ᠨᠠᠮ᠎ᠤᠨ ᠦᠨᠳᠦᠰᠦᠲᠡᠨ᠎ᠤ ᠲᠥᠷᠥ᠎ᠶ᠋ᠢᠨ ᠪᠣᠳᠣᠯᠭ᠎ᠠ᠎ᠶ᠋ᠢ ᠪᠥᠬᠦ᠌ ᠲᠠᠯ᠎ᠠ᠎ᠪᠠᠷ ᠲᠤᠭᠤᠱᠢᠯᠠᠭᠤᠯᠵᠤ᠂ ᠦᠨᠳᠦᠰᠦᠲᠡᠨ᠎ᠤ ᠪᠦᠯᠬᠦᠮᠳᠡᠯ ᠲᠠᠪᠱᠢᠯᠲᠠ᠎ᠶ᠋ᠢᠨ ᠬᠥᠮᠦᠵᠢᠯ᠎ᠢ ᠭᠦᠨᠵᠡᠭᠡᠢᠷᠡᠭᠦᠯᠦᠨ᠂ ᠳᠤᠮᠳᠠᠳᠤ᠎ᠶ᠋ᠢᠨ ᠦᠨᠳᠦᠰᠦᠲᠡᠨ᠎ᠤ ᠬᠠᠮᠲᠤ ᠴᠣᠭ᠍ᠴᠠ᠎ᠶ᠋ᠢᠨ ᠤᠬᠠᠮᠰᠠᠷ᠎ᠢ ᠪᠠᠲᠤ ᠴᠤᠭ᠍ᠴᠠᠯᠠᠵᠤ᠂ ᠦᠨᠳᠦᠰᠦᠲᠡᠨ᠎ᠨᠦᠭᠦᠳ᠎ᠤᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ᠎ᠢ ᠴᠢᠩᠭᠠᠳᠭᠠᠨ᠂ ᠦᠨᠳᠦᠰᠦᠲᠡᠨ᠎ᠨᠦᠭᠦᠳ ᠠᠨᠠᠷ᠎ᠤᠨ ᠦᠷ᠎ᠡ ᠱᠢᠭ ᠨᠢᠭ᠍ᠳᠠᠷᠠᠨ ᠪᠦᠯᠬᠦᠮᠳᠡᠵᠦ᠍᠂ ᠬᠠᠮᠳᠤ᠎ᠪᠠᠷ ᠪᠦᠯᠬᠦᠮᠳᠡᠨ ᠲᠡᠮᠡᠴᠡᠵᠦ᠍᠂ ᠬᠠᠮᠲᠤ᠎ᠪᠠᠷ ᠴᠡᠴᠡᠭ᠌ᠯᠡᠨ ᠬᠥᠭ᠌ᠵᠢᠬᠦ᠌᠎ᠶ᠋ᠢ ᠠᠬᠢᠭᠤᠯᠤᠨ᠎ᠠ᠃
— 《ᠰᠢ᠎ᠶ᠋ᠢᠨ ᠫᠢᠩ ᠲᠦᠷᠦ᠎ᠶ᠋ᠢ ᠵᠠᠰᠠᠵᠤ ᠵᠠᠰᠠᠭ᠎ᠢ ᠡᠷᠬᠢᠯᠡᠬᠦ᠌ ᠲᠤᠬᠠᠢ ᠶᠠᠷᠢᠭ᠍ᠰᠠᠨ᠎ᠨᠢ》 (ᠭᠤᠷᠪᠠᠳᠤᠭᠠᠷ ᠪᠣᠳᠢ᠎ᠠᠴᠠ)

ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠤᠳᠤᠷᠢᠳᠤᠯᠭ᠎ᠠ ᠪᠣᠯ ᠦᠨᠳᠦᠰᠦᠲᠡᠨ᠎ᠤ ᠠᠵᠢᠯ᠎ᠤᠨ ᠠᠮᠵᠢᠯᠲᠠ ᠤᠯᠬᠤ᠎ᠶ᠋ᠢᠨ ᠦᠨᠳᠦᠰᠦᠨ ᠪᠠᠲᠤᠯᠠᠭ᠎ᠠ᠂ ᠮᠥᠨ ᠴᠦ᠍ ᠦᠨᠳᠦᠰᠦᠲᠡᠨ᠎ᠨᠦᠭᠦᠳ᠎ᠤᠨ ᠶᠡᠭᠡ ᠪᠦᠯᠬᠦᠮᠳᠡᠯ᠎ᠤᠨ ᠦᠨᠳᠦᠰᠦᠨ ᠪᠠᠲᠤᠯᠠᠭ᠎ᠠ ᠮᠦᠨ᠃
ᠪᠢᠳᠡ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠤᠳᠤᠷᠢᠳᠤᠯᠭ᠎ᠠ᠎ᠶ᠋ᠢ ᠴᠢᠩᠭ᠎ᠠ ᠪᠠᠷᠢᠮᠲᠠᠯᠠᠳᠠᠭ ᠯᠠ ᠶᠤᠮ ᠪᠣᠯ ᠶᠠᠮᠠᠷᠪᠠ ᠬᠦᠮᠦᠨ ᠶᠠᠮᠠᠷᠪᠠ ᠤᠯᠤᠰ ᠲᠥᠷᠥ᠎ᠶ᠋ᠢᠨ ᠬᠦᠴᠦᠨ ᠭᠡᠳ ᠮᠠᠨ᠎ᠤ ᠦᠨᠳᠦᠰᠦᠲᠡᠨ᠎ᠤ ᠬᠠᠷᠢᠴᠠᠭ᠎ᠠ᠎ᠶ᠋ᠢ ᠬᠠᠳᠭᠤᠨ ᠵᠠᠪᠰᠠᠷᠳᠠᠭᠤᠯᠵᠤ ᠲᠡᠢᠯᠬᠦ᠌ ᠦᠭᠡᠢ᠂ ᠮᠠᠨ᠎ᠤ ᠦᠨᠳᠦᠰᠦᠲᠡᠨ᠎ᠤ ᠪᠦᠯᠬᠦᠮᠳᠡᠯ ᠨᠢᠭᠡᠲᠦᠯ ᠤᠯᠤᠰ ᠲᠥᠷᠥ᠎ᠶ᠋ᠢᠨ ᠲᠠᠯ᠎ᠠ᠎ᠪᠠᠷ ᠭᠦᠢᠴᠡᠳ ᠪᠠᠲᠤᠯᠠᠭ᠎ᠠ᠎ᠲᠠᠢ ᠪᠠᠢᠵᠤ ᠴᠢᠳᠠᠨ᠎ᠠ᠃
ᠦᠨᠳᠦᠰᠦᠲᠡᠨ᠎ᠤ ᠭᠠᠵᠠᠷ ᠣᠷᠣᠨ ᠦᠨᠳᠦᠰᠦᠨ ᠱᠠᠲᠤᠨ᠎ᠤ ᠨᠠᠮ᠎ᠤᠨ ᠵᠣᠬᠢᠶᠠᠨ ᠪᠠᠢᠭᠤᠯᠤᠯᠲᠠ᠎ᠶ᠋ᠢᠨ ᠴᠤᠭ᠍ᠴᠠᠯᠠᠯᠲᠠᠶ᠋ᠢ ᠴᠢᠬᠤᠯᠠᠴᠢᠯᠠᠵᠦ᠍᠂ ᠲᠡᠭᠦᠨ᠎ᠢ ᠲᠤᠬᠠᠢ᠎ᠶ᠋ᠢᠨ ᠭᠠᠵᠠᠷ᠎ᠢ ᠴᠢᠨᠡᠭᠡᠯᠢᠭ᠌ᠵᠢᠭᠦᠯᠬᠦ᠂ ᠲᠤᠬᠠᠢ᠎ᠶ᠋ᠢᠨ ᠭᠠᠵᠠᠷ᠎ᠤᠨ᠎ᠬᠢᠨ᠎ᠢ ᠪᠦᠯᠬᠦᠮᠳᠡᠭᠦᠯᠬᠦ᠂ ᠲᠤᠬᠠᠢ᠎ᠶ᠋ᠢᠨ ᠭᠠᠵᠠᠷ᠎ᠢ ᠠᠮᠤᠷ ᠲᠤᠭ᠍ᠲᠠᠭᠤᠨ ᠪᠠᠢᠯᠭᠠᠬᠤ ᠡᠷᠡᠰ ᠴᠢᠩᠭ᠎ᠠ ᠲᠠᠢᠴᠢᠨ ᠪᠠᠬᠢᠯᠡᠯᠲᠡ ᠪᠣᠯᠭᠠᠨ᠂ ᠨᠠᠮ᠎ᠤᠨ ᠭᠡᠱᠢᠭᠦᠨ ᠨᠢᠭᠡᠪᠦᠷᠢ᠎ᠶ᠋ᠢ ᠴᠥᠮ ᠪᠦᠯᠬᠦᠮᠳᠡᠯ ᠲᠣᠭ᠍ᠲᠠᠭᠤᠨ᠎ᠢ ᠬᠠᠮᠠᠭᠠᠯᠠᠬᠤ᠂ ᠬᠠᠮᠲᠤ᠎ᠪᠠᠷ ᠴᠢᠨᠡᠭᠡᠯᠢᠭ᠌ᠵᠢᠬᠦ᠌᠎ᠶ᠋ᠢ ᠠᠬᠢᠭᠤᠯᠬᠤ ᠲᠤᠭ ᠪᠣᠯᠭᠠᠬᠤ ᠬᠡᠷᠡᠭ᠌ᠲᠡᠢ᠃
— ᠶᠡᠷᠦᠩᠬᠡᠢ ᠱᠦᠵᠢ ᠰᠢ᠎ᠶ᠋ᠢᠨ ᠫᠢᠡᠭ᠎ᠤᠨ 2014 ᠤᠨ᠎ᠤ 9 ᠰᠠᠷ᠎ᠠ᠎ᠶ᠋ᠢᠨ 28 ᠤ ᠡᠳᠦᠷ᠎ᠤᠨ ᠲᠦᠪ᠎ᠤᠨ ᠦᠨᠳᠦᠰᠦᠲᠡᠨ᠎ᠤ ᠠᠵᠢᠯ᠎ᠤᠨ ᠬᠤᠷᠠᠯ ᠳᠡᠭᠡᠷᠡᠬᠢ ᠶᠠᠷᠢᠶ᠎ᠠ᠎ᠠᠴᠠ

ᠱᠢᠨ᠎ᠡ ᠪᠠᠢᠳᠠᠯ ᠳᠣᠣᠷᠠᠬᠢ ᠦᠨᠳᠦᠰᠦᠲᠡᠨ᠎ᠤ ᠠᠵᠢᠯ᠎ᠢ ᠰᠠᠢᠲᠤᠷ ᠬᠢᠬᠦ᠌᠎ᠳᠤ ᠡᠷᠬᠡᠪᠰᠢ ᠨᠠᠮ᠎ᠤᠨ ᠦᠨᠳᠦᠰᠦᠲᠡᠨ᠎ᠤ ᠠᠵᠢᠯ᠎ᠳᠠᠬᠢ ᠤᠳᠤᠷᠢᠳᠤᠯᠭ᠎ᠠ᠎ᠶ᠋ᠢ ᠴᠢᠩᠭᠠᠳᠭᠠᠬᠤ ᠬᠡᠷᠡᠭ᠌ᠲᠡᠢ᠃ ᠡᠯ᠎ᠡ ᠱᠠᠲᠤᠨ᠎ᠤ ᠨᠠᠮ᠎ᠤᠨ ᠬᠤᠷᠢᠶ᠎ᠠ ᠦᠨᠳᠦᠰᠦᠲᠡᠨ᠎ᠤ ᠠᠵᠢᠯ᠎ᠢ ᠡᠳᠦᠷ ᠳᠣᠳᠣᠮ᠎ᠤᠨ ᠴᠢᠬᠤᠯᠠ ᠵᠥᠪᠯᠡᠬᠦ᠌ ᠵᠦᠢᠯ᠎ᠳᠡᠭᠡᠨ ᠣᠷᠣᠭᠤᠯᠵᠤ᠂ ᠦᠨᠳᠦᠰᠦᠲᠡᠨ᠎ᠤ ᠠᠵᠢᠯ᠎ᠢ ᠣᠢᠯᠠᠭᠠᠬᠤ ᠡᠰᠡᠬᠦ᠂ ᠦᠨᠳᠦᠰᠦᠲᠡᠨ᠎ᠤ ᠪᠦᠯᠬᠦᠮᠳᠡᠯ᠎ᠢ ᠠᠳᠭᠤᠵᠤ ᠴᠢᠳᠠᠬᠤ ᠡᠰᠡᠬᠦ᠌᠎ᠪᠠᠷ ᠤᠳᠤᠷᠢᠳᠭᠤ ᠺᠠᠳ᠋ᠷ᠎ᠢ ᠱᠢᠯᠭᠠᠨ ᠪᠠᠢᠴᠠᠭᠠᠬᠤ ᠴᠢᠬᠤᠯᠠ ᠠᠭᠤᠯᠭ᠎ᠠ ᠪᠣᠯᠭᠠᠬᠤ ᠬᠡᠷᠡᠭ᠌ᠲᠡᠢ᠃
— ᠶᠡᠷᠦᠩᠬᠡᠢ ᠱᠦᠵᠢ ᠰᠢ᠎ᠶ᠋ᠢᠨ ᠫᠢᠡᠭ᠎ᠤᠨ 2019 ᠤᠨ᠎ᠤ 9 ᠰᠠᠷ᠎ᠠ᠎ᠶ᠋ᠢᠨ 27 ᠤ ᠡᠳᠦᠷ᠎ᠤᠨ ᠪᠦᠬᠦ᠌ ᠤᠯᠤᠰ᠎ᠤᠨ ᠦᠨᠳᠦᠰᠦᠲᠡᠨ᠎ᠤ ᠪᠦᠯᠬᠦᠮᠳᠡᠯ ᠳᠠᠪᠱᠢᠯᠲᠡᠶ᠋ᠢᠨ ᠬᠦᠬᠢᠭᠦᠯᠦᠨ ᠰᠠᠢᠱᠢᠶᠠᠬᠤ ᠶᠡᠭᠡ ᠬᠤᠷᠠᠯ ᠲᠡᠭᠡᠷᠡᠬᠢ ᠶᠠᠷᠢᠶ᠎ᠠ᠎ᠠᠴᠠ

ᠬᠦᠷᠡᠯ ᠰᠠᠪᠠ ᠪᠤᠯ ᠮᠠᠨ᠎ᠤ ᠤᠯᠤᠰ᠎ᠤᠨ ᠡᠷᠲᠡᠨ᠎ᠤ ᠲᠦᠷᠦ᠎ᠶ᠋ᠢᠨ ᠴᠢᠬᠤᠯᠠ ᠪᠠᠭᠠᠵᠢ ᠬᠡᠷᠡᠭ᠌ᠰᠡᠯ ᠪᠤᠯᠤᠨ᠎ᠠ᠂ ᠱᠠᠩ ᠤᠯᠤᠰ᠎ᠠᠴᠠ ᠵᠡᠭᠦᠨ ᠵᠧᠦ ᠬᠦᠷᠲᠡᠯᠡᠬᠢ ᠴᠠᠭ ᠦᠶ᠎ᠡ᠎ᠳᠤ ᠬᠤᠭᠤᠯᠠ ᠪᠤᠳᠠᠭ᠎ᠠ ᠠᠶᠠᠭᠠᠯᠠᠬᠤ ᠬᠡᠷᠡᠭ᠌ᠰᠡᠯ ᠪᠤᠶᠤ ᠶᠤᠰᠤᠯᠠᠯ᠎ᠤᠨ ᠬᠡᠷᠡᠭ᠌ᠰᠡᠯ (ᠲᠠᠬᠢᠯᠭ᠎ᠠ᠎ᠶ᠋ᠢᠨ ᠡᠳ᠋ ᠰᠠᠪᠠᠯᠠᠬᠤ᠎ᠳᠤ ᠬᠡᠷᠡᠭ᠌ᠯᠡᠳᠡᠭ) ᠤᠨ ᠬᠤᠪᠢ᠎ᠳᠤ ᠦᠷᠭᠡᠨ᠎ᠢᠶᠠᠷ ᠬᠡᠷᠡᠭ᠌ᠯᠡᠭ᠌ᠳᠡᠵᠦ᠍ ᠪᠠᠢᠵᠠᠢ᠃
ᠤᠯᠠᠨ ᠵᠠᠭᠤᠨ ᠵᠢᠯ᠎ᠤᠨ ᠲᠠᠷᠠᠭᠠᠬᠢ ᠦᠨᠦᠳᠦᠷ᠂ ᠮᠠᠨ᠎ᠤ ᠤᠯᠤᠰ᠎ᠠᠴᠠ ᠮᠠᠯᠲᠠᠵᠤ ᠢᠯᠡᠷᠡᠭᠦᠯᠦᠭ᠌ᠰᠡᠨ ᠵᠧᠦ ᠤᠯᠤᠰ ᠴᠦᠨ ᠴᠢᠦ᠎ᠶ᠋ᠢᠨ ᠦᠶ᠎ᠡ᠎ᠶ᠋ᠢᠨ ᠬᠦᠷᠡᠯ ᠰᠠᠪᠠ ᠲᠤᠩ ᠴᠦᠬᠡᠨ᠃ ᠤᠯᠠᠭᠠᠨᠬᠠᠳᠠ ᠬᠤᠲᠠ᠎ᠶ᠋ᠢᠨ ᠨᠢᠩᠴᠧᠩ ᠱᠢᠶᠠᠨ᠎ᠤ ᠯᠢᠶᠣᠣ ᠤᠯᠤᠰ᠎ᠤᠨ ᠲᠤᠮᠳᠠᠳᠤ ᠨᠡᠢᠰᠯᠡᠯ᠎ᠤᠨ ᠮᠦᠽᠧᠢ᠎ᠳᠤ ᠳᠡᠯᠡᠬᠡᠢ᠎ᠳᠤ ᠬᠤᠪᠣᠷᠬᠠᠨ 《ᠱᠢᠦᠢ ᠤᠯᠤᠰ᠎ᠤᠨ ᠵᠢᠶᠠᠩ ᠤᠪᠤᠭ᠍ᠳᠤ᠎ᠶ᠋ᠢᠨ ᠤᠳᠭᠤᠨ ᠬᠦᠪᠡᠭᠦᠨᠤ ᠬᠢᠭ᠌ᠰᠡᠨ ᠬᠤᠨᠳᠠᠭ᠎ᠠ ᠬᠦᠷᠡᠯ ᠰᠠᠪᠠ᠎ᠶ᠋ᠢ ᠦᠷ᠎ᠡ ᠠᠴᠢᠨᠠᠷ ᠪᠤᠯᠤᠭ᠍ᠰᠠᠳ ᠲᠦᠮᠡᠨ ᠦᠶ᠎ᠡ ᠬᠠᠳᠠᠭᠠᠯᠠᠨ ᠬᠡᠷᠡᠭ᠌ᠯᠡᠮᠦ᠍》 ᠭᠡᠮᠡᠬᠦ᠌ ᠠᠭᠤᠯᠭ᠎ᠠ ᠪᠦᠬᠦᠢ ᠬᠢᠳᠠᠳ ᠦᠰᠦᠭ ᠰᠡᠢᠯᠦᠭ᠌ᠰᠡᠨ ᠲᠦᠷᠪᠡᠯᠵᠢᠨ ᠰᠠᠭᠤᠳᠠᠯ᠎ᠳᠤ ᠬᠦ᠍ᠷᠡᠯ ᠰᠠᠪᠠ ᠬᠠᠳᠠᠭᠠᠯᠠᠰᠤᠳᠠᠢ ᠪᠠᠢᠳᠠᠬ᠃
ᠡᠨᠡ ᠬᠦ᠌ ᠬᠦᠷᠡᠯ ᠰᠠᠪᠠ ᠪᠣᠯ ᠱᠢᠨ᠎ᠡ ᠳᠤᠮᠳᠠᠳᠤ ᠤᠯᠤᠰ ᠪᠠᠢᠭᠤᠯᠤᠭ᠍ᠳᠠᠭ᠍ᠰᠠᠨ᠎ᠠᠴᠠ ᠨᠠᠭᠠᠱᠢᠬᠢ ᠤᠮᠠᠷᠠᠲᠤ ᠣᠷᠣᠨ᠎ᠳᠤ ᠢᠯᠡᠷᠡᠭᠦᠯᠦᠭ᠌ᠰᠡᠨ ᠬᠠᠮᠤᠭ᠎ᠤᠨ ᠦᠨ᠎ᠡ ᠥᠷᠲᠡᠭ᠎ᠲᠠᠢ ᠬᠦᠷᠡᠯ ᠰᠠᠪᠠ ᠪᠣᠯᠤᠨ᠎ᠠ᠃ ᠲᠡᠭᠦᠨ᠎ᠳᠤ ᠮᠠᠨ᠎ᠤ ᠤᠯᠤᠰ᠎ᠤᠨ ᠡᠷᠲᠡᠨ᠎ᠠᠴᠠ ᠨᠠᠭᠠᠱᠢᠬᠢ ᠶᠣᠰᠣᠯᠠᠯ ᠬᠦ᠍ᠭ᠌ᠵᠢᠮᠤᠨ ᠰᠣᠶᠣᠯ ᠵᠢᠴᠢ ᠲᠠᠷᠢᠶᠠᠯᠠᠬᠤ ᠪᠣᠯᠪᠠᠰᠤᠨ ᠪᠣᠯᠤᠨ ᠨᠡᠭᠦᠳᠡᠯ ᠮᠠᠯᠵᠢᠯ᠎ᠤᠨ ᠪᠣᠯᠪᠠᠰᠤᠨ᠎ᠤ ᠮᠥᠷᠭᠦᠯᠲᠦᠭᠡᠨ᠂ ᠰᠣᠯᠢᠯᠴᠠᠭᠠᠨ᠎ᠤ ᠤᠯᠠ ᠮᠥᠷ ᠨᠢᠭᠤᠭ᠍ᠳᠠᠵᠤ ᠪᠣᠢ᠃
ᠳ᠋ᠦᠡᠭ᠌ᠬᠤᠶ᠋ᠢᠨ ᠪᠤᠯᠠᠱᠢᠨᠠᠴᠠ ᠵᠦᠡᠭ᠌ᠶᠤᠸᠠᠨ ᠤᠷᠤᠨ᠎ᠤ ᠶᠤᠰᠤᠯᠠᠯ᠎ᠤᠨ ᠪᠠᠭᠠᠵᠢ ᠤᠯᠳᠠᠪᠠ
ᠴᠦᠨ ᠴᠢᠦ᠎ᠶ᠋ᠢᠨ ᠦᠶ᠎ᠡ᠎ᠶ᠋ᠢᠨ ᠱᠢᠦᠢ ᠤᠯᠤᠰ᠎ᠤᠨ ᠬᠦᠷᠡᠯ ᠰᠠᠪᠠ᠎ᠨᠢ ᠫᠠᠯᠠᠭᠠᠷ ᠠᠮᠠᠰᠠᠷ᠎ᠲᠠᠢ᠂ ᠬᠡᠪᠡᠯᠢ᠎ᠶ᠋ᠢᠨ ᠬᠡᠰᠡᠭ᠎ᠢᠶᠠᠷ᠎ᠢᠶᠠᠨ ᠭᠦᠳᠦ᠋ᠢᠭ᠌ᠰᠡᠨ ᠮᠦᠷᠳᠡᠭᠡᠨ ᠵᠢᠭᠠᠬᠠᠨ ᠤᠨᠵᠢᠭᠠᠷ ᠪᠠᠢᠵᠤ᠂ ᠴᠠᠭᠠᠷᠢᠭ ᠰᠠᠭᠤᠷᠢ᠂ ᠳᠥᠷᠪᠡᠯᠵᠢᠨ ᠰᠠᠭᠤᠳᠠᠯ᠎ᠲᠠᠢ᠂ ᠠᠷᠢᠶᠠᠲᠠᠨ᠎ᠤ ᠴᠢᠬᠢ᠎ᠶ᠋ᠢᠨ ᠬᠡᠯᠪᠡᠷᠢ ᠪᠦᠬᠦᠢ ᠬᠤᠤᠰ ᠰᠡᠨᠵᠢ᠎ᠲᠠᠢ᠂ ᠵᠢᠭ᠌ᠲᠡ ᠵᠢᠷᠤᠭᠠᠰᠤ᠎ᠶ᠋ᠢᠨ ᠬᠡ᠎ᠲᠠᠢ ᠪᠠᠢᠵᠤ᠂ ᠬᠦᠷᠡᠯ ᠰᠠᠪᠠ᠎ᠶ᠋ᠢᠨ ᠢᠷᠤᠭᠠᠷ᠎ᠲᠤ᠎ᠨᠢ 《ᠱᠢᠦᠢ ᠤᠯᠤᠰ᠎ᠤᠨ ᠵᠢᠶᠠᠩ ᠤᠪᠤᠭ᠍ᠳᠤ᠎ᠶ᠋ᠢᠨ ᠤᠳᠭᠤᠨ ᠬᠦᠪᠡᠭᠦᠨᠤ ᠬᠢᠭ᠌ᠰᠡᠨ ᠬᠤᠨᠳᠠᠭ᠎ᠠ ᠬᠦᠷᠡᠯ ᠰᠠᠪᠠ᠎ᠶ᠋ᠢ ᠦᠷ᠎ᠡ ᠠᠴᠢᠨᠠᠷ ᠪᠤᠯᠤᠭ᠍ᠰᠠᠳ ᠲᠦᠮᠡᠨ ᠦᠶ᠎ᠡ ᠬᠠᠳᠠᠭᠠᠯᠠᠨ ᠬᠡᠷᠡᠭ᠌ᠯᠡᠮᠦ᠍》 ᠬᠡᠮᠡᠬᠦ᠌ 3 ᠮᠥᠷ 16 ᠦᠰᠦᠭ ᠬᠦᠷᠡᠯ᠎ᠤᠨ ᠪᠢᠴᠢᠭᠡᠰᠦ᠎ᠲᠠᠢ᠂ ᠥᠨᠳᠥᠷᠢᠶᠠᠷᠢᠶᠠᠨ 25.4 ᠰᠡᠨᠲ᠋ᠢᠮᠧᠲᠷ᠂ ᠥᠷᠭᠡᠨ᠎ᠢᠶᠠᠷ᠎ᠢᠶᠠᠨ 34.6 ᠰᠡᠨᠲ᠋ᠢᠮᠧᠲᠷ᠂ ᠠᠮᠠᠰᠠᠷ᠎ᠤᠨ ᠳ᠋ᠢᠶᠠᠮᠧᠲᠷ᠎ᠨᠢ 30 ᠰᠡᠨᠲ᠋ᠢᠮᠧᠲᠷ ᠪᠠᠢᠵᠤ᠂ ᠤᠯᠤᠰ᠎ᠤᠨ ᠨᠢᠭᠡᠳᠦᠭᠡᠷ ᠳᠡᠰ᠎ᠤᠨ ᠲᠡᠦᠬᠡ᠎ᠶ᠋ᠢᠨ ᠳᠤᠷᠠᠰᠭᠠᠯᠲᠤ ᠡᠳ᠋ ᠪᠣᠯᠤᠨ᠎ᠠ᠃
《ᠱᠢᠦᠢ ᠤᠯᠤᠰ᠎ᠤᠨ ᠬᠦᠷᠡᠯ ᠰᠠᠪᠠ᠎ᠶ᠋ᠢ 1985 ᠣᠨ᠎ᠳᠤ ᠮᠠᠯᠳᠠᠵᠤ ᠢᠯᠡᠷᠡᠭᠦᠯᠵᠡᠢ᠂ ᠵᠦᠡᠭ᠌ᠶᠤᠸᠠᠨ ᠤᠷᠤᠨ᠎ᠤ ᠨᠡᠢᠲᠡᠯᠢᠭ ᠰᠣᠶᠣᠯ᠎ᠤᠨ ᠣᠨᠴᠠᠯᠢᠭ᠎ᠲᠠᠢ᠃ ᠪᠢ ᠡᠨᠡ ᠬᠦ᠌ ᠬᠦᠷᠡᠯ ᠰᠠᠪᠠ᠎ᠶ᠋ᠢ ᠮᠠᠯᠲᠠᠨ ᠢᠯᠡᠷᠡᠭᠦᠯᠦᠭ᠌ᠰᠡᠨ ᠴᠠᠭ᠎ᠠᠴᠠ ᠡᠬᠢᠯᠡᠭᠡᠳ ᠳᠡᠯᠡᠬᠡᠢ᠎ᠶ᠋ᠢᠨ ᠬᠥᠮᠦᠰ᠎ᠤᠨ ᠠᠩᠬᠠᠷᠤᠯ᠎ᠳᠤ ᠬᠦᠷᠬᠦ᠌ ᠪᠦᠬᠦ᠌ ᠶᠠᠪᠤᠴᠠ᠎ᠳᠤ ᠣᠷᠣᠯᠴᠠᠭ᠍ᠰᠠᠨ ᠪᠥᠭᠡᠳ ᠬᠦᠷᠡᠯ ᠰᠠᠪᠠ᠎ᠶ᠋ᠢᠨ ᠲᠤᠬᠠᠢ ᠬᠤᠶᠠᠷ ᠵᠣᠬᠢᠶᠠᠯ ᠨᠡᠢᠲᠡᠯᠡᠭ᠌ᠰᠡᠨ᠎ᠳᠡᠭᠡᠨ ᠰᠡᠳᠭᠢᠯ ᠬᠠᠨᠤᠮᠵᠢᠳᠠᠢ ᠪᠠᠢᠨ᠎ᠠ》 ᠭᠡᠵᠦ᠍ 85 ᠨᠠᠰᠤᠲᠠᠢ᠂ ᠠᠵᠢᠯ᠎ᠠᠴᠠ᠎ᠪᠠᠨ ᠠᠮᠠᠷᠠᠭ᠍ᠰᠠᠨ ᠤᠯᠠᠭᠠᠨᠬᠠᠳᠠ᠎ᠶ᠋ᠢᠨ ᠮᠦᠽᠧᠢ᠎ᠶ᠋ᠢᠨ ᠤᠤᠯ᠎ᠤᠨ ᠳᠠᠷᠤᠭ᠎ᠠ ᠪᠠᠢᠭ᠍ᠰᠠᠨ ᠱᠢᠶᠠᠩ ᠴᠦᠨ ᠰᠥᠩ ᠨᠠᠰᠤᠲᠠᠨ ᠲᠤᠬᠠᠢ᠎ᠶ᠋ᠢᠨ ᠵᠢᠯ᠎ᠤᠨ ᠮᠠᠯᠳᠠᠯᠭ᠎ᠠ ᠪᠠ ᠡᠮᠬᠢᠳᠭᠡᠬᠦ᠌ ᠠᠵᠢᠯ᠎ᠳᠤ ᠣᠷᠣᠯᠴᠠᠭ᠍ᠰᠠᠨ᠎ᠢᠶᠠᠨ ᠡᠷᠭᠢᠴᠡᠭᠦᠯᠦᠨ ᠶᠠᠷᠢᠨ᠎ᠠ᠃
1985 ᠣᠨ᠎ᠤ 4 ᠰᠠᠷ᠎ᠠ᠎ᠶ᠋ᠢᠨ ᠡᠬᠢ᠎ᠪᠠᠷ᠂ ᠨᠢᠩᠴᠧᠩ ᠱᠢᠶᠠᠨ᠎ᠤ ᠳ᠋ᠢᠶᠠᠨ ᠽᠢ ᠱᠢᠶᠠᠩ᠎ᠤᠨ ᠱᠢᠶᠣᠤ ᠾᠸᠢ ᠱ᠌ᠢ ᠭᠧᠦ ᠲᠣᠰᠭᠤᠨ᠎ᠤ ᠲᠠᠷᠢᠶᠠᠴᠢᠨ ᠱᠢᠷᠣᠢ ᠲᠡᠭᠡᠭᠡᠵᠦ᠍ ᠪᠠᠢᠬᠤ᠎ᠳᠤ ᠬᠡᠨᠡᠳᠲᠡ ᠱᠢᠷᠦᠢ᠎ᠶ᠋ᠢᠨ ᠲᠤᠪᠤ ᠨᠤᠷᠠᠵᠤ᠂ ᠨᠢᠭᠡᠨ ᠴᠢᠯᠠᠭᠤᠨ ᠠᠪᠰᠠ᠎ᠲᠠᠢ ᠪᠤᠯᠠᠰᠢ ᠪᠠ ᠮᠠᠰᠢ ᠣᠯᠠᠨ ᠲᠡᠦᠬᠡ᠎ᠶ᠋ᠢᠨ ᠳᠤᠷᠠᠰᠭᠠᠯᠲᠤ ᠵᠦᠢᠯᠡᠰ ᠢᠯᠡᠷᠡᠪᠡ᠃
ᠲᠣᠰᠭᠤᠨ᠎ᠤ ᠵᠥᠪᠯᠡᠯ ᠡᠨᠡ ᠬᠦ᠌ ᠪᠠᠢᠳᠠᠯ᠎ᠢ ᠮᠡᠳᠡᠭ᠌ᠰᠡᠨ᠎ᠤ ᠳᠠᠷᠠᠭ᠎ᠠ᠂ ᠬᠥᠮᠦᠨ ᠲᠣᠮᠢᠯᠠᠨ ᠪᠤᠯᠢᠶᠠᠬᠤ ᠠᠵᠢᠯᠯᠠᠭ᠎ᠠ᠎ᠶ᠋ᠢ ᠴᠢᠩᠭ᠎ᠠ ᠰᠡᠷᠭᠡᠢᠯᠡᠬᠦ᠌᠎ᠶ᠋ᠢᠨ ᠵᠡᠷᠭᠡ᠎ᠪᠡᠷ ᠳᠡᠭᠡᠷ᠎ᠠ ᠱᠠᠳᠤᠨ᠎ᠳᠤ ᠮᠡᠳᠡᠭᠦᠯᠪᠡ᠃ ᠤᠳᠠᠯ ᠦᠭᠡᠢ ᠱᠢᠶᠠᠩ᠎ᠤᠨ ᠵᠠᠰᠠᠭ᠎ᠤᠨ ᠣᠷᠳᠣᠨ᠂ ᠨᠢᠩᠴᠧᠩ ᠱᠢᠶᠠᠨ᠎ᠤ ᠰᠣᠶᠣᠯ᠎ᠤᠨ ᠲᠣᠪᠴᠢᠶ᠎ᠠ᠂ ᠤᠯᠠᠭᠠᠨᠬᠠᠳᠠ ᠬᠤᠲᠠ᠎ᠶ᠋ᠢᠨ ᠲᠡᠦᠬᠡ᠎ᠶ᠋ᠢᠨ ᠳᠤᠷᠠᠰᠭᠠᠯᠲᠤ ᠵᠦᠢᠯᠡᠰ᠎ᠤᠨ ᠠᠵᠢᠯ᠎ᠤᠨ ᠥᠷᠲᠡᠭᠡ (ᠣᠳᠣ᠎ᠶ᠋ᠢᠨ ᠤᠯᠠᠭᠠᠨᠬᠠᠳᠠ ᠬᠤᠲᠠ᠎ᠶ᠋ᠢᠨ ᠮᠦᠽᠧᠢ) ᠵᠡᠷᠭᠡ ᠬᠠᠮᠢᠶ᠎ᠠ ᠪᠦᠬᠦᠢ ᠰᠠᠯᠠᠭ᠎ᠠ ᠮᠥᠴᠢᠷ᠎ᠤᠨ ᠠᠵᠢᠯᠲᠠᠳ ᠲᠤᠬᠠᠢ᠎ᠶ᠋ᠢᠨ ᠲᠠᠯᠠᠪᠠᠢ᠎ᠳᠤ ᠬᠦᠷᠴᠦ᠍ ᠪᠤᠯᠠᠰᠢ᠎ᠶ᠋ᠢ ᠬᠠᠢᠨ ᠱᠢᠨᠵᠢᠯᠡᠬᠦ᠌᠎ᠶ᠋ᠢᠨ ᠲᠠᠭᠠᠤ ᠬᠤᠪᠢ ᠬᠦᠮᠦᠨ᠎ᠤ ᠠᠪᠠᠴᠢᠭ᠍ᠰᠠᠨ ᠪᠣᠢ ᠪᠦᠬᠦᠢ ᠲᠡᠦᠬᠡ᠎ᠶ᠋ᠢᠨ ᠳᠤᠷᠠᠰᠭᠠᠯᠲᠤ ᠵᠦᠢᠯᠡᠰ᠎ᠢ ᠤᠯᠵᠦ᠍ ᠠᠪᠴᠢᠷᠠᠪᠠ᠃
ᠤᠯᠠᠭᠠᠨᠬᠠᠳᠠ ᠬᠤᠲᠠ᠎ᠶ᠋ᠢᠨ ᠲᠡᠦᠬᠡ᠎ᠶ᠋ᠢᠨ ᠳᠤᠷᠠᠰᠭᠠᠯᠲᠤ ᠵᠦᠢᠯᠡᠰ᠎ᠤᠨ ᠠᠵᠢᠯ᠎ᠤᠨ ᠥᠷᠲᠡᠭᠡ᠎ᠶ᠋ᠢᠨ ᠳᠠᠷᠤᠭ᠎ᠠ ᠪᠠᠢᠭ᠍ᠰᠠᠨ ᠱᠢᠶᠠᠩ ᠴᠦᠨ ᠰᠥᠩ ᠪᠠᠰᠠ ᠲᠤᠬᠠᠢ᠎ᠶ᠋ᠢᠨ ᠲᠠᠯᠠᠪᠠᠢ᠎ᠳᠤ ᠬᠦᠷᠴᠦ᠍ ᠪᠤᠯᠠᠱᠢᠨᠤ ᠮᠠᠯᠲᠠᠯᠭ᠎ᠠ᠎ᠳᠤ ᠣᠷᠣᠯᠴᠠᠪᠠ᠃ ᠤᠳᠠᠭᠠᠨ ᠬᠤᠨᠤᠭ᠎ᠤᠨ ᠮᠠᠯᠳᠠᠯᠭ᠎ᠠ᠎ᠪᠠᠷ ᠲᠠᠮᠵᠢᠵᠤ᠂ 20 ᠱᠢᠷᠬᠡᠭ ᠶᠤᠰᠤᠯᠠᠯ᠎ᠤᠨ ᠬᠦᠷᠡᠯ ᠪᠠᠭᠠᠵᠢ᠂ 10 ᠴᠢᠯᠠᠭᠤᠨ ᠪᠠᠭᠠᠵᠢ᠂ 70 ᠭᠠᠷᠤᠢ ᠲᠡᠷᠭᠡ ᠮᠣᠷᠢᠨ᠎ᠤ ᠡᠳ᠋ᠯᠡᠯ᠂ 28 ᠱᠢᠷᠬᠡᠭ ᠬᠦᠷᠡᠯ ᠵᠡᠪᠰᠡᠭ ᠵᠡᠷᠭᠡ ᠣᠯᠠᠨ ᠲᠥᠷᠥᠯ᠎ᠤᠨ ᠲᠠᠭᠠᠭᠤᠯᠤᠨ ᠤᠷᠤᠱᠢᠭᠤᠯᠤᠭ᠍ᠰᠠᠨ 400 ᠭᠠᠷᠤᠢ ᠬᠡᠷᠡᠭ᠌ᠰᠡᠯ᠎ᠢ ᠮᠠᠯᠳᠠᠨ ᠴᠤᠭ᠍ᠯᠠᠭᠤᠯᠪᠠ᠂ ᠱᠢᠦᠢ ᠤᠯᠤᠰ᠎ᠤᠨ ᠬᠦᠷᠡᠯ ᠰᠠᠪᠠ ᠲᠠᠷᠤᠢ ᠡᠭᠦᠨ᠎ᠳᠤ ᠪᠠᠭ᠍ᠳᠠᠵᠤ ᠪᠤᠢ᠃
ᠬᠡᠳᠦ᠋ᠢᠪᠡᠷ ᠣᠨ ᠵᠢᠯ ᠦᠡᠭ᠌ᠭᠡᠷᠡᠵᠦ᠍᠂ ᠮᠤᠳᠤᠨ ᠠᠪᠰᠠ ᠪᠠ ᠪᠤᠯᠠᠰᠢ᠎ᠶ᠋ᠢᠨ ᠡᠵᠡᠨ᠎ᠤ ᠬᠡᠭᠦᠷ ᠪᠡᠶ᠎ᠡ᠎ᠨᠢ ᠢᠯᠵᠢᠷᠡᠵᠦ᠍᠂ ᠢᠯᠭᠠᠨ ᠲᠠᠨᠢᠭ᠍ᠳᠠᠬᠤ ᠦᠭᠡᠢ ᠪᠤᠯᠤᠭ᠍ᠰᠠᠨ ᠪᠣᠯᠪᠠᠴᠤ᠌᠂ ᠮᠠᠯᠲᠠᠵᠤ ᠢᠯᠡᠷᠡᠭᠦᠯᠦᠭ᠌ᠰᠡᠨ ᠲᠡᠦᠬᠡ᠎ᠶ᠋ᠢᠨ ᠳᠤᠷᠠᠰᠭᠠᠯᠲᠤ ᠵᠦᠢᠯᠡᠰ᠎ᠤᠨ ᠲᠤᠭ᠎ᠠ᠂ ᠬᠤᠪᠤᠷ ᠴᠤᠬᠠᠭ᠎ᠤᠨ ᠬᠡᠮᠵᠢᠶ᠎ᠡ ᠵᠢᠴᠢ ᠬᠡᠪ ᠨᠠᠮᠪᠠ᠎ᠶ᠋ᠢ᠎ᠨᠢ ᠦᠨᠳᠦᠰᠦᠯᠡᠪᠡᠯ᠂ ᠡᠨᠡ ᠬᠦ᠌ ᠴᠢᠯᠠᠭᠤᠨ ᠠᠪᠰᠠ᠎ᠲᠠᠢ ᠪᠤᠯᠠᠰᠢ᠎ᠨᠢ ᠪᠠᠷᠤᠭ ᠱᠢᠶᠠ ᠵᠢᠶᠠ ᠳ᠋ᠢᠶᠠᠨ᠎ᠤ ᠳᠡᠭᠡᠳᠦ ᠳᠠᠪᠬᠤᠷᠭ᠎ᠠ᠎ᠶ᠋ᠢᠨ ᠰᠣᠶᠣᠯ᠎ᠤᠨ ᠴᠠᠭ ᠦᠶ᠎ᠡ᠎ᠳᠤ ᠤᠷᠤᠱᠢᠵᠤ ᠪᠠᠢᠭ᠍ᠰᠠᠨ ᠪᠠ ᠳ᠋ᠦᠡᠭ᠌ᠬᠤᠶ᠋ᠢᠨ ᠢᠵᠠᠭᠤᠷᠲᠠᠨ᠎ᠤ ᠪᠤᠯᠠᠰᠢ ᠮᠦᠨ ᠭᠡᠳᠡᠭ᠎ᠨᠢ ᠲᠤᠳᠤᠷᠬᠠᠢ》 ᠭᠡᠵᠦ᠍ ᠱᠢᠶᠠᠩ ᠴᠦᠨ ᠰᠥᠩ ᠬᠡᠯᠡᠪᠡ᠃
ᠬᠤᠶᠠᠷ ᠵᠦᠢᠯ᠎ᠤᠨ ᠠᠳᠠᠯᠢ ᠪᠤᠰᠤ ᠰᠣᠶᠣᠯ᠎ᠤᠨ ᠬᠡᠪ ᠨᠠᠮᠪᠠ ᠪᠦ᠍ᠬᠦᠢ ᠣᠷᠣᠱᠢᠭᠤᠯᠭ᠎ᠠ᠎ᠶ᠋ᠢᠨ ᠡᠳ᠋
ᠰᠤᠷᠪᠤᠯᠵᠢ ᠪᠢᠴᠢᠭ᠎ᠲᠤ ᠲᠡᠮᠳᠡᠭ᠌ᠯᠡᠭ᠌ᠰᠡᠨ᠎ᠢᠶᠠᠷ᠂ ᠱᠢᠶᠨ ᠵᠢᠶᠨ ᠳ᠋ᠢᠶᠠᠨ᠎ᠤ ᠳᠡᠭᠡᠳᠦ ᠳᠠᠪᠬᠤᠷᠭ᠎ᠠ᠎ᠶ᠋ᠢᠨ ᠰᠣᠶᠣᠯ᠎ᠤᠨ ᠴᠠᠭ ᠦᠶ᠎ᠡ᠎ᠳᠤ ᠳ᠋ᠦᠡᠭ᠌ᠬᠤᠶ᠋ᠢᠨ ᠦᠯᠡᠳᠡᠭ᠌ᠳᠡᠯ᠎ᠨᠢ ᠭᠤᠣᠯᠳᠠᠭᠤ ᠯᠢᠶᠣᠤᠾᠧ ᠭᠤᠣᠯ᠎ᠤᠨ ᠳᠡᠭᠡᠳᠦ ᠤᠷᠤᠰᠭᠠᠯ᠂ ᠲᠠᠷᠤᠢ ᠣᠳᠣ᠎ᠶ᠋ᠢᠨ ᠤᠯᠠᠭᠠᠠᠬᠠᠳᠡ ᠬᠤᠲᠠ᠎ᠶ᠋ᠢᠨ ᠬᠢᠯᠢ᠎ᠳᠤ ᠲᠠᠷᠬᠠᠵᠤ᠂ ᠨᠢᠩᠴᠧᠩ ᠱᠢᠶᠠᠨ᠎ᠤ ᠨᠠᠨ ᠱᠠᠨ ᠭᠧᠨ ᠲᠤᠰᠭᠤᠨ ᠪᠠ ᠤᠢ᠍ᠢᠷ᠎ᠠ ᠬᠠᠪᠢ᠎ᠶ᠋ᠢᠨ ᠠᠷᠪᠠ ᠭᠠᠷᠤᠢ ᠺᠢᠯᠣᠮᠧᠲᠷ ᠵᠠᠢᠲᠠᠢ ᠪᠠᠢᠬᠤ ᠱᠢᠶᠤᠤ ᠾᠸᠢ ᠱ᠌ᠢ ᠭᠧᠦ ᠠᠭᠤᠯᠠᠷᠬᠠᠭ ᠣᠷᠣᠨ ᠪᠣᠯ ᠤᠷᠤᠱᠢᠨ ᠠᠮᠢᠳᠤᠷᠠᠵᠤ ᠪᠠᠢᠭ᠍ᠰᠠᠨ ᠲᠦᠪ ᠤᠷᠤᠨ ᠪᠣᠯᠤᠨ᠎ᠠ᠃
ᠮᠠᠯᠲᠠᠨ ᠢᠯᠡᠷᠡᠭᠦᠯᠦᠭ᠌ᠰᠡᠨ 400 ᠭᠠᠷᠤᠢ ᠱᠢᠷᠬᠡᠭ ᠲᠡᠦᠬᠡᠨ ᠳᠤᠷᠠᠰᠭᠠᠯᠲᠤ ᠵᠦᠢᠯᠡᠰ᠎ᠢ ᠱᠢᠨᠵᠢᠪᠡᠯ᠂ ᠬᠤᠶᠠᠷ ᠲᠤᠮᠤ ᠰᠣᠶᠣᠯ᠎ᠤᠨ ᠱᠢᠰᠲ᠋ᠧᠮ᠎ᠳᠤ ᠬᠠᠷᠢᠶᠠᠯᠠᠭ᠍ᠳᠠᠬᠤ᠎ᠨᠢ ᠲᠤᠳᠤᠷᠬᠠᠢ᠃ ᠨᠢᠭᠡ᠎ᠨᠢ ᠤᠮᠠᠷᠠᠲᠤ᠎ᠶ᠋ᠢᠨ ᠳ᠋ᠦᠡᠭ᠌ᠬᠤ ᠤᠭ᠍ᠰᠠᠭᠠᠨ᠎ᠤ ᠲᠤᠰ ᠪᠡᠶ᠎ᠡ᠎ᠶ᠋ᠢᠨ᠎ᠬᠢᠨ ᠰᠣᠶᠣᠯ᠎ᠤᠨ ᠱᠢᠰᠲ᠋ᠧᠮ᠎ᠳᠤ ᠪᠠᠭ᠍ᠳᠠᠨ᠎ᠠ᠂ ᠲᠤᠬᠠᠢᠯᠠᠪᠠᠯ ᠵᠠᠯᠭᠠᠯᠳᠤᠭ᠍ᠰᠠᠨ ᠬᠤᠤᠰ ᠪᠤᠳᠤᠩ᠂ ᠵᠠᠯᠭᠠᠯᠳᠤᠭ᠍ᠰᠠᠨ ᠲᠦᠷᠪᠡᠨ ᠪᠤᠳᠤᠩ᠂ ᠭᠤᠷᠪᠠᠨ ᠬᠦᠯᠳᠦ ᠰᠠᠪᠠ᠂ ᠵᠠᠯᠭᠠᠯᠳᠤᠭ᠍ᠰᠠᠨ ᠦᠨᠳᠦᠷ ᠬᠦᠯᠲᠦ ᠵᠢᠷᠭᠤᠭᠠᠨ ᠲᠠᠪᠠᠭ ᠵᠡᠷᠭᠡ᠃ ᠡᠭᠦᠨ᠎ᠳᠤ ᠦᠢᠯᠡᠳᠪᠦᠷᠢᠯᠡᠯ᠎ᠤᠨ ᠪᠠᠭᠠᠵᠢ ᠬᠡᠷᠡᠭ᠌ᠰᠡᠯ᠂ ᠠᠮᠢᠲᠠᠨ᠎ᠤ ᠬᠡ᠎ᠲᠠᠢ ᠵᠠᠰᠠᠯ ᠴᠢᠮᠡᠭ᠌ᠯᠡᠯ᠎ᠤᠨ ᠡᠳ᠋᠂ ᠲᠡᠷᠭᠡ ᠮᠣᠷᠢᠨ᠎ᠤ ᠬᠡᠷᠡᠭ᠌ᠰᠡᠯ ᠵᠡᠷᠭᠡ᠎ᠨᠢ ᠪᠤᠯ ᠳ᠋ᠦᠡᠭ᠌ᠬᠤ ᠪᠤᠶᠤ ᠱᠢᠶᠨ ᠵᠢᠶᠨ ᠳ᠋ᠢᠶᠠᠨ᠎ᠤ ᠳᠡᠭᠡᠳᠦ ᠳᠠᠪᠬᠤᠷᠭ᠎ᠠ᠎ᠶ᠋ᠢᠨ ᠰᠣᠶᠣᠯ᠎ᠳᠤ ᠤᠨᠴᠠ ᠪᠠᠢᠳᠠᠭ ᠪᠠᠭᠠᠵᠢ ᠬᠡᠷᠡᠭ᠌ᠰᠡᠯ ᠪᠤᠯᠤᠨ᠎ᠠ᠃ ᠨᠦᠭᠦᠭᠡ᠎ᠨᠢ ᠵᠦᠩᠶᠤᠸᠠᠨ ᠤᠷᠤᠨ᠎ᠤ ᠰᠣᠶᠣᠯ᠎ᠤᠨ ᠱᠢᠰᠲ᠋ᠧᠮ᠎ᠳᠤ ᠪᠠᠭ᠍ᠳᠠᠨ᠎ᠠ᠂ ᠵᠢᠱ᠌ᠢᠶᠡᠯᠡᠪᠡᠯ ᠬᠤᠨᠳᠠᠭ᠎ᠠ᠂ ᠲᠦᠷᠪᠡᠯᠵᠢᠨ ᠬᠦᠯᠢᠰ ᠪᠣᠯᠤᠨ ᠱᠢᠦᠢ ᠤᠯᠤᠰ᠎ᠤᠨ ᠬᠦᠷᠡᠯ ᠰᠠᠪᠠ ᠵᠡᠷᠭᠡ᠃
《ᠱᠢᠦᠢ ᠤᠯᠤᠰ᠎ᠤᠨ ᠬᠦᠷᠡᠯ ᠰᠠᠪᠠ ᠪᠣᠯ ᠱᠢᠨ᠎ᠡ ᠳᠤᠮᠳᠠᠳᠤ ᠤᠯᠤᠰ ᠪᠠᠢᠭᠤᠯᠤᠭ᠍ᠳᠠᠭ᠍ᠰᠠᠨ᠎ᠠᠴᠠ ᠨᠠᠭᠠᠱᠢᠬᠢ ᠵᠡᠭᠦᠨ ᠬᠤᠢᠲᠤ ᠣᠷᠣᠨ᠎ᠤ ᠱᠢᠶᠠ ᠵᠢᠶᠠ ᠳ᠋ᠢᠶᠠᠨ᠎ᠤ ᠳᠡᠭᠡᠳᠦ ᠳᠠᠪᠬᠤᠷᠭ᠎ᠠ᠎ᠶ᠋ᠢᠨ ᠰᠣᠶᠣᠯ᠎ᠤᠨ ᠪᠠᠭᠤᠷᠢ᠎ᠠᠴᠠ ᠮᠠᠯᠳᠠᠵᠤ ᠢᠯᠡᠷᠡᠭᠦᠯᠦᠭ᠌ᠰᠡᠨ ᠬᠦᠷᠡᠯ ᠪᠠᠭᠠᠵᠢ᠎ᠶ᠋ᠢᠨ ᠲᠤᠳᠤᠷ᠎ᠠ᠎ᠠᠴᠠ ᠬᠠᠮᠤᠭ᠎ᠤᠨ ᠠᠩᠬ᠎ᠠ ᠢᠯᠡᠷᠡᠭᠦᠯᠦᠭ᠌ᠰᠡᠨ ᠮᠦᠷᠳᠡᠭᠡᠨ ᠪᠢᠴᠢᠭᠡᠰᠦ᠎ᠶ᠋ᠢᠨ ᠠᠭᠤᠯᠭ᠎ᠠ᠎ᠨᠢ ᠬᠠᠮᠤᠭ᠎ᠤᠨ ᠪᠦᠷᠢᠨ ᠪᠦᠲᠦᠨ ᠵᠦᠡᠭ᠌ᠶᠤᠸᠠᠨ ᠤᠷᠤᠨ᠎ᠤ ᠶᠤᠰᠤᠯᠠᠯ᠎ᠤᠨ ᠪᠠᠭᠠᠵᠢ ᠪᠣᠯᠤᠨ᠎ᠠ᠃》 ᠭᠡᠵᠦ᠍ ᠱᠢᠶᠠᠩ ᠴᠦᠨ ᠰᠥᠩ ᠬᠡᠯᠡᠪᠡ᠃ ᠡᠭᠦᠨ᠎ᠳᠤ᠂ 《ᠱᠢᠦᠢ》 ᠭᠡᠳᠡᠭ ᠬᠢᠳᠠᠳ ᠦᠰᠦᠭ᠎ᠠᠴᠠ ᠦᠵᠡᠬᠦ᠌᠎ᠳᠤ ᠲᠡᠷᠡ᠎ᠨᠢ ᠲᠤᠬᠠᠢ᠎ᠶ᠋ᠢᠨ ᠦᠶ᠎ᠡ᠎ᠶ᠋ᠢᠨ ᠵᠦᠩᠶᠤᠸᠠᠨ ᠤᠷᠤᠨ᠎ᠤ ᠱᠢᠦᠢ ᠤᠯᠤᠰ᠎ᠢ ᠵᠢᠭᠠᠵᠤ ᠪᠤᠢ᠂ ᠱᠢᠦᠢ ᠤᠯᠤᠰ ᠪᠤᠯ ᠤᠳᠤ᠎ᠶ᠋ᠢᠨ ᠾᠧᠨᠠᠨ ᠮᠤᠵᠢ᠎ᠶ᠋ᠢᠨ ᠱᠢᠦᠢ ᠴᠠᠩ ᠣᠷᠴᠢᠮ ᠪᠠᠢᠵᠤ᠂ ᠳ᠋ᠦᠩᠬᠤ ᠦᠨᠳᠦᠰᠦᠲᠡᠨ᠎ᠤ ᠤᠷᠤᠱᠢᠨ ᠠᠮᠢᠳᠤᠷᠠᠵᠤ ᠪᠠᠢᠭ᠍ᠰᠠᠨ ᠤᠯᠠᠭᠠᠨᠬᠠᠳᠠ ᠤᠷᠤᠨ᠎ᠠᠴᠠ ᠮᠢᠩᠭ᠎ᠠ ᠢᠯᠡᠭᠦᠦ ᠭᠠᠵᠠᠷ ᠵᠠᠢᠲᠠᠢ᠃
ᠤᠢ᠍ᠢᠯᠠᠭᠠᠭ᠍ᠰᠠᠨ᠎ᠢᠶᠠᠷ᠂ ᠣᠳᠣᠬᠠᠨ᠎ᠳᠤ ᠡᠢᠮᠦᠷᠬᠦᠦ ᠮᠠᠶᠢᠭᠲᠠᠢ ᠱᠢᠦᠢ ᠤᠯᠤᠰ᠎ᠤᠨ ᠬᠦᠷᠡᠯ ᠪᠠᠭᠠᠵᠢ᠎ᠶ᠋ᠢ ᠱᠢᠦᠢ ᠴᠠᠩ᠎ᠠᠴᠠ ᠤᠯᠠᠨ ᠤᠯᠠᠨ ᠢᠯᠡᠷᠡᠭᠦᠯᠵᠡᠢ᠂ ᠲᠡᠭᠡᠪᠡᠯ ᠱᠢᠦᠢ ᠤᠯᠤᠰ᠎ᠤᠨ ᠬᠦᠷᠡᠯ ᠰᠠᠪᠠ ᠶᠠᠭᠠᠬᠢᠭᠠᠳ ᠮᠢᠩᠭᠠᠨ ᠭᠠᠵᠠᠷ᠎ᠤᠨ ᠴᠠᠭᠠᠨᠠᠬᠢ ᠤᠯᠠᠭᠠᠨᠬᠠᠳᠠ᠎ᠳᠤ ᠢᠯᠡᠷᠡᠪᠡ? ᠲᠡᠢᠮᠦ᠍ ᠮᠥᠷᠲᠡᠭᠡᠨ ᠶᠠᠭᠠᠬᠢᠭᠠᠳ ᠪᠠᠰᠠ ᠳ᠋ᠦᠩᠬᠤ ᠤᠭ᠍ᠰᠠᠭᠠᠨ᠎ᠤ ᠢᠵᠠᠭᠤᠷᠲᠠᠨ᠎ᠤ ᠪᠤᠯᠠᠱᠢᠨᠠᠴᠠ ᠢᠯᠡᠷᠡᠪᠡ?
ᠱᠢᠶᠠᠩ ᠴᠦᠨ ᠰᠥᠩ ᠤᠯᠠᠨ ᠵᠢᠯ ᠲᠡᠦᠬᠡ᠎ᠶ᠋ᠢᠨ ᠳᠤᠷᠠᠰᠭᠠᠯᠲᠤ ᠵᠦᠢᠯᠡᠰ ᠰᠤᠳᠤᠯᠵᠤ᠂ ᠬᠤᠪᠣᠷ ᠴᠤᠬᠠᠭ ᠲᠡᠦᠬᠡ᠎ᠶ᠋ᠢᠨ ᠳᠤᠷᠠᠰᠭᠠᠯᠲᠤ ᠵᠦᠢᠯᠡᠰ᠎ᠢ ᠮᠠᠰᠢ ᠣᠯᠠᠨ ᠦᠵᠡᠵᠦ᠍ ᠦᠡᠭ᠌ᠭᠡᠷᠡᠭ᠌ᠰᠡᠨ ᠪᠣᠯᠪᠠᠴᠤ᠌ ᠲᠤᠰᠭᠠᠢ ᠰᠤᠳᠤᠯᠤᠭ᠍ᠰᠠᠨ ᠪᠥᠭᠡᠳ ᠣᠮᠣᠭ᠍ᠰᠢᠯ ᠲᠦᠷᠦᠭᠦᠯᠦᠭ᠌ᠰᠡᠨ ᠲᠡᠦᠬᠡ᠎ᠶ᠋ᠢᠨ ᠳᠤᠷᠠᠰᠭᠠᠯᠲᠤ ᠵᠦᠢᠯᠡᠰ᠎ᠨᠢ ᠬᠠᠷᠢᠨ ᠡᠨᠡ ᠬᠦ᠌ ᠱᠢᠦᠢ ᠤᠯᠤᠰ᠎ᠤᠨ ᠬᠦᠷᠡᠯ ᠰᠠᠪᠠ ᠪᠠᠢᠯ᠎ᠠ᠃
1995 ᠣᠨ᠎ᠳᠤ ᠱᠢᠶᠠᠩ ᠴᠦᠨ ᠰᠥᠩ ᠨᠢᠭᠡᠳᠦᠭᠡᠷ ᠵᠣᠬᠢᠶᠠᠭ᠍ᠴᠢ᠎ᠶ᠋ᠢᠨ ᠬᠤᠪᠢ᠎ᠪᠠᠷ ᠪᠤᠰᠤᠳ᠎ᠲᠠᠢ ᠬᠠᠮᠳᠤᠷᠠᠨ 《ᠨᠢᠩᠴᠧᠩ ᠱᠢᠶᠠᠨ᠎ᠤ ᠱᠢᠶᠣᠤ ᠾᠸᠢ ᠱ᠌ᠢ ᠭᠧᠦ ᠲᠣᠰᠭᠤᠨ᠎ᠤ ᠴᠢᠯᠠᠭᠤᠨ ᠠᠪᠰᠠ᠎ᠲᠠᠢ ᠪᠤᠯᠠᠰᠢ᠎ᠶ᠋ᠢ ᠪᠠᠢᠴᠠᠭᠠᠵᠤ ᠲᠢᠭ᠌ᠯᠡᠭ᠌ᠰᠡᠨ ᠮᠡᠳᠡᠭᠦᠯᠦᠯᠲᠡ》 ᠶ᠋ᠢ ᠲᠤᠭᠤᠷᠪᠢᠵᠤ᠂ ᠬᠠᠭᠤᠴᠢ ᠰᠤᠳᠤᠯᠤᠯ᠂ ᠮᠦᠽᠧᠢ᠎ᠶ᠋ᠢᠨ ᠰᠤᠳᠤᠯᠭᠠᠨ᠎ᠤ ᠡᠷᠬᠡ ᠰᠦᠷᠳᠦ ᠰᠡᠳᠭᠦᠯ ᠪᠤᠯᠬᠤ 《ᠲᠡᠦᠬᠡ᠎ᠶ᠋ᠢᠨ ᠳᠤᠷᠠᠰᠭᠠᠯᠲᠤ ᠵᠦᠢᠯᠡᠰ》 ᠰᠡᠳᠬᠦᠯ ᠳᠡᠭᠡᠷ᠎ᠡ ᠨᠡᠢᠳᠡᠯᠡᠪᠡ᠃ ᠡᠨᠡ ᠬᠦ᠌ ᠵᠤᠬᠢᠶᠠᠯ ᠨᠡᠢᠲᠡᠯᠡᠭ᠌ᠳᠡᠬᠦ᠌ᠲᠠᠢ ᠵᠡᠷᠭᠡ ᠠᠵᠢᠯ ᠲᠦᠷᠦᠯ᠎ᠤᠨ᠎ᠬᠢᠨ᠎ᠤ ᠳᠤᠮᠳᠠ ᠬᠠᠯᠠᠮᠱᠢᠯ ᠪᠤᠯᠵᠤ᠂ ᠡᠭᠦᠨ᠎ᠳᠤ ᠱᠢᠦᠢ ᠤᠯᠤᠰ᠎ᠤᠨ ᠬᠦᠷᠡᠯ ᠰᠠᠪᠠ᠎ᠨᠢ ᠨᠡᠩ ᠴᠦ᠍ ᠲᠤᠰᠭᠠᠢ ᠮᠡᠷᠭᠡᠵᠢᠯᠲᠡᠨ ᠪᠠ ᠡᠷᠳᠡᠮᠳᠡᠳ᠎ᠤᠨ ᠠᠩᠬᠠᠷᠤᠯ᠎ᠢ ᠲᠠᠲᠠᠪᠠ᠃ 2000 ᠣᠨ᠎ᠳᠤ ᠱᠢᠶᠠᠩ ᠴᠦᠨ ᠰᠥᠩ ᠣᠯᠠᠨ ᠵᠢᠯ᠎ᠤᠨ ᠰᠤᠳᠤᠯᠭᠠᠨ᠎ᠳᠠᠭᠠᠨ ᠰᠠᠭᠤᠷᠢᠯᠠᠵᠤ᠂ 《ᠱᠢᠦᠢ ᠤᠯᠤᠰ᠎ᠤᠨ ᠬᠦᠷᠡᠯ ᠰᠠᠪᠠ᠎ᠶ᠋ᠢᠨ ᠪᠢᠴᠢᠭᠡᠰᠦ᠎ᠶ᠋ᠢᠨ ᠱᠢᠯᠭᠠᠨ ᠨᠤᠳᠠᠯᠠᠯᠲᠠ》 ᠭᠡᠬᠦ᠌ ᠦᠭᠦᠯᠡᠯ᠎ᠢᠶᠠᠨ ᠨᠡᠢᠲᠡᠯᠡᠪᠡ᠃ ᠲᠤᠰ ᠦᠭᠦᠯᠡᠯ᠎ᠳᠡᠭᠡᠨ ᠱᠢᠦᠢ ᠤᠯᠤᠰ᠎ᠤᠨ ᠬᠦᠷᠡᠯ ᠰᠠᠪᠠ ᠶᠠᠭᠠᠬᠢᠭᠠᠳ ᠤᠯᠠᠭᠠᠨᠬᠠᠳᠠ ᠣᠷᠣᠨ᠎ᠳᠤ ᠢᠯᠡᠷᠡᠭ᠌ᠰᠡᠨ᠂ ᠲᠡᠷᠡ ᠮᠦᠷᠳᠡᠭᠡᠨ ᠬᠡᠷᠬᠢᠨ ᠳ᠋ᠦᠩᠬᠤ ᠤᠭ᠍ᠰᠠᠭᠠᠨ᠎ᠤ ᠢᠵᠠᠭᠤᠷᠳᠠᠨᠤ ᠣᠩᠭᠤᠨ᠎ᠳᠤ ᠢᠯᠡᠷᠡᠭ᠌ᠰᠡᠨ ᠲᠤᠬᠠᠢ ᠯᠠᠪᠳᠠᠭᠤᠨ ᠪᠣᠳᠠᠲᠠᠢ᠂ ᠨᠠᠷᠢᠨ ᠨᠢᠮᠪᠠᠢ ᠰᠤᠳᠤᠯᠤᠨ ᠲᠠᠢᠯᠪᠤᠷᠢᠯᠠᠵᠤ᠂ ᠣᠳᠣ ᠪᠣᠯᠳᠠᠯᠠᠬᠢ ᠠᠳᠠᠯᠢ ᠲᠥᠷᠥᠯ᠎ᠤᠨ ᠪᠠᠭᠠᠵᠢ ᠬᠡᠷᠡᠭ᠌ᠰᠡᠯ᠎ᠤᠨ ᠰᠤᠳᠤᠯᠭᠠᠨ᠎ᠤ ᠬᠦᠷᠢᠶ᠎ᠠ ᠴᠠᠷᠠᠭᠠᠨ᠎ᠳᠠᠬᠢ ᠴᠢᠬᠤᠯᠠ ᠭᠡᠷᠡᠴᠢ ᠪᠠᠷᠢᠮᠳᠠ ᠪᠤᠯᠵᠠᠢ᠃
ᠥᠷᠥᠱᠢᠶᠡᠯ ᠶᠤᠰᠤᠯᠠᠯ ᠠᠴᠢᠯᠠᠯ᠎ᠢᠶᠠᠷ ᠲᠦᠪᠯᠡᠭ᠌ᠰᠡᠨ ᠰᠤᠯᠢᠯᠴᠠᠭ᠎ᠠ
ᠱᠢᠶᠠᠩ ᠴᠦᠨ ᠰᠥᠩ᠎ᠤᠨ ᠬᠡᠯᠡᠬᠦ᠌᠎ᠪᠠᠷ᠂ ᠱᠢᠦᠢ ᠤᠯᠤᠰ᠎ᠤᠨ ᠬᠦᠷᠡᠯ ᠰᠠᠪᠠ᠎ᠶ᠋ᠢᠨ ᠬᠡᠯᠪᠡᠷᠢ ᠪᠦᠳᠦᠴᠡ᠂ ᠪᠢᠴᠢᠭᠡᠰᠦ ᠵᠡᠷᠭᠡ᠎ᠠᠴᠠ ᠦᠵᠡᠬᠦ᠌᠎ᠳᠤ ᠲᠡᠷᠡ᠎ᠨᠢ ᠤᠯᠤᠰ᠎ᠤᠨ ᠨᠡᠷ᠎ᠡ᠎ᠪᠠᠷ ᠴᠢᠳᠭᠤᠵᠤ ᠪᠦᠳᠦᠭᠡᠭ᠌ᠰᠡᠨ ᠤᠯᠤᠰ᠎ᠤᠨ ᠡᠷᠳᠡᠨᠢ ᠪᠣᠯᠬᠤ᠎ᠨᠢ ᠰᠡᠵᠢᠭ᠌ᠯᠡᠰᠢ ᠦᠭᠡᠢ᠃ ᠣᠳᠣᠬᠠᠨ᠎ᠳᠤ ᠮᠠᠨ᠎ᠤ ᠤᠯᠤᠰ ᠱᠢᠦᠢ ᠤᠯᠤᠰ᠎ᠤᠨ ᠤᠯᠤᠰ᠎ᠤᠨ ᠡᠷᠳᠡᠨᠢ᠎ᠶ᠋ᠢᠨ ᠳᠡᠰ᠎ᠤᠨ ᠬᠦᠷᠡᠯ ᠰᠠᠪᠠ᠎ᠶ᠋ᠢ ᠲᠠᠪᠤ ᠵᠢᠷᠭᠤᠭᠠᠬᠠᠨ ᠱᠢᠷᠬᠡᠭ ᠢᠯᠡᠷᠡᠭᠦᠯᠦᠭᠡᠳ ᠪᠤᠢ᠂ ᠡᠭᠦᠨ᠎ᠳᠤ ᠲᠤᠰ ᠬᠦᠷᠡᠯ ᠰᠠᠪᠠ᠎ᠨᠢ ᠤᠯᠠᠭᠠᠨᠬᠠᠳᠠ᠎ᠳᠤ ᠬᠠᠳᠠᠭᠠᠯᠠᠭ᠍ᠳᠠᠵᠤ᠂ ᠪᠤᠰᠤᠳ᠎ᠨᠢ ᠾᠧᠨᠠᠨ ᠮᠤᠵᠢ ᠪᠤᠶᠤ ᠱᠢᠦᠢ ᠴᠠᠩ᠎ᠤᠨ ᠮᠦᠽᠧᠢ᠎ᠳᠤ ᠬᠠᠳᠠᠭᠠᠯᠠᠭ᠍ᠳᠠᠵᠤ ᠪᠤᠢ᠃
《ᠲᠡᠦᠬᠡᠨ᠎ᠳᠤ ᠤᠯᠤᠰ᠎ᠤᠨ ᠳᠦᠷᠢ ᠲᠥᠷᠬᠦ᠌᠎ᠶ᠋ᠢ ᠲᠥᠯᠥᠭᠡᠯᠡᠭ᠌ᠰᠡᠨ ᠤᠯᠤᠰ᠎ᠤᠨ ᠡᠷᠳᠡᠨᠢ ᠪᠤᠰᠤᠳ ᠤᠯᠤᠰ᠎ᠲᠤ ᠢᠯᠡᠷᠡᠭ᠌ᠰᠡᠨ ᠱᠢᠯᠲᠠᠭᠠᠨ᠎ᠢ ᠬᠤᠷᠢᠶᠠᠩᠭᠤᠢ᠍ᠢᠯᠠᠪᠠᠯ ᠶᠡᠭᠡ ᠲᠥᠯᠥᠪ ᠭᠤᠷᠪᠠᠨ ᠱᠢᠯᠳᠠᠭᠠᠨ ᠪᠤᠢ᠃ ᠲᠠᠷᠤᠢ ᠲᠠᠢᠨ ᠪᠠᠢᠯᠳᠤᠭᠠᠨ᠂ ᠳᠣᠲᠣᠭᠠᠳᠤ᠎ᠶ᠋ᠢᠨ ᠰᠠᠮᠠᠭᠤᠷᠠᠯ᠂ ᠬᠤᠶᠠᠷ ᠤᠯᠤᠰ᠎ᠤᠨ ᠬᠤᠭᠤᠷᠣᠨᠳᠣᠬᠢ ᠨᠥᠬᠦᠷᠰᠡᠭ ᠶᠠᠪᠤᠯᠴᠠᠭ᠎ᠠ ᠪᠣᠯᠤᠨ᠎ᠠ》 ᠭᠡᠵᠦ᠍ ᠱᠢᠶᠠᠩ ᠴᠦᠨ ᠰᠥᠩ ᠬᠡᠯᠡᠪᠡ᠃ ᠲᠡᠦᠬᠡᠨ᠎ᠠᠴᠠ ᠦᠵᠡᠪᠡᠯ᠂ ᠳ᠋ᠦᠩᠬᠤ ᠦᠨᠳᠦᠰᠦᠲᠡᠨ ᠵᠥᠪᠬᠡᠨ ᠵᠡᠭᠦᠨ ᠬᠤᠢᠲᠤ ᠣᠷᠣᠨ᠂ ᠤᠮᠠᠷᠠᠲᠤ ᠣᠷᠣᠨ᠎ᠳᠤ ᠬᠥᠳᠡᠯᠭᠡᠭᠡᠨ ᠬᠢᠵᠦ᠍ ᠪᠠᠢᠵᠠᠢ᠂ ᠳ᠋ᠦᠩᠬᠤ ᠦᠨᠳᠦᠰᠦᠲᠡᠨ ᠪᠠ ᠵᠦᠡᠭ᠌ᠶᠤᠸᠠᠨ ᠣᠷᠣᠨ᠎ᠤ ᠱᠢᠦᠢ ᠤᠯᠤᠰ᠎ᠤᠨ ᠬᠤᠭᠤᠷᠤᠨᠳᠤ ᠲᠠᠢᠨ ᠪᠠᠢᠯᠳᠤᠭᠠᠨ ᠡᠭᠦᠰᠦᠭ᠌ᠰᠡᠨ ᠤᠯᠠ ᠮᠥᠷ ᠪᠣᠯᠤᠨ ᠪᠢᠴᠢᠭ ᠮᠠᠲ᠋ᠧᠷᠢᠶᠠᠯ᠎ᠢ ᠡᠷᠢᠵᠦ᠍ ᠣᠯᠬᠤ ᠦᠭᠡᠢ᠂ ᠬᠡᠷᠪᠡ ᠱᠢᠦᠢ ᠤᠯᠤᠰ᠎ᠲᠤ ᠤᠯᠤᠰ᠎ᠤᠨ ᠳᠣᠲᠣᠭᠠᠳᠤ᠎ᠶ᠋ᠢᠨ ᠰᠠᠮᠠᠭᠤᠷᠠᠯ ᠡᠭᠦᠰᠦᠭ᠌ᠰᠡᠨ ᠪᠤᠯ ᠤᠯᠠᠭᠠᠨᠬᠠᠳᠠ᠎ᠨᠢ ᠾᠧᠨᠠᠨ ᠮᠣᠵᠢ᠎ᠶ᠋ᠢᠨ ᠱᠢᠦᠢ ᠴᠠᠩ᠎ᠠᠴᠠ ᠬᠤᠶᠠᠷ ᠭᠤᠷᠪᠠᠨ ᠮᠢᠩᠭᠠᠨ ᠭᠠᠵᠠᠷ᠎ᠤᠨ ᠵᠠᠢᠲᠠᠢ ᠤᠴᠢᠷ᠎ᠠᠴᠠ ᠳ᠋ᠦᠩᠬᠤ᠎ᠶ᠋ᠢᠨ ᠬᠥᠮᠦᠰ ᠱᠢᠦᠢ ᠤᠯᠤᠰ᠎ᠲᠤ ᠬᠦᠷᠴᠦ᠍ ᠶᠠᠭᠤᠮ᠎ᠠ ᠪᠤᠯᠢᠶᠠᠯᠴᠠᠬᠤ ᠪᠣᠯᠤᠯᠴᠠᠭ᠎ᠠ ᠦᠭᠡᠢ᠂ ᠡᠢᠮᠦ᠎ᠠᠴᠠ ᠵᠥᠪᠬᠡᠨ ᠨᠥᠬᠦᠷᠰᠡᠭ ᠶᠠᠪᠤᠯᠴᠠᠭ᠎ᠠ᠎ᠨᠢ ᠲᠤᠬᠠᠢ᠎ᠶ᠋ᠢᠨ ᠦᠶ᠎ᠡ᠎ᠶ᠋ᠢᠨ ᠪᠠᠢᠳᠠᠯ᠎ᠳᠤ ᠬᠠᠮᠤᠭ᠎ᠠᠴᠠ ᠨᠡᠢᠴᠡᠨ᠎ᠡ᠃
ᠡᠢᠮᠦᠷᠬᠦᠦ ᠨᠥᠬᠦᠷᠰᠡᠭ ᠶᠠᠪᠤᠯᠴᠠᠭᠠᠨ᠎ᠳᠤ ᠬᠤᠸᠠᠱᠢᠶᠠ ᠦᠨᠳᠦᠰᠦᠲᠡᠨ᠎ᠤ ᠡᠷᠲᠡᠨ᠎ᠠᠴᠠ ᠲᠡᠭᠡᠳᠦᠯᠡᠨ ᠤᠯᠠᠮᠵᠢᠯᠠᠭ᠍ᠰᠠᠭᠠᠷ ᠢᠷᠡᠭ᠌ᠰᠡᠨ ᠰᠠᠢᠨ ᠰᠠᠢᠬᠠᠨ ᠦᠷᠦᠱᠢᠶᠡᠯ ᠵᠢᠷᠤᠮ᠂ ᠶᠤᠰᠤᠯᠠᠯ᠂ ᠠᠴᠢᠯᠠᠯ᠎ᠨᠢ ᠶᠠᠭ ᠨᠢᠭᠡᠨ ᠬᠡᠯᠪᠡᠷᠢ ᠦᠭᠡᠢ ᠬᠤᠯᠪᠣᠭᠠᠰᠤ ᠪᠣᠯᠵᠤ᠂ ᠵᠦᠡᠭ᠌ᠶᠦᠸᠠᠨ ᠣᠷᠣᠨ ᠪᠠ ᠤᠮᠠᠷᠠᠲᠤ᠎ᠶ᠋ᠢᠨ ᠦᠨᠳᠦᠰᠦᠲᠡᠨ᠎ᠢ ᠬᠤᠯᠪᠤᠨ᠂ ᠲᠤᠮᠳᠠᠳᠤ᠎ᠶ᠋ᠢᠨ ᠦᠨᠳᠦᠰᠦᠳᠡᠨ᠎ᠤ ᠦᠶ᠎ᠡ᠎ᠶ᠋ᠢᠨ ᠦᠶ᠎ᠡ᠎ᠳᠤ ᠲᠠᠰᠤᠷᠠᠰᠢ ᠦᠭᠡᠢ ᠤᠯᠠᠨ ᠶᠠᠩᠵᠤᠳᠤ ᠪᠣᠯᠪᠠᠰᠤᠨ᠎ᠤ ᠰᠦᠭ ᠰᠦᠨᠡᠰᠦ᠎ᠶ᠋ᠢ ᠨᠢᠭ᠍ᠳᠠᠷᠠᠭᠤᠯᠪᠠ᠃ ᠬᠠᠷᠢᠨ ᠱᠢᠦᠢ ᠤᠯᠤᠰ᠎ᠤᠨ ᠬᠦᠷᠡᠯ ᠰᠠᠪᠠ᠎ᠨᠢ ᠮᠠᠨ᠎ᠤ ᠤᠯᠤᠰ᠎ᠤᠨ ᠡᠷᠲᠡᠨ᠎ᠤ ᠨᠡᠷᠡᠲᠦ ᠬᠥᠮᠦᠨ ᠪᠦᠸᠧ ᠢ ᠪᠠ ᠱᠦ᠍ ᠴᠢ᠎ᠶ᠋ᠢᠨ ᠦᠯᠢᠭᠡᠷ᠎ᠢ ᠠᠭᠤᠯᠵᠤ ᠪᠤᠢ᠃
《ᠯᠢᠦᠢ ᠣᠪᠣᠭ᠍ᠲᠤ᠎ᠶ᠋ᠢᠨ ᠱᠠᠱᠢᠨ᠎ᠲᠤ ᠨᠤᠮ》 《ᠰᠤᠳᠤᠷ ᠲᠡᠮᠳᠡᠭ᠌ᠯᠡᠯ · ᠪᠦᠸᠧ ᠢ᠎ᠶ᠋ᠢᠨ ᠨᠠᠮᠳᠠᠷ》 ᠲᠤ᠋ ᠲᠡᠮᠳᠡᠭ᠌ᠯᠡᠭ᠌ᠰᠡᠨ᠎ᠢᠶᠠᠷ᠂ ᠪᠦᠸᠧ ᠢ᠂ ᠱᠦ᠍ ᠴᠢ ᠪᠣᠯ ᠱᠠᠩ ᠤᠯᠤᠰ᠎ᠤᠨ ᠰᠡᠭᠦᠯᠴᠢ᠎ᠶ᠋ᠢᠨ ᠭᠦ᠋ ᠵᠦ᠍ ᠵᠢᠶᠦ᠋ᠨ ᠸᠠᠩ᠎ᠤᠨ ᠬᠤᠶᠠᠷ ᠬᠥᠪᠡᠭᠦᠨ᠂ ᠭᠦ᠋ ᠵᠦ᠍ ᠵᠢᠶᠦ᠋ᠨ ᠸᠠᠩ ᠬᠡᠷᠢᠶᠡᠰ ᠦᠯᠡᠳᠡᠭᠡᠵᠦ᠍᠂ ᠭᠤᠷᠪᠠᠳᠤᠭᠠᠷ ᠬᠦᠪᠡᠭᠦᠨ ᠱᠦ᠍ ᠴᠢᠶ᠋ᠢ ᠸᠠᠩ᠎ᠤᠨ ᠰᠠᠭᠤᠷᠢᠨ ᠵᠠᠯᠭᠠᠮᠵᠢᠯᠠᠭᠤᠯᠬᠤ ᠭᠡᠵᠡᠢ᠃ ᠭᠦ᠋ ᠵᠦ᠍ ᠵᠢᠶᠦ᠋ᠨ ᠸᠠᠩ ᠨᠠᠰᠤ ᠪᠠᠷᠠᠭ᠍ᠰᠠᠨ᠎ᠤ ᠳᠠᠷᠠᠭ᠎ᠠ᠂ ᠱᠦ᠍ ᠴᠢ ᠸᠠᠩ᠎ᠤᠨ ᠰᠠᠭᠤᠷᠢᠨ᠎ᠢᠶᠠᠨ ᠪᠦᠸᠧ ᠢ᠎ᠳᠤ ᠨᠠᠢᠷ ᠲᠠᠯᠪᠢᠵᠤ ᠦᠭ᠌ᠭᠦᠭ᠌ᠰᠡᠨ᠎ᠳᠤ ᠪᠦᠸᠧ ᠢ ᠡᠰᠡ ᠬᠦᠯᠢᠶᠡᠨ ᠠᠪᠤᠪᠠ᠂ ᠱᠦ᠍ ᠴᠢ ᠡᠰᠢ ᠶᠤᠰᠤ᠎ᠶ᠋ᠢ ᠵᠢᠷᠤᠮᠯᠠᠨ ᠨᠡᠢᠭᠡᠮ᠎ᠤᠨ ᠲᠦᠷᠢᠮ ᠭᠤᠷᠢᠮ᠎ᠢ ᠡᠪᠳᠡᠬᠦ᠌᠎ᠶ᠋ᠢ ᠬᠢᠴᠢᠶᠡᠵᠦ᠍ ᠸᠠᠩ᠎ᠤᠨ ᠰᠠᠭᠤᠷᠢᠨ᠎ᠢ ᠡᠰᠡ ᠵᠠᠯᠭᠠᠮᠵᠢᠯᠠᠪᠠ᠃ ᠠᠬᠠᠨ ᠲᠡᠭᠦᠦᠰ ᠬᠤᠶᠠᠭᠤᠯᠠ ᠤᠷᠢᠳ ᠬᠤᠵᠢᠳ ᠵᠧᠦ ᠤᠯᠤᠰ᠎ᠲᠤ ᠬᠦᠷᠴᠦ᠍ ᠪᠠᠢᠴᠠᠭᠠᠪᠠ᠃ ᠵᠧᠦ ᠡᠦ ᠸᠠᠩ ᠱᠠᠩ ᠵᠧᠦ ᠸᠠᠩ᠎ᠢ ᠲᠤᠪᠳᠤᠯᠬᠤ ᠭᠡᠰᠡᠨ᠎ᠳᠤ ᠠᠬᠠᠨ ᠲᠡᠭᠦᠦᠰ ᠬᠤᠶᠠᠭᠤᠯᠠ ᠢᠳᠭᠠᠨ ᠬᠤᠷᠢᠭ᠍ᠯᠠᠵᠠᠢ᠃ ᠵᠧᠦ ᠡᠦ ᠸᠠᠩ ᠱᠠᠩ ᠤᠯᠤᠰ᠎ᠢ ᠮᠥᠬᠦᠭᠡᠭ᠌ᠰᠡᠨᠤ ᠰᠡᠭᠦᠯᠡᠷ᠂ ᠠᠬᠠᠨ ᠲᠡᠭᠦᠦᠰ ᠬᠤᠶᠠᠭᠤᠯᠠ ᠵᠧᠦ ᠤᠯᠤᠰ᠎ᠤᠨ ᠠᠮᠤ ᠪᠤᠳᠠᠭ᠎ᠠ᠎ᠶ᠋ᠢ ᠢᠳᠡᠬᠦ᠌᠎ᠶ᠋ᠢ ᠢᠴᠢᠭᠦᠷᠢ ᠬᠡᠮᠡᠨ ᠦᠵᠡᠵᠦ᠍᠂ ᠬᠡᠬᠡᠷ᠎ᠡ᠎ᠶ᠋ᠢᠨ ᠡᠪᠡᠰᠦ᠎ᠪᠠᠷ ᠠᠮᠢ ᠵᠢᠭᠤᠵᠤ᠂ ᠱᠧᠦ ᠶᠠᠩ ᠱᠠᠨ ᠠᠭᠤᠯᠠᠨ᠎ᠠ ᠦᠬᠦᠪᠡᠢ᠃
《ᠡᠭᠦᠨ᠎ᠠᠴᠠ ᠱᠢᠦᠢ ᠤᠯᠤᠰ᠎ᠤᠨ ᠬᠦᠷᠡᠯ ᠰᠠᠪᠠ ᠶᠠᠭᠠᠬᠢᠭᠠᠳ ᠤᠯᠠᠭᠠᠨᠬᠠᠳᠠ ᠣᠷᠣᠨ᠎ᠤ ᠳ᠋ᠦᠩᠬᠤ᠎ᠶ᠋ᠢᠨ ᠢᠵᠠᠭᠤᠷᠳᠠᠨᠤ ᠪᠤᠯᠠᠱᠢᠨᠳᠤ ᠢᠯᠡᠷᠡᠭ᠌ᠰᠡᠨ᠎ᠢ ᠱᠢᠯᠭᠠᠨ ᠨᠤᠳᠠᠯᠠᠵᠤ ᠪᠤᠯᠤᠨ᠎ᠠ》 ᠭᠡᠵᠦ᠍ ᠱᠢᠶᠠᠩ ᠴᠦᠨ ᠰᠥᠩ ᠬᠡᠯᠡᠪᠡ᠃ 《ᠵᠧᠩ ᠢᠦᠢ》 ᠳᠤ ᠲᠡᠮᠳᠡᠭ᠌ᠯᠡᠭ᠌ᠰᠡᠨ᠎ᠢᠶᠠᠷ᠂ 《ᠵᠢᠶᠠᠩ᠂ ᠪᠦᠸᠧ ᠢ᠎ᠶ᠋ᠢᠨ ᠬᠤᠢᠴᠢ》᠂ ᠱᠢᠦᠢ ᠤᠯᠤᠰ᠎ᠲᠤ ᠠᠮᠢᠳᠤᠷᠠᠵᠤ ᠪᠠᠢᠭ᠍ᠰᠠᠨ ᠪᠦᠸᠧ ᠢ᠎ᠶ᠋ᠢᠨ ᠬᠤᠢᠴᠢ ᠵᠢᠶᠠᠩ ᠣᠪᠣᠭ᠍ᠲᠤ᠎ᠶ᠋ᠢᠨ ᠤᠭ᠍ᠰᠠᠭᠠᠶ᠋ᠢᠨᠬᠢᠨ ᠦᠪᠡᠷ᠎ᠤᠨ ᠲᠡᠭᠡᠳᠦᠰ ᠪᠤᠯᠬᠤ ᠪᠦᠸᠧ ᠢ᠎ᠶ᠋ᠢ ᠲᠠᠬᠢᠬᠤ᠎ᠶ᠋ᠢᠨ ᠲᠤᠯᠠᠳᠠ ᠬᠦᠴᠢᠷ ᠪᠡᠷᠬᠡᠱᠢᠶᠡᠯ᠎ᠢ ᠬᠠᠢᠬᠤᠷᠤᠯ ᠦᠭᠡᠢ᠎ᠪᠠᠷ ᠱᠢᠦᠢ ᠤᠯᠤᠰ᠎ᠤᠨ ᠬᠦᠷᠡᠯ ᠰᠠᠪᠠ᠂ ᠬᠤᠨᠳᠠᠭ᠎ᠠ᠂ ᠲᠦᠷᠪᠡᠯᠵᠢᠨ ᠬᠦᠯᠢᠰ ᠵᠡᠷᠭᠡ ᠤᠯᠠᠨ ᠶᠤᠰᠤᠯᠠᠯ᠎ᠤᠨ ᠬᠡᠷᠡᠭ᠌ᠰᠡᠯ᠎ᠢ ᠠᠪᠴᠤ᠌᠂ ᠤᠮᠠᠷᠠᠳᠤ᠎ᠶ᠋ᠢᠨ ᠴᠤᠤ ᠶᠠᠩ᠂ ᠤᠯᠠᠭᠠᠨᠬᠠᠳᠠ᠎ᠶ᠋ᠢᠨ ᠱᠧᠦ ᠶᠠᠩ ᠱᠠᠨ ᠠᠭᠤᠯᠠᠨ᠎ᠠ ᠬᠦᠷᠴᠦ᠍᠂ ᠳ᠋ᠦᠡᠭ᠌ᠬᠤᠶ᠋ᠢᠨ ᠠᠬᠠᠯᠠᠭ᠍ᠴᠢ᠎ᠳᠤ ᠬᠠᠯᠠᠭᠤᠨ᠎ᠢᠶᠠᠷ ᠵᠤᠴᠢᠯᠠᠭ᠍ᠳᠠᠵᠠᠢ᠃ ᠲᠠᠬᠢᠯᠭ᠎ᠠ ᠲᠠᠭᠤᠰᠤᠭ᠍ᠰᠠᠨᠤ ᠲᠠᠷᠠᠭ᠎ᠠ᠂ ᠳ᠋ᠦᠡᠭ᠌ᠬᠤᠶ᠋ᠢᠨ ᠠᠬᠠᠯᠠᠭ᠍ᠴᠢ᠎ᠳᠤ ᠲᠠᠯᠠᠷᠬᠠᠯ᠎ᠢᠶᠠᠨ ᠢᠯᠡᠳᠭᠡᠵᠦ᠍᠂ ᠪᠦᠸᠧ ᠢ᠎ᠶ᠋ᠢᠨ ᠬᠤᠢᠴᠢᠰ ᠡᠳᠡᠭᠡᠷ ᠶᠤᠰᠤᠯᠠᠯ᠎ᠤᠨ ᠰᠠᠪᠠ ᠬᠡᠷᠡᠭ᠌ᠰᠡᠯ᠎ᠢ ᠳᠤᠷᠠᠰᠭᠠᠯ ᠪᠣᠯᠭᠠᠨ ᠦᠯᠡᠳᠡᠭᠡᠨ ᠦᠭ᠌ᠴᠠᠢ᠃ ᠬᠡᠳᠦᠨ ᠵᠠᠭᠤᠨ ᠵᠢᠯ᠎ᠤᠨ ᠳᠠᠷᠠᠭ᠎ᠠ᠂ ᠱᠢᠦᠢ ᠤᠯᠤᠰ᠎ᠤᠨ ᠬᠦᠷᠡᠯ ᠰᠠᠪᠠ᠂ ᠬᠤᠨᠳᠠᠭ᠎ᠠ᠂ ᠲᠦᠷᠪᠡᠯᠵᠢᠨ ᠬᠦᠯᠢᠰ ᠵᠡᠷᠭᠡ᠎ᠨᠢ ᠤᠷᠤᠱᠢᠭᠤᠯᠭᠠᠶ᠋ᠢᠨ ᠡᠳ᠋᠎ᠤᠨ ᠬᠤᠪᠢ᠎ᠪᠠᠷ ᠳ᠋ᠦᠩᠬᠤ᠎ᠶ᠋ᠢᠨ ᠢᠵᠠᠭᠤᠷᠳᠠᠨᠤ ᠪᠤᠯᠠᠱᠢᠨᠳᠤ ᠣᠷᠣᠱᠢᠭᠤᠯᠤᠭ᠍ᠳᠠᠵᠠᠢ᠃
ᠮᠠᠲ᠋ᠧᠷᠢᠶᠠᠯ ᠤᠷᠪᠠᠭᠤᠯᠪᠠᠯ᠂ ᠮᠠᠨ᠎ᠤ ᠤᠯᠤᠰ᠎ᠲᠤ ᠱᠧᠦ ᠶᠠᠩ ᠱᠠᠨ ᠭᠡᠳᠡᠭ ᠨᠡᠷ᠎ᠡ᠎ᠲᠠᠢ ᠭᠠᠵᠠᠷ ᠣᠯᠠᠨ ᠪᠤᠢ᠂ ᠤᠯᠠᠩᠬᠢ ᠬᠥᠮᠦᠰ᠎ᠤᠨ ᠦᠵᠡᠬᠦ᠌᠎ᠪᠠᠷ ᠪᠦᠸᠧ ᠢ᠂ ᠱᠦ᠍ ᠴᠢ᠎ᠶ᠋ᠢᠨ ᠠᠮᠢᠳᠤᠷᠠᠵᠤ ᠪᠠᠢᠭ᠍ᠰᠠᠨ ᠱᠧᠦ ᠶᠠᠩ ᠱᠠᠨ᠎ᠨᠢ ᠣᠳᠣ᠎ᠶ᠋ᠢᠨ ᠭᠠᠨᠰᠦ ᠮᠤᠵᠢ᠎ᠶ᠋ᠢᠨ ᠸᠧᠢ ᠶᠤᠸᠠᠨ᠎ᠳᠤ ᠪᠤᠢ᠃ ᠭᠡᠪᠡᠴᠦ᠍ ᠤᠷᠴᠢᠮᠬᠠᠨ ᠪᠦᠸᠧ ᠢ᠂ ᠱᠦ᠍ ᠴᠢ᠎ᠶ᠋ᠢᠨ ᠠᠮᠢᠳᠤᠷᠠᠵᠤ ᠪᠠᠢᠭ᠍ᠰᠠᠨ ᠱᠧᠦ ᠶᠠᠩ ᠱᠠᠨ᠎ᠨᠢ ᠤᠳᠤ᠎ᠶ᠋ᠢᠨ ᠯᠢᠶᠣᠤᠨᠢᠩ ᠮᠤᠵᠢ᠎ᠶ᠋ᠢᠨ ᠴᠤᠤ ᠶᠠᠩ ᠪᠤᠶᠤ ᠤᠯᠠᠭᠠᠨᠬᠠᠳᠠ ᠣᠷᠴᠢᠮ ᠪᠤᠢ ᠭᠡᠳᠡᠭ ᠱᠢᠨ᠎ᠡ ᠨᠤᠳᠠᠯᠠᠯᠲᠠ ᠢᠯᠡᠷᠡᠵᠡᠢ᠃ ᠱᠢᠶᠠᠩ ᠴᠦᠨ ᠰᠥᠩ ᠡᠨᠡ ᠨᠤᠳᠠᠯᠠᠯᠲᠠ᠎ᠶ᠋ᠢ ᠵᠦᠪᠱᠢᠶᠡᠵᠦ᠍ ᠪᠠᠢᠬᠤ ᠮᠦᠷᠳᠡᠭᠡᠨ 《ᠡᠩ ᠲᠡᠷᠢᠭᠦᠨ᠎ᠳᠤ ᠪᠦᠸᠧ ᠢ᠂ ᠱᠦ᠍ ᠴᠢ ᠵᠧᠦ ᠤᠯᠤᠰ᠎ᠲᠤ ᠬᠦᠴᠦ᠎ᠪᠠᠨ ᠡᠷᠭᠦᠬᠦ᠌ ᠳᠤᠷ᠎ᠠ ᠦᠭᠡᠢ᠂ ᠵᠧᠦ ᠡᠦ ᠸᠠᠩ᠎ᠠᠴᠠ ᠵᠠᠢᠯᠠᠰᠭᠢᠬᠦ᠌᠎ᠶ᠋ᠢᠨ ᠲᠤᠯᠠᠲᠠ ᠬᠤᠯᠠ ᠶᠠᠪᠤᠬᠤ᠎ᠨᠢ ᠯᠠᠪᠳᠠᠢ᠃ ᠡᠭᠦᠨ᠎ᠠᠴᠠ ᠭᠠᠳᠠᠨ᠎ᠠ᠂ ᠴᠤᠤ ᠶᠠᠩ᠂ ᠤᠯᠠᠭᠠᠨᠬᠠᠳᠠ ᠵᠡᠷᠭᠡ ᠭᠠᠵᠠᠷ᠎ᠤᠳ᠎ᠢᠶᠠᠷ ᠤᠷᠭᠤᠳᠠᠭ ᠣᠢᠮ᠎ᠠ ᠨᠣᠭᠤᠭᠠᠨᠢ ᠪᠦᠸᠧ ᠢ᠂ ᠱᠦ᠍ ᠴᠢ᠎ᠶ᠋ᠢᠨ ᠱᠧᠦ ᠶᠠᠩ ᠱᠠᠨ ᠠᠭᠤᠯᠠᠨ᠎ᠳᠤ ᠢᠳᠡᠰᠢ ᠪᠤᠯᠭᠠᠵᠤ ᠪᠠᠢᠭ᠍ᠰᠠᠨ ᠬᠡᠬᠡᠷ᠎ᠡ᠎ᠶ᠋ᠢᠨ ᠨᠤᠭᠤᠭ᠎ᠠ ᠪᠣᠯᠤᠨ᠎ᠠ》 ᠭᠡᠳᠡᠭ ᠦᠨᠳᠦᠰᠦᠯᠡᠯ ᠬᠠᠨᠭ᠌ᠭᠠᠪᠠ᠃
ᠱᠢᠶᠠᠩ ᠴᠦᠨ ᠰᠥᠩ ᠬᠡᠯᠡᠬᠦ᠌᠎ᠪᠠᠷ᠂ ᠱᠢᠦᠢ ᠤᠯᠤᠰ᠎ᠤᠨ ᠬᠦᠷᠡᠯ ᠰᠠᠪᠠ ᠪᠣᠯ ᠮᠠᠨ᠎ᠤ ᠤᠯᠤᠰ᠎ᠤᠨ ᠡᠷᠲᠡᠨ᠎ᠤ ᠦᠶ᠎ᠡ᠎ᠳᠤ ᠦᠨᠳᠦᠰᠦᠲᠡᠨ ᠢᠯᠡᠷᠡᠭ᠌ᠰᠡᠨᠤ ᠲᠠᠷᠠᠭᠠᠬᠢ ᠵᠦᠡᠭ᠌ᠶᠤᠸᠠᠨ ᠣᠷᠣᠨ ᠪᠣᠯᠤᠨ ᠤᠮᠠᠷᠠᠲᠤ ᠣᠷᠣᠨ᠎ᠤ ᠰᠤᠯᠢᠯᠴᠠᠭᠠᠨ᠎ᠤ ᠲᠡᠦᠬᠡᠨ ᠭᠡᠷᠡᠴᠢ ᠪᠤᠯᠤᠨ᠎ᠠ᠃