ᠭᠤᠷᠪᠠᠳᠤᠭᠠᠷ ᠰᠤᠮᠤ᠎ᠶ᠋ᠢᠨ ᠲᠤᠮᠤ ᠬᠤᠪᠢᠷᠠᠯᠳᠠ
2020-04-12 11:35:08
ᠵᠣᠬᠢᠶᠠᠭ᠍ᠴᠢ᠄
ᠬᠠᠢ ᠵᠢᠶᠦ᠋ᠨ
ᠣᠩᠱᠢᠭ᠍ᠰᠠᠨ ᠣᠳᠠᠭ᠎ᠠ᠄
★★★☆☆

      ᠤᠯᠠᠭᠠᠨᠴᠠᠪ ᠬᠤᠳᠠ᠎ᠶ᠋ᠢᠨ ᠯᠢᠶᠠᠩᠴᠧᠩ ᠱᠢᠶᠠᠨ᠎ᠤ 102 ᠮᠤᠵᠢ᠎ᠶ᠋ᠢᠨ ᠵᠠᠮ᠎ᠤᠨ ᠬᠠᠵᠠᠭᠤ᠎ᠳᠤ ᠨᠢᠭᠡᠨ ᠲᠣᠰᠭᠤᠨ ᠪᠠᠢᠳᠠᠭ᠃ ᠲᠣᠰᠭᠤᠨ᠎ᠤ ᠵᠡᠭᠦᠨ ᠲᠠᠯ᠎ᠠ᠎ᠳᠤ ᠬᠤᠢ ᠱᠢᠶᠠᠩ ᠰᠧ ᠰᠦᠮ᠎ᠡ᠂ ᠡᠮᠦᠨ᠎ᠡ ᠲᠠᠯ᠎ᠠ᠎ᠳᠤ ᠳᠠᠭ᠎ᠠ᠎ᠶ᠋ᠢᠨ ᠨᠠᠭᠤᠷ᠂ ᠬᠤᠢᠲᠤ ᠲᠠᠯ᠎ᠠ᠎ᠳᠤ ᠳᠠᠭ᠎ᠠ᠎ᠶ᠋ᠢᠨ ᠨᠠᠭᠤᠷ᠎ᠤᠨ ᠤᠯᠠᠨ ᠤᠯᠤᠰ᠎ᠤᠨ ᠴᠠᠰᠤᠨ᠎ᠳᠤ ᠴᠠᠨᠠᠯᠠᠬᠤ ᠲᠠᠯᠠᠪᠠᠢ ᠵᠢᠴᠢ ᠬᠠᠯᠠᠭᠤᠨ ᠷᠠᠱᠢᠶᠠᠨ᠎ᠤ ᠮᠥᠰᠥ᠍ ᠴᠠᠰᠤᠳᠦ ᠵᠢᠵᠢᠭ ᠪᠠᠯᠭᠠᠰᠤ ᠪᠠᠢᠷᠢᠱᠢᠵᠦ᠍ ᠪᠠᠢᠨ᠎ᠠ᠃ ᠡᠨᠡ ᠪᠤᠯ ᠲᠡᠷᠤᠢ ᠳᠠᠭ᠎ᠠ᠎ᠶ᠋ᠢᠨ ᠨᠠᠭᠤᠷ ᠪᠠᠯᠭᠠᠰᠤᠨ᠎ᠤ ᠭᠤᠷᠪᠠᠳᠤᠭᠠᠷ ᠰᠤᠮᠤ ᠵᠠᠰᠠᠭ ᠵᠠᠬᠢᠷᠭᠠᠨ᠎ᠤ ᠲᠣᠰᠭᠤᠨ ᠪᠤᠯᠤᠨ᠎ᠠ᠃ ᠲᠣᠰᠭᠤᠨ᠎ᠤ ᠵᠥᠪᠯᠡᠯ᠎ᠤᠨ ᠪᠠᠢᠭ᠎ᠠ ᠵᠤᠤ ᠵᠢᠶᠠ ᠼᠦᠨ ᠲᠣᠰᠭᠤᠨ᠎ᠳᠠᠬᠢ ᠡᠷᠲᠡᠨ᠎ᠤ ᠮᠠᠶᠢᠭ᠎ᠤᠨ ᠲᠠᠷᠢᠶᠠᠴᠢᠨ᠎ᠤ ᠬᠡᠷ ᠪᠠᠢᠱᠢᠩ᠎ᠨᠢ ᠨᠡᠩ ᠴᠦ᠍ ᠬᠦᠮᠦᠰ᠎ᠤᠨ ᠠᠩᠬᠠᠷᠤᠯ᠎ᠢ ᠲᠠᠲᠠᠨ᠎ᠠ᠃
      3 ᠰᠠᠷ᠎ᠠ᠎ᠶ᠋ᠢᠨ 19 ᠎ᠤ ᠡᠳᠦᠷ᠂ ᠰᠤᠷᠪᠤᠯᠵᠢᠯᠠᠭ᠍ᠴᠢ ᠲᠤᠰ ᠲᠤᠰᠭᠤᠠ᠎ᠤ ᠵᠢᠶ ᠵᠢᠶ ᠺᠸᠦ ᠶᠢᠩ ᠪᠠᠢᠭᠠᠯᠢᠯᠢᠭ ᠲᠣᠰᠭᠤᠨ᠎ᠤ ᠰᠦᠸᠧ᠎ᠲᠠᠢ ᠫᠢᠩ ᠪᠦᠦ ᠨᠠᠰᠤᠲᠠᠠ᠎ᠤ᠎ᠬᠢᠨ᠎ᠳᠤ ᠬᠦᠷᠬᠦ᠌᠎ᠳᠤ ᠠᠭᠤᠵᠢᠮ ᠬᠦᠷᠢᠶ᠎ᠡ ᠬᠠᠱᠢᠶ᠎ᠠ᠎ᠪᠠᠨ ᠬᠢᠯᠠ ᠴᠢᠯᠡ ᠴᠡᠪᠡᠷᠯᠡᠭ᠌ᠰᠡᠨ ᠪᠠᠢᠯ᠎ᠠ᠃ ᠭᠡᠷ᠎ᠲᠤ᠎ᠨᠢ ᠺᠣᠮᠫᠢᠦ᠋ᠲ᠋ᠧᠷ᠂ ᠲᠧᠯᠸᠢᠰ᠂ ᠬᠥᠯᠳᠡᠭᠡᠭᠦᠷ ᠵᠡᠷᠭᠡ ᠭᠡᠷ᠎ᠤᠨ ᠡᠳ᠋ᠯᠡᠯ ᠬᠡᠷᠡᠭ᠌ᠰᠡᠯ ᠢᠵᠢ ᠪᠦᠷᠢᠳᠴᠡᠢ᠃
      ᠨᠢᠳᠤᠨᠤᠨ ᠡᠳᠠᠨᠠᠢᠬᠢᠠ ᠲᠣᠰᠭᠤᠨ᠎ᠤ᠎ᠪᠠᠨ 《ᠬᠠᠮᠤᠭ᠎ᠤᠨ ᠭᠤᠶᠣ ᠭᠡᠷ ᠭᠦᠷᠢᠶ᠎ᠠ》 ᠎ᠲᠠᠢ ᠡᠷᠤᠬᠡ᠎ᠪᠠᠷ ᠦᠨᠡᠯᠡᠭ᠌ᠳᠡᠵᠡᠶ᠃ ᠨᠠᠰᠤᠲᠠᠨ ᠳᠠᠯᠠ᠎ᠶ᠋ᠢᠨ ᠲᠠᠪᠠᠭ᠎ᠠ᠎ᠶ᠋ᠢ ᠲᠠᠪᠠᠭ᠍ᠰᠠᠨ ᠪᠣᠯᠪᠠᠴᠤ᠌ ᠴᠤᠭ ᠵᠢᠪᠬᠤᠭ᠎ᠠ ᠪᠠᠳᠠᠷᠠᠩᠭᠤᠶ᠃ 《ᠬᠠᠮᠤᠭ᠎ᠤᠨ ᠭᠤᠶᠣ ᠭᠡᠷ ᠭᠦᠷᠢᠶ᠎ᠠ᠎ᠲᠠᠢ ᠡᠷᠤᠬᠡ᠎ᠪᠠᠷ ᠦᠨᠡᠯᠡᠭ᠌ᠳᠡᠭ᠌ᠰᠡᠨ᠎ᠤ ᠳᠠᠷᠠᠭ᠎ᠠ ᠭᠠᠴᠠᠭᠠᠨ᠎ᠤ ᠠᠷᠠᠳ᠎ᠤᠨ ᠵᠥᠪᠯᠡᠯ ᠲᠣᠰᠭᠤᠨ᠎ᠤ ᠠᠷᠠᠳ᠎ᠢ ᠵᠣᠬᠢᠶᠠᠨ ᠪᠠᠢᠭᠤᠯᠵᠤ᠂ ᠪᠠᠢᠠ ᠲᠡᠬᠢᠠ ᠲᠣᠭᠤᠷᠢᠨ ᠦᠵᠡᠭᠦᠯᠳᠡᠭ᠎ᠢᠶᠠᠷ ᠪᠠᠷᠠᠬᠤ ᠦᠬᠡᠢ ᠭᠠᠳᠠᠷ ᠣᠷᠣᠨ᠎ᠠᠴᠠ ᠴᠤ᠌ ᠲᠤᠭᠤᠷᠢᠠ ᠦᠵᠡᠬᠦ᠌᠎ᠪᠠᠷ ᠢᠷᠡᠳᠡᠭ᠃ ᠣᠳᠣ ᠮᠠᠨ᠎ᠤ ᠲᠣᠰᠭᠤᠨ᠎ᠤ᠎ᠬᠢᠨ ᠭᠡᠷ᠎ᠤᠨ ᠬᠦᠷᠢᠶ᠎ᠡ᠎ᠪᠠᠨ ᠮᠠᠰᠢ ᠴᠡᠪᠡᠷ ᠠᠪᠴᠦ᠍ ᠶᠠᠪᠤᠳᠠᠭ ᠪᠤᠯᠤᠭ᠍ᠰᠠᠨ》 ᠭᠡᠵᠦ᠍ ᠲᠠᠨᠢᠯᠴᠠᠭᠤᠯᠤᠨ᠎ᠠ᠃
      2016 ᠣᠨ᠎ᠳᠤ᠂ ᠲᠤᠰ ᠲᠣᠰᠭᠤᠨ᠎ᠤ 135 ᠶᠠᠳᠠᠭᠤ ᠬᠦᠴᠢᠷᠳᠡᠯᠲᠡᠢ ᠡᠷᠦᠬᠡ ᠪᠦᠷ ᠱᠢᠪᠠᠷ ᠪᠠᠢᠱᠢᠩ᠎ᠳᠤ ᠰᠠᠭᠤᠵᠥ᠍᠂ ᠬᠥᠷᠰᠢ ᠵᠡᠷᠭᠡᠯᠡᠳᠡᠭᠡ ᠠᠢᠯ᠎ᠲᠠᠢ᠎ᠪᠠᠨ ᠬᠡᠷᠡᠭᠦᠯ ᠵᠣᠳᠣᠭᠠᠨ ᠬᠢᠬᠦ᠌᠎ᠨᠢ ᠡᠩ᠎ᠤᠨ ᠤᠴᠢᠷ ᠪᠠᠢᠪᠠ᠃ ᠲᠤᠬᠠᠢ᠎ᠶ᠋ᠢᠨ ᠵᠢᠯ ᠤᠯᠠᠭᠠᠨᠴᠠᠪ ᠬᠤᠲᠠ᠎ᠶ᠋ᠢᠨ ᠰᠣᠶᠣᠯ ᠵᠢᠭᠤᠯᠴᠢᠯᠠᠯ ᠪᠠᠶ᠎ᠠ᠎ᠶ᠋ᠢᠨ ᠲᠠᠮᠢᠷ᠎ᠤᠨ ᠲᠣᠪᠴᠢᠶᠠᠨ᠎ᠤ ᠳᠡᠳ᠋ ᠳᠠᠷᠤᠭ᠎ᠠ ᠵᠠᠩ ᠶᠦᠩ ᠨᠢᠭᠡᠳᠦᠭᠡᠷ ᠱᠦᠵᠢ᠎ᠪᠠᠷ ᠲᠤᠮᠢᠯᠠᠭ᠍ᠳᠠᠨ ᠢᠷᠡᠵᠥ᠍ ᠠᠵᠢᠯᠯᠠᠪᠡ᠃ ᠵᠠᠩ ᠶᠦᠩ ᠱᠦᠵᠢ᠄ 《ᠭᠡᠰᠡᠭ ᠬᠤᠭᠤᠴᠠᠭ᠎ᠠ ᠪᠠᠢᠴᠠᠭᠠᠨ ᠰᠤᠳᠤᠯᠤᠯᠲᠠ ᠬᠢᠬᠡᠳ ᠲᠣᠰᠭᠤᠨ᠎ᠤ ᠠᠷᠠᠳ᠎ᠢ ᠬᠤᠪᠢᠷᠠᠭᠤᠯᠬᠤ ᠭᠡᠪᠡᠯ ᠦᠵᠡᠯ ᠰᠠᠨᠠᠭᠠᠨ᠎ᠤ ᠲᠠᠯ᠎ᠠ᠎ᠠᠴᠠ ᠭᠠᠷᠳᠠᠵᠤ ᠬᠢᠬᠦ᠌ ᠬᠡᠷᠡᠭ᠌ᠲᠡᠶ ᠭᠡᠳᠡᠭ᠎ᠢ ᠲᠤᠩᠭᠠᠵᠥ᠍ ᠮᠡᠳᠡᠯ᠎ᠠ》 ᠬᠡᠵᠥ᠍ ᠪᠠᠢᠯ᠎ᠠ᠃ ᠲᠡᠷᠡ ᠭᠠᠴᠠᠭᠠᠨ᠎ᠤ ᠠᠷᠠᠳ᠎ᠤᠨ ᠵᠥᠪᠯᠡᠯ᠎ᠲᠠᠢ ᠶᠠᠷᠢᠯᠴᠠᠵᠥ᠍᠂ 2018 ᠣᠨ᠎ᠤ 8 ᠰᠠᠷ᠎ᠠ᠎ᠶ᠋ᠢᠨ 1 ᠎ᠤ ᠡᠳᠦᠷ 12 ᠵᠤᠷᠪᠤᠰ 《ᠲᠣᠰᠭᠤᠨ᠎ᠤ ᠲᠦᠷᠢᠮ ᠠᠷᠠᠳ᠎ᠤᠨ ᠭᠡᠷ᠎ᠡ》 ᠲᠤᠭ᠍ᠳᠠᠭᠠᠠ ᠬᠡᠷᠡᠭ᠌ᠵᠢᠬᠦᠯᠵᠡᠢ᠃ ᠵᠠᠩᠬᠢᠯᠠᠭ᠎ᠠ᠎ᠨᠢ ᠦᠢᠯᠡᠳᠤᠯ᠎ᠢ ᠶᠠᠭᠠᠬᠢᠵᠥ᠍ ᠪᠠᠳᠠᠷᠠᠭᠤᠯᠬᠤ ᠪᠤᠢ? ᠬᠤᠷᠠᠮᠳᠤᠭᠤᠯᠭ᠎ᠠ᠎ᠶ᠋ᠢᠨ ᠬᠤᠪᠢ᠎ᠪᠠᠷ ᠵᠣᠭᠤᠰ ᠰᠣᠯᠢᠬᠤ ᠠᠷᠭ᠎ᠠ᠎ᠪᠠᠷ ᠳᠣᠲᠣᠭᠠᠳᠤ ᠬᠥᠳᠡᠯᠭᠡᠬᠦ᠌ ᠬᠦᠴᠦᠨ᠎ᠢ ᠲᠡᠢᠴᠢᠯᠠᠬᠤ᠎ᠶ᠋ᠢᠨ ᠲᠦᠯᠦᠭᠡ ᠲᠡᠷᠡ ᠭᠠᠵᠠᠷ ᠪᠣᠯᠭᠠᠨ᠎ᠳᠤ 《ᠪᠠᠳᠢᠷᠯᠠᠨ》 ᠮᠦᠡᠭ᠌ᠬᠦ ᠴᠤᠭ᠍ᠯᠠᠭᠤᠯᠵᠡᠢ᠃ ᠰᠡᠬᠦᠯ᠎ᠳᠤᠨᠢ ᠢᠦᠢ ᠴᠤᠸᠠᠩ ᠺᠣᠮᠫᠠᠨᠢ᠎ᠠᠴᠠ ᠪᠡᠯᠡ ᠮᠦᠡᠭ᠌ᠬᠦᠨ᠎ᠤ ᠲᠠᠮᠵᠢᠯᠭᠡ ᠤᠯᠵᠤ᠂ ᠲᠤᠰᠭᠤᠠ᠎ᠳᠤ ᠬᠠᠢᠷ᠎ᠠ ᠬᠠᠯᠠᠮᠵᠢ᠎ᠶ᠋ᠢᠨ ᠬᠠᠮ ᠳᠡᠯᠭᠡᠭᠦᠷ ᠨᠡᠭᠡᠭᠡᠪᠡ᠃ ᠲᠡᠷᠠ ᠪᠠᠰᠠ ᠲᠣᠰᠭᠤᠨ᠎ᠤ ᠠᠷᠠᠳ᠎ᠤᠨ ᠬᠡᠪ ᠴᠢᠨᠠᠷ᠎ᠢ ᠳᠡᠭᠡᠭ᠌ᠰᠢᠯᠡᠭᠦᠯᠬᠦ᠌᠎ᠪᠠᠷ 《ᠰᠠᠢᠨ ᠪᠠᠷᠢ᠂ ᠰᠠᠢᠨ ᠬᠠᠳᠠᠮ ᠡᠵᠢ》᠂ 《ᠬᠠᠮᠤᠭ ᠴᠡᠪᠡᠷ ᠭᠡᠷ ᠬᠦᠷᠢᠶ᠎ᠡ》᠂ 《ᠠᠷᠪᠠᠨ ᠶᠡᠭᠡ ᠠᠴᠢᠯᠠᠯᠲᠤ ᠬᠡᠤᠬᠡᠳ》᠂ 《ᠲᠠᠪᠤᠨ ᠰᠠᠢᠨᠲᠠᠶ ᠬᠡᠷ ᠪᠦᠯᠢ》᠂ 《ᠳᠡᠷᠭᠡᠳᠡᠬᠢ ᠰᠠᠢᠨ ᠬᠥᠮᠦᠨ ᠰᠠᠢᠠ ᠶᠠᠪᠤᠳᠠᠯ》 ᠎ᠢ ᠱᠢᠯᠭᠠᠷᠠᠭᠤᠯᠬᠤ ᠠᠵᠢᠯᠯᠠᠭ᠎ᠠ ᠥᠷᠨᠢᠭᠦᠯᠵᠦ᠍᠂ 《ᠲᠣᠰᠭᠤᠨ᠎ᠤ ᠠᠩᠬᠠᠳᠤᠭᠠᠷ ᠬᠤᠭᠤᠴᠠᠭᠠᠨ᠎ᠤ ᠲᠠᠷᠢᠶᠠᠯᠠᠬᠤ ᠰᠣᠶᠣᠯ᠎ᠤᠨ ᠨᠠᠢᠷ》 ᠎ᠢ ᠡᠷᠬᠢᠯᠡᠨ᠂ ᠲᠡᠷᠬᠡᠳᠡᠬᠢ ᠶᠠᠪᠤᠳᠠᠯ᠎ᠢᠶᠠᠷ᠎ᠢᠶᠠᠨ ᠲᠡᠷᠬᠡᠳᠡᠬᠢ ᠬᠥᠮᠦᠰ᠎ᠢ ᠬᠥᠮᠦᠵᠢᠭᠦᠯᠵᠦ᠍᠂ ᠠᠵᠢᠯᠴᠢ ᠬᠥᠳᠡᠯᠮᠦᠷᠢᠴᠢ᠎ᠪᠠᠷ ᠪᠠᠶᠠᠵᠢᠬᠤ ᠰᠠᠢᠨ ᠰᠠᠢᠬᠠᠨ ᠬᠡᠪ ᠰᠤᠷᠲᠠᠯ᠎ᠢ ᠰᠠᠨᠠᠭᠠᠴᠢᠯᠠᠨ᠂ ᠰᠠᠢᠨ ᠰᠠᠢᠬᠠᠨ ᠬᠡᠷ᠎ᠤᠨ ᠰᠤᠷᠲᠠᠯ ᠪᠠ ᠲᠣᠰᠭᠤᠨ᠎ᠤ ᠰᠤᠷᠲᠠᠯ᠎ᠢ ᠪᠤᠢ ᠪᠤᠯᠭᠠᠪᠠ᠃
      ᠰᠦᠸᠧ᠎ᠲᠠᠢ ᠫᠢᠩ ᠪᠦᠦ᠄ 《ᠰᠣᠶᠣᠯ ᠪᠤᠯ ᠲᠠᠷᠤᠢ ᠵᠤᠷᠢᠭ ᠰᠠᠨᠠᠭ᠎ᠠ ᠬᠡᠳᠡᠭ᠎ᠢ ᠪᠤᠳᠤᠵᠤ ᠤᠯᠤᠭ᠍ᠰᠠᠨ ᠦᠭᠡᠢ᠂ ᠰᠣᠶᠣᠯ᠎ᠢ ᠲᠣᠰᠭᠤᠨ᠎ᠤ ᠠᠷᠠᠳ᠎ᠤᠨ ᠦᠵᠡᠯ ᠰᠠᠨᠠᠭᠠᠨ᠎ᠳᠤ ᠠᠭᠤᠰᠭᠠᠳᠠᠭ ᠯᠠ ᠶᠤᠮ ᠪᠣᠯ ᠬᠦᠴᠦᠨ ᠴᠢᠳᠠᠯ᠎ᠨᠢ ᠬᠢᠵᠠᠭᠠᠯᠠᠰᠢ ᠦᠭᠡᠢ᠃ ᠠᠩᠬᠠᠳᠤᠭᠠᠷ ᠬᠤᠭᠤᠴᠠᠭᠠᠨ᠎ᠤ ᠲᠠᠷᠢᠶᠠᠯᠠᠬᠤ ᠰᠣᠶᠣᠯ᠎ᠤᠨ ᠨᠠᠢᠷ᠎ᠲᠤ ᠶᠠᠩᠭᠠᠷ ᠪᠦᠵᠢᠭ᠌ᠯᠡᠬᠦ᠂ ᠡᠷᠳᠡᠨᠢ ᠱᠢᠰᠢ ᠱᠠᠭᠠᠯᠬᠤ᠂ ᠭᠤᠯᠢᠷ ᠨᠤᠬᠤᠬᠤ ᠵᠡᠷᠭᠡ ᠤᠷᠤᠯᠳᠤᠭᠠᠨ ᠶᠠᠪᠤᠭ᠍ᠳᠠᠭᠤᠯᠵᠡᠢ᠃ 8 ᠲᠣᠰᠭᠤᠨ 8 ᠶᠠᠩᠭᠠᠷ᠎ᠤᠨ ᠤᠷᠤᠯᠳᠤᠭᠠᠨ᠎ᠤ ᠠᠩᠭᠢ᠎ᠲᠠᠢ᠂ ᠲᠡᠳᠡ ᠲᠣᠰᠭᠤᠨ᠎ᠢᠶᠠᠨ ᠲᠥᠯᠥᠭᠡᠯᠡᠨ ᠱᠠᠩᠨᠠᠯ ᠣᠯᠬᠤ᠎ᠪᠠᠷ ᠴᠢᠷᠮᠠᠢᠵᠥ᠍᠂ ᠲᠣᠰᠭᠤᠨ᠎ᠳᠠᠭᠠᠨ ᠢᠷᠠᠭᠤ ᠠᠯᠳᠠᠷ ᠠᠪᠴᠢᠷᠠᠬᠤ᠎ᠪᠠᠷ ᠵᠢᠳᠬᠦᠨ᠎ᠠ᠂ ᠤᠷᠤᠯᠳᠤᠭᠠᠨ᠎ᠳᠤ ᠢᠯᠠᠬᠤ᠎ᠶ᠋ᠢᠨ ᠲᠦᠯᠦᠬᠡ ᠣᠯᠠᠨ᠎ᠢᠶᠠᠷ᠎ᠢᠶᠠᠨ ᠰᠡᠳᠭᠢᠯ ᠨᠢᠭᠡᠳᠦᠨ᠂ ᠡᠷᠴᠢ ᠵᠣᠷᠢᠭ᠎ᠢᠶᠠᠨ ᠭᠦᠪᠴᠢᠯᠡᠵᠦ᠍᠂ ᠥᠩᠭᠡᠷᠡᠭ᠌ᠰᠡᠨ᠎ᠳᠤ ᠵᠥᠷᠢᠴᠡᠯ᠎ᠲᠠᠢ ᠪᠠᠢᠭ᠍ᠰᠠᠨ ᠭᠦᠮᠦᠰ ᠴᠤ᠌ ᠬᠠᠷᠢᠯᠴᠠᠨ ᠡᠪᠯᠡᠷᠡᠵᠦ᠍ ᠡᠶ᠎ᠡ ᠨᠠᠢᠷᠲᠠᠢ ᠪᠤᠯᠵᠠᠢ᠃ ᠤᠳᠤ ᠲᠤᠰᠭᠤᠨ᠎ᠤ ᠠᠷᠠᠳ᠎ᠤᠨ ᠡᠮᠦᠰᠴᠦ᠍ ᠵᠡᠭᠦᠭᠦ᠌ ᠴᠡᠪᠡᠷ ᠲᠡᠭ᠌ᠰᠢ ᠪᠤᠯᠤᠭ᠍ᠰᠠᠨ᠎ᠢᠶᠠᠷ ᠪᠠᠷᠠᠬᠤ ᠦᠭᠡᠢ ᠬᠡᠯᠡᠯᠴᠠᠵᠥ᠍ ᠶᠠᠷᠢᠯᠴᠠᠬᠤ᠎ᠨᠢ ᠴᠦ᠍ ᠪᠤᠯᠪᠠᠰᠤᠠ ᠪᠤᠯᠵᠠᠢ》 ᠭᠡᠵᠥ᠍ ᠲᠡᠨᠢᠯᠴᠠᠭᠤᠯᠤᠨ᠎ᠠ᠃
      《ᠱᠢᠯᠭᠠᠷᠠᠭᠤᠯᠬᠤ ᠠᠵᠢᠯᠯᠠᠭ᠎ᠠ ᠪᠣᠯ ᠦᠡᠭ᠌ᠬᠡᠡ ᠲᠡᠯ᠎ᠠ᠂ ᠴᠢᠬᠤᠯᠠ᠎ᠨᠢ ᠲᠣᠰᠭᠤᠨ᠎ᠤ ᠠᠷᠠᠳ ᠲᠤᠰᠭᠤᠨ᠎ᠤ ᠲᠦᠷᠢᠮ᠂ ᠠᠷᠠᠳ᠎ᠤᠨ ᠭᠡᠷ᠎ᠡ᠎ᠶ᠋ᠢ ᠵᠢᠷᠤᠮᠯᠠᠬᠤ ᠶᠠᠪᠤᠳᠠᠯ ᠪᠣᠯᠤᠨ᠎ᠠ》 ᠭᠡᠵᠦ᠍ ᠵᠠᠩ ᠶᠦᠩ ᠱᠦᠵᠢ ᠶᠠᠷᠢᠬᠤ᠎ᠶ᠋ᠢᠨ ᠳᠠᠭᠠᠤ ᠭᠠᠷ᠎ᠲᠠᠬᠢ 《ᠲᠣᠰᠭᠤᠨ᠎ᠤ ᠲᠦᠷᠢᠮ ᠠᠷᠠᠳ᠎ᠤᠨ ᠭᠡᠷ᠎ᠡ᠎ᠶ᠋ᠢᠨ ᠭᠠᠷ ᠠᠪᠤᠯᠭ᠎ᠠ》 ᠎ᠪᠠᠨ ᠰᠤᠷᠪᠤᠯᠵᠢᠯᠠᠭ᠍ᠴᠢ᠎ᠳᠤ ᠦᠵᠡᠭᠦᠯᠦᠨ᠎ᠡ᠃ 12 ᠵᠤᠷᠪᠤᠰ ᠲᠦᠷᠢᠮ ᠬᠡᠷ᠎ᠡ᠎ᠨᠢ ᠶᠠᠳᠠᠭᠤ᠎ᠠᠴᠠ ᠠᠩᠭᠢᠵᠢᠷᠠᠭ᠍ᠰᠠᠨ ᠦᠷ᠎ᠡ ᠪᠦᠲᠦᠮᠵᠢ᠂ ᠲᠡᠭᠠᠭᠤᠯᠤᠠ ᠬᠥᠭ᠌ᠵᠢᠬᠦ᠂ ᠣᠷᠴᠢᠨ ᠲᠣᠭᠤᠷᠢᠨ᠎ᠤ ᠠᠷᠢᠭᠤᠠ ᠴᠡᠪᠡᠷ᠎ᠢ ᠬᠠᠮᠠᠭᠠᠯᠠᠬᠤ᠂ ᠬᠥᠷᠰᠢ ᠵᠡᠷᠭᠡᠯᠡᠳᠡᠭᠡ ᠡᠶ᠎ᠡ ᠨᠠᠢᠷᠠᠮᠳᠠᠭᠤ ᠪᠠᠢᠬᠤ᠂ ᠪᠤᠯᠬᠢ ᠪᠦᠳᠦᠬᠦᠯᠢᠭ ᠵᠠᠩᠱᠢᠯ᠎ᠢᠶᠠᠨ ᠲᠠᠶᠠᠭ᠍ᠳᠠᠬᠤ ᠵᠡᠷᠭᠡ ᠵᠦᠶᠯᠡᠰ᠎ᠢ ᠨᠠᠷᠢᠨ ᠲᠣᠳᠣᠷᠬᠠᠢᠯᠠᠪᠠ᠃ ᠵᠠᠩ ᠶᠦᠩ ᠱᠦᠵᠢ ᠪᠠᠰᠠ᠄ 《ᠰᠠᠷ᠎ᠠ ᠪᠦᠷᠢ ᠡᠷᠦᠬᠡ ᠳᠠᠷᠠᠭᠠᠯᠠᠨ ᠪᠠᠢᠴᠠᠭᠠᠵᠤ᠂ ᠨᠢᠭᠡ ᠲᠠᠯ᠎ᠠ᠎ᠪᠠᠷ ᠬᠤᠪᠢ ᠦᠭ᠌ᠴᠦ ᠦᠨᠡᠯᠡᠨ ᠲᠣᠭ᠍ᠲᠠᠭᠠᠨ᠎ᠠ᠂ ᠨᠥᠭᠦᠭᠡ ᠲᠠᠯ᠎ᠠ᠎ᠪᠠᠷ ᠲᠥᠷᠥ᠎ᠶ᠋ᠢᠨ ᠪᠣᠳᠣᠯᠭ᠎ᠠ᠎ᠶ᠋ᠢ ᠤᠬᠠᠭᠤᠯᠤᠨ᠎ᠠ᠃ ᠰᠠᠷ᠎ᠠ ᠪᠦᠷᠢ ᠢᠯᠭᠠᠨ ᠲᠣᠭ᠍ᠲᠠᠭᠠᠬᠤ ᠴᠠᠭ ᠬᠤᠭᠤᠴᠠᠭ᠎ᠠ ᠲᠤᠯᠪᠠᠯ ᠲᠣᠰᠭᠤᠨ᠎ᠤ ᠠᠷᠠᠳ ᠡᠭᠦᠳᠡᠨ ᠳᠡᠭᠡᠷ᠎ᠡ᠎ᠪᠠᠨ ᠵᠣᠭ᠍ᠰᠣᠭᠠᠳ ᠭᠡᠷ᠎ᠲᠤ᠎ᠨᠢ ᠣᠷᠣᠵᠤ ᠦᠨᠡᠯᠡᠨ ᠱᠢᠯᠭᠠᠷᠠᠭᠤᠯᠬᠤ᠎ᠶ᠋ᠢ ᠬᠦᠯᠢᠶᠡᠨ᠎ᠡ》 ᠭᠡᠳ ᠢᠨᠢᠶᠡᠮᠰᠦᠭ᠌ᠯᠡᠨ᠎ᠠ᠃
      ᠦᠨᠡᠯᠡᠨ ᠱᠢᠯᠭᠠᠷᠠᠭᠤᠯᠵᠥ᠍ ᠳᠠᠭᠤᠰᠪᠠᠯ ᠲᠣᠰᠭᠤᠨ᠎ᠤ ᠠᠷᠠᠳ ᠬᠤᠷᠠᠮᠳᠤᠭᠤᠯᠤᠭ᠍ᠰᠠᠨ ᠬᠤᠪᠢ᠎ᠪᠠᠷ᠎ᠢᠶᠠᠨ ᠲᠣᠰᠭᠤᠨ᠎ᠤ ᠠᠷᠠᠳ᠎ᠤᠨ ᠵᠥᠪᠯᠡᠯ᠎ᠤᠨ ᠢᠦᠶ ᠴᠤᠸᠠᠩ ᠬᠠᠢᠷ᠎ᠠ ᠬᠠᠯᠠᠮᠵᠢ᠎ᠶ᠋ᠢᠨ ᠬᠠᠮ ᠳᠡᠯᠭᠡᠭᠦᠷ᠎ᠠᠴᠠ ᠠᠮᠢᠳᠤᠷᠠᠯ᠎ᠤᠨ ᠬᠡᠷᠡᠭ᠌ᠰᠡᠯ ᠰᠣᠯᠢᠵᠤ ᠪᠣᠯᠤᠨ᠎ᠠ᠃
      ᠲᠣᠰᠭᠤᠨ᠎ᠤ ᠠᠷᠠᠳ᠎ᠤᠨ ᠣᠷᠣᠯᠭ᠎ᠠ᠎ᠶ᠋ᠢ ᠨᠡᠮᠡᠭ᠌ᠳᠡᠭᠦᠯᠬᠦ᠌᠎ᠪᠠᠷ ᠲᠦᠯᠦᠪᠵᠢᠬᠦᠯᠬᠡ ᠲᠤᠭ᠍ᠳᠠᠭᠠᠬ᠍ᠰᠠᠠ᠎ᠳᠤ ᠬᠠᠢᠷ᠎ᠠ ᠬᠠᠯᠠᠮᠵᠢ᠎ᠶ᠋ᠢᠨ ᠬᠠᠮ ᠳᠡᠯᠭᠡᠭᠦᠷ ᠴᠦ᠍ ᠡᠨᠡ ᠬᠠᠷᠠᠯᠳᠠ᠎ᠶ᠋ᠢ ᠤᠢ᠍ᠢᠯᠡᠳᠦᠯᠭᠡᠵᠢᠭᠦᠯᠬᠦ᠌᠎ᠪᠠᠷ ᠴᠢᠷᠮᠠᠢᠵᠠᠢ᠃ 2018 ᠣᠨ᠎ᠳᠤ᠂ ᠲᠤᠰ ᠬᠠᠮ ᠳᠡᠯᠭᠡᠭᠦᠷ ᠪᠠᠯᠠ ᠮᠥᠩᠭᠦ᠌ ᠭᠠᠷᠭᠠᠵᠤ ᠲᠣᠰᠭᠤᠨ᠎ᠤ ᠠᠷᠠᠳ᠎ᠲᠤ 4000 ᠲᠠᠬᠢᠶᠠᠨ ᠴᠤᠷᠪᠠᠭ᠎ᠠ ᠬᠦ᠍ᠷᠬᠡᠵᠥ᠍᠂ ᠲᠡᠷᠠᠭ᠎ᠠ ᠵᠢᠯ᠎ᠤᠨ ᠬᠢᠨᠢ 6 ᠰᠠᠷ᠎ᠠ᠎ᠳᠤ ᠪᠠᠰᠠ 400 ᠡᠷᠦᠬᠡ᠎ᠳᠤ 2000 ᠲᠠᠬᠢᠶᠠᠨ ᠴᠤᠷᠪᠠᠭ᠎ᠠ ᠬᠦᠷᠬᠡᠪᠠ᠃ ᠡᠨᠡ ᠬᠦ᠌ ᠠᠷᠭ᠎ᠠ᠎ᠨᠢ ᠲᠣᠰᠭᠤᠨ᠎ᠤ ᠠᠷᠠᠳ᠎ᠤᠨ ᠲᠠᠭᠠᠱᠢᠶᠠᠯ᠎ᠢ ᠣᠯᠤᠭ᠍ᠰᠠᠨ ᠪᠠᠢᠨ᠎ᠠ᠃
      ᠤᠯᠠᠨ ᠵᠢᠯ᠎ᠤᠨ ᠴᠥᠬᠦᠷᠡᠰᠢ ᠦᠭᠡᠢ ᠴᠢᠷᠮᠠᠢᠯᠭ᠎ᠠ᠎ᠪᠠᠷ ᠲᠤᠰ ᠱᠢᠶᠠᠨ ᠨᠢᠳᠤᠨᠤᠨ᠎ᠤ 4 ᠰᠠᠷ᠎ᠠ᠎ᠳᠤ ᠶᠠᠳᠠᠭᠤ ᠬᠦᠴᠢᠷᠳᠡᠯᠲᠡᠢ ᠮᠠᠯᠠᠭᠠᠢ᠎ᠪᠠᠨ ᠠᠪᠴᠤ᠌ ᠬᠠᠶᠠᠪᠠ᠃ ᠲᠤᠰ ᠲᠣᠰᠭᠤᠨ᠎ᠳᠤ ᠨᠤᠷᠠᠬᠤ ᠠᠶᠤᠯᠲᠠᠶ ᠬᠡᠷ ᠪᠠᠢᠱᠢᠩ ᠴᠦ᠍ ᠥᠬᠡᠶ ᠪᠤᠯᠵᠤ᠂ ᠶᠠᠳᠠᠭᠤ ᠬᠦᠴᠢᠷᠳᠡᠯᠲᠡᠶ ᠡᠷᠦᠬᠡ᠎ᠶ᠋ᠢᠨ ᠬᠦᠮᠦᠨ ᠪᠦᠷᠢ᠎ᠶ᠋ᠢᠨ ᠵᠢᠯ ᠳᠤᠮᠳᠠᠴᠢ᠎ᠶ᠋ᠢᠨ ᠣᠷᠣᠯᠭ᠎ᠠ 7500 ᠲᠥᠭᠦᠷᠢᠭ᠎ᠲᠤ ᠬᠦᠷᠴᠡᠶ᠃
      ᠶᠠᠳᠠᠭᠤ ᠮᠠᠯᠠᠭᠠᠶ᠎ᠪᠠᠨ ᠠᠪᠴᠤ᠌ ᠬᠠᠶᠠᠭ᠍ᠰᠠᠨ ᠲᠤᠰ ᠲᠣᠰᠭᠤᠨ᠎ᠤ ᠠᠷᠠᠳ ᠢᠷᠠᠭᠤ ᠠᠯᠳᠠᠷ᠎ᠢ ᠨᠡᠩ ᠴᠢᠬᠤᠯᠠᠴᠢᠯᠠᠬᠤ ᠪᠤᠯᠪᠠ᠃ ᠤᠯᠠᠷᠢᠯ᠎ᠢᠶᠠᠷ ᠬᠢᠨᠠᠨ ᠱᠢᠯᠭᠠᠷᠠᠭᠤᠯᠵᠤ ᠬᠤᠪᠢ ᠲᠣᠭ᠍ᠲᠠᠭᠠᠬ᠍ᠰᠠᠠ ᠦᠷ᠎ᠡ ᠳ᠋ᠦᠩ᠎ᠨᠢ ᠣᠯᠠᠨ᠎ᠤ ᠮᠠᠷᠠᠢᠠ ᠴᠢᠷᠮᠠᠢᠬᠤ ᠬᠠᠷᠠᠯᠳᠠ ᠪᠤᠯᠪᠠ᠃ ᠬᠦᠮᠦᠰ ᠰᠠᠢᠠ ᠲᠤᠷ᠎ᠠ᠎ᠠᠴᠠ᠎ᠪᠠᠨ ᠴᠡᠪᠡᠷᠯᠡᠭ᠌ᠴᠢ᠂ ᠣᠢ ᠬᠠᠮᠠᠭᠠᠯᠠᠭ᠍ᠴᠢ᠂ ᠠᠮᠤᠷ᠎ᠢ ᠬᠠᠮᠠᠭᠠᠯᠠᠭ᠍ᠴᠢ᠎ᠶ᠋ᠢᠨ ᠡᠭᠦᠷᠭᠡ ᠬᠠᠷᠢᠭᠤᠴᠠᠯᠭ᠎ᠠ᠎ᠶ᠋ᠢ ᠡᠭᠦᠷᠭᠡᠯᠡᠵᠦ᠍᠂ ᠲᠣᠰᠭᠤᠨ᠎ᠤ ᠵᠡᠭᠡᠯᠢ ᠭᠤᠳᠤᠮᠵᠢ᠎ᠶ᠋ᠢ ᠲᠣᠭᠤᠷᠢᠨ ᠪᠠᠢᠴᠠᠭᠠᠵᠤ᠂ ᠬᠤᠭ ᠨᠣᠪᠰᠢ᠎ᠶ᠋ᠢ ᠴᠠᠭ ᠲᠤᠬᠠᠶ᠎ᠳᠤᠨᠢ ᠱᠢᠶᠳᠪᠦᠷᠢᠯᠡᠬᠦ᠌ ᠪᠥᠭᠡᠳ ᠲᠣᠰᠭᠤᠨ᠎ᠤ ᠰᠣᠶᠣᠯ᠎ᠤᠨ ᠠᠵᠢᠯᠯᠠᠭ᠎ᠠ᠎ᠳᠤ ᠰᠠᠨᠠᠭᠠᠴᠢᠯᠠᠭ᠎ᠠ᠎ᠠᠴᠠ᠎ᠪᠠᠨ ᠣᠷᠣᠯᠴᠠᠨ᠎ᠠ᠃ ᠤᠳᠤ ᠲᠤᠰ ᠲᠣᠰᠭᠤᠨ᠎ᠳᠤ ᠮᠠᠵᠢᠶᠠᠩ ᠨᠠᠭᠠᠳᠭᠤ ᠬᠦᠮᠦᠠ ᠴᠥᠭᠡᠷᠠᠵᠤ᠂ ᠨᠣᠮ ᠦᠵᠡᠵᠥ᠍ ᠰᠢ ᠰᠤᠨᠢᠷᠬᠠᠬᠤ᠎ᠨᠢ ᠣᠯᠠᠱᠢᠷᠠᠪᠠ᠃ ᠰᠣᠭ᠍ᠲᠣᠭᠠᠳ ᠬᠡᠷᠡᠭ ᠭᠠᠷᠭᠠᠬᠤ ᠬᠥᠮᠦᠨ ᠴᠥᠭᠡᠷᠡᠵᠦ᠍᠂ ᠪᠥᠵᠢᠭ ᠦᠰᠦᠷᠴᠤ᠌ ᠪᠡᠶ᠎ᠡ ᠪᠣᠯᠪᠠᠰᠤᠷᠠᠭᠤᠯᠬᠤ ᠬᠥᠮᠦᠨ ᠣᠯᠠᠱᠢᠷᠠᠪᠠ᠃ ᠲᠣᠰᠭᠤᠨ᠎ᠤ ᠳᠦᠷᠢ ᠪᠠᠢᠳᠠᠯ᠂ ᠬᠡᠷ᠎ᠤᠨ ᠠᠷᠢᠭᠤᠠ ᠴᠡᠪᠡᠷ᠎ᠲᠤ ᠪᠦᠷ ᠢᠯᠡᠷᠬᠡᠢ ᠬᠤᠪᠢᠷᠠᠯᠲᠠ᠎ᠲᠠᠢ ᠪᠣᠯᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号