— ᠮᠣᠩᠭᠤᠯ ᠰᠣᠶᠣᠯ᠎ᠤᠨ ᠮᠣᠨᠲᠠᠭ ᠭᠠᠪᠢᠶᠠᠲᠠᠨ ᠪᠠᠯᠵᠢᠨᠢᠮ᠎ᠠ ᠪᠠᠭ᠍ᠰᠢᠲᠠᠨᠢ ᠲᠣᠷᠠᠳᠭᠠᠬᠤᠨᠢ
ᠲᠤᠪᠴᠢ ᠨᠠᠮᠳᠠᠷ᠄
ᠪᠠᠯᠵᠢᠨᠢᠮ᠎ᠠ (1938 — 2020 ᠤᠨ)᠂ ᠮᠤᠩᠭᠤᠯ ᠦᠨᠳᠦᠰᠦᠳᠡᠨ᠂ ᠬᠢᠩᠭᠠᠨ ᠠᠢᠮᠠᠭ᠎ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠱᠢᠭᠤᠨ᠎ᠳᠤ ᠳᠦᠷᠦᠵᠠᠢ᠃ 1963 ᠣᠨ᠎ᠳᠤ ᠥᠪᠥᠷ ᠮᠣᠩᠭᠤᠯ᠎ᠤᠨ ᠶᠡᠭᠡ ᠰᠤᠷᠭᠠᠭᠤᠯᠢ᠎ᠠᠴᠠ ᠲᠡᠭᠦᠰᠪᠠ᠃ ᠰᠤᠳᠤᠯᠭᠠᠳᠠᠨ᠂ ᠴᠢᠩᠬᠢᠰ ᠬᠠᠭᠠᠨ᠎ᠤ ᠰᠤᠷᠪᠤᠯᠵᠢ ᠪᠢᠴᠢᠭ᠎ᠤᠨ ᠲᠤᠰᠭᠠᠢ ᠮᠡᠷᠬᠡᠵᠢᠯᠳᠡᠨ᠃ ᠲᠡᠷᠡ᠎ᠪᠠᠷ᠂ ᠥᠪᠥᠷ ᠮᠣᠩᠭᠤᠯ᠎ᠤᠨ ᠡᠳᠦᠷ᠎ᠤᠨ ᠰᠣᠨᠢᠨ᠎ᠤ ᠬᠤᠷᠢᠶ᠎ᠠ᠎ᠶ᠋ᠢᠨ ᠳᠡᠭᠡᠳᠦ ᠵᠡᠷᠭᠡ᠎ᠶ᠋ᠢᠨ ᠰᠤᠷᠪᠤᠯᠵᠢᠯᠠᠭ᠍ᠴᠢ᠂ 《ᠴᠢᠩᠭᠢᠰ ᠬᠠᠭᠠᠨ᠎ᠤ ᠰᠤᠷᠪᠤᠯᠵᠢ ᠪᠢᠴᠢᠭ᠎ᠤᠨ ᠮᠦᠽᠧᠢ》 ᠶ᠋ᠢᠨ ᠳᠠᠷᠤᠭ᠎ᠠ᠂ ᠥᠪᠥᠷ ᠮᠣᠩᠭᠤᠯ᠎ᠤᠨ ᠶᠡᠭᠡ ᠰᠤᠷᠭᠠᠭᠤᠯᠢ᠎ᠶ᠋ᠢᠨ ᠲᠤᠱᠢᠶᠠᠯ ᠬᠠᠪᠰᠤᠷᠭᠠᠭ᠍ᠰᠠᠨ ᠫᠷᠤᠹᠧᠰᠰᠤᠷ ᠵᠡᠷᠬᠡ ᠲᠤᠱᠢᠶᠠᠯ᠎ᠢ ᠡᠬᠦᠷᠬᠡᠯᠡᠵᠦ᠍ ᠦᠡᠭ᠌ᠬᠡᠷᠡᠪᠡ᠃
《ᠮᠢᠩᠭᠠᠨ ᠵᠢᠯ᠎ᠤᠨ ᠲᠤᠨᠵᠢ ᠬᠦᠮᠦᠨ — ᠲᠡᠯᠡᠬᠡᠢ᠎ᠶ᠋ᠢᠨ ᠲᠤᠮᠤᠴᠤᠤᠯ᠎ᠤᠨ ᠬᠠᠷᠠᠭᠠᠨ᠎ᠳᠠᠬᠢ ᠴᠢᠩᠭᠢᠰ ᠬᠠᠭᠠᠨ》᠂ 《ᠭᠠᠲᠠᠭᠠᠳᠤ᠎ᠶ᠋ᠢᠨ ᠬᠦᠮᠦᠰ᠎ᠤᠨ ᠬᠠᠷᠠᠭᠠᠨ᠎ᠳᠠᠬᠢ ᠴᠢᠩᠭᠢᠰ ᠬᠠᠭᠠᠨ》᠂ 《ᠴᠢᠩᠭᠢᠰ ᠬᠠᠭᠠᠨ᠎ᠤ ᠪᠦᠲᠦᠭᠡᠭ᠌ᠰᠡᠨ ᠲᠡᠯᠡᠬᠡᠢ᠎ᠶ᠋ᠢᠨ ᠠᠷᠪᠠᠨ ᠬᠤᠶᠠᠷ ᠲᠤᠨᠵᠢ》 ᠵᠡᠷᠭᠡ ᠣᠯᠠᠨ ᠪᠦᠲᠦᠭᠡᠯ᠎ᠢ ᠨᠠᠢᠷᠠᠭᠤᠯᠤᠨ ᠪᠢᠴᠢᠪᠡ᠃
ᠲᠡᠷᠡ᠎ᠪᠠᠷ ᠠᠩᠬᠠᠳᠤᠭᠠᠷ ᠬᠤᠭᠤᠴᠠᠭᠠᠨ᠎ᠤ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠰᠣᠨᠢᠨ ᠮᠡᠳᠡᠭᠡᠨ᠎ᠤ ᠡᠲᠡᠭᠡᠳ᠎ᠤᠨ ᠭᠠᠷᠮᠠᠭᠠᠶ ᠬᠤᠪᠢ ᠨᠡᠮᠡᠷᠢ᠎ᠶ᠋ᠢᠨ ᠱᠠᠩᠨᠠᠯ᠂ ᠮᠣᠩᠭᠤᠯ ᠤᠯᠤᠰ᠎ᠤᠨ 《ᠠᠯᠲᠠᠨ ᠭᠠᠳᠠᠰᠤ》 ᠣᠳᠣᠨ ᠭᠠᠪᠢᠶᠠᠨ ᠲᠡᠮᠳᠡᠭ ᠵᠡᠷᠬᠡ᠎ᠪᠠᠷ ᠡᠩᠬᠡᠷ᠎ᠢᠶᠠᠨ ᠮᠢᠯᠢᠶᠠᠯᠭᠠᠵᠦ᠍ ᠶᠠᠪᠤᠪᠠ᠃
ᠪᠠᠯᠵᠢᠨᠢᠮ᠎ᠠ ᠭᠤᠸᠠᠢᠯᠤᠭᠠ ᠤᠴᠠᠷᠠᠵᠤ ᠲᠠᠨᠢᠯᠴᠠᠬ᠍ᠰᠠᠨᠠᠴᠠ ᠨᠠᠭᠠᠰᠢ ᠲᠦᠴᠢᠭᠡᠳ ᠵᠢᠯ᠎ᠤᠨ ᠲᠤᠷᠰᠢ ᠪᠢᠲᠡ ᠦᠶ᠎ᠡ ᠵᠠᠢ ᠦᠭᠡᠢ ᠨᠦᠬᠦᠷᠯᠡᠨ ᠲᠦᠷᠦᠭ᠌ᠰᠡᠨ᠎ᠠᠴᠠ ᠲᠤᠲᠠᠭᠤ ᠦᠭᠡᠢ ᠡᠯᠢᠭᠡᠱᠢᠭ ᠲᠤᠲᠤᠨᠤ ᠶᠠᠪᠤᠯᠴᠠᠬ᠍ᠰᠠᠨ ᠰᠠᠨ᠃
ᠦᠨᠡᠨ᠎ᠢ ᠬᠡᠯᠡᠬᠦ᠌᠎ᠳᠤ᠂ ᠪᠠᠯᠵᠢᠨᠢᠮ᠎ᠠ ᠭᠡᠲᠡᠭ ᠬᠦᠮᠦᠨ᠎ᠤ ᠠᠰᠤᠨ ᠪᠡᠶ᠎ᠡ᠎ᠲᠠᠢ᠎ᠨᠢ ᠠᠭᠤᠯᠵᠠᠬᠤ᠎ᠠᠴᠠ ᠡᠮᠦᠨ᠎ᠡ ᠠᠯᠲᠠᠷ ᠨᠡᠷ᠎ᠡ᠎ᠶ᠋ᠢ᠎ᠨᠢ ᠠᠯᠢ ᠬᠡᠲᠦᠢᠨ ᠲᠤᠭᠤᠯᠵᠤ ᠪᠢᠱᠢᠷᠡᠵᠦ᠍ ᠪᠠᠢᠬ᠍ᠰᠠᠨ ᠪᠢᠯᠡ᠃ 1978 ᠤᠨ᠎ᠤ ᠦᠶ᠎ᠡ᠎ᠪᠠᠷ᠂ ᠪᠢ ᠯᠢᠶᠤᠤᠨᠢᠩ᠎ᠤᠨ ᠡᠲᠦᠷ᠎ᠤᠨ ᠰᠤᠨᠢᠨ᠎ᠤ ᠬᠤᠷᠢᠶ᠎ᠠ᠎ᠶ᠋ᠢᠨ ᠵᠤᠤ ᠤᠲᠠ ᠠᠢᠮᠠᠭ᠎ᠲᠤ ᠰᠠᠭᠤᠭ᠎ᠠ ᠰᠤᠷᠪᠤᠯᠵᠢᠯᠠᠬ᠍ᠴᠢ᠎ᠶ᠋ᠢᠨ ᠦᠷᠲᠡᠭᠡᠨ᠎ᠳᠤ ᠠᠵᠢᠯᠯᠠᠵᠦ᠍ ᠪᠠᠢᠬᠤ᠎ᠳᠠᠭᠠᠨ᠂ 《ᠦᠪᠦᠷ ᠮᠤᠩᠭᠤᠯ᠎ᠤᠨ ᠡᠲᠦᠷ᠎ᠤᠨ ᠰᠤᠨᠢᠨ》 ᠤ ᠰᠤᠷᠪᠤᠯᠵᠢᠯᠠᠬ᠍ᠴᠢ ᠪᠠᠯᠵᠢᠨᠢᠮ᠎ᠠ᠎ᠶ᠋ᠢᠨ ᠪᠢᠴᠢᠭ᠌ᠰᠡᠨ 《ᠨᠤᠲᠤᠭ ᠪᠡᠯᠴᠢᠭᠡᠷ᠎ᠢ ᠲᠤᠷ᠎ᠠ ᠲᠠᠪᠠ᠎ᠪᠠᠷ᠎ᠢᠶᠠᠨ ᠬᠠᠭᠠᠯᠪᠤᠷᠢᠯᠠᠵᠤ ᠪᠤᠯᠬᠤ ᠦᠭᠡᠢ》 ᠭᠡᠲᠡᠭ ᠵᠤᠬᠢᠶᠠᠯ 《ᠠᠷᠠᠳ᠎ᠤᠨ ᠡᠲᠦᠷ᠎ᠤᠨ ᠰᠤᠨᠢᠨ》 ᠤ ᠲᠦᠷᠦᠬᠦᠦ ᠨᠢᠭᠤᠷ᠎ᠤᠨ ᠲᠦᠷᠦᠬᠦᠦ ᠵᠤᠷᠪᠤᠰ᠎ᠲᠤ 《ᠨᠠᠢᠷᠠᠭᠤᠯᠤᠬ᠍ᠴᠢ᠎ᠶ᠋ᠢᠨ ᠴᠤᠬᠤᠯᠠᠪᠤᠷᠢ》 ᠬᠠᠲᠠᠵᠤ ᠨᠡᠢᠲᠡᠯᠡᠭ᠌ᠲᠡᠭ᠌ᠰᠡᠨᠢ ᠬᠠᠷᠠᠭᠠᠳ ᠲᠤᠲᠤᠷ᠎ᠠ ᠲᠤᠯᠭᠢᠰᠴᠤ᠌ ᠠᠪᠤᠬ᠍ᠰᠠᠨ᠎ᠢᠶᠠᠨ ᠮᠠᠷᠲᠠᠬᠤ ᠦᠭᠡᠢ᠃ ᠰᠤᠨᠢᠨ ᠮᠡᠲᠡᠭᠡᠨ᠎ᠤ ᠠᠵᠢᠯ ᠮᠡᠷᠭᠡᠵᠢᠯ ᠨᠢᠭᠡᠲᠡᠨ᠎ᠤ ᠬᠤᠪᠢ᠎ᠳᠤ᠂ ᠮᠤᠵᠢ᠎ᠶ᠋ᠢᠨ ᠲᠡᠰ᠎ᠤᠨ ᠰᠤᠨᠢᠨ᠎ᠤ ᠰᠤᠷᠪᠤᠯᠵᠢᠯᠠᠬ᠍ᠴᠢ᠂ ᠲᠡᠭᠡᠬᠦ᠌ ᠮᠦᠷᠲᠡᠭᠡᠨ ᠮᠠᠨ᠎ᠤ ᠮᠤᠩᠭᠤᠯ ᠰᠤᠷᠪᠤᠯᠵᠢᠯᠠᠬ᠍ᠴᠢ 《ᠠᠷᠠᠳ᠎ᠤᠨ ᠡᠲᠦᠷ᠎ᠤᠨ ᠰᠤᠨᠢᠨ》 ᠳᠤ ᠲᠦᠷᠦᠬᠦᠦ ᠨᠢᠭᠤᠷ᠎ᠤᠨ ᠲᠦᠷᠦᠬᠦᠦ ᠵᠤᠷᠪᠤᠰ᠎ᠢᠶᠠᠷ ᠡᠬᠡ ᠪᠢᠴᠢᠭ ᠨᠡᠢᠲᠡᠯᠡᠬᠦᠯᠦᠭ᠌ᠰᠡᠨᠢᠨᠢ ᠬᠡᠯᠡᠬᠦ᠌᠎ᠳᠤ᠂ ᠠᠭᠤᠯᠠ ᠠᠪᠠᠷᠢᠬ᠍ᠴᠢ ᠲᠡᠯᠡᠬᠡᠢ᠎ᠶ᠋ᠢᠨ ᠨᠤᠶᠠᠨ ᠤᠷᠬᠢᠯ ᠵᠦᠮᠦᠯᠠᠩᠮᠠ᠎ᠳᠤ ᠭᠠᠷᠤᠬ᠍ᠰᠠᠨᠯᠤᠭᠠ ᠠᠳᠠᠯᠢ ᠨᠠᠳᠠ᠎ᠳᠤ ᠰᠠᠨᠠᠬ᠍ᠲᠠᠵᠠᠢ᠃ ᠢᠩᠭᠢᠭᠡᠳ ᠪᠠᠯᠵᠢᠨᠢᠮ᠎ᠠ ᠭᠡᠲᠡᠭ ᠨᠡᠷ᠎ᠡ ᠮᠢᠨᠤ ᠴᠡᠭᠡᠵᠢᠨ᠎ᠳᠤ ᠬᠠᠲᠠᠬ᠍ᠲᠠᠵᠤ ᠪᠢᠯᠡ᠃ 1979 ᠤᠨ᠎ᠳᠤ᠂ ᠪᠢ ᠴᠤ᠌ ᠪᠡᠶ᠎ᠡ ᠠᠬᠤᠢ ᠬᠤᠪᠢᠯᠵᠤ ᠦᠪᠦᠷ ᠮᠤᠩᠭᠤᠯ᠎ᠤᠨ ᠡᠲᠦᠷ᠎ᠤᠨ ᠰᠤᠨᠢᠨ᠎ᠤ ᠬᠤᠷᠢᠶ᠎ᠠ᠎ᠶ᠋ᠢᠨ ᠵᠤᠤ ᠤᠲᠠ ᠠᠢᠮᠠᠭ᠎ᠲᠤ ᠰᠠᠭᠤᠭ᠎ᠠ ᠰᠤᠷᠪᠤᠯᠵᠢᠯᠠᠬ᠍ᠴᠢ᠎ᠶ᠋ᠢᠨ ᠦᠷᠲᠡᠭᠡᠨ᠎ᠳᠤ ᠰᠤᠷᠪᠤᠯᠵᠢᠯᠠᠬ᠍ᠴᠢ ᠪᠤᠯᠤᠬ᠍ᠰᠠᠨ᠎ᠢᠶᠠᠨ᠂ ᠪᠢᠱᠢᠷᠡᠨ ᠬᠦᠨᠲᠦᠳᠭᠡᠵᠦ᠍ ᠶᠠᠪᠤᠲᠠᠭ ᠪᠠᠯᠵᠢᠨᠢᠮ᠎ᠠ ᠭᠤᠸᠠᠢ᠎ᠲᠠᠢ ᠬᠠᠯᠠᠭᠤᠨ ᠨᠢᠭᠤᠷ᠎ᠢᠶᠠᠷ᠎ᠢᠶᠠᠨ ᠠᠭᠤᠯᠵᠠᠵᠤ ᠲᠠᠨᠢᠯᠴᠠᠬ᠍ᠰᠠᠨ ᠪᠦᠭᠡᠳ ᠰᠤᠨᠢᠨ᠎ᠤ ᠬᠤᠷᠢᠶ᠎ᠠ᠎ᠶ᠋ᠢᠨ ᠰᠤᠷᠪᠤᠯᠵᠢᠯᠠᠬ᠍ᠴᠢ᠎ᠶ᠋ᠢᠨ ᠬᠡᠯᠲᠡᠰ᠎ᠲᠤ ᠬᠠᠮᠳᠤ ᠠᠵᠢᠯᠯᠠᠬᠤ ᠬᠤᠪᠢ ᠢᠷᠦᠭᠡᠯ ᠲᠠᠭᠠᠷᠠᠬ᠍ᠰᠠᠨ ᠰᠠᠨ᠃ ᠦᠨᠲᠦᠷᠬᠡᠨ ᠲᠤᠷᠠᠩᠬᠠᠢ ᠪᠡᠶ᠎ᠡ᠎ᠲᠠᠢ᠂ ᠲᠡᠭ᠌ᠰᠢ ᠨᠢᠷᠤᠭᠤ᠎ᠲᠠᠢ᠂ ᠲᠦᠴᠢ ᠲᠦᠷᠦᠭᠡᠯᠡᠭ᠌ᠰᠡᠨ ᠬᠢᠵᠢᠶᠡᠯᠢ ᠨᠠᠰᠤᠨ᠎ᠤ ᠬᠦᠮᠦᠨ ᠬᠢᠷᠢᠨ᠎ᠢᠶᠠᠨ ᠶᠠᠪᠤᠵᠤ ᠰᠠᠭᠤᠬᠤ᠎ᠨᠢ ᠵᠠᠯᠠᠭᠤᠴᠤᠳ᠎ᠠᠴᠠ ᠲᠤᠯᠢᠲᠠᠯ ᠦᠭᠡᠢ ᠪᠤᠱᠢᠭᠤ ᠱᠠᠯᠠᠮᠠᠭᠠᠢ᠂ ᠶᠠᠷᠢᠵᠤ ᠬᠡᠯᠡᠬᠦ᠌ᠠᠴᠠᠨᠢ ᠨᠤᠮ᠎ᠤᠨ ᠤᠳᠭ᠎ᠠ ᠬᠠᠩᠬᠤᠯᠬᠤ᠎ᠪᠠᠷ ᠰᠤᠶᠤᠯ ᠪᠤᠯᠪᠠᠰᠤᠷᠠᠯ᠎ᠤᠨ ᠦᠨᠲᠦᠷ ᠲᠦᠪᠱᠢᠨ᠎ᠳᠤ ᠬᠦᠷᠦᠭ᠌ᠰᠡᠨ ᠬᠦᠮᠦᠨ ᠭᠡᠭ᠌ᠴᠢ᠎ᠨᠢ ᠭᠠᠲᠠᠷᠯᠠᠭ᠍ᠲᠠᠨᠠ᠃ ᠡᠨᠡ᠎ᠨᠢ ᠪᠠᠯᠵᠢᠨᠢᠮ᠎ᠠ᠎ᠶ᠋ᠢᠨ ᠨᠠᠳᠠ᠎ᠳᠤ ᠦᠭ᠌ᠭᠦᠭ᠌ᠰᠡᠨ ᠠᠩᠬᠠᠨ᠎ᠤ ᠰᠠᠭᠤᠬ᠍ᠲᠠᠯ᠃

ᠪᠠᠯᠵᠢᠨᠢᠮ᠎ᠠ ᠪᠠᠭ᠍ᠰᠢᠲᠠᠨ
ᠪᠠᠯᠵᠢᠨᠢᠮ᠎ᠠ 1963 ᠤᠨ᠎ᠳᠤ ᠦᠪᠦᠷ ᠮᠤᠩᠭᠤᠯ᠎ᠤᠨ ᠶᠡᠭᠡ ᠰᠤᠷᠭᠠᠭᠤᠯᠢ᠎ᠠᠴᠠ ᠲᠡᠬᠦᠰᠦᠭᠡᠳ᠂ ᠰᠤᠨᠢᠨ ᠰᠡᠳᠬᠦᠯ᠎ᠤᠨ ᠹᠷᠤᠨᠲ᠎ᠲᠤ ᠤᠯᠠᠨ ᠵᠢᠯ ᠠᠵᠢᠯᠯᠠᠴᠢᠬᠠᠬ᠍ᠰᠠᠨ ᠪᠠᠶᠠᠯᠢᠭ ᠲᠤᠷᠱᠢᠯᠭ᠎ᠠ ᠡᠯᠪᠡᠭ ᠦᠢᠯᠡᠲᠦᠯᠭᠡ᠎ᠲᠠᠢ ᠰᠤᠨᠢᠨ ᠮᠡᠲᠡᠭᠡᠨ᠎ᠤ ᠠᠵᠢᠯᠲᠠᠨ᠎ᠤ ᠨᠢᠭᠡᠨ᠃ ᠲᠠᠨᠢᠯᠴᠠᠬ᠍ᠰᠠᠨᠠᠴᠠ ᠬᠤᠢᠱᠢᠬᠢ ᠤᠯᠠᠨ ᠵᠢᠯ᠎ᠤᠨ ᠲᠤᠷᠰᠢ ᠪᠢ ᠪᠠᠯᠵᠢᠨᠢᠮ᠎ᠠ ᠭᠤᠸᠠᠢ᠎ᠶ᠋ᠢ ᠲᠠᠭᠠᠵᠤ ᠤᠯᠠᠨᠲᠠ ᠰᠤᠷᠪᠤᠯᠵᠢᠯᠠᠭ᠎ᠠ᠎ᠶ᠋ᠢᠨ ᠦᠢᠯᠡᠲᠦᠯᠭᠡ᠎ᠳᠤ ᠤᠷᠤᠯᠴᠠᠬ᠍ᠰᠠᠨ᠂ ᠪᠢ ᠲᠡᠬᠦᠨ᠎ᠤ ᠪᠡᠶ᠎ᠡ ᠲᠡᠭᠡᠷ᠎ᠡ᠎ᠠᠴᠠ ᠤᠯᠠᠨ ᠶᠠᠭᠤᠮ᠎ᠠ ᠰᠤᠷᠴᠤ᠌ ᠮᠡᠲᠡᠵᠦ᠍ ᠤᠬᠠᠭ᠎ᠠ ᠴᠤᠭᠤᠷᠤᠬ᠍ᠰᠠᠨ᠃ ᠲᠡᠷᠡ ᠪᠤᠯ ᠮᠢᠨᠤ ᠰᠤᠨᠢᠨ ᠮᠡᠲᠡᠭᠡᠨ᠎ᠤ ᠦᠢᠯᠡᠰ᠎ᠤᠨ ᠵᠠᠮ᠎ᠳᠠᠬᠢ ᠰᠠᠢᠨ ᠬᠦᠲᠦᠯᠦᠭ᠌ᠴᠢ᠂ ᠵᠢᠯᠤᠭᠤᠲᠤᠬ᠍ᠴᠢ᠂ ᠮᠢᠨᠤ ᠠᠴᠢᠲᠤ ᠪᠠᠭ᠍ᠰᠢ ᠲᠤᠰᠠ᠎ᠳᠤ ᠨᠦᠬᠦᠷ ᠶᠤᠮᠰᠠᠨ᠃
1982 ᠤᠨ᠎ᠤ 7 ᠰᠠᠷ᠎ᠠ᠎ᠶ᠋ᠢᠨ ᠰᠡᠬᠦᠯᠴᠢ᠎ᠪᠠᠷ᠂ ᠬᠡᠤ ᠶᠤᠤ ᠪᠠᠩ ᠲᠡᠷᠢᠬᠦᠯᠡᠭ᠌ᠴᠢ ᠲᠤᠬᠠᠢ᠎ᠶ᠋ᠢᠨ ᠦᠶ᠎ᠡ᠎ᠶ᠋ᠢᠨ ᠵᠤᠤ ᠤᠲᠠ ᠠᠢᠮᠠᠭ᠎ᠲᠤ ᠤᠴᠢᠵᠤ ᠱᠢᠨᠵᠢᠯᠡᠨ ᠪᠠᠢᠴᠠᠭᠠᠬ᠍ᠰᠠᠨ ᠪᠢᠯᠡ᠃ 8 ᠰᠠᠷ᠎ᠠ᠎ᠶ᠋ᠢᠨ ᠡᠬᠢᠨ᠎ᠢᠶᠠᠷ᠂ ᠪᠠᠯᠵᠢᠨᠢᠮ᠎ᠠ ᠭᠤᠸᠠᠢ ᠤᠯᠠᠭᠠᠨᠬᠠᠳᠠ᠎ᠳᠤ ᠬᠦᠷᠴᠦ᠍ ᠤᠴᠢᠪᠠ᠃ 《ᠨᠠᠮ ᠲᠦᠷᠦ᠎ᠶ᠋ᠢᠨ ᠤᠳᠤᠷᠢᠳᠤᠬ᠍ᠴᠢ ᠡᠨᠡ ᠤᠲᠠᠭ᠎ᠠ ᠵᠤᠤ ᠤᠳᠠ᠎ᠳᠤ ᠢᠷᠡᠭᠡᠳ᠂ ᠮᠠᠯᠵᠢᠬᠤ ᠤᠷᠤᠨ᠎ᠠᠴᠠ ᠪᠠᠶᠠᠨᠲᠠᠯ᠎ᠠ ᠰᠤᠮᠤ᠂ ᠲᠠᠷᠢᠶᠠᠯᠠᠬᠤ ᠤᠷᠤᠨ᠎ᠠᠴᠠ ᠳ᠋ᠠ ᠯᠢᠶᠠᠩ ᠭᠸᠦ ᠮᠧᠨ ᠱᠢᠶᠠᠩ᠎ᠢ ᠰᠤᠩᠭᠤᠵᠤ ᠤᠴᠢᠬ᠍ᠰᠠᠨᠨᠢ ᠵᠦᠭᠡᠷ ᠨᠢᠭᠡ ᠲᠤᠭᠤᠷᠢᠨ ᠦᠵᠡᠭ᠌ᠰᠡᠨ ᠶᠠᠪᠤᠲᠠᠯ ᠪᠢᠰᠢ ᠱᠢᠦ᠃ ᠵᠢᠭᠠᠪᠤᠷᠢ ᠵᠠᠬᠢᠶ᠎ᠠ᠎ᠨᠢ ᠪᠦᠬᠦ᠌ ᠤᠯᠤᠰ᠎ᠤᠨ ᠬᠦᠲᠡᠭᠡ ᠲᠤᠰᠭᠤᠨ ᠮᠠᠯᠵᠢᠬᠤ ᠤᠷᠤᠨ᠎ᠳᠤ ᠴᠢᠭ᠌ᠯᠡᠯ᠎ᠤᠨ ᠴᠢᠨᠠᠷᠲᠠᠢ ᠴᠢᠬᠤᠯᠠ ᠤᠳᠭ᠎ᠠ ᠠᠭᠤᠯᠭ᠎ᠠ᠎ᠲᠠᠢ ᠶᠠᠪᠤᠲᠠᠯ ᠶᠤᠮ᠃ ᠪᠢᠲᠡ ᠬᠤᠶᠠᠭᠤᠯᠠ ᠲᠡᠷᠢᠬᠦᠯᠡᠭ᠌ᠴᠢ᠎ᠶ᠋ᠢᠨ ᠮᠦᠷ᠎ᠢᠶᠠᠷ ᠮᠦᠷᠲᠡᠨ ᠰᠤᠷᠪᠤᠯᠵᠢᠯᠠᠵᠤ᠂ ᠰᠤᠨᠢᠨ᠎ᠤ ᠲᠤᠯᠤᠭᠠᠢ᠎ᠶ᠋ᠢ᠎ᠨᠢ ᠲᠤᠬ᠍ᠰᠢᠵᠤ ᠪᠠᠢᠭᠠᠳ ᠲᠦᠷᠦᠬᠦᠦ ᠨᠢᠭᠤᠷ᠎ᠤᠨ ᠲᠦᠷᠦᠬᠦᠦ ᠪᠠᠢᠷᠢ᠎ᠳᠤ ᠨᠡᠢᠲᠡᠯᠡᠬᠦ᠌ ᠬᠡᠲᠦᠨ ᠡᠬᠡ ᠪᠢᠴᠢᠭ ᠪᠢᠴᠢᠶ᠎ᠡ》 ᠭᠡᠵᠦ᠍ ᠪᠢᠯᠡ᠃ ᠬᠤᠶᠠᠭᠤᠯᠠ ᠲᠡᠭᠡᠭᠡᠳ ᠪᠠᠭᠠᠷᠢᠨ ᠪᠠᠷᠠᠭᠤᠨ ᠬᠤᠱᠢᠭᠤᠨ᠎ᠤ ᠪᠠᠶᠠᠨᠲᠠᠯ᠎ᠠ ᠨᠢᠭᠡᠲᠦᠯ᠂ ᠤᠯᠠᠭᠠᠨᠬᠠᠲᠠ ᠱᠢᠶᠠᠨ᠎ᠤ ᠳ᠋ᠠ ᠯᠢᠶᠠᠩ ᠭᠸᠦ ᠮᠧᠨ ᠱᠢᠶᠠᠩ᠎ᠳᠤ ᠲᠤᠰ ᠲᠤᠰ ᠬᠦᠷᠴᠦ᠍᠂ 《ᠪᠠᠶᠠᠨᠲᠠᠯ᠎ᠠ ᠨᠢᠭᠡᠲᠦᠯ ᠨᠤᠲᠤᠭ ᠪᠡᠯᠴᠢᠭᠡᠷ᠎ᠤᠨ ᠦᠨᠲᠦᠰᠦᠨ ᠪᠦᠲᠦᠭᠡᠨ ᠪᠠᠢᠭᠤᠯᠤᠯᠲᠠ᠎ᠪᠠᠷ ᠮᠠᠯᠵᠢᠬᠤ ᠦᠢᠯᠡᠳᠪᠦᠷᠢᠯᠡᠯ᠎ᠳᠤ ᠬᠦᠭ᠌ᠵᠢᠯ᠎ᠤᠨ ᠪᠠᠳᠤᠯᠠᠭ᠎ᠠ ᠬᠠᠩᠭᠠᠬ᠍ᠰᠠᠨ᠎ᠠᠴᠠ ᠪᠦᠬᠦ᠌ ᠨᠢᠭᠡᠲᠦᠯ᠎ᠤᠨ ᠮᠠᠯ᠎ᠤᠨ ᠲᠤᠭ᠎ᠠ ᠲᠤᠯᠤᠭᠠᠢ ᠠᠩᠬ᠎ᠠ ᠤᠳᠠᠭ᠎ᠠ 10 ᠲᠦᠮᠡ᠎ᠶ᠋ᠢᠨ ᠲᠠᠪᠠᠭ᠎ᠠ᠎ᠶ᠋ᠢ ᠲᠠᠪᠠᠯ᠎ᠠ》᠂ 《ᠨᠤᠲᠤᠭ ᠪᠡᠯᠴᠢᠭᠡᠷ᠎ᠢ ᠪᠦᠲᠦᠭᠡᠨ ᠪᠠᠢᠭᠤᠯᠬᠤ ᠰᠠᠢᠨ ᠨᠢᠭᠡ ᠬᠡᠯᠪᠡᠷᠢ — ᠪᠠᠭᠠᠷᠢᠨ ᠪᠠᠷᠠᠭᠤᠨ ᠬᠤᠱᠢᠭᠤᠨ᠎ᠤ ᠡᠷᠦᠬᠡ ᠬᠤᠯᠪᠤᠭᠠᠯᠠᠨ ᠡᠪᠡᠰᠦᠨ ᠬᠦᠷᠢᠶ᠎ᠡ ᠪᠠᠢᠭᠤᠯᠤᠬ᠍ᠰᠠᠨ ᠲᠤᠬᠠᠢ ᠪᠠᠢᠴᠠᠭᠠᠯᠲᠠ᠎ᠶ᠋ᠢᠨ ᠮᠡᠲᠡᠬᠦᠯᠦᠯᠲᠡ》 ᠪᠠ ᠳ᠋ᠠ ᠯᠢᠶᠠᠩ ᠭᠸᠦ ᠮᠧᠨ ᠲᠤᠰᠭᠤᠨ ᠰᠠᠭᠠᠯᠢ᠎ᠶ᠋ᠢᠨ ᠢᠮᠠᠭ᠎ᠠ ᠲᠡᠵᠢᠭᠡᠵᠦ᠍᠂ ᠲᠠᠷᠢᠶᠠᠯᠠᠬᠤ ᠤᠷᠤᠨ ᠲᠠᠷᠢᠮᠠᠯ ᠪᠡ ᠲᠡᠵᠢᠭᠡᠪᠦᠷᠢ᠎ᠶ᠋ᠢᠨ ᠦᠢᠯᠡᠰ᠎ᠢ ᠵᠡᠷᠭᠡ᠎ᠪᠡᠷ ᠬᠦᠭ᠌ᠵᠢᠬᠦᠯᠵᠦ᠍ ᠪᠠᠢᠭ᠎ᠠ ᠵᠡᠷᠬᠡ 3 ᠡᠬᠡ ᠪᠢᠴᠢᠭ ᠪᠢᠴᠢᠭᠡᠳ ᠶᠠᠪᠤᠭᠤᠯᠤᠬ᠍ᠰᠠᠨᠳᠤ᠂ ᠦᠨᠡᠬᠡᠷ ᠪᠠᠯᠵᠢᠨᠢᠮ᠎ᠠ ᠭᠤᠸᠠᠢ᠎ᠶ᠋ᠢᠨ ᠬᠡᠯᠡᠭ᠌ᠰᠡᠨ᠎ᠠᠴᠠ ᠭᠠᠷᠤᠭ᠎ᠠ ᠦᠭᠡᠢ᠂ ᠮᠠᠨ᠎ᠤ 《ᠦᠪᠦᠷ ᠮᠤᠩᠭᠤᠯ᠎ᠤᠨ ᠡᠲᠦᠷ᠎ᠤᠨ ᠰᠤᠨᠢᠨ》 ᠤ ᠲᠦᠷᠦᠬᠦᠦ ᠨᠢᠭᠤᠷ᠎ᠤᠨ ᠲᠦᠷᠦᠬᠦᠦ ᠪᠠᠢᠷᠢ᠎ᠳᠤ ᠠᠷᠤ ᠠᠷᠤ᠎ᠠᠴᠠ᠎ᠪᠠᠨ ᠨᠡᠢᠲᠡᠯᠡᠭ᠌ᠲᠡᠵᠡᠢ᠃ 《ᠰᠤᠨᠢᠨ ᠮᠡᠲᠡᠭᠡᠨ᠎ᠳᠤ ᠤᠬᠠᠭᠠᠯᠠᠵᠤ ᠲᠦᠰᠦᠪᠯᠡᠬᠦ᠌ ᠮᠠᠰᠢ ᠴᠢᠬᠤᠯᠠ᠃ ᠭᠤᠤᠯ ᠰᠡᠳᠦᠪ᠎ᠢᠶᠠᠨ ᠲᠤᠭ᠍ᠲᠠᠭᠠᠬᠤ᠂ ᠬᠠᠷᠠᠭᠠᠰᠤ᠎ᠪᠠᠨ ᠰᠤᠩᠭᠤᠬᠤ᠂ ᠴᠠᠭ ᠲᠤᠬᠢᠶᠠᠯ᠎ᠢ ᠡᠵᠡᠮᠲᠡᠬᠦ᠌ ᠭᠤᠷᠪᠠ ᠪᠤᠯ ᠤᠷᠭᠠᠨᠢᠭ ᠬᠤᠯᠪᠤᠭ᠎ᠠ᠎ᠲᠠᠢ᠃ ᠭᠡᠬᠦ᠌᠎ᠳᠤ ᠴᠠᠭ ᠲᠤᠬᠢᠶᠠᠯ᠎ᠢ ᠡᠵᠡᠮᠲᠡᠬᠦ᠌ ᠪᠤᠯ ᠬᠠᠮᠤᠭ᠎ᠤᠨ ᠵᠠᠩᠭᠢᠯᠠᠭ᠎ᠠ ᠪᠤᠯᠤᠨ᠎ᠠ》 ᠭᠡᠵᠦ᠍ ᠪᠠᠯᠵᠢᠨᠢᠮ᠎ᠠ ᠭᠤᠸᠠᠢ ᠡᠨᠡ ᠤᠳᠠᠭ᠎ᠠ᠎ᠶ᠋ᠢᠨ ᠰᠤᠷᠪᠤᠯᠵᠢᠯᠠᠭ᠎ᠠ᠎ᠶ᠋ᠢᠨ ᠲᠤᠬᠠᠢ ᠳ᠋ᠦᠩᠨᠡᠵᠦ᠍ ᠶᠠᠷᠢᠬ᠍ᠰᠠᠨ᠎ᠨᠢ ᠮᠢᠨᠤ ᠬᠠᠭᠠᠬ᠍ᠲᠠᠬ᠍ᠰᠠᠨ ᠤᠶᠤᠨ᠎ᠤ ᠴᠤᠩᠬᠤ ᠤᠩᠭᠤᠢᠵᠤ ᠭᠡᠷᠡᠯ ᠭᠡᠭᠡ ᠲᠤᠰᠤᠬ᠍ᠰᠠᠨ ᠮᠡᠲᠦ᠍᠃
ᠰᠤᠨᠢᠨ ᠮᠡᠲᠡᠭᠡᠨ᠎ᠳᠤ ᠤᠬᠠᠭᠠᠯᠠᠵᠤ ᠲᠦᠰᠦᠪᠯᠡᠬᠦ᠂ ᠴᠠᠭ ᠲᠤᠬᠢᠶᠠᠯ᠎ᠢ ᠡᠵᠡᠮᠲᠡᠬᠦ᠌ ᠪᠤᠲᠠᠳᠤ ᠦᠢᠯᠡᠲᠦᠯᠭᠡ᠎ᠶ᠋ᠢᠨ ᠵᠢᠱ᠌ᠢᠶ᠎ᠡ᠎ᠪᠠᠨ ᠪᠠᠯᠵᠢᠨᠢᠮ᠎ᠠ ᠭᠤᠸᠠᠢ ᠪᠠᠰᠠ ᠨᠢᠭᠡ ᠤᠲᠠᠭ᠎ᠠ ᠦᠵᠡᠬᠦᠯᠦᠭᠡᠳ ᠦᠭ᠌ᠴᠡᠢ᠃ 1985 ᠤᠨ᠎ᠤ ᠬᠠᠪᠤᠷ᠂ ᠰᠤᠷᠪᠤᠯᠵᠢᠯᠠᠬ᠍ᠴᠢᠳ᠎ᠤᠨ ᠠᠵᠢᠯ᠎ᠤᠨ ᠬᠤᠷᠠᠯ᠎ᠢᠶᠠᠷ ᠪᠢ ᠬᠦᠬᠡᠬᠤᠳᠠ᠎ᠳᠤ ᠢᠷᠡᠭᠡᠳ ᠪᠠᠯᠵᠢᠨᠢᠮ᠎ᠠ ᠭᠤᠸᠠᠢ᠎ᠲᠠᠢ ᠠᠭᠤᠯᠵᠠᠵᠤ᠂ 《ᠤᠢᠷ᠎ᠠ᠎ᠳᠤ ᠶᠠᠭᠤ ᠪᠢᠴᠢᠭᠡᠳ ᠶᠠᠭᠠᠷᠠᠵᠤ ᠪᠠᠢᠨ᠎ᠠ ᠪᠤᠢ?》 ᠭᠡᠵᠦ᠍ ᠠᠰᠠᠭᠤᠬᠤ᠎ᠳᠤ᠂ 《ᠴᠤᠬᠤᠮ ᠨᠢᠭᠡ ᠰᠠᠢᠬᠠᠨ ᠨᠡᠢᠲᠡᠯᠢᠭ ᠵᠢᠱ᠌ᠢᠶ᠎ᠡ ᠤᠯᠵᠤ ᠰᠤᠷᠪᠤᠯᠵᠢᠯᠠᠬ᠍ᠰᠠᠨ》 ᠬᠡᠯ᠎ᠠ᠃ ᠲᠡᠬᠡᠬᠡᠳ ᠵᠤᠬᠢᠶᠠᠯ᠎ᠤᠨ ᠭᠤᠤᠯ ᠲᠦᠷᠢ ᠪᠤᠯᠬᠤ ᠸᠠᠩ ᠱᠢᠶᠠᠨ ᠼᠠᠢ ᠭᠡᠲᠡᠭ ᠬᠦᠮᠦᠨ ᠲᠠᠪᠢᠭᠠᠳ ᠤᠨ᠎ᠠᠴᠠ ᠡᠬᠢᠯᠡᠵᠦ᠍ 400 ᠭᠠᠷᠤᠢ ᠲᠦᠮᠡᠨ ᠦᠰᠦᠭ ᠪᠦᠬᠦᠢ 10 ᠪᠤᠳᠢ᠎ᠶ᠋ᠢᠨ ᠲᠡᠯᠡᠬᠡᠢ᠎ᠶ᠋ᠢᠨ ᠠᠨᠠᠭᠠᠬᠤ ᠤᠬᠠᠭᠠᠨ᠎ᠤ ᠰᠤᠩᠭᠤᠲᠠᠭ ᠪᠦᠲᠦᠭᠡᠯ 《ᠰᠧᠱᠢᠯᠤᠨ ᠲᠤᠲᠤᠷ ᠡᠮᠨᠡᠯᠬᠡ᠎ᠶ᠋ᠢᠨ ᠤᠬᠠᠭᠠᠨ》 ᠢ ᠮᠦᠷᠲᠡᠨ ᠠᠩᠭ᠌ᠯᠢ ᠬᠡᠯᠡᠨ᠎ᠠᠴᠠ ᠬᠢᠲᠠᠳᠴᠢᠯᠠᠵᠤ᠂ 《ᠪᠠᠷᠠᠭᠤᠨᠲᠠᠨ》 ᠢᠶᠠᠷ ᠴᠤᠬᠢᠬ᠍ᠲᠠᠬ᠍ᠰᠠᠨ᠂ ᠲᠡᠷᠡᠴᠢᠯᠠᠨ ᠬᠢᠨᠲᠠᠨ᠎ᠳᠤ ᠬᠤᠷᠢᠬ᠍ᠲᠠᠵᠤ ᠬᠦᠲᠡᠯᠮᠦᠷᠢ᠎ᠶ᠋ᠢᠨ ᠦᠭᠡᠷᠡᠴᠢᠯᠡᠯᠲᠡ ᠬᠢᠵᠦ᠍ ᠪᠠᠢᠬᠤ᠎ᠳᠠᠭᠠᠨ ᠡᠨᠡ ᠠᠵᠢᠯ᠎ᠢᠶᠠᠨ ᠵᠤᠬ᠍ᠰᠤᠭᠠ ᠦᠭᠡᠢ ᠡᠲᠦᠷ ᠰᠦᠨᠢ᠎ᠶ᠋ᠢ ᠵᠠᠯᠭᠠᠭᠤᠯᠤᠨ ᠦᠷᠯᠦᠭᠡ ᠦᠲᠡᠰᠢ᠎ᠶ᠋ᠢ ᠲᠡᠮᠡᠴᠡᠨ ᠤᠷᠴᠢᠭᠤᠯᠵᠤ ᠲᠠᠭᠤᠰᠤᠭᠠᠳ ᠦᠪᠦᠷ ᠮᠤᠩᠭᠤᠯ᠎ᠤᠨ ᠠᠷᠠᠳ᠎ᠤᠨ ᠬᠡᠪᠯᠡᠯ᠎ᠤᠨ ᠬᠤᠷᠢᠶ᠎ᠠ᠎ᠠᠴᠠ ᠬᠡᠪᠯᠡᠬᠦᠯᠦᠭ᠌ᠰᠡᠨ ᠲᠤᠬᠠᠢ ᠮᠠᠰᠢ ᠲᠤᠭ᠍ᠲᠤᠯᠤᠨ ᠶᠠᠷᠢᠵᠤ ᠦᠭ᠌ᠴᠦ ᠪᠢᠯᠡ᠃ ᠬᠠᠭᠠᠰ ᠰᠠᠷ᠎ᠠ ᠠᠷᠠᠢ ᠪᠤᠯᠤᠭ᠎ᠠ ᠦᠭᠡᠢ᠂ 《ᠬᠠᠲᠠᠭᠤᠵᠢᠯᠲᠠᠢ ᠲᠡᠮᠡᠴᠡᠭ᠌ᠴᠢ ᠨᠢᠭᠡᠨ ᠬᠦᠮᠦᠨ᠎ᠤ ᠤᠯᠠ ᠮᠦᠷ》 ᠭᠡᠬᠦ᠌ ᠤᠷᠲᠤ ᠴᠢᠮᠡᠭᠡᠯᠡᠯ᠎ᠨᠢ 《ᠲᠤᠰ ᠰᠤᠨᠢᠨ᠎ᠤ ᠤᠨᠴᠠ ᠤᠷᠢᠬ᠍ᠰᠠᠨ ᠰᠤᠷᠪᠤᠯᠵᠢᠯᠠᠬ᠍ᠴᠢ ᠪᠠᠯᠵᠢᠨᠢᠮ᠎ᠠ》 ᠭᠡᠬᠦ᠌ ᠨᠡᠷ᠎ᠡ᠎ᠪᠠᠷ 《ᠭᠤᠸᠠᠩᠮᠢᠩ ᠡᠲᠦᠷ᠎ᠤᠨ ᠰᠤᠨᠢᠨ》 ᠳᠤ ᠲᠦᠷᠦᠬᠦᠦ ᠨᠢᠭᠤᠷ᠎ᠤᠨ ᠲᠦᠷᠦᠬᠦᠦ ᠪᠠᠢᠷᠢ᠎ᠪᠠᠷ ᠱᠢᠬᠦᠮᠵᠢᠯᠡᠭ᠌ᠴᠢᠶ᠋ᠢᠨ ᠦᠭᠡ ᠬᠠᠪᠰᠤᠷᠭᠠᠨ ᠦᠪᠡᠲᠡᠭ᠌ᠰᠢ ᠶᠡᠬᠡᠪᠡᠷ ᠨᠡᠢᠲᠡᠯᠡᠭ᠌ᠲᠡᠯᠡ᠃ ᠪᠢ ᠠᠮᠲᠠᠷᠬᠠᠨ ᠤᠩᠱᠢᠬᠤ ᠵᠠᠭᠤᠷ᠎ᠠ ᠵᠤᠬᠢᠶᠠᠯ᠎ᠤᠨ ᠪᠠᠭᠠᠳᠤᠷ᠎ᠤᠨ ᠦᠢᠯᠡ ᠶᠠᠪᠤᠲᠠᠯ᠎ᠳᠤ ᠰᠡᠳᠭᠢᠯ᠎ᠤᠨ ᠶᠤᠩᠬᠤᠷ᠎ᠢᠶᠠᠨ ᠬᠦᠨᠲᠡᠬᠦᠯᠵᠦ᠍ ᠬᠡᠲᠦ ᠴᠤ᠌ ᠤᠲᠠᠭ᠎ᠠ ᠠᠨᠢᠰᠭ᠎ᠠ ᠴᠢᠭᠢᠭ᠌ᠲᠡᠵᠦ᠍ ᠠᠬ᠍ᠰᠠᠨ ᠪᠢᠯᠡ᠃ ᠲᠤᠰ ᠴᠢᠮᠡᠭᠡᠯᠡᠯ ᠪᠦᠬᠦ᠌ ᠤᠯᠤᠰ᠎ᠲᠤ᠌᠂ ᠢᠯᠠᠩᠭᠤᠶ᠎ᠠ ᠦᠷᠭᠡᠨ ᠤᠯᠠᠨ ᠡᠷᠲᠡᠮᠲᠡᠨ ᠰᠡᠭᠡᠭᠡᠲᠡᠳ᠎ᠤᠨ ᠲᠤᠮᠳᠠ ᠴᠢᠩᠭ᠎ᠠ ᠲᠤᠰᠭᠠᠯ ᠭᠠᠷᠴᠤ᠌᠂ 《ᠭᠤᠸᠠᠩᠮᠢᠩ ᠡᠲᠦᠷ᠎ᠤᠨ ᠰᠤᠨᠢᠨ》 ᠲᠡᠭᠡᠷ᠎ᠡ ᠲᠤᠰᠭᠠᠢ ᠪᠤᠯᠤᠩ᠎ᠢᠶᠠᠷ ᠶᠠᠷᠢᠯᠴᠠᠭ᠎ᠠ ᠦᠷᠨᠢᠬᠦᠯᠦᠭ᠌ᠰᠡᠨ ᠶᠤᠮ᠃ ᠡᠨᠡ ᠪᠤᠯ 《ᠰᠤᠶᠤᠯ᠎ᠤᠨ ᠶᠡᠭᠡ ᠬᠤᠪᠢᠰᠭᠠᠯ》 ᠲᠤᠮᠲᠠ ᠲᠠᠯᠬᠢᠬ᠍ᠲᠠᠬ᠍ᠰᠠᠨ ᠰᠡᠭᠡᠭᠡᠲᠡᠳ᠎ᠤᠨ ᠲᠤᠬᠠᠢ ᠲᠦᠷᠦ᠎ᠶ᠋ᠢᠨ ᠪᠤᠲᠤᠯᠭ᠎ᠠ ᠲᠠᠬᠢᠨ ᠰᠡᠷᠭᠦᠭᠡᠭ᠌ᠲᠡᠵᠦ᠍᠂ ᠡᠷᠲᠡᠮᠲᠡᠨᠢ ᠬᠦᠨᠲᠦᠳᠭᠡᠵᠦ᠍ ᠴᠢᠲᠠᠪᠤᠷᠢᠲᠠᠨᠢ ᠴᠢᠬᠤᠯᠠᠴᠢᠯᠠᠬᠤ ᠪᠤᠯᠤᠬ᠍ᠰᠠᠨ ᠴᠠᠭ᠎ᠤᠨ ᠪᠠᠢᠲᠠᠯ᠎ᠢ ᠰᠡᠷᠭᠡᠭ᠎ᠢᠶᠠᠷ ᠲᠠᠨᠢᠵᠤ᠂ ᠠᠵᠠ ᠲᠤᠬᠢᠶᠠᠯ᠎ᠢ ᠡᠵᠡᠮᠲᠡᠭ᠌ᠰᠡᠨ ᠪᠠᠯᠵᠢᠨᠢᠮ᠎ᠠ ᠭᠤᠸᠠᠢ᠎ᠶ᠋ᠢᠨ ᠨᠢᠭᠡ 《ᠡᠷᠲᠡᠮ》᠃ ᠲᠡᠭᠦᠨ᠎ᠠᠴᠠ ᠬᠤᠢᠰᠢ᠂ ᠪᠦᠬᠦ᠌ ᠤᠯᠤᠰ᠎ᠤᠨ ᠱᠢᠯᠢᠲᠡᠭ ᠰᠤᠨᠢᠨ ᠮᠡᠲᠡᠭᠡᠨ᠎ᠤ ᠭᠤᠷᠪᠠᠳᠤᠭᠠᠷ ᠲᠡᠰ᠎ᠤᠨ ᠱᠠᠩᠨᠠᠯ ᠬᠦᠷᠲᠡᠭ᠌ᠰᠡᠨ ᠦᠪᠦᠷ ᠮᠤᠩᠭᠤᠯ᠎ᠳᠤ 《ᠡᠯᠡᠰᠦ ᠤᠷᠤᠬ᠍ᠰᠢᠯᠠᠵᠤ ᠬᠦᠮᠦᠨ ᠤᠬᠤᠷᠢᠲᠠᠭ ᠪᠠᠢᠬ᠍ᠰᠠᠨ᠎ᠠᠴᠠ ᠤᠳᠤ ᠬᠦᠮᠦᠨ ᠤᠷᠤᠬ᠍ᠰᠢᠯᠠᠵᠤ ᠡᠯᠡᠰᠦ ᠤᠬᠤᠷᠢᠯ᠎ᠠ》 ᠭᠡᠬᠦ᠌ ᠮᠡᠲᠦ᠎ᠶ᠋ᠢᠨ ᠴᠠᠭ᠎ᠢ ᠡᠵᠡᠯᠡᠭ᠌ᠰᠡᠨ ᠠᠯᠢ ᠤᠯᠠᠨ ᠮᠡᠲᠡᠭᠡ ᠴᠢᠮᠡᠭᠡᠯᠠᠯᠨᠦᠭᠦᠳᠨᠢ ᠴᠦᠮ ᠪᠠᠯᠵᠢᠨᠢᠮ᠎ᠠ ᠭᠤᠸᠠᠢ᠎ᠶ᠋ᠢᠨ ᠰᠤᠨᠢᠨ ᠮᠡᠲᠡᠭᠡᠯᠡᠯ᠎ᠤᠨ ᠤᠬᠠᠭᠠᠯᠠᠨ ᠲᠦᠰᠦᠪᠯᠡᠬᠦ᠌ 《ᠡᠷᠲᠡᠮ》 ᠳᠤ ᠰᠠᠭᠤᠷᠢᠯᠠᠬ᠍ᠰᠠᠨ ᠪᠠᠢᠲᠠᠭ᠃

ᠪᠠᠯᠵᠢᠨᠢᠮ᠎ᠠ ᠪᠠᠭ᠍ᠰᠢᠲᠠᠨ ᠭᠡᠷᠬᠡᠢ ᠵᠠᠩ ᠵᠶ᠋ᠢ ᠱᠢᠶᠠᠲᠠᠢᠪᠠᠨ ᠬᠠᠮᠲᠣ
1983 ᠤᠨ᠎ᠤ ᠬᠠᠪᠤᠷ᠂ ᠪᠢᠲᠠ ᠬᠦᠬᠡᠬᠤᠲᠠ᠎ᠳᠤ ᠬᠤᠷᠠᠯ᠎ᠳᠤ ᠰᠠᠭᠤᠵᠤ ᠪᠠᠢᠲᠠᠯ᠎ᠠ᠂ ᠠᠯᠲᠠᠷᠲᠤ ᠲᠤᠬ᠍ᠯᠠᠬ᠍ᠴᠢ ᠰᠡᠴᠡᠩᠭᠤᠸ᠎ᠠ 《ᠲᠡᠮᠡᠭᠡ ᠱᠢᠶᠠᠩᠽᠢ》 ᠭᠡᠲᠡᠭ ᠺᠢᠨᠣ᠋᠎ᠳᠤ ᠬᠡᠤ ᠨᠢᠦ᠎ᠶ᠋ᠢᠨ ᠲᠦᠷᠢ᠎ᠶ᠋ᠢ ᠠᠮᠵᠢᠯᠲᠠ᠎ᠲᠠᠢ ᠲᠤᠬ᠍ᠯᠠᠭᠠᠳ᠂ ᠲᠤᠮᠲᠠᠳᠤ ᠤᠯᠤᠰ᠎ᠤᠨ ᠺᠢᠨᠣ᠋᠎ᠶ᠋ᠢᠨ 《ᠠᠯᠲᠠᠨ ᠲᠠᠬᠢᠶ᠎ᠠ》 ᠪᠠ 《ᠦᠨᠢᠷ ᠴᠡᠴᠡᠭ》 ᠬᠤᠤᠰ ᠱᠠᠩᠨᠠᠯ ᠤᠯᠤᠬ᠍ᠰᠠᠨ ᠴᠢᠮᠡᠭᠡ᠎ᠶ᠋ᠢ ᠰᠤᠨᠤᠰᠤᠮᠠᠬ᠍ᠴᠠ᠂ 《ᠬᠤᠷᠠᠯ᠎ᠢᠶᠠᠨ ᠪᠠᠷᠠᠪᠠᠯ ᠬᠤᠶᠠᠭᠤᠯᠠ ᠰᠡᠴᠡᠩᠭᠤᠸ᠎ᠠ᠎ᠶ᠋ᠢ ᠰᠤᠷᠪᠤᠯᠵᠢᠯᠠᠬᠤ᠎ᠪᠠᠷ ᠪᠡᠭᠡᠵᠢᠩ᠎ᠳᠤ ᠶᠠᠪᠤᠶ᠎ᠠ》 ᠭᠡᠵᠦ᠍ ᠪᠠᠯᠵᠢᠨᠢᠮ᠎ᠠ ᠭᠤᠸᠠᠢ ᠨᠠᠳᠠ᠎ᠳᠤ ᠬᠡᠯᠡᠪᠡ᠃ ᠪᠢ ᠵᠢᠭᠠᠬᠠᠨ ᠲᠠᠳᠠᠭᠠᠯᠵᠠᠬᠤᠯᠠᠷ᠂ ᠪᠠᠯᠵᠢᠨᠢᠮ᠎ᠠ ᠭᠤᠸᠠᠢ 《ᠨᠡᠷᠡᠲᠦ ᠰᠤᠷᠪᠤᠯᠵᠢᠯᠠᠬ᠍ᠴᠢ ᠪᠤᠯᠤᠶ᠎ᠠ ᠭᠡᠪᠡᠯ ᠨᠡᠷᠡᠲᠦ ᠬᠦᠮᠦᠨ᠎ᠢ ᠰᠤᠷᠪᠤᠯᠵᠢᠯᠠᠬᠤ ᠶᠤᠮ ᠱᠢᠤ》 ᠭᠡᠲᠡᠭ 《ᠤᠨᠤᠯ》 ᠢᠶᠠᠨ ᠨᠤᠮᠯᠠᠬ᠍ᠰᠠᠨ ᠪᠠᠢᠲᠠᠭ᠃ ᠪᠢ ᠲᠡᠬᠦᠨ᠎ᠢ᠎ᠨᠢ 《ᠪᠠᠯᠵᠢᠨᠢᠮ᠎ᠠ᠎ᠶ᠋ᠢᠨ ᠤᠨᠤᠯ》 ᠭᠡᠵᠦ᠍ ᠨᠡᠷᠡᠯᠡᠭ᠌ᠰᠡᠨ ᠶᠤᠮ᠃ ᠰᠡᠴᠡᠩᠭᠤᠸ᠎ᠠ ᠲᠡᠷᠡ ᠦᠶᠡᠰ᠎ᠲᠤ ᠶᠠᠭ 《ᠲᠠᠬᠢᠨᠲᠠ ᠠᠮᠢᠯᠠᠬ᠍ᠰᠠᠨ ᠭᠠᠵᠠᠷ》 ᠭᠡᠬᠦ᠌ ᠺᠢᠨᠣ᠋᠎ᠳᠤ ᠴᠢᠬᠤᠯᠠ ᠲᠦᠷᠢ ᠲᠤᠬ᠍ᠯᠠᠭᠠᠳ ᠮᠠᠰᠢ ᠶᠠᠭᠠᠷᠠᠤ ᠪᠠᠢᠵᠠᠢ᠃ ᠬᠡᠪᠡᠴᠦ᠍ 《ᠬᠡᠲᠦᠢ ᠶᠠᠭᠠᠷᠠᠤ ᠠᠬ᠍ᠰᠠᠨ ᠴᠤ᠌ ᠨᠤᠲᠤᠭ᠎ᠠᠴᠠ ᠢᠷᠡᠭ᠌ᠰᠡᠨ ᠰᠤᠷᠪᠤᠯᠵᠢᠯᠠᠬ᠍ᠴᠢ᠎ᠪᠠᠨ ᠭᠤᠮᠤᠲᠠᠭᠠᠬᠤ ᠦᠭᠡᠢ》 ᠭᠡᠵᠦ᠍ ᠰᠡᠴᠡᠩᠭᠤᠸ᠎ᠠ ᠵᠠᠪ ᠴᠢᠯᠦᠭᠡ᠎ᠪᠠᠨ ᠵᠠᠢᠴᠢᠯᠠᠵᠤ ᠰᠤᠷᠪᠤᠯᠵᠢᠯᠠᠭ᠎ᠠ᠎ᠶ᠋ᠢ ᠬᠦᠯᠢᠶᠡᠭ᠌ᠰᠡᠨ ᠶᠤᠮ᠃ ᠲᠡᠬᠦᠨ᠎ᠠᠴᠠ ᠬᠤᠢᠰᠢ᠂ ᠪᠠᠯᠵᠢᠨᠢᠮ᠎ᠠ ᠪᠠᠭ᠍ᠰᠢ᠎ᠶ᠋ᠢᠨ ᠲᠠᠭᠠᠭᠤᠯᠭ᠎ᠠ᠎ᠪᠠᠷ ᠪᠢ ᠪᠡᠭᠡᠵᠢᠩ᠎ᠳᠤ ᠬᠡᠲᠦᠨᠲᠡ ᠤᠴᠢᠬ᠍ᠰᠠᠨᠳᠠᠭᠠᠨ ᠮᠠᠨᠵᠤ᠎ᠶ᠋ᠢᠨ ᠫᠦᠶᠢ ᠬᠠᠭᠠᠨ᠎ᠤ ᠲᠡᠬᠦᠦ ᠬᠦᠷᠭᠡᠨ᠂ ᠲᠠᠢᠸᠠᠨ᠎ᠠᠴᠠ ᠰᠠᠶᠢᠬᠠᠨ ᠡᠬᠡ ᠬᠠᠭᠤᠷᠠᠢ᠎ᠳᠠᠭᠠᠨ ᠪᠤᠴᠠᠵᠤ ᠢᠷᠡᠭ᠌ᠰᠡᠨ ᠵᠤᠤ ᠴᠢ ᠹᠠᠨ ᠠᠪᠤᠭᠠᠢ᠂ ᠠᠯᠲᠠᠷᠲᠤ ᠵᠤᠬᠢᠶᠠᠯᠴᠢ᠂ ᠰᠤᠷᠪᠤᠯᠵᠢᠯᠠᠬ᠍ᠴᠢ᠂ ᠤᠷᠴᠢᠭᠤᠯᠤᠬ᠍ᠴᠢ ᠱᠢᠶᠤᠤ ᠴᠢᠶᠠᠨ ᠠᠪᠤᠭᠠᠢ᠂ ᠤᠯᠠᠭᠠᠨᠬᠦᠦ ᠲᠡᠷᠢᠬᠦᠯᠡᠭ᠌ᠴᠢ᠎ᠶ᠋ᠢᠨ ᠬᠤᠶᠠᠳᠤᠭᠠᠷ ᠬᠦᠪᠡᠬᠦᠨ᠂ ᠠᠯᠲᠠᠷᠲᠤ ᠴᠡᠷᠢᠭ ᠵᠡᠪᠰᠡᠭ᠎ᠤᠨ ᠰᠤᠳᠤᠯᠤᠭᠠᠴᠢ ᠦᠬᠡᠷ ᠠᠪᠤᠭᠠᠢ᠂ ᠮᠤᠩᠭᠤᠯ ᠶᠤᠸᠠᠨ᠎ᠤ ᠲᠡᠦᠬᠡ᠎ᠶ᠋ᠢᠨ ᠰᠤᠲᠤᠯᠭᠠᠲᠠᠨᠤ ᠠᠪᠤᠷᠭᠤ ᠼᠠᠢ ᠮᠸᠢ ᠪᠢᠶᠤᠤ ᠠᠪᠤᠭᠠᠢ᠂ ᠮᠤᠩᠭᠤᠯ ᠦᠨᠲᠦᠰᠦᠲᠡᠨ᠎ᠤ ᠠᠯᠲᠠᠷᠲᠤ ᠢᠷᠠᠭᠤ ᠨᠠᠢᠷᠠᠬ᠍ᠴᠢ ᠴᠠᠭᠠᠨ ᠵᠡᠷᠭᠡ ᠮᠠᠰᠢ ᠤᠯᠠᠨ ᠨᠡᠷᠡᠲᠦ ᠬᠦᠮᠦᠰ᠎ᠲᠠᠢ ᠠᠭᠤᠯᠵᠠᠵᠤ ᠲᠠᠨᠢᠯᠴᠠᠵᠤ᠂ ᠰᠤᠷᠪᠤᠯᠵᠢᠯᠠᠵᠤ ᠪᠢᠴᠢᠭ᠌ᠰᠡᠨ ᠰᠠᠨ᠃
ᠠᠮᠢᠳᠤᠷᠠᠯ᠎ᠳᠠᠭᠠᠨ ᠰᠠᠢᠨ ᠡᠬᠡᠨᠡᠷ ᠤᠯᠵᠦ᠍᠂ ᠠᠯᠪᠠᠨ᠎ᠳᠠᠭᠠᠨ ᠰᠠᠢᠨ ᠤᠳᠤᠷᠢᠳᠤᠯᠭ᠎ᠠ᠎ᠲᠠᠢ ᠲᠠᠭᠠᠷᠠᠬᠤ ᠭᠡᠭ᠌ᠴᠢ ᠠᠮᠠᠷ ᠦᠭᠡᠢ᠃ ᠡᠨᠡ ᠬᠤᠶᠠᠷ ᠵᠤᠯ᠎ᠲᠠᠢ ᠶᠠᠪᠤᠲᠠᠯ ᠪᠠᠯᠵᠢᠨᠢᠮ᠎ᠠ ᠭᠤᠸᠠᠢ᠎ᠳᠤ ᠵᠡᠷᠭᠡ᠎ᠪᠠᠷ ᠲᠠᠭᠠᠷᠠᠵᠠᠢ᠃ 《ᠠᠮᠵᠢᠯᠲᠠ᠎ᠳᠤ ᠬᠦᠷᠦᠭ᠌ᠰᠡᠨ ᠡᠷ᠎ᠡ ᠬᠦᠮᠦᠨ᠎ᠤ ᠠᠷᠤ᠎ᠳᠤ ᠯᠠᠪᠲᠠᠢ ᠨᠢᠭᠡ ᠮᠡᠷᠭᠡᠨ ᠴᠢᠬᠡᠴᠢ ᠡᠬᠡᠨᠡᠷ ᠪᠠᠢᠲᠠᠭ》 ᠭᠡᠲᠡᠭ ᠦᠭᠡ ᠪᠤᠢ᠃ ᠭᠡᠷᠭᠡᠢ᠎ᠨᠢ ᠵᠠᠩ ᠵᠶ᠋ᠢ ᠱᠢᠶᠠ ᠪᠤᠯ ᠪᠠᠯᠵᠢᠨᠢᠮ᠎ᠠ ᠭᠤᠸᠠᠢ᠎ᠶ᠋ᠢᠨ ᠠᠵᠢᠯ ᠦᠢᠯᠡᠰ᠎ᠤᠨ ᠲᠡᠮᠵᠢᠭ᠌ᠴᠢ ᠵᠦᠪᠯᠡᠭ᠌ᠴᠢ ᠶᠤᠮᠰᠠᠨ᠃ ᠲᠡᠬᠢᠪᠡᠯ ᠲᠤᠬᠠᠢ᠎ᠶ᠋ᠢᠨ ᠦᠶ᠎ᠡ᠎ᠶ᠋ᠢᠨ ᠰᠤᠨᠢᠨ᠎ᠤ ᠬᠤᠷᠢᠶᠠᠨ᠎ᠤ ᠨᠠᠮ᠎ᠤᠨ ᠬᠤᠷᠢᠶ᠎ᠠ᠎ᠶ᠋ᠢᠨ ᠱᠦᠵᠢ ᠪᠤᠤᠱᠢᠶᠠᠩ ᠲᠠᠷᠤᠭ᠎ᠠ ᠭᠡᠵᠤ ᠪᠤᠶᠠᠨ᠎ᠢᠶᠠᠷ ᠲᠠᠭᠠᠷᠠᠬ᠍ᠰᠠᠨ ᠪᠤᠷᠬᠠᠨ ᠰᠡᠳᠭᠢᠯᠲᠦ ᠰᠠᠢᠨ ᠲᠠᠷᠤᠭ᠎ᠠ ᠶᠤᠮ ᠡ᠃ ᠮᠢᠨᠤ ᠮᠡᠲᠡᠬᠦ᠌ᠪᠠᠷ᠂ 1987 ᠤᠨ᠎ᠳᠤ᠂ ᠰᠤᠨᠢᠨ᠎ᠤ ᠨᠠᠮ᠎ᠤᠨ ᠬᠤᠷᠢᠶ᠎ᠠ᠎ᠠᠴᠠ ᠪᠠᠯᠵᠢᠨᠢᠮ᠎ᠠ᠎ᠶ᠋ᠢ ᠮᠤᠩᠭᠤᠯ ᠰᠤᠨᠢᠨ᠎ᠤ ᠮᠠᠯ ᠲᠠᠷᠢᠶᠠᠯᠠᠩ᠎ᠤᠨ ᠬᠡᠯᠲᠡᠰ᠎ᠤᠨ ᠲᠡᠳ᠋ ᠡᠷᠬᠢᠯᠡᠭ᠌ᠴᠢ (ᠲᠡᠳ᠋ ᠭᠠᠵᠠᠷ᠎ᠤᠨ ᠲᠠᠷᠤᠭ᠎ᠠ᠎ᠶ᠋ᠢᠨ ᠲᠡᠰ) ᠲᠤᠱᠢᠶᠠᠯ᠎ᠳᠤ ᠲᠡᠪᠱᠢᠬᠦᠯᠬᠦ᠌ ᠭᠡᠰᠡᠨ᠎ᠳᠤ᠂ ᠪᠠᠯᠵᠢᠨᠢᠮ᠎ᠠ ᠦᠪᠡᠰᠦᠪᠡᠨ ᠲᠠᠲᠠᠭᠠᠯᠵᠠᠵᠤ᠂ 《ᠪᠢ ᠨᠦᠬᠦᠭᠡ ᠠᠵᠢᠯ ᠠᠯᠪᠠᠨ᠎ᠳᠤ ᠠᠷᠭᠠᠮᠵᠢᠬ᠍ᠲᠠᠪᠠᠯ ᠦᠪᠡᠷ᠎ᠤᠨ ᠬᠢᠶ᠎ᠡ ᠭᠡᠰᠡᠨ ᠶᠠᠭᠤᠮ᠎ᠠ᠎ᠪᠠᠨ ᠬᠢᠵᠦ᠍ ᠴᠢᠲᠠᠬᠤ ᠦᠭᠡᠢ ᠪᠤᠯᠴᠢᠬᠠᠨ᠎ᠠ》 ᠭᠡᠳ ᠪᠤᠤᠱᠢᠶᠠᠩ ᠲᠠᠷᠤᠭ᠎ᠠ᠎ᠶ᠋ᠢ ᠡᠷᠢᠵᠦ᠍ 《ᠪᠡᠯᠡᠳᠭᠡᠯ ᠰᠤᠷᠪᠤᠯᠵᠢᠯᠠᠬ᠍ᠴᠢ》 ᠪᠤᠯᠬᠤ᠎ᠪᠠᠷ ᠭᠤᠶᠤᠴᠢᠯᠠᠪᠠ᠃ ᠪᠤᠤ ᠲᠠᠷᠤᠭ᠎ᠠ ᠲᠡᠬᠦᠨ᠎ᠤ ᠭᠤᠶᠤᠴᠢᠯᠠᠯ᠎ᠢ ᠵᠦᠪᠱᠢᠶᠡᠷᠡᠭ᠌ᠰᠡᠨᠤ ᠰᠠᠢᠨ᠎ᠢᠶᠠᠷ᠂ ᠪᠠᠯᠵᠢᠨᠢᠮ᠎ᠠ ᠭᠤᠸᠠᠢ ᠠᠵᠢᠯ᠎ᠠᠴᠠ᠎ᠪᠠᠨ ᠲᠠᠷᠬᠠᠯᠠᠬ᠍ᠲᠠᠬᠤᠠᠴᠠ ᠡᠮᠦᠨᠡᠬᠢ ᠠᠷᠪᠠᠭᠠᠳ ᠵᠢᠯ᠎ᠳᠤ ᠪᠦᠬᠦ᠌ ᠤᠯᠤᠰ᠎ᠤᠨ ᠲᠠᠢᠸᠠᠨ ᠮᠤᠵᠢ᠎ᠶ᠋ᠢ ᠭᠠᠷᠭᠠᠪᠠᠯ᠂ 31 ᠮᠤᠵᠢ᠂ ᠬᠤᠲᠠ᠂ ᠦᠪᠡᠷᠲᠡᠭᠡᠨ ᠵᠠᠰᠠᠬᠤ ᠤᠷᠤᠨ᠎ᠳᠤ ᠤᠯᠠ ᠮᠦᠷ᠎ᠢᠶᠠᠨ ᠦᠯᠡᠲᠡᠭᠡᠵᠦ᠍᠂ ᠴᠤᠬᠤᠮ ᠴᠦ᠍ ᠡᠬᠡ ᠤᠯᠤᠰ᠎ᠤᠨ ᠡᠯ᠎ᠡ ᠭᠠᠵᠠᠷ᠎ᠢᠶᠠᠷ ᠰᠤᠷᠪᠤᠯᠵᠢᠯᠠᠵᠦ᠍ ᠶᠠᠪᠤᠬ᠍ᠰᠠᠨ᠃ ᠮᠦᠨ ᠴᠤ᠌ ᠡᠨᠡ ᠬᠤᠭᠤᠴᠠᠭᠠᠨ᠎ᠳᠤ ᠬᠤᠵᠢᠮ᠎ᠤᠨ᠎ᠢᠶᠠᠨ ᠠᠭᠤᠤ ᠦᠢᠯᠡᠰ᠎ᠢᠶᠠᠨ ᠤᠬᠠᠭᠠᠯᠠᠨ ᠲᠦᠰᠦᠪᠯᠡᠵᠦ᠍᠂ ᠰᠠᠭᠤᠷᠢ᠎ᠶ᠋ᠢ᠎ᠨᠢ ᠲᠠᠯᠪᠢᠬ᠍ᠰᠠᠨ ᠪᠠᠢᠭ᠎ᠠ ᠶᠤᠮ᠃
ᠡᠨᠡ ᠠᠭᠤᠤ ᠶᠡᠭᠡ ᠦᠢᠯᠡᠰ᠎ᠤᠨ ᠡᠬᠢᠯᠡᠯᠲᠡ ᠪᠤᠯ ᠪᠠᠯᠵᠢᠨᠢᠮ᠎ᠠ᠂ ᠬᠠᠨ ᠭᠧᠨ ᠴᠠᠩ ᠪᠠᠭ᠍ᠰᠢ᠎ᠶ᠋ᠢᠨ ᠰᠡᠳᠦᠵᠦ᠍ ᠡᠬᠦᠰᠭᠡᠭ᠌ᠰᠡᠨ᠂ ᠪᠤᠤᠱᠢᠶᠠᠩ ᠲᠠᠷᠤᠭ᠎ᠠ᠎ᠶ᠋ᠢᠨ ᠵᠦᠪᠱᠢᠶᠡᠷᠡᠯ᠎ᠢᠶᠠᠷ ᠶᠠᠪᠤᠬ᠍ᠲᠠᠬ᠍ᠰᠠᠨ 《ᠡᠬᠡ ᠤᠯᠤᠰ᠎ᠤᠨ ᠡᠯ᠎ᠡ ᠭᠠᠵᠠᠷ᠎ᠲᠠᠬᠢ ᠮᠤᠩᠭᠤᠯᠴᠤᠳ》 ᠭᠡᠬᠦ᠌ ᠱᠢᠷᠢᠰ ᠮᠡᠲᠡᠭᠡᠯᠡᠯ ᠪᠤᠯᠤᠨ᠎ᠠ᠃ ᠪᠢ ᠪᠠᠰᠠ ᠠᠵᠠ᠎ᠪᠠᠷ ᠡᠨᠡ ᠬᠦ᠌ ᠲᠤᠭᠤᠢᠯᠠᠩ᠎ᠳᠤ ᠤᠷᠤᠯᠴᠠᠵᠤ᠂ 1989 ᠤᠨ᠎ᠤ ᠨᠠᠮᠤᠷ ᠪᠠᠯᠵᠢᠨᠢᠮ᠎ᠠ᠂ ᠬᠠᠨ ᠭᠧᠨ ᠴᠠᠩ ᠪᠠᠭ᠍ᠰᠢ᠎ᠶ᠋ᠢᠨ ᠬᠠᠮᠳᠤ ᠱᠢᠨᠵᠢᠶᠠᠩ᠎ᠳᠤ ᠰᠠᠷ᠎ᠠ ᠭᠠᠷᠤᠢ ᠰᠤᠷᠪᠤᠯᠵᠢᠯᠠᠭ᠎ᠠ ᠬᠢᠭ᠌ᠰᠡᠨ ᠶᠤᠮ᠃ ᠱᠢᠷᠢᠰ ᠮᠡᠲᠡᠭᠡᠯᠡᠯ᠎ᠨᠢ ᠵᠠᠷᠤᠲᠠᠯ ᠮᠦᠩᠭᠦ᠌᠂ ᠬᠦᠮᠦᠨ᠎ᠤ ᠬᠦᠴᠦ᠍ ᠡᠨᠡ ᠲᠡᠷᠡ᠎ᠠᠴᠠ ᠱᠢᠯᠲᠠᠭᠠᠯᠠᠵᠤ᠂ ᠬᠡᠲᠦᠨ ᠵᠢᠯ ᠲᠠᠰᠤᠭ ᠪᠤᠰᠠᠭ ᠦᠷᠬᠦᠯᠵᠢᠯᠡᠵᠦ᠍ ᠪᠠᠢᠬ᠍ᠰᠠᠨ᠎ᠢᠶᠠᠨ᠂ ᠢᠯᠠᠩᠭᠤᠶ᠎ᠠ ᠪᠤᠤᠱᠢᠶᠠᠩ ᠲᠠᠷᠤᠭ᠎ᠠ ᠱᠢᠯᠵᠢᠵᠦ᠍᠂ ᠬᠠᠨ ᠭᠧᠨ ᠴᠠᠩ᠂ ᠪᠠᠯᠵᠢᠨᠢᠮ᠎ᠠ ᠪᠠᠭ᠍ᠰᠢ ᠠᠷᠤ ᠠᠷᠤ᠎ᠠᠴᠠ᠎ᠪᠠᠨ ᠠᠵᠢᠯ᠎ᠠᠴᠠ᠎ᠪᠠᠨ ᠲᠠᠷᠬᠠᠯᠠᠬ᠍ᠲᠠᠬ᠍ᠰᠠᠨᠠᠴᠠ ᠲᠤᠲᠠᠭᠤ ᠲᠤᠷᠭᠤᠨ ᠵᠤᠬ᠍ᠰᠤᠬ᠍ᠰᠠᠨ ᠤᠬᠠᠭᠠᠨ ᠲᠠᠢ᠃ ᠬᠡᠲᠦᠢ ᠲᠡᠢᠮᠦ᠍ ᠪᠤᠯᠪᠠᠴᠤ᠌ ᠪᠠᠯᠵᠢᠨᠢᠮ᠎ᠠ ᠭᠤᠸᠠᠢ ᠪᠤᠯ ᠶᠠᠭᠤᠮ᠎ᠠ᠎ᠶ᠋ᠢ ᠲᠤᠲᠠᠭᠤ ᠲᠤᠷᠭᠤᠨ ᠬᠠᠶᠠᠲᠠᠭ ᠦᠭᠡᠢ᠂ ᠲᠡᠬᠦᠨ᠎ᠤ 《ᠤᠬᠠᠭᠠᠯᠠᠨ ᠲᠦᠰᠦᠪᠯᠡᠬᠦ᠌》 ᠡᠷᠲᠡᠮ᠎ᠨᠢ ᠪᠠᠰᠠ ᠨᠢᠭᠡ ᠤᠲᠠᠭ᠎ᠠ ᠦᠢᠯᠡᠲᠦᠯ ᠦᠵᠡᠬᠦᠯᠪᠡ᠃ ᠲᠡᠷᠡ᠎ᠪᠠᠷ ᠰᠤᠷᠪᠤᠯᠵᠢᠯᠠᠵᠤ ᠪᠢᠴᠢᠭ᠌ᠰᠡᠨ ᠬᠦᠮᠦᠰ᠎ᠤᠨ᠎ᠢᠶᠠᠨ ᠲᠤᠲᠤᠷ᠎ᠠ᠎ᠠᠴᠠ 32 ᠪᠠᠢᠭᠠᠯᠢ᠎ᠶ᠋ᠢᠨ ᠱᠢᠨᠵᠢᠯᠡᠬᠦ᠌ ᠤᠬᠠᠭᠠᠨᠲᠠᠨ᠎ᠢ ᠰᠤᠩᠭᠤᠵᠤ 《ᠮᠤᠩᠭᠤᠯ ᠦᠨᠲᠦᠰᠦᠲᠡᠨ᠎ᠤ ᠱᠢᠨᠵᠢᠯᠡᠬᠦ᠌ ᠤᠬᠠᠭᠠᠨᠲᠠᠳ》 ᠭᠡᠬᠦ᠌ ᠨᠤᠮ᠎ᠢᠶᠠᠨ ᠬᠢᠲᠠᠳ ᠮᠤᠩᠭᠤᠯ ᠬᠤᠶᠠᠷ ᠬᠡᠯᠡ᠎ᠪᠠᠷ ᠨᠠᠢᠷᠠᠭᠤᠯᠵᠤ ᠬᠡᠪᠯᠡᠬᠦᠯᠦᠭ᠌ᠰᠡᠨ ᠰᠠᠨ᠃ ᠰᠡᠬᠦᠯ᠎ᠳᠤᠨᠢ ᠨᠤᠮ᠎ᠤᠨ᠎ᠢᠶᠠᠨ ᠠᠭᠤᠯᠭ᠎ᠠ᠎ᠳᠤ ᠨᠡᠮᠡᠯᠲᠡ ᠬᠠᠰᠤᠯᠲᠠ ᠬᠢᠵᠦ᠍᠂ ᠨᠡᠢᠲᠡ 64 ᠬᠦᠮᠦᠨ᠎ᠢ ᠪᠠᠭ᠍ᠲᠠᠭᠠᠬ᠍ᠰᠠᠨ 《ᠮᠤᠩᠭᠤᠯ ᠦᠨᠲᠦᠰᠦᠲᠡᠨ᠎ᠤ ᠱᠢᠨᠵᠢᠯᠡᠬᠦ᠌ ᠤᠬᠠᠭᠠᠨᠲᠠᠳ》 ᠭᠡᠬᠦ᠌ ᠨᠤᠮ ᠪᠤᠯᠭᠠᠵᠤ᠂ 2005 ᠤᠨ᠎ᠳᠤ ᠬᠤᠶᠠᠳᠤᠭᠠᠷ ᠤᠲᠠᠭ᠎ᠠ ᠬᠡᠪᠯᠡᠬᠦᠯᠦᠭ᠌ᠰᠡᠨ ᠪᠦᠭᠡᠳ 2008 ᠤᠨ᠎ᠳᠤ ᠦᠪᠦᠷ ᠮᠤᠩᠭᠤᠯ ᠤᠷᠤᠨ᠎ᠳᠤ ᠲᠠᠷᠬᠠᠭᠠᠯᠲᠠ᠎ᠪᠠᠷ ᠬᠠᠮᠤᠭ᠎ᠤᠨ ᠦᠷᠭᠡᠨ 《ᠤᠮᠠᠷᠠᠲᠤ᠎ᠶ᠋ᠢᠨ ᠱᠢᠨ᠎ᠡ ᠰᠤᠨᠢᠨ》 ᠢᠶᠠᠷ ᠲᠠᠮᠵᠢᠭᠤᠯᠤᠨ᠂ ᠮᠤᠩᠭᠤᠯ ᠦᠨᠲᠦᠰᠦᠲᠡᠨ᠎ᠤ 10 ᠰᠤᠳᠤᠨ ᠱᠢᠨᠵᠢᠯᠡᠬᠦ᠌ ᠤᠬᠠᠭᠠᠨᠲᠠᠳᠢ ᠱᠢᠯᠭᠠᠷᠠᠭᠤᠯᠬᠤ ᠠᠵᠢᠯᠯᠠᠭ᠎ᠠ ᠦᠷᠨᠢᠬᠦᠯᠵᠠᠢ᠃ ᠡᠨᠡ ᠰᠠᠭᠤᠷᠢᠨ ᠲᠡᠭᠡᠷ᠎ᠡ᠎ᠪᠠᠨ ᠮᠤᠩᠭᠤᠯ ᠦᠨᠲᠦᠰᠦᠲᠡᠨ᠎ᠤ 10 ᠰᠤᠳᠤᠨ ᠱᠢᠨᠵᠢᠯᠡᠬᠦ᠌ ᠤᠬᠠᠭᠠᠨᠲᠠᠳ᠎ᠤᠨ ᠬᠦᠷᠦᠭ᠎ᠲᠤ ᠲᠠᠨᠢᠯᠴᠠᠭᠤᠯᠭ᠎ᠠ ᠬᠠᠲᠠᠨ ᠬᠡᠪᠯᠡᠵᠤ᠂ 8 ᠮᠤᠵᠢ ᠤᠷᠤᠨ᠎ᠤ ᠲᠦᠮᠡ ᠭᠠᠷᠤᠢ ᠮᠤᠩᠭᠤᠯ ᠲᠤᠮᠲᠠᠳᠤ᠂ ᠪᠠᠭ᠎ᠠ ᠰᠤᠷᠭᠠᠭᠤᠯᠢ᠎ᠳᠤ ᠪᠡᠯᠡᠭ᠌ᠯᠡᠨ᠂ ᠮᠤᠩᠭᠤᠯ ᠦᠨᠲᠦᠰᠦᠲᠡᠨ᠎ᠤ ᠱᠢᠨᠵᠢᠯᠡᠬᠦ᠌ ᠤᠬᠠᠭᠠᠨᠲᠠᠳᠢ ᠮᠤᠩᠭᠤᠯᠴᠤᠳ᠎ᠤᠨ ᠬᠤᠢᠴᠢ ᠦᠶ᠎ᠡ᠎ᠶ᠋ᠢᠨ ᠵᠢᠷᠦᠬᠡ ᠰᠡᠳᠭᠢᠯ᠎ᠳᠤ ᠬᠠᠲᠠᠩᠱᠢᠭᠤᠯᠤᠨ ᠨᠦᠯᠦᠭᠡᠯᠡᠬᠦ᠌ ᠭᠡᠰᠡᠨ ᠠᠯᠤᠰ ᠬᠡᠲᠦ᠎ᠶ᠋ᠢᠨ ᠪᠤᠲᠤᠯᠭ᠎ᠠ᠎ᠪᠠᠨ ᠱᠢᠩᠭᠡᠭᠡᠵᠦ᠍᠂ ᠰᠤᠷᠲᠠᠯᠴᠢᠯᠠᠨ ᠲᠠᠨᠢᠯᠴᠠᠭᠤᠯᠬᠤ ᠠᠵᠢᠯᠯᠠᠭ᠎ᠠ᠎ᠪᠠᠨ ᠤᠷᠢᠲᠤ ᠡᠮᠦᠨ᠎ᠡ ᠪᠠᠢᠭ᠎ᠠ ᠦᠭᠡᠢ ᠱᠢᠨ᠎ᠡ ᠨᠢᠭᠡᠨ ᠲᠦᠪᠱᠢᠨ᠎ᠳᠤ ᠬᠦᠷᠭᠡᠵᠡᠢ᠃ ᠡᠨᠡ ᠶᠠᠪᠤᠲᠠᠯ ᠢᠩᠭᠢᠭᠡᠳ ᠵᠤᠬ᠍ᠰᠤᠨᠠ ᠭᠡᠵᠦ᠍ ᠲᠠᠭᠠᠪᠠᠯ ᠪᠠᠰᠠ ᠠᠳᠡᠬᠦᠦ ᠪᠤᠯᠤᠨ᠎ᠡ᠃ ᠡᠬᠦᠨ᠎ᠤ ᠵᠡᠷᠭᠡ᠎ᠪᠠᠷ ᠪᠠᠰᠠ ᠨᠢᠭᠡᠨ ᠪᠦᠲᠦᠮᠵᠢᠲᠡᠢ ᠤᠬᠠᠭᠠᠯᠠᠯ ᠲᠦᠰᠦᠪᠯᠡᠯ ᠶᠠᠪᠤᠭ᠍ᠲᠠᠵᠤ ᠠᠬ᠍ᠰᠠᠨ ᠪᠢᠯᠡ᠃ ᠪᠠᠯᠵᠢᠨᠢᠮ᠎ᠠ ᠭᠤᠸᠠᠢ 《ᠮᠤᠩᠭᠤᠯ ᠦᠨᠲᠦᠰᠦᠲᠡᠨ᠎ᠤ ᠱᠢᠨᠵᠢᠯᠡᠬᠦ᠌ ᠤᠬᠠᠭᠠᠨᠲᠠᠳ》 ᠨᠤᠮ᠎ᠤᠨ ᠲᠤᠲᠤᠷ᠎ᠠ᠎ᠠᠴᠠ ᠴᠢᠩ ᠤᠯᠤᠰ᠎ᠤᠨ ᠠᠯᠲᠠᠷᠲᠤ ᠱᠢᠨᠵᠢᠯᠡᠬᠦ᠌ ᠤᠬᠠᠭᠠᠨᠲᠠᠨ ᠮᠢᠩᠭᠠᠨᠳᠤ᠎ᠶ᠋ᠢ ᠰᠤᠩᠭᠤᠵᠤ᠂ 《ᠪᠢᠯᠢᠭ᠌ᠲᠦ ᠤᠳᠤᠨ ᠮᠢᠩᠭᠠᠨᠳᠤ》 ᠨᠤᠮ᠎ᠢ ᠠᠰᠲᠤᠨᠢ ᠨᠠᠢᠷᠠᠭᠤᠯᠵᠤ ᠬᠡᠪᠯᠡᠬᠦᠯᠦᠭ᠌ᠰᠡᠨ ᠪᠦᠭᠡᠳ ᠮᠢᠩᠭᠠᠨᠳᠤ᠎ᠶ᠋ᠢᠨ ᠲᠡᠭᠡᠲᠦ᠎ᠶ᠋ᠢᠨ ᠨᠤᠲᠤᠭ ᠪᠤᠯ ᠦᠪᠦᠷ ᠮᠤᠩᠭᠤᠯ᠎ᠤᠨ ᠬᠦᠪᠡᠭᠡᠲᠦ ᠴᠠᠭᠠᠨ ᠬᠤᠱᠢᠭᠤ ᠪᠤᠯᠤᠨ᠎ᠠ ᠭᠡᠲᠡᠭ᠎ᠠᠴᠠ ᠤᠷᠭᠤᠭᠤᠯᠵᠤ᠂ ᠬᠦᠪᠡᠭᠡᠲᠦ ᠴᠠᠭᠠᠨ ᠬᠤᠱᠢᠭᠤᠨ᠎ᠤ ᠵᠠᠰᠠᠭ᠎ᠤᠨ ᠤᠷᠲᠤ᠎ᠨᠢ ᠲᠤᠮᠲᠠᠳᠤ ᠤᠯᠤᠰ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ ᠪᠤᠯᠤᠨ ᠤᠯᠤᠰ᠎ᠤᠨ ᠤᠳᠤᠨ ᠤᠷᠤᠨ᠎ᠤ ᠬᠦᠷᠢᠶᠡᠯᠡᠩ᠎ᠳᠤ ᠮᠡᠲᠡᠬᠦᠯᠦᠯᠲᠡ ᠪᠢᠴᠢᠬᠦᠯᠦᠨ᠂ 《ᠮᠢᠩᠭᠠᠨᠳᠤ ᠤᠳᠤᠨ》 ᠨᠡᠷᠡᠢᠳᠬᠦ᠌ ᠠᠵᠢᠯᠯᠠᠭ᠎ᠠ᠎ᠶ᠋ᠢ ᠰᠡᠲᠤᠨ ᠡᠬᠦᠰᠭᠡᠪᠡ᠃ 《ᠬᠡᠲᠦᠨ ᠵᠢᠯ᠎ᠤᠨ ᠲᠠᠷᠠᠭ᠎ᠠ᠂ ᠲᠤᠲᠤᠷᠠᠭᠤᠯᠵᠤ ᠬᠡᠯᠡᠪᠡᠯ᠂ 2002 ᠤᠨ᠎ᠤ 5 ᠰᠠᠷ᠎ᠠ᠎ᠳᠤ ᠲᠤᠮᠲᠠᠳᠤ ᠤᠯᠤᠰ᠎ᠤᠨ ᠢᠯᠡᠷᠡᠬᠦᠯᠵᠦ᠍ ᠮᠡᠲᠡᠭ᠌ᠰᠡᠨ 28242 ᠨᠤᠮᠧᠷᠲᠦ ᠵᠢᠵᠢᠭ ᠭᠠᠷᠠᠭ ᠤᠳᠤ᠎ᠶ᠋ᠢ 《ᠮᠢᠩᠭᠠᠨᠳᠤ ᠤᠳᠤᠨ》 ᠬᠡᠮᠡᠨ ᠨᠡᠷᠡᠢᠳᠪᠡ᠃ ᠡᠨᠡ ᠪᠤᠯ ᠮᠠᠨ᠎ᠤ ᠤᠯᠤᠰ ᠠᠩᠬ᠎ᠠ ᠤᠲᠠᠭ᠎ᠠ ᠴᠦᠬᠡᠨ ᠲᠤᠭᠠᠳᠤ ᠦᠨᠲᠦᠰᠦᠲᠡᠨ᠎ᠤ ᠱᠢᠨᠵᠢᠯᠡᠬᠦ᠌ ᠤᠬᠠᠭᠠᠨᠲᠠᠨ᠎ᠤ ᠨᠡᠷ᠎ᠡ᠎ᠪᠠᠷ ᠭᠠᠷᠠᠭ ᠤᠳᠤ᠎ᠶ᠋ᠢ ᠨᠡᠷᠡᠢᠳᠦᠭ᠌ᠰᠡᠨ ᠶᠠᠪᠤᠲᠠᠯ ᠪᠤᠯᠬᠤ . ᠶᠤᠮ᠃ ᠭᠠᠷᠠᠭ ᠤᠳᠤᠨᠢ ᠨᠡᠷᠡᠢᠳᠬᠦ᠌᠎ᠶ᠋ᠢ ᠲᠤᠮᠲᠠᠳᠤ ᠤᠯᠤᠰ ᠲᠤᠬ᠍ᠲᠠᠭᠠᠵᠤ ᠲᠡᠢᠯᠲᠡᠭ ᠪᠢᠰᠢ᠂ ᠡᠷᠬᠡᠪᠰᠢ ᠤᠯᠠᠨ ᠤᠯᠤᠰ᠎ᠤᠨ ᠤᠳᠤᠨ ᠤᠷᠤᠨ᠎ᠤ ᠰᠤᠲᠤᠯᠤᠯ᠎ᠤᠨ ᠬᠠᠮᠳᠤᠷᠠᠬ᠍ᠰᠠᠨ ᠨᠡᠢᠭᠡᠮᠯᠢᠭ᠎ᠤᠨ ᠵᠢᠵᠢᠭ ᠤᠳᠤᠨᠢ ᠨᠡᠷᠡᠢᠳᠬᠦ᠌ ᠵᠦᠪᠯᠡᠯ᠎ᠳᠤ ᠮᠡᠲᠡᠬᠦᠯᠵᠦ᠍ ᠵᠦᠪᠱᠢᠶᠡᠷᠡᠬᠦᠯᠲᠡᠭ ᠶᠤᠮ ᠪᠠᠢᠨ᠎ᠠ᠃ ᠬᠡᠯᠡᠬᠦ᠌᠎ᠳᠤ ᠪᠠᠯᠵᠢᠨᠢᠮ᠎ᠠ᠂ ᠵᠠᠩ ᠵᠶ᠋ᠢ ᠱᠢᠶᠠ ᠡᠷ᠎ᠡ ᠡᠮ᠎ᠡ ᠬᠤᠶᠠᠭᠤᠯᠠ᠎ᠶ᠋ᠢᠨ ᠤᠬᠠᠭᠠᠯᠠᠵᠤ ᠰᠡᠲᠦᠭ᠌ᠰᠡᠨ ᠦᠢᠯᠡᠲᠦᠯ ᠭᠠᠪᠢᠶ᠎ᠠ᠎ᠶ᠋ᠢ ᠬᠠᠷᠢᠨ ᠦᠭᠡᠢᠰᠭᠡᠬᠦ᠌᠎ᠶ᠋ᠢᠨ ᠠᠷᠭ᠎ᠠ ᠦᠭᠡᠢ᠃ ᠮᠦᠨ ᠲᠡᠲᠡᠨᠡᠷ᠎ᠤᠨ ᠤᠬᠠᠭᠠᠯᠠᠯ ᠰᠡᠲᠦᠯᠭᠡᠪᠠᠷ᠂ ᠬᠦᠪᠡᠭᠡᠲᠦ ᠴᠠᠭᠠᠨ ᠬᠤᠱᠢᠭᠤᠨ᠎ᠤ ᠬᠤᠱᠢᠭᠤᠨ ᠲᠦᠪ᠎ᠤᠨ ᠨᠡᠷ᠎ᠡ᠎ᠶ᠋ᠢ 《ᠮᠢᠩᠭᠠᠨᠳᠤ ᠪᠠᠯᠭᠠᠰᠤ》 ᠬᠡᠮᠡᠨ ᠬᠠᠯᠠᠵᠤ᠂ ᠲᠤᠮᠲᠠᠳᠤ ᠤᠯᠤᠰ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ ᠪᠤᠯᠤᠨ ᠤᠯᠤᠰ᠎ᠤᠨ ᠤᠳᠤᠨ ᠤᠷᠤᠨ᠎ᠤ ᠬᠦᠷᠢᠶᠡᠯᠡᠩ 4500 ᠲᠦᠮᠡᠨ ᠲᠦᠬᠦᠷᠢᠭ᠎ᠤᠨ ᠪᠡᠯᠡ ᠤᠷᠤᠭᠤᠯᠵᠤ᠂ ᠱᠢᠯᠤᠭᠤᠨ ᠴᠠᠭᠠᠨ ᠬᠤᠱᠢᠭᠤᠨ᠎ᠳᠤ ᠤᠳᠤᠨ ᠤᠷᠤᠨ᠎ᠤ ᠠᠵᠢᠬ᠍ᠯᠠᠯᠲᠠᠶ᠋ᠢᠨ ᠦᠷᠲᠡᠭᠡ ᠪᠠᠢᠭᠤᠯᠵᠤ᠂ ᠱᠢᠯᠤᠭᠤᠨ ᠴᠠᠭᠠᠨ ᠬᠤᠱᠢᠭᠤᠨ᠎ᠤ ᠨᠡᠷ᠎ᠡ ᠠᠯᠲᠠᠷᠱᠢᠯᠢ ᠶᠡᠬᠡᠪᠡᠷ ᠮᠠᠨᠳᠤᠭᠤᠯᠤᠬ᠍ᠰᠠᠨ ᠪᠠᠢᠨ᠎ᠠ᠃ ᠡᠨᠡ ᠪᠤᠯ ᠲᠠᠷᠤᠢ ᠪᠠᠯᠵᠢᠨᠢᠮ᠎ᠠ᠎ᠶ᠋ᠢᠨ 《ᠡᠷᠲᠡᠮ》᠂ ᠪᠠᠯᠵᠢᠨᠢᠮ᠎ᠠ᠎ᠶ᠋ᠢᠨ 《ᠠᠪᠲᠠᠯ》᠃

ᠪᠠᠯᠵᠢᠨᠢᠮ᠎ᠠ ᠪᠠᠭ᠍ᠰᠢᠲᠠᠨᠤ ᠪᠦᠲᠦᠭᠡᠯ᠎ᠤᠳ
ᠱᠢᠨ᠎ᠡ ᠵᠠᠭᠤᠨ᠎ᠳᠤ ᠤᠷᠤᠬ᠍ᠰᠠᠨ ᠲᠡᠷᠡ ᠵᠢᠯ ᠪᠠᠯᠵᠢᠨᠢᠮ᠎ᠠ ᠭᠤᠸᠠᠢ 62 ᠨᠠᠰᠤᠳᠠᠢ᠃ ᠡᠩ᠎ᠤᠨ ᠵᠦᠢ᠎ᠪᠠᠷ ᠪᠤᠯ ᠡᠨᠡ ᠨᠠᠰᠤᠨ᠎ᠤ ᠦᠨᠲᠦᠷᠯᠢᠭ᠎ᠲᠤ ᠭᠠᠷᠤᠬ᠍ᠰᠠᠳ ᠦᠷ᠎ᠡ᠎ᠠᠴᠠ ᠭᠠᠷᠤᠬ᠍ᠰᠠᠨ ᠦᠷ᠎ᠡ᠎ᠪᠠᠨ ᠡᠪᠦᠲᠦᠭ ᠲᠤᠭᠤᠷᠢᠭᠤᠯᠤᠨ ᠦᠷᠪᠡᠭᠡᠶ᠋ᠢᠨᠢ ᠦᠨᠦᠷᠯᠡᠨ᠂ ᠦᠲᠡᠯᠦᠭᠡ ᠨᠠᠰᠤᠨ᠎ᠤ ᠬᠠᠪᠤ ᠵᠢᠷᠭᠠᠯ᠎ᠢ ᠡᠳ᠋ᠯᠡᠵᠦ᠍ ᠰᠠᠭᠤᠨ᠎ᠠ᠃ ᠭᠡᠪᠡᠴᠦ᠍ ᠪᠠᠯᠵᠢᠨᠢᠮ᠎ᠠ ᠭᠡᠲᠡᠭ ᠬᠦᠮᠦᠨ ᠭᠠᠷ ᠬᠤᠮᠢᠵᠤ ᠵᠦᠭᠡᠷ ᠰᠠᠭᠤᠵᠤ ᠴᠢᠲᠠᠲᠠᠭ ᠦᠭᠡᠢ᠃ ᠲᠡᠷᠡ᠎ᠪᠠᠷ ᠱᠢᠨ᠎ᠡ ᠵᠠᠭᠤᠨ᠎ᠢᠶᠠᠷ ᠪᠡᠯᠭᠡ ᠲᠡᠮᠲᠡᠭ ᠪᠤᠯᠭᠠᠵᠤ᠂ ᠠᠵᠢᠯ ᠦᠢᠯᠡᠰ᠎ᠤᠨ᠎ᠢᠶᠠᠨ ᠱᠢᠨ᠎ᠡ ᠠᠶᠠᠨ᠎ᠳᠤ ᠮᠤᠷᠲᠠᠪᠠ᠃ 1995 ᠤᠨ᠎ᠤ 12 ᠰᠠᠷ᠎ᠠ᠎ᠶ᠋ᠢᠨ 31 ᠤ ᠡᠲᠦᠷ᠂ ᠠᠮᠧᠷᠢᠺᠠ᠎ᠶ᠋ᠢᠨ 《ᠸᠠᠱᠢᠩᠲ᠋ᠤᠨ ᠫᠤᠰᠲ ᠰᠤᠨᠢᠨ》 ᠠᠴᠠ 《ᠬᠡᠨ ᠪᠦᠮᠪᠦᠷᠴᠡᠭ᠎ᠢ ᠵᠢᠵᠢᠭ᠌ᠷᠡᠬᠦᠯᠵᠦ᠍᠂ ᠶᠢᠷᠲᠢᠨᠴᠦ᠎ᠶ᠋ᠢ ᠤᠢᠷᠠᠲᠤᠭᠤᠯᠤᠬ᠍ᠰᠠᠨ ᠪᠤᠢ》 ᠭᠡᠬᠦ᠌ ᠵᠠᠷᠴᠢᠮ᠎ᠢᠶᠠᠷ ᠬᠦᠮᠦᠨ ᠲᠦᠷᠦᠯᠬᠢᠲᠡᠨ᠎ᠤ ᠪᠤᠯᠪᠠᠰᠤᠨ᠎ᠤ ᠲᠡᠦᠬᠡᠨ ᠲᠡᠭᠡᠷᠡᠬᠢ ᠬᠤᠶᠠᠳᠤᠭᠠᠷ ᠮᠢᠩᠭᠠᠨᠤ ᠲᠤᠨᠵᠢ ᠬᠦᠮᠦᠨ᠎ᠢ ᠱᠢᠯᠭᠠᠷᠠᠭᠤᠯᠤᠬ᠍ᠰᠠᠨᠳᠤ ᠴᠢᠩᠬᠢᠰ ᠬᠠᠭᠠᠨ ᠨᠢᠬᠡᠲᠦᠭᠡᠷ᠎ᠲᠤ ᠲᠤᠲᠤᠷᠠᠬ᠍ᠰᠠᠨ ᠶᠠᠪᠤᠲᠠᠯ᠎ᠨᠢ ᠴᠢᠩᠭᠢᠰ ᠬᠠᠭᠠᠨ᠎ᠤ ᠲᠦᠷᠪᠡᠲᠦᠭᠡᠷ ᠬᠦᠦ ᠲᠤᠯᠤᠢ᠎ᠶ᠋ᠢᠨ 33 ᠳ᠋ᠤᠭᠠᠷ ᠦᠶ᠎ᠡ᠎ᠶ᠋ᠢᠨ ᠬᠤᠢᠴᠢᠰ᠂ ᠪᠤᠷᠵᠢᠬᠢᠨ ᠤᠪᠤᠭ᠎ᠤᠨ ᠪᠠᠯᠵᠢᠨᠢᠮ᠎ᠠ᠎ᠶ᠋ᠢᠨ ᠡᠪᠴᠢᠬᠦᠦ ᠲᠦᠬᠦᠷᠡᠩ ᠬᠠᠯᠠᠭᠤᠨ ᠴᠢᠰᠤ᠎ᠶ᠋ᠢ ᠤᠷᠬᠢᠯᠤᠭᠤᠯᠵᠤ᠂ ᠡᠪᠦᠭᠡ ᠲᠡᠭᠡᠲᠦᠰᠤᠨᠢᠶᠠᠨ ᠤᠯᠠ ᠮᠦᠷ᠎ᠢ ᠬᠠᠢᠬᠤ ᠤᠷᠲᠤ ᠠᠶᠠᠨ᠎ᠳᠤ ᠦᠢᠯᠡᠰ᠎ᠤᠨ ᠵᠢᠯᠤᠭᠤ ᠰᠤᠩᠭᠠᠪᠠ᠃ ᠲᠡᠭᠦᠨ᠎ᠠᠴᠠ ᠨᠠᠭᠠᠱᠢᠬᠢ ᠬᠤᠷᠢ ᠭᠠᠷᠤᠢ ᠵᠢᠯ᠎ᠤᠨ ᠲᠤᠷᠰᠢ ᠪᠠᠯᠵᠢᠨᠢᠮ᠎ᠠ ᠭᠤᠸᠠᠢ ᠭᠡᠷᠭᠡᠢ ᠵᠠᠩ ᠵᠶ᠋ᠢ ᠱᠢᠶᠠᠲᠠᠢᠪᠠᠨ ᠬᠠᠮᠳᠤ ᠲᠠᠪᠢ ᠵᠢᠷᠠᠨ ᠤᠯᠤᠰ ᠭᠦᠷᠦᠨ᠎ᠢᠶᠠᠷ ᠶᠠᠪᠤᠵᠤ᠂ ᠴᠢᠩᠭᠢᠰ ᠬᠠᠭᠠᠨ᠎ᠤ ᠲᠤᠬᠠᠢ ᠪᠠ ᠴᠢᠩᠭᠢᠰ ᠬᠠᠭᠠᠨᠯᠤᠭᠠ ᠬᠤᠯᠪᠤᠬ᠍ᠲᠠᠯ ᠪᠦᠬᠦᠢ ᠨᠤᠮ ᠪᠢᠴᠢᠭ᠎ᠢ 15000 ᠭᠠᠷᠤᠢ ᠱᠢᠷᠬᠡᠭ ᠴᠤᠭ᠍ᠯᠠᠭᠤᠯᠵᠠᠢ᠃ ᠡᠨᠡ ᠬᠦ᠌ ᠶᠠᠪᠤᠴᠠ᠎ᠳᠤ ᠬᠦᠷᠦᠩᠭᠡ ᠮᠦᠩᠭᠦ᠎ᠪᠠᠨ ᠬᠦᠨᠲᠤᠷᠦᠭ᠌ᠰᠠᠨ ᠴᠤ᠌ ᠬᠡᠦᠬᠡᠳ ᠠᠴᠢᠷ᠎ᠢᠶᠠᠨ ᠲᠠᠢᠴᠢᠯᠠᠵᠤ᠂ ᠬᠦᠴᠢᠷ ᠪᠡᠷᠬᠡᠱᠢᠶᠡᠯ᠎ᠢ ᠢᠯᠠᠨ ᠲᠠᠪᠠᠭ᠍ᠰᠠᠨᠢ ᠨᠢᠭᠡᠳ ᠨᠢᠭᠡᠳ ᠲᠤᠭᠠᠴᠠᠪᠠᠯ ᠦᠭᠡ ᠤᠯᠠᠳᠠᠨᠠ᠃
《ᠴᠢᠩᠭᠢᠰ ᠬᠠᠭᠠᠨ ᠪᠤᠯ ᠮᠢᠨᠤ ᠰᠡᠳᠭᠢᠯ ᠵᠢᠷᠤᠬᠡᠨ᠎ᠤ ᠱᠢᠲᠦᠯᠭᠡ᠂ ᠴᠢᠩᠭᠢᠰ᠎ᠤᠨ ᠲᠤᠬᠠᠢ ᠨᠤᠮ ᠴᠤᠭ᠍ᠯᠠᠭᠤᠯᠵᠤ ᠬᠠᠳᠠᠭᠠᠯᠠᠬᠤ᠂ ᠴᠢᠩᠭᠢᠰ ᠬᠠᠭᠠᠨ᠎ᠤ ᠲᠤᠬᠠᠢ ᠰᠤᠳᠤᠯᠭ᠎ᠠ ᠬᠢᠬᠦ᠌᠎ᠨᠢ ᠮᠢᠨᠤ ᠨᠢᠭᠡ ᠨᠠᠰᠤᠨ᠎ᠤ ᠬᠦᠭᠡᠭᠡᠴᠡᠯᠳᠦᠯ᠃ ᠪᠢ ᠵᠠᠪᠠᠯ ᠮᠠᠰᠢ ᠴᠢᠬᠤᠯᠠ ᠲᠤᠮᠤ᠂ ᠮᠠᠰᠢ ᠤᠴᠢᠷ ᠠᠭᠤᠯᠭ᠎ᠠ᠎ᠲᠠᠢ ᠨᠢᠭᠡ ᠶᠠᠪᠤᠲᠠᠯ ᠬᠢᠵᠤ ᠦᠯᠡᠲᠡᠭᠡᠨᠡ》᠂ ᠪᠠᠯᠵᠢᠨᠢᠮ᠎ᠠ ᠢᠩᠭᠢᠵᠦ᠍ ᠬᠡᠯᠡᠭ᠌ᠰᠡᠨ᠂ ᠮᠦᠨ ᠢᠩᠭᠢᠵᠦ᠍ ᠬᠢᠭ᠌ᠰᠡᠨ᠃ ᠴᠢᠩᠭᠢᠰ ᠬᠠᠭᠠᠨ᠎ᠤ ᠲᠤᠬᠠᠢ ᠪᠠ ᠴᠢᠩᠭᠢᠰ ᠬᠠᠭᠠᠨᠯᠤᠭᠠ ᠬᠤᠯᠪᠤᠬ᠍ᠲᠠᠯ ᠪᠦᠬᠦᠢ ᠨᠤᠮ ᠪᠢᠴᠢᠭ᠎ᠢ ᠴᠤᠬ᠍ᠯᠠᠭᠤᠯᠤᠬ᠍ᠰᠠᠨᠨᠢ ᠪᠠᠯᠵᠢᠨᠢᠮ᠎ᠠ᠎ᠶ᠋ᠢᠨ ᠡᠨᠡ ᠨᠠᠰᠤᠨ᠎ᠤ ᠠᠵᠢᠯ ᠦᠢᠯᠡᠰ᠎ᠤᠨ ᠬᠢᠨᠢ ᠨᠤᠶᠠᠨ ᠤᠷᠬᠢᠯ ᠪᠤᠯᠬᠤ ᠰᠠᠨ᠃ ᠡᠬᠦᠨ᠎ᠳᠤ ᠲᠤᠮᠲᠠ᠂ ᠪᠠᠯᠵᠢᠨᠢᠮ᠎ᠠ ᠤᠬᠠᠭᠠᠯᠠᠵᠤ ᠲᠦᠰᠦᠪᠯᠡᠬᠦ᠌ ᠤᠷ᠎ᠠ ᠠᠪᠢᠶᠠᠰ᠂ ᠡᠷᠲᠡᠮ ᠴᠢᠲᠠᠪᠤᠷᠢ᠎ᠪᠠᠨ ᠴᠤ᠌ ᠭᠤᠢᠲᠠ ᠪᠠᠲᠠᠷᠠᠭᠤᠯᠤᠬ᠍ᠰᠠᠨ ᠪᠠᠢᠨ᠎ᠠ᠃ ᠴᠢᠩᠭᠢᠰ ᠬᠠᠭᠠᠨ᠎ᠤ ᠲᠤᠬᠠᠢ ᠪᠠ ᠴᠢᠩᠭᠢᠰ ᠬᠠᠭᠠᠨᠯᠤᠭᠠ ᠬᠤᠯᠪᠤᠬ᠍ᠲᠠᠯ ᠪᠦᠬᠦᠢ ᠨᠤᠮ ᠪᠢᠴᠢᠭ᠎ᠢ ᠴᠤᠭ᠍ᠯᠠᠭᠤᠯᠤᠬ᠍ᠰᠠᠨ ᠲᠤᠭ᠎ᠠ ᠬᠡᠮᠵᠢᠶ᠎ᠡ᠎ᠪᠠᠷ ᠲᠡᠬᠦᠨᠯᠦᠭᠡ ᠡᠭᠡᠮ ᠰᠠᠴᠠᠭᠤᠯᠤᠬ᠍ᠴᠢ ᠶᠢᠷᠲᠢᠨᠴᠦ᠎ᠳᠤ ᠠᠯᠠᠭ᠎ᠠ᠃ ᠲᠡᠭᠡᠬᠦ᠌ ᠮᠦᠷᠲᠡᠭᠡᠨ ᠪᠠᠯᠵᠢᠨᠢᠮ᠎ᠠ᠎ᠶ᠋ᠢᠨ ᠨᠤᠮ᠎ᠤᠨ ᠬᠠᠲᠠᠭᠠᠯᠠᠮᠵᠢ ᠬᠠᠷᠢᠴᠠᠭᠤᠯᠦᠰᠢ ᠦᠭᠡᠢ᠂ ᠲᠠᠪᠲᠠᠭ᠍ᠲᠠᠰᠢ ᠦᠭᠡᠢ ᠬᠡᠮᠵᠢᠶᠡᠨ᠎ᠳᠤ ᠬᠦᠷᠦᠭ᠌ᠰᠡᠨ ᠪᠠᠢᠲᠠᠭ᠃ ᠡᠬᠦᠨ᠎ᠤ ᠤᠴᠢᠷ᠎ᠨᠢ ᠭᠡᠪᠡᠯ᠂ ᠪᠠᠯᠵᠢᠨᠢᠮ᠎ᠠ᠎ᠶ᠋ᠢᠨ ᠴᠤᠭ᠍ᠯᠠᠭᠤᠯᠤᠬ᠍ᠰᠠᠨᠨ ᠵᠠᠷᠢᠮ ᠨᠤᠮ᠎ᠨᠢ 《ᠭᠠᠵᠠᠷ ᠲᠡᠭᠡᠷᠡᠬᠢ ᠭᠠᠭ᠍ᠴᠠ ᠲᠡᠪᠲᠡᠷ》᠂ ᠵᠠᠷᠢᠮ᠎ᠨᠢ ᠨᠤᠮ᠎ᠤᠨ ᠵᠤᠬᠢᠶᠠᠬ᠍ᠴᠢ᠎ᠶ᠋ᠢᠨ ᠠᠮᠢᠲᠤ ᠰᠡᠷᠡᠬᠦᠨ ᠦᠶ᠎ᠡ᠎ᠶ᠋ᠢᠨ ᠭᠠᠷ ᠪᠢᠴᠢᠮᠡᠯ᠎ᠤᠨ ᠦᠲᠡᠪᠦᠷᠢ᠂ ᠵᠠᠷᠢᠮ᠎ᠨᠢ ᠲᠡᠭᠡᠷ᠎ᠡ ᠵᠠᠭᠤᠨ᠎ᠤ ᠭᠤᠴᠢ ᠲᠦᠴᠢᠭᠡᠳ ᠤᠨ᠎ᠤ ᠦᠶ᠎ᠡ᠎ᠶ᠋ᠢᠨ ᠭᠠᠷ ᠬᠠᠭᠤᠯᠪᠤᠷᠢ᠃ ᠶᠠᠷᠢᠶᠠᠨ ᠦᠭᠡᠢ ᠬᠤᠵᠢᠮ᠎ᠤᠨ ᠬᠦᠮᠦᠰ ᠲᠡᠯᠡᠬᠡᠢ᠎ᠶ᠋ᠢᠨ ᠲᠠᠪᠢ᠂ ᠵᠢᠷᠠᠨ ᠤᠯᠤᠰ ᠪᠠᠢᠳᠤᠭᠠᠢ᠂ ᠵᠠᠭᠤᠨ ᠤᠯᠤᠰ᠎ᠲᠤ ᠴᠤ᠌ ᠤᠴᠢᠵᠤ ᠪᠤᠯᠤᠨ᠎ᠠ᠃ ᠭᠡᠪᠡᠴᠦ᠍ ᠡᠲᠡᠭᠡᠷ ᠵᠦᠢᠯ᠎ᠢ ᠲᠠᠬᠢᠭᠠᠳ ᠤᠯᠤᠨ᠎ᠠ ᠭᠡᠲᠡᠭ ᠴᠢᠨᠢ ᠴᠢᠲᠠᠰᠢ ᠦᠭᠡᠢ ᠬᠡᠷᠡᠭ᠃
《ᠨᠤᠮ ᠬᠠᠲᠠᠭᠠᠯᠠᠬᠤ ᠢᠨᠤ ᠤᠩᠱᠢᠬᠤ᠎ᠶ᠋ᠢᠨ ᠲᠦᠯᠦᠭᠡ᠂ ᠨᠤᠮ ᠤᠩᠱᠢᠬᠤ ᠢᠨᠤ ᠬᠡᠷᠡᠭ᠌ᠯᠡᠬᠦ᠌᠎ᠶ᠋ᠢᠨ ᠲᠦᠯᠦᠭᠡ᠂ ᠡᠨᠡ ᠪᠤᠯᠪᠠᠰᠤ ᠨᠤᠮ ᠬᠠᠲᠠᠭᠠᠯᠠᠬᠤ᠎ᠶ᠋ᠢᠨ ᠬᠠᠮᠤᠭ᠎ᠤᠨ ᠲᠡᠭᠡᠲᠦ ᠠᠨᠢᠰᠤ》 ᠭᠡᠰᠡᠨ ᠦᠭᠡ ᠪᠠᠢᠲᠠᠭ᠃ ᠭᠡᠬᠦ᠌᠎ᠳᠤ᠂ ᠪᠠᠯᠵᠢᠨᠢᠮ᠎ᠠ ᠭᠤᠸᠠᠢ ᠨᠤᠮ ᠴᠤᠭ᠍ᠯᠠᠭᠤᠯᠬᠤ᠎ᠶ᠋ᠢᠨ ᠲᠦᠯᠦᠭᠡ ᠴᠤᠭ᠍ᠯᠠᠭᠤᠯᠤᠬ᠍ᠰᠠᠨ ᠪᠢᠰᠢ᠂ ᠬᠦᠮᠦᠷᠬᠡ᠎ᠳᠡᠭᠡᠨ ᠤᠪᠤᠭᠠᠯᠠᠭᠠᠳ ᠱᠠᠬ᠍ᠰᠢᠭᠠᠳ ᠰᠠᠭᠤᠬ᠍ᠰᠠᠨ ᠪᠢᠰᠢ᠂ ᠬᠠᠷᠢᠨ ᠡᠨᠡ 《ᠠᠯᠲᠠᠨ ᠠᠭᠤᠷᠬᠠᠢ》 ᠶ᠋ᠢ ᠨᠡᠬᠡᠭᠡᠨ ᠠᠱᠢᠬ᠍ᠯᠠᠵᠤ᠂ ᠨᠡᠢᠭᠡᠮ᠎ᠤᠨ ᠦᠷ᠎ᠡ ᠨᠦᠯᠦᠭᠡ ᠬᠢᠭᠡᠳ ᠠᠵᠤ ᠠᠬᠤᠢ᠎ᠶ᠋ᠢᠨ ᠦᠷ᠎ᠡ ᠠᠱᠢᠭ᠎ᠢ ᠬᠠᠮᠤᠭ᠎ᠤᠨ ᠶᠡᠭᠡ ᠬᠡᠮᠵᠢᠶᠡᠨ᠎ᠳᠤ ᠬᠦᠷᠭᠡᠵᠦ᠍᠂ 《ᠶᠠᠭᠤᠮ᠎ᠠ᠎ᠪᠠᠨ ᠶᠠᠭᠤᠮ᠎ᠠ ᠪᠤᠯᠭᠠᠵᠤ》 ᠴᠢᠲᠠᠬ᠍ᠰᠠᠨ ᠬᠦᠮᠦᠨ᠃ ᠡᠨᠡ ᠠᠭᠤᠯᠭ᠎ᠠ᠎ᠠᠴᠠ ᠬᠡᠯᠡᠪᠡᠯ᠂ ᠪᠠᠯᠵᠢᠨᠢᠮ᠎ᠠ ᠡᠩ᠎ᠤᠨ 《ᠨᠤᠮ ᠴᠤᠭ᠍ᠯᠠᠭᠤᠯᠤᠬ᠍ᠴᠢ》᠂ ᠲᠡᠷᠡᠴᠢᠯᠡᠨ ᠰᠤᠳᠤᠯᠭᠠᠲᠠᠨ᠂ ᠡᠷᠲᠡᠮᠲᠡᠨᠤ ᠲᠡᠭ᠌ᠲᠡᠷᠠᠴᠠ ᠦᠭ᠌ᠰᠦᠬᠦᠯᠵᠦ᠍᠂ ᠪᠤᠲᠤᠯᠭᠠᠲᠠᠨᠤ ᠲᠦᠪᠱᠢᠨ᠎ᠳᠤ ᠬᠦᠷᠦᠭ᠌ᠰᠡᠨ ᠪᠠᠢᠲᠠᠭ᠃ 《ᠤᠬᠠᠭᠠᠯᠠᠵᠤ ᠲᠦᠰᠦᠪᠯᠡᠬᠦ᠌》 ᠶ᠋ᠢᠨ ᠴᠢᠮᠦᠭᠡ᠎ᠨᠢ ᠪᠤᠲᠤᠯᠭ᠎ᠠ᠎ᠳᠤ ᠪᠤᠢ᠃ ᠪᠤᠳᠤᠵᠤ ᠭᠠᠷᠪᠠᠯ ᠵᠠᠮ ᠭᠠᠷᠤᠨ᠎ᠠ᠂ ᠪᠤᠲᠤᠯᠭ᠎ᠠ ᠬᠡᠲᠦ ᠬᠤᠯᠠ ᠪᠤᠯᠬᠤ ᠲᠤᠰᠤᠮ᠎ᠢᠶᠠᠨ ᠵᠠᠮ ᠨᠡᠩ ᠬᠤᠯᠠ ᠪᠤᠯᠤᠨ᠎ᠠ᠃
ᠡᠲᠡᠭᠡᠷ ᠵᠢᠯ᠎ᠤᠳ᠎ᠲᠤ᠌᠂ ᠪᠠᠯᠵᠢᠨᠢᠮ᠎ᠠ ᠭᠤᠸᠠᠢ ᠡᠨᠡ 《ᠠᠯᠲᠠᠨ ᠠᠭᠤᠷᠬᠠᠢ》 ᠶ᠋ᠢ ᠨᠡᠬᠡᠭᠡᠨ ᠠᠱᠢᠬ᠍ᠯᠠᠵᠤ᠂ ᠤᠷᠢᠳ ᠬᠤᠵᠢᠳ ᠬᠡᠲᠦᠨ ᠠᠷᠪᠠᠨ ᠵᠦᠢᠯ᠎ᠤᠨ ᠨᠤᠮ ᠨᠠᠢᠷᠠᠭᠤᠯᠵᠤ ᠬᠡᠪᠯᠡᠬᠦᠯᠦᠭ᠌ᠰᠡᠨ ᠶᠤᠮ᠃ ᠡᠬᠦᠨ᠎ᠤ ᠲᠤᠲᠤᠷ᠎ᠠ᠎ᠠᠴᠠ ᠬᠠᠮᠤᠭ᠎ᠤᠨ ᠲᠦᠷᠦᠬᠦᠨ᠎ᠳᠤ ᠲᠤᠷᠠᠳᠤᠬ᠍ᠲᠠᠬᠤ᠂ ᠮᠦᠨ ᠨᠡᠷ᠎ᠡ ᠨᠦᠯᠦᠭᠡ᠎ᠪᠠᠷ ᠬᠠᠮᠤᠭ᠎ᠤᠨ ᠦᠷᠭᠡᠨ ᠲᠡᠯᠭᠡᠷ᠎ᠨᠢ ᠭᠡᠪᠡᠯ᠂ ᠪᠠᠯᠵᠢᠨᠢᠮ᠎ᠠ᠂ ᠵᠠᠩ ᠵᠶ᠋ᠢ ᠱᠢᠶᠠ᠂ ᠡᠷᠲᠡᠨᠢᠵᠠᠪ ᠨᠠᠷ᠎ᠤᠨ 8 ᠵᠢᠯ᠎ᠤᠨ ᠴᠠᠭ ᠤᠷᠤᠭᠤᠯᠵᠤ ᠡᠮᠬᠢᠳᠭᠡᠨ ᠨᠠᠢᠷᠠᠭᠤᠯᠵᠤ ᠭᠠᠷᠭᠠᠬ᠍ᠰᠠᠨ 《ᠮᠢᠩᠭᠠᠨ ᠵᠢᠯ᠎ᠤᠨ ᠲᠤᠨᠵᠢ ᠬᠦᠮᠦᠨ — ᠲᠡᠯᠡᠬᠡᠢ᠎ᠶ᠋ᠢᠨ ᠲᠤᠮᠤᠴᠤᠤᠯ᠎ᠤᠨ ᠬᠠᠷᠠᠭᠠᠨ᠎ᠳᠠᠬᠢ ᠴᠢᠩᠭᠢᠰ ᠬᠠᠭᠠᠨ》 ᠭᠡᠲᠡᠭ 80 ᠲᠦᠮᠡᠨ ᠦᠰᠦᠭ ᠪᠦᠬᠦᠢ ᠠᠪᠤᠷᠭᠤ ᠪᠦᠲᠦᠭᠡᠯ ᠪᠤᠯᠬᠤ ᠶᠤᠮ᠃ ᠲᠤᠰ ᠨᠤᠮ᠎ᠤᠨ ᠠᠩᠬᠠᠨ᠎ᠤ ᠬᠡᠪᠯᠡᠯ᠎ᠳᠡᠭᠡᠨ 10000 ᠱᠢᠷᠬᠡᠭ ᠬᠡᠪᠯᠡᠵᠦ᠍᠂ ᠲᠠᠬᠢᠵᠤ ᠬᠡᠪᠯᠡᠭ᠌ᠰᠡᠨ ᠪᠠ ᠮᠤᠩᠭᠤᠯᠴᠢᠯᠠᠵᠤ ᠬᠡᠪᠯᠡᠬᠦᠯᠦᠭ᠌ᠰᠡᠨ ᠪᠦᠬᠦ᠌ ᠲᠤᠭ᠎ᠠ ᠨᠡᠢᠯᠡᠭᠡᠳ 30000 ᠱᠢᠷᠬᠡᠭ᠎ᠲᠤ ᠬᠦᠷᠴᠦ᠍᠂ ᠨᠤᠮ ᠬᠡᠪᠯᠡᠯ᠎ᠤᠨ ᠲᠡᠦᠬᠡᠨ᠎ᠳᠤ ᠱᠢᠨ᠎ᠡ ᠲᠡᠮᠲᠡᠭ᠌ᠯᠡᠯᠢ ᠡᠭᠦᠳᠴᠦ᠍᠂ ᠤᠷᠤᠨ᠎ᠤ ᠭᠠᠲᠠᠨ᠎ᠠ ᠲᠤᠲᠤᠨ᠎ᠠ᠂ ᠤᠯᠤᠰ᠎ᠤᠨ ᠲᠤᠲᠤᠨ᠎ᠠ ᠭᠠᠲᠠᠨ᠎ᠠ ᠮᠠᠰᠢ ᠶᠡᠭᠡ ᠨᠦᠯᠦᠭᠡ ᠲᠤᠰᠭᠠᠯ ᠭᠠᠷᠤᠬ᠍ᠰᠠᠨ ᠪᠦᠭᠡᠳ ᠲᠤᠰ ᠨᠤᠮ᠎ᠨᠢ ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ ᠬᠢᠭᠡᠳ ᠬᠦᠬᠡᠬᠤᠲᠠ᠎ᠶ᠋ᠢᠨ ᠬᠤᠶᠠᠷ ᠲᠡᠰ᠎ᠤᠨ ᠠᠷᠠᠳ᠎ᠤᠨ ᠵᠠᠰᠠᠭ᠎ᠤᠨ ᠤᠷᠲᠤᠨ᠎ᠠᠴᠠ ᠬᠦᠨᠲᠦᠲᠦ ᠵᠤᠴᠢᠳ᠎ᠲᠤ ᠪᠡᠯᠡᠭ᠌ᠯᠡᠬᠦ᠌ ᠭᠠᠷ ᠪᠡᠯᠡᠭ᠎ᠤᠨ ᠬᠤᠪᠢ᠎ᠳᠤ ᠲᠤᠰ ᠨᠤᠮ ᠤᠯᠪᠠᠰᠤ ᠵᠤᠬᠢᠬᠤ ᠡᠷᠬᠢᠮ ᠲᠡᠭᠡᠲᠦ ᠬᠦᠨᠲᠦᠳᠭᠡᠯᠤᠨ ᠪᠠᠢᠷᠢ᠎ᠳᠤ ᠰᠠᠭᠠᠲᠠᠬ᠍ᠰᠠᠨ ᠭᠡᠯᠲᠡᠢ᠃ ᠲᠡᠭᠦᠨ᠎ᠠᠴᠠ ᠤᠷᠭᠤᠭᠤᠯᠤᠭᠠᠳ᠂ ᠪᠠᠯᠵᠢᠨᠢᠮ᠎ᠠ᠂ ᠵᠠᠩ ᠵᠶ᠋ᠢ ᠱᠢᠶᠠ ᠨᠠᠷ᠎ᠤᠨ ᠭᠠᠷ᠎ᠢᠶᠠᠷ ᠡᠮᠬᠢᠳᠭᠡᠨ ᠨᠠᠢᠷᠠᠭᠤᠯᠤᠬ᠍ᠰᠠᠨ 《ᠭᠠᠲᠠᠭᠠᠳᠤ᠎ᠶ᠋ᠢᠨ ᠬᠦᠮᠦᠰ᠎ᠤᠨ ᠬᠠᠷᠠᠭᠠᠨ᠎ᠳᠠᠬᠢ ᠴᠢᠩᠭᠢᠰ ᠬᠠᠭᠠᠨ》᠂ 《ᠴᠢᠩᠭᠢᠰ ᠬᠠᠭᠠᠨ᠎ᠤ ᠪᠦᠲᠦᠭᠡᠭ᠌ᠰᠡᠨ ᠲᠡᠯᠡᠬᠡᠢ᠎ᠶ᠋ᠢᠨ ᠠᠷᠪᠠᠨ ᠬᠤᠶᠠᠷ ᠲᠤᠨᠵᠢ》 (ᠤᠯᠤᠰ᠎ᠤᠨ ᠲᠤᠲᠤᠭᠠᠳᠤᠬᠢ 9 ᠲᠦᠷᠦᠯ᠎ᠤᠨ ᠦᠰᠦᠭ ᠪᠢᠴᠢᠭ)᠂ 《ᠴᠢᠩᠭᠢᠰ ᠬᠠᠭᠠᠨ᠎ᠤ ᠰᠤᠩᠭᠤᠲᠠᠭ ᠰᠤᠷᠪᠤᠯᠵᠢ ᠪᠢᠴᠢᠭ ᠮᠠᠲ᠋ᠧᠷᠢᠶᠠᠯ᠎ᠤᠨ ᠡᠮᠬᠢᠳᠭᠡᠯ》᠂ 《ᠴᠢᠩᠭᠢᠰ ᠬᠠᠭᠠᠨ᠎ᠤ ᠵᠢᠷᠤᠬ᠍ᠲᠤ ᠨᠠᠮᠲᠠᠷ》᠂ 《ᠳ᠋ᠠᠷ᠎ᠠ ᠡᠬᠡ — ᠠᠯᠤᠨ ᠭᠤᠸ᠎ᠠ》᠂ 《ᠲᠤᠷᠤᠨᠠᠳᠠᠬᠢᠨ᠎ᠠᠴᠠ ᠢᠷᠡᠭ᠌ᠰᠡᠨ ᠱᠢᠲᠦᠯᠭᠡ》᠂ 《ᠲᠤᠮᠲᠠᠳᠤ ᠤᠯᠤᠰ᠎ᠤᠨ ᠲᠡᠦᠬᠡᠨ᠎ᠳᠠᠬᠢ ᠠᠭᠤᠤ ᠶᠡᠭᠡ ᠬᠠᠭᠠᠨᠳᠤ ᠬᠦᠷᠦᠨ — ᠶᠤᠸᠠᠨ ᠤᠯᠤᠰ》 ᠵᠡᠷᠭᠡ ᠠᠷᠪᠠᠭᠠᠳ ᠨᠤᠮᠨᠤᠭᠤᠳ ᠠᠷᠤ ᠠᠷᠤ᠎ᠠᠴᠠ᠎ᠪᠠᠨ ᠬᠡᠪᠯᠡᠭ᠌ᠲᠡᠵᠡᠢ᠃
ᠡᠬᠦᠨ᠎ᠤ ᠵᠡᠷᠭᠡ᠎ᠪᠠᠷ᠂ ᠪᠠᠯᠵᠢᠨᠢᠮ᠎ᠠ ᠭᠤᠸᠠᠢ ᠬᠠᠭᠠᠨ᠎ᠤ ᠲᠤᠬᠠᠢ ᠨᠤᠮ ᠪᠢᠴᠢᠭ᠂ ᠬᠦᠷᠦᠭ ᠵᠢᠷᠤᠭ᠂ ᠡᠬᠡ ᠨᠤᠤᠷᠠᠭᠨᠤᠭᠤᠳᠢᠶᠠᠨ ᠨᠡᠢᠭᠡᠮ ᠨᠡᠢᠲᠡ᠎ᠳᠤ ᠲᠡᠯᠭᠡᠨ ᠦᠵᠡᠬᠦᠯᠬᠦ᠂ ᠲᠠᠨᠢᠭᠤᠯᠬᠤ ᠵᠤᠷᠢᠯᠭ᠎ᠠ᠎ᠪᠠᠷ 《ᠴᠢᠩᠭᠢᠰ ᠬᠠᠭᠠᠨ᠎ᠤ ᠰᠤᠷᠪᠤᠯᠵᠢ ᠪᠢᠴᠢᠭ᠎ᠤᠨ ᠮᠦᠽᠸᠢ》 ᠪᠠᠢᠭᠤᠯᠬᠤ ᠭᠡᠵᠦ᠍ ᠴᠢᠷᠮᠠᠢᠬ᠍ᠰᠠᠭᠠᠷ ᠪᠠᠢᠭᠠᠳ ᠰᠡᠲᠦᠭ᠌ᠰᠡᠨ ᠶᠠᠪᠤᠲᠠᠯ᠎ᠨᠢ ᠰᠡᠳᠭᠢᠯᠴᠢᠯᠡᠨ ᠪᠦᠲᠦᠵᠦ᠍᠂ 2013 ᠤᠨ᠎ᠳᠤ ᠮᠦᠽᠸᠢ᠎ᠨᠢ ᠡᠬᠦᠲᠡ᠎ᠪᠠᠨ ᠨᠡᠬᠡᠭᠡᠵᠦ᠍ ᠡᠷᠦᠬᠡ᠎ᠪᠠᠨ ᠰᠡᠬᠦᠯ᠎ᠡ᠃ ᠲᠡᠷᠡ᠎ᠨᠢ ᠪᠠᠯᠵᠢᠨᠢᠮ᠎ᠠ᠎ᠶ᠋ᠢᠨ ᠢᠲᠡᠭᠡᠯ ᠪᠢᠱᠢᠷᠡᠯ᠎ᠢᠶᠠᠷ ᠰᠦᠮᠪᠦᠷᠯᠡᠭ᠌ᠰᠡᠨ ᠮᠦᠩᠬᠡ᠎ᠶ᠋ᠢᠨ ᠬᠦᠱᠢᠶ᠎ᠡ᠂ ᠤᠶᠤᠨ ᠰᠠᠨᠠᠭᠠᠨ᠎ᠤ ᠬᠢᠨᠢ ᠠᠷᠢᠭᠤᠨ ᠲᠠᠬ᠍ᠰᠢᠨ ᠤᠷᠲᠤ᠎ᠨᠢ ᠪᠤᠯᠤᠬ᠍ᠰᠠᠨ ᠠᠵᠤᠭᠤ᠃ 《ᠴᠢᠩᠭᠢᠰ ᠬᠠᠭᠠᠨ᠎ᠤ ᠰᠤᠷᠪᠤᠯᠵᠢ ᠪᠢᠴᠢᠭ᠎ᠤᠨ ᠮᠦᠽᠸᠢ》 ᠳᠤ ᠪᠢ ᠤᠯᠠᠨᠲᠠ ᠤᠴᠢᠲᠠᠭ ᠪᠠᠢᠬ᠍ᠰᠠᠨ᠃ ᠤᠴᠢᠬᠤ ᠪᠤᠯᠭᠠᠨ ᠲᠡᠨᠲᠡ ᠲᠤᠭᠤᠷᠢᠨ ᠦᠵᠡᠭ᠌ᠰᠡᠳ ᠲᠠᠰᠤᠷᠠᠬᠤ ᠦᠭᠡᠢ ᠪᠠᠢᠳᠠᠭ᠃ ᠪᠠᠯᠵᠢᠨᠢᠮ᠎ᠠ ᠭᠤᠸᠠᠢ ᠮᠦᠽᠸᠢ᠎ᠶ᠋ᠢᠨ᠎ᠢᠶᠠᠨ ᠡᠯ᠎ᠡ ᠲᠠᠰᠤᠭ᠎ᠢ ᠦᠵᠡᠬᠦᠯᠵᠦ᠍᠂ ᠬᠤᠪᠤᠷ ᠨᠤᠮ᠂ ᠰᠤᠨᠢᠷᠬᠠᠯ᠎ᠲᠠᠢ ᠨᠤᠮ ᠪᠠ ᠲᠡᠬᠦᠨ᠎ᠢᠶᠠᠨ ᠴᠤᠬ᠍ᠯᠠᠭᠤᠯᠤᠬ᠍ᠰᠠᠨ ᠦᠯᠢᠭᠡᠷᠨᠦᠭᠦᠳᠢᠶᠠᠨ ᠤᠷᠮ᠎ᠠ᠎ᠲᠠᠢ ᠲᠠᠨᠢᠯᠴᠠᠭᠤᠯᠤᠨ ᠶᠠᠷᠢᠬᠤ᠎ᠳᠤ᠂ ᠲᠤᠬᠠᠢ᠎ᠶ᠋ᠢᠨ ᠦᠶ᠎ᠡ᠎ᠳᠤ ᠨᠤᠮ᠎ᠤᠨ ᠡᠷᠢᠯ᠎ᠢᠶᠠᠷ ᠬᠡᠯᠡ ᠠᠮᠠ ᠨᠡᠪᠲᠡᠷᠡᠯᠴᠡᠬᠦ᠌ ᠦᠭᠡᠢ ᠬᠦᠮᠦᠨ᠎ᠤ ᠭᠠᠵᠠᠷ ᠬᠦᠨᠲᠡᠯᠡᠨ ᠨᠤᠲᠤᠭ᠎ᠲᠤ ᠲᠦᠭᠡᠷᠢᠵᠤ ᠲᠤᠬ᠍ᠰᠢᠵᠤ᠂ ᠦᠢᠯᠡ᠎ᠪᠠᠨ ᠦᠵᠡᠵᠦ᠍ ᠦᠰᠦ᠎ᠪᠠᠨ ᠲᠤᠭᠠᠯᠠᠵᠤ ᠶᠠᠪᠤᠬ᠍ᠰᠠᠨ ᠶᠠᠲᠠᠷᠠᠭᠤ ᠵᠦᠲᠡᠷᠡᠬᠦᠦ ᠶᠠᠪᠤᠲᠠᠯᠤᠳᠨᠢ ᠤᠷᠤ ᠦᠭᠡᠢ ᠤᠮᠠᠷᠲᠠᠭ᠍ᠲᠠᠵᠤ᠂ ᠴᠢᠷᠠᠢ᠎ᠳᠤᠨᠢ ᠤᠯᠵᠠ ᠤᠮᠤᠭ ᠪᠠᠶᠠᠷ ᠪᠠᠭ᠍ᠠᠲᠤᠯᠤᠨ ᠲᠤᠶᠠᠭ᠎ᠠ ᠲᠠᠲᠠᠨ᠎ᠠ ᠪᠢᠯᠡ᠃
《ᠤᠳᠤ ᠬᠦᠭ᠌ᠰᠢᠨ ᠪᠢᠲᠡ ᠬᠤᠶᠠᠭᠤᠯᠠ ᠨᠠᠶᠠ ᠲᠦᠬᠦᠵᠦ᠍ ᠶᠠᠪᠤᠭ᠎ᠠ ᠤᠯᠤᠰ᠃ ᠪᠢᠲᠡ ᠦᠬᠦᠪᠡᠯ ᠡᠨᠡ ᠮᠦᠽᠸᠢ᠎ᠶ᠋ᠢ ᠠᠪᠰᠠᠨ᠎ᠳᠠᠭᠠᠨ ᠠᠪᠤᠭᠠᠳ ᠶᠠᠪᠤᠯᠲᠠᠢ ᠪᠢᠰᠢ᠃ ᠡᠷᠲᠡ ᠤᠷᠤᠢ ᠦᠭᠡᠢ ᠨᠡᠢᠭᠡᠮ᠎ᠳᠤ ᠲᠤᠱᠢᠶᠠᠨ᠎ᠠ᠂ ᠰᠠᠢᠨ 〈ᠡᠵᠡᠨ〉 ᠤᠯᠵᠤ ᠦᠭ᠌ᠭᠦᠨ᠎ᠡ》 ᠭᠡᠵᠦ᠍ ᠪᠠᠯᠵᠢᠨᠢᠮ᠎ᠠ ᠪᠠᠭ᠍ᠰᠢᠲᠠᠨᠤ ᠰᠡᠬᠦᠯ᠎ᠤᠨ ᠵᠢᠯ᠎ᠤᠳ᠎ᠲᠤ ᠬᠡᠯᠡᠬᠦ᠌᠎ᠶ᠋ᠢ᠎ᠨᠢ ᠪᠢ ᠨᠢᠭᠡ ᠪᠢᠰᠢ ᠤᠯᠠᠨ ᠤᠲᠠᠭ᠎ᠠ ᠰᠤᠨᠤᠰᠤᠬ᠍ᠰᠠᠨ ᠶᠤᠮ᠃ ᠲᠡᠭᠡᠭᠡᠳ ᠤᠲᠠᠯ ᠦᠭᠡᠢ ᠮᠦᠽᠸᠢ᠎ᠪᠠᠨ ᠱᠢᠯᠢ᠎ᠶ᠋ᠢᠨ ᠭᠤᠤᠯ᠎ᠤᠨ ᠠᠵᠢᠯ ᠮᠡᠷᠭᠡᠵᠢᠯ᠎ᠤᠨ ᠲᠡᠭᠡᠲᠦ ᠰᠤᠷᠭᠠᠭᠤᠯᠢ᠎ᠳᠤ ᠱᠢᠯᠵᠢᠬᠦᠯᠵᠦ᠍ ᠦᠭ᠌ᠭᠦᠯ᠎ᠡ ᠭᠡᠵᠦ᠍ ᠲᠤᠭᠤᠯᠤᠬ᠍ᠰᠠᠨ ᠰᠠᠨ᠃
ᠪᠠᠯᠵᠢᠨᠢᠮ᠎ᠠ ᠪᠠᠭ᠍ᠰᠢᠲᠠᠨ ᠦᠨᠡᠬᠡᠷ ᠴᠢᠩᠭᠢᠰ ᠪᠤᠬ᠍ᠲᠠᠶ᠋ᠢ ᠠᠯᠲᠠᠷᠱᠢᠭᠤᠯᠬᠤ᠂ ᠦᠨᠲᠦᠰᠦᠲᠡᠨ᠎ᠤ᠎ᠪᠠᠨ ᠲᠡᠦᠬᠡ ᠰᠤᠶᠤᠯ᠎ᠢᠶᠠᠨ ᠪᠠᠲᠠᠷᠠᠭᠠᠨ ᠬᠦᠭ᠌ᠵᠢᠭᠦᠯᠭᠦᠳᠤ ᠮᠠᠰᠢ ᠴᠢᠬᠤᠯᠠ ᠲᠤᠮᠤ᠂ ᠮᠠᠰᠢ ᠤᠴᠢᠷ ᠠᠭᠤᠯᠭ᠎ᠠ᠎ᠲᠠᠢ ᠶᠠᠪᠤᠲᠠᠯ ᠬᠢᠵᠦ᠍ ᠪᠦᠲᠦᠭᠡᠭ᠌ᠰᠡᠨ᠃ ᠴᠢᠩᠭᠢᠰ ᠬᠠᠭᠠᠨ᠎ᠠᠴᠠ ᠨᠠᠭᠠᠱᠢᠬᠢ 800 ᠭᠠᠷᠤᠢ ᠵᠢᠯ᠎ᠤᠨ ᠲᠤᠷᠱᠢᠬᠢ ᠲᠡᠭᠡᠲᠦᠰᠤᠨᠢᠶᠠᠨ ᠤᠶᠤᠨ ᠰᠠᠨᠠᠭᠠᠨ᠎ᠤ ᠬᠦᠷᠦᠩᠭᠡ᠎ᠶ᠋ᠢ ᠬᠠᠢᠨ ᠴᠤᠭ᠍ᠯᠠᠭᠤᠯᠬᠤ ᠭᠡᠵᠦ᠍ ᠴᠠᠩᠭᠠᠬ᠍ᠰᠠᠨ ᠵᠠᠭᠠᠨ᠎ᠠ ᠤᠰᠤᠨᠳᠤᠷ ᠵᠢᠳᠭᠦᠯᠡᠬᠦ᠌ ᠮᠡᠲᠦ ᠨᠢᠭᠡᠨ ᠦᠵᠦᠬᠦᠷ᠎ᠲᠦ ᠰᠡᠳᠭᠢᠯ᠎ᠢᠶᠠᠷ᠂ ᠲᠠᠢᠯᠤᠭ ᠲᠡᠮᠡᠭᠡ ᠱᠢᠭ ᠲᠠᠪᠠᠭ᠎ᠢᠶᠠᠨ ᠡᠯᠡᠲᠡᠯ᠎ᠡ᠂ ᠲᠠᠰ ᠪᠦᠷᠬᠦᠳ ᠱᠢᠭ ᠲᠠᠯᠠᠪᠴᠢ᠎ᠪᠠᠨ ᠡᠴᠡᠲᠡᠯᠡ ᠪᠠᠷᠢᠮᠲᠠᠯᠠᠯ᠎ᠢᠶᠠᠷ ᠪᠦᠮᠪᠦᠷᠴᠡᠭ᠎ᠢ ᠪᠠᠷᠠᠲᠠᠯ᠎ᠠ ᠱᠢᠬᠠᠮ ᠶᠠᠪᠤᠵᠤ ᠪᠠᠢᠭᠠᠳ ᠡᠢᠮᠦ᠍ ᠠᠭᠤᠤ ᠶᠡᠭᠡ ᠦᠢᠯᠡᠰ᠎ᠢ ᠪᠦᠲᠦᠭᠡᠭ᠌ᠰᠡᠨ ᠬᠦᠮᠦᠨ ᠪᠠᠯᠵᠢᠨᠢᠮ᠎ᠠ ᠭᠤᠸᠠᠢ᠎ᠠᠴᠠ ᠤᠨᠳᠤᠤ ᠬᠡᠲᠦ ᠪᠠᠢᠬᠤ ᠪᠢᠯᠡ? ᠪᠠᠯᠵᠢᠨᠢᠮ᠎ᠠ ᠪᠠᠭ᠍ᠰᠢᠲᠠᠨᠤ ᠬᠤᠷᠠᠮᠳᠤᠭᠤᠯᠵᠤ ᠴᠤᠭ᠍ᠯᠠᠭᠤᠯᠤᠬ᠍ᠰᠠᠨ᠂ ᠬᠢᠮᠠᠭᠠᠲᠠᠵᠤ ᠦᠯᠡᠲᠡᠭᠡᠭ᠌ᠰᠡᠨ ᠶᠠᠭᠤᠮᠠᠰ᠎ᠨᠢ ᠲᠠᠶᠠᠭᠠᠷ ᠮᠤᠩᠭᠤᠯᠴᠤᠳ᠎ᠲᠠᠭᠠᠨ᠂ ᠲᠡᠷᠡᠴᠢᠯᠡᠨ ᠬᠦᠵᠢ ᠶᠢᠷᠲᠢᠨᠴᠤ᠎ᠳᠤ ᠶᠠᠨᠲᠠᠰᠢ ᠦᠭᠡᠢ ᠦᠨ᠎ᠡ ᠦᠷᠲᠡᠭ ᠪᠦᠬᠦᠢ ᠬᠤᠪᠤᠷ ᠨᠠᠨᠳᠢᠨ ᠦᠪ ᠬᠦᠷᠦᠩᠭᠡ ᠪᠤᠯᠵᠤ ᠬᠤᠴᠤᠷᠤᠯ᠎ᠠ᠃
ᠪᠠᠯᠵᠢᠨᠢᠮ᠎ᠠ ᠪᠠᠭ᠍ᠰᠢᠲᠠᠨ ᠠᠮᠢᠲᠤ ᠲᠤᠩᠭᠠᠯᠠᠭ ᠪᠠᠢᠬᠤ᠎ᠳᠠᠭᠠᠨ ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠠᠷᠠᠳ᠎ᠤᠨ ᠵᠠᠰᠠᠭ᠎ᠤᠨ ᠤᠷᠲᠤᠨ᠎ᠤ ᠠᠯᠲᠠᠨ ᠮᠧᠳᠠᠯ᠎ᠢᠶᠠᠷ᠂ ᠮᠤᠩᠭᠤᠯ ᠤᠯᠤᠰ᠎ᠤᠨ 《ᠠᠯᠲᠠᠨ ᠭᠠᠲᠠᠰᠤ》 ᠤᠳᠤᠨ ᠲᠡᠮᠲᠡᠭ᠎ᠢᠶᠠᠷ ᠡᠩᠭᠡᠷ᠎ᠢᠶᠠᠨ ᠮᠢᠯᠢᠶᠠᠯᠭᠠᠬ᠍ᠰᠠᠨ᠃ ᠠᠯᠲᠠᠨ ᠮᠧᠳᠠᠯ᠂ ᠠᠯᠲᠠᠨ ᠤᠳᠤᠨ ᠪᠠᠢᠳᠤᠭᠠᠢ᠂ ᠠᠯᠲᠠᠨ ᠬᠦᠱᠢᠶ᠎ᠡ ᠪᠤᠰᠭᠠᠭᠠᠳ ᠦᠭ᠌ᠬᠦ᠎ᠳᠤ ᠡᠨᠡ ᠬᠦᠮᠦᠨ᠎ᠤ ᠭᠠᠪᠢᠶᠠᠳᠤ ᠢᠯᠡᠬᠦᠲᠡᠬᠦ᠌ ᠦᠭᠡᠢ᠃ ᠨᠢᠭᠡ ᠰᠠᠢᠨ᠎ᠨᠢ ᠡᠨᠡ ᠠᠯᠲᠠᠨ ᠬᠦᠱᠢᠶ᠎ᠡ ᠠᠯᠢ ᠡᠷᠲᠡ ᠠᠷᠠᠳ ᠲᠦᠮᠡᠨ᠎ᠤ ᠰᠡᠳᠭᠢᠯ᠎ᠳᠤ ᠰᠡᠬᠦ᠋ᠢᠨ ᠰᠦᠨᠲᠡᠷᠯᠡᠭ᠌ᠰᠡᠨ ᠪᠠᠢᠲᠠᠭ᠃
《ᠪᠢ ᠶᠠᠭᠠᠷᠠᠭᠠᠳ ᠪᠦᠷ ᠡᠪᠡᠳᠴᠢᠨ ᠬᠦᠷᠬᠦ᠌ ᠵᠠᠪ ᠦᠭᠡᠢ》 ᠭᠡᠵᠦ᠍ ᠬᠡᠯᠡᠭᠡᠳ ᠢᠨᠢᠶᠡᠳᠡᠭ᠂ ᠲᠠᠩᠲᠠ ᠱᠢᠨ᠎ᠡ ᠰᠡᠳᠦᠪ ᠰᠡᠳᠦᠭᠡᠳ ᠮᠤᠩᠭᠠᠨᠢᠭᠠᠳ ᠬᠦᠶᠦᠲᠡᠭ ᠪᠠᠭ᠍ᠰᠢᠲᠠᠨ ᠮᠠᠨᠢ ᠮᠠᠰᠢ ᠭᠡᠨᠡᠦᠡᠲᠡᠪᠠᠷ ᠶᠠᠪᠤᠭᠠᠳ ᠦᠭ᠌ᠭᠦᠯ᠎ᠡ᠃ ᠪᠠᠭ᠍ᠰᠢ ᠮᠠᠨᠢ ᠮᠠᠰᠢ ᠵᠦᠲᠡᠷᠡᠭ᠌ᠰᠡᠨ ᠪᠠᠢᠵᠠᠢ ᠱᠢᠦ᠃ ᠰᠠᠢᠨ ᠬᠦᠮᠦᠨ᠎ᠤ ᠠᠷᠤ᠎ᠠᠴᠠ ᠬᠡᠨ ᠴᠤ᠌ ᠭᠡᠰᠡᠨ ᠦᠭᠡᠢᠯᠡᠨ᠎ᠡ᠂ ᠬᠠᠷᠠᠮᠰᠠᠨ᠎ᠠ᠃ ᠭᠡᠪᠡᠴᠦ᠍ ᠤᠬᠢᠯᠠᠵᠤ ᠢᠷᠡᠵᠦ᠍ ᠤᠬᠢᠯᠠᠭᠤᠯᠵᠤ ᠶᠠᠪᠤᠲᠠᠭ ᠬᠤᠷᠸ᠎ᠠ᠎ᠶ᠋ᠢᠨ ᠬᠠᠲᠠᠭᠤ ᠵᠢᠮ᠎ᠡ ᠶᠤᠮ ᠬᠤᠢᠨ᠎ᠠ ᠶᠠᠭᠠᠬᠢᠯᠲᠠᠢ ᠪᠢᠯᠡ᠃ ᠪᠠᠯᠵᠢᠨᠢᠮ᠎ᠠ ᠪᠠᠭ᠍ᠰᠢᠲᠠᠨ ᠮᠠᠨᠢ ᠮᠤᠩᠭᠤᠯ᠎ᠳᠠᠭᠠᠨ ᠲᠠᠬᠢᠵᠤ ᠢᠷᠡᠵᠦ᠍ ᠵᠠᠶᠠᠭᠠᠰᠠᠢ ᠭᠡᠵᠦ᠍ ᠲᠠᠭᠠᠳᠭᠠᠨ ᠵᠠᠯᠪᠠᠷᠢᠨᠠᠮ! ᠬᠡᠯᠡᠬᠦ᠌᠎ᠳᠤ᠂ 83 ᠨᠠᠰᠤᠨ᠎ᠤ ᠦᠨᠲᠦᠷᠯᠢᠭ᠎ᠲᠤ ᠭᠠᠷᠤᠨ᠎ᠠ ᠭᠡᠲᠡᠭ ᠮᠦᠨ ᠠᠮᠠᠷ ᠦᠭᠡᠢ᠂ ᠲᠡᠭᠡᠬᠦ᠌ ᠮᠦᠷᠲᠡᠭᠡᠨ ᠲᠡᠷᠡ ᠮᠠᠨᠢ ᠤᠵᠢᠭ ᠡᠪᠡᠳᠴᠢᠨ᠎ᠳᠤ ᠤᠷᠢᠶᠠᠴᠢᠯᠠᠬ᠍ᠲᠠᠵᠤ ᠤᠲᠠᠭᠠᠨ ᠲᠠᠷᠴᠢᠯᠠᠵᠤ ᠬᠡᠪᠲᠡᠭᠡ ᠦᠭᠡᠢ᠂ ᠦᠪᠡᠷ ᠪᠤᠰᠤᠳ᠎ᠢ ᠵᠤᠪᠠᠭᠠᠬ᠍ᠰᠠᠨ ᠦᠭᠡᠢ᠂ ᠪᠠᠰᠠ ᠪᠤᠲᠤᠪᠠᠯ ᠪᠤᠶᠠᠨ᠎ᠲᠠᠢ ᠬᠦᠮᠦᠨ ᠡ᠃
ᠤᠢᠷ᠎ᠠ᠎ᠳᠤ ᠪᠠᠯᠵᠢᠨᠢᠮ᠎ᠠ ᠪᠠᠭ᠍ᠰᠢᠲᠠᠨᠢ ᠬᠡᠲᠦ ᠤᠲᠠᠭ᠎ᠠ ᠵᠡᠬᠦᠲᠦᠯᠡᠯᠡ᠂ 《ᠵᠢᠷᠦᠬᠡᠨ᠎ᠠᠴᠠ ᠵᠢᠷᠦᠬᠡᠨ᠎ᠳᠤ ᠬᠦᠷᠲᠡᠭ᠎ᠨᠢ ᠬᠠᠢᠷ᠎ᠠ ᠭᠡᠲᠡᠭ ᠶᠤᠮ᠂ ᠵᠡᠬᠦᠲᠦᠨᠠᠴᠠ ᠵᠡᠬᠦᠲᠦᠨᠳᠤ ᠬᠦᠷᠲᠡᠭ᠎ᠨᠢ ᠮᠦᠷᠦᠭᠡᠲᠦᠯ ᠭᠡᠲᠡᠭ ᠶᠤᠮ》᠃ ᠰᠠᠢᠨ ᠬᠦᠮᠦᠨ᠎ᠤ ᠲᠤᠬᠠᠢ ᠰᠠᠢᠬᠠᠨ ᠲᠤᠷᠠᠳᠭᠠᠯ ᠰᠠᠷᠠᠨ᠎ᠤ ᠭᠡᠷᠡᠯ ᠮᠡᠲᠤ ᠭᠡᠭᠡᠭᠡᠨ᠃
ᠪᠠᠯᠵᠢᠨᠢᠮ᠎ᠠ ᠪᠠᠭ᠍ᠰᠢᠲᠠᠨ ᠮᠠᠨᠢ ᠠᠮᠤᠷᠯᠢᠩᠭᠤᠢ ᠨᠦᠢᠷᠰᠤᠭᠠᠷᠠᠢ!