠣᠨ᠎ᠤ ᠬᠤᠭᠤᠷᠴᠢ ᠪᠠᠢᠬᠤ᠎ᠳᠠᠭᠠᠨ 《ᠲᠠᠩ᠎ᠤᠨ ᠲᠠᠪᠣᠨ ᠵᠣᠸᠠᠨ》᠂ 《ᠭᠤᠷᠪᠠᠨ ᠣᠯᠣᠰ᠎ᠤᠨ ᠦᠯᠢᠭᠡᠷ》᠂ 《ᠵᠦᠩ ᠭᠦᠸᠧ ᠮᠦ᠍᠎ᠶ᠋ᠢᠨ ᠦᠯᠢᠭᠡᠷ》᠂ 《ᠱᠦᠢ ᠬᠤ᠌᠎ᠶ᠋ᠢᠨ ᠦᠯᠢᠭᠡᠷ》 ᠵᠡᠷᠭᠡ ᠣᠯᠠᠨ ᠦᠯᠢᠭᠡᠷ᠎ᠢ ᠬᠡᠯᠡᠭ᠌ᠰᠡᠨ ᠮᠦᠷᠲᠡᠭᠡᠨ 《ᠬᠤᠪᠢᠯᠭᠠᠨ ᠣᠳᠣᠳ᠎ᠤᠨ ᠱᠠᠰᠳᠢᠷ》᠂ 《ᠭᠠᠷᠣᠳᠢ ᠭᠠᠯᠪᠢᠩᠭ᠎ᠠ᠎ᠶ᠋ᠢᠨ ᠲᠣᠭᠤᠵᠢ》 ᠬᠡᠮᠡᠬᠦ᠌ ᠶᠣᠸᠠᠨ ᠣᠯᠣᠰ᠎ᠤᠨ ᠦᠶ᠎ᠡ᠎ᠶ᠋ᠢᠨ ᠲᠡᠣᠬᠡᠨ ᠪᠠᠢᠳᠠᠯ᠎ᠢ ᠲᠣᠰᠭᠠᠭ᠍ᠰᠠᠨ ᠬᠤᠶᠠᠷ ᠦᠯᠢᠭᠡᠷ᠎ᠢ 《ᠦᠭᠡᠳᠡᠢ ᠮᠡᠷᠭᠡᠨ ᠬᠠᠭᠠᠨ᠎ᠤ ᠦᠯᠢᠭᠡᠷ》᠂ 《ᠬᠤᠪᠢᠯᠠᠢ ᠰᠡᠴᠡᠨ ᠬᠠᠭᠠᠨ᠎ᠤ ᠦᠯᠢᠭᠡᠷ》 ᠬᠡᠮᠡᠨ ᠦᠭᠡᠷᠡᠴᠢᠯᠡᠨ ᠬᠡᠯᠡᠵᠦ᠍ ᠪᠠᠢᠪᠠ᠃

ᠪᠣᠶᠠᠨᠨᠡᠮᠡᠬᠦ᠌ ᠬᠤᠭᠤᠷᠴᠢ ᠪᠣᠯ ᠮᠣᠩᠭᠤᠯ ᠦᠨᠳᠦᠰᠦᠲᠡᠨ᠎ᠤ ᠲᠡᠣᠬᠡᠨ ᠦᠯᠢᠭᠡᠷ᠎ᠢ ᠬᠤᠭᠤᠷᠳᠠᠵᠦ᠍ ᠬᠡᠯᠡᠭ᠌ᠰᠡᠨ ᠤᠤᠭᠠᠨ ᠬᠤᠭᠤᠷᠴᠢ ᠪᠣᠯᠬᠤ ᠪᠢᠯᠡ᠃ ᠳᠡᠬᠦᠨ᠎ᠤ ᠬᠡᠯᠡᠭ᠌ᠰᠡᠨ ᠦᠯᠢᠭᠡᠷ᠎ᠤᠳ᠎ᠤᠨ ᠱᠢᠩᠬᠡᠬᠡᠯᠳᠡ᠎ᠶ᠋ᠢ ᠣᠯᠤᠭ᠍ᠰᠠᠨ᠎ᠨᠢ 《ᠪᠣᠶᠠᠨᠨᠡᠮᠡᠬᠦ᠌ ᠬᠤᠭᠤᠷᠴᠢ᠎ᠶ᠋ᠢᠨ ᠰᠣᠳᠣᠯᠣᠯ》 ᠎ᠳᠤ ᠬᠤᠪᠤᠷ ᠴᠣᠬᠠᠭ ᠦᠨᠡᠲᠦ ᠮᠠᠲ᠋ᠧᠷᠢᠶᠠᠯ ᠪᠣᠯᠬᠤ᠎ᠨᠢ ᠲᠠᠮᠵᠢᠭ ᠦᠭᠡᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号