ᠠᠯᠠᠱᠠ᠎ᠶ᠋ᠢᠨ ᠲᠡᠮᠡᠭᠡᠴᠢᠳ ᠲᠡᠮᠡᠭᠡᠨ ᠨᠤᠤᠰᠤ᠎ᠪᠠᠷ ᠡᠳ᠋ᠯᠠᠯ ᠬᠡᠷᠡᠭ᠌ᠰᠡᠯ ᠬᠢᠭᠡᠳ ᠶᠠᠭᠠᠷᠠᠤ
2020-04-20 10:05:14
ᠵᠣᠬᠢᠶᠠᠭ᠍ᠴᠢ᠄
ᠡᠷᠳᠡᠨᠢᠴᠢᠮᠡᠭ
ᠣᠩᠱᠢᠭ᠍ᠰᠠᠨ ᠣᠳᠠᠭ᠎ᠠ᠄
★★★☆☆

       ᠤᠢ᠍ᠢᠷ᠎ᠠ᠎ᠳᠤ᠂ ᠠᠯᠠᠱᠠ ᠨᠤᠳᠤᠭ᠎ᠤᠨ ᠡᠯ᠎ᠠ ᠭᠠᠵᠠᠷ᠎ᠤᠨ ᠮᠠᠯᠴᠢᠳ ᠲᠡᠮᠡᠭᠡ᠎ᠪᠠᠨ ᠨᠤᠤᠰᠤᠯᠠᠵᠤ᠂ ᠲᠡᠮᠡᠭᠡᠨ ᠨᠤᠤᠰᠤ᠎ᠪᠠᠷ ᠮᠠᠯᠵᠢᠯ ᠠᠮᠢᠳᠤᠷᠠᠯ᠎ᠤᠨ ᠡᠳ᠋ᠯᠠᠯ ᠬᠡᠷᠡᠭ᠌ᠰᠡᠯ ᠬᠢᠵᠤ ᠶᠠᠭᠠᠷᠠᠯᠳᠤᠨ᠎ᠠ᠃ ᠬᠤᠤᠰ ᠪᠦᠬᠦᠳᠦ ᠲᠡᠮᠡᠭᠡ ᠠᠱᠢᠭ ᠱᠢᠮ᠎ᠠ᠎ᠶ᠋ᠢᠨ ᠲᠠᠯ᠎ᠠ᠎ᠪᠠᠷ ᠮᠠᠰᠢ ᠦᠨᠳᠦᠷ ᠪᠠᠢᠳᠠᠭ᠃ ᠬᠠᠪᠤᠷ᠎ᠤᠨ ᠤᠯᠠᠷᠢᠯ᠎ᠳᠤ ᠲᠡᠮᠡᠭᠡᠴᠢᠳ ᠪᠤᠳᠤᠭᠤ ᠲᠤᠰᠴᠤ᠌ ᠶᠠᠭᠠᠷᠠᠯᠳᠤᠬᠤ᠎ᠶ᠋ᠢᠨ ᠲᠠᠭᠤ ᠲᠡᠮᠡᠭᠡ᠎ᠪᠠᠨ ᠨᠤᠤᠰᠤᠯᠠᠨ᠂ ᠨᠤᠤᠰᠤ ᠬᠤᠳᠠᠯᠳᠤᠵᠤ ᠪᠤᠷᠤᠯᠠᠭᠤᠯᠬᠤ᠎ᠠᠴᠠ ᠭᠠᠳᠠᠨ᠎ᠠ ᠲᠡᠭᠡᠰᠤ ᠪᠤᠷᠠᠨᠳᠠᠭ ᠲᠠᠮᠤᠬᠤ᠂ ᠤᠳᠠᠰᠤ ᠡᠷᠢᠬᠦ᠂ ᠰᠤᠮᠠᠯ ᠲᠠᠯᠢᠩ᠂ ᠨᠤᠬ᠍ᠳᠤ ᠵᠡᠷᠭᠡ᠎ᠶ᠋ᠢ ᠬᠢᠵᠤ ᠠᠮᠢᠳᠤᠷᠠᠯ ᠠᠬᠤᠢ᠎ᠳᠤ᠎ᠪᠠᠨ ᠬᠡᠷᠡᠭ᠌ᠯᠡᠳᠡᠭ ᠪᠠᠢᠨ᠎ᠠ᠃
       ᠠᠯᠠᠱᠠ ᠵᠡᠬᠦᠨ ᠬᠤᠱᠢᠭᠤᠨ᠎ᠤ ᠦᠯᠵᠡᠢ ᠰᠤᠮᠤᠨ᠎ᠤ ᠡᠷᠳᠡᠨᠢᠴᠡᠴᠡᠭ ᠪᠤᠯ ᠤᠳᠠᠭᠠᠨ ᠵᠢᠯ ᠲᠡᠮᠡᠭᠡᠨ᠎ᠤ ᠡᠳ᠋ᠯᠠᠯ ᠬᠡᠷᠡᠭ᠌ᠰᠡᠯ ᠬᠢᠵᠤ ᠤᠷᠤᠯᠳᠤᠬ᠍ᠰᠠᠨ ᠬᠦᠮᠦᠨ᠎ᠤ ᠨᠢᠭᠡ ᠪᠤᠯᠤᠨ᠎ᠠ᠃ ᠤᠷᠴᠢᠮ ᠲᠡᠬᠦᠨ᠎ᠤ ᠠᠵᠢᠯ ᠤᠯᠠᠮ ᠶᠠᠭᠠᠷᠠᠤ ᠪᠤᠯᠵᠤ᠂ ᠪᠤᠷᠠᠨᠳᠠᠭ᠂ ᠪᠤᠳᠤᠭᠤᠨ ᠨᠤᠬ᠍ᠳᠤ᠎ᠶ᠋ᠢᠨ ᠵᠠᠬᠢᠶᠠᠯᠠᠭ᠎ᠠ ᠠᠷᠪᠢᠳᠤᠬ᠍ᠰᠠᠨ ᠪᠠᠢᠨ᠎ᠠ᠃ ᠲᠡᠭᠦᠨ᠎ᠤ ᠲᠠᠨᠢᠯᠴᠠᠭᠤᠯᠬᠤ᠎ᠪᠠᠷ᠂ ᠲᠡᠮᠡᠭᠡᠨ ᠨᠤᠤᠰᠤ ᠬᠠᠢᠴᠢᠯᠠᠬᠤ᠎ᠳᠤ ᠶᠠᠷᠤ᠎ᠨᠢ ᠳᠠᠷᠭᠤ ᠭᠥᠴᠤ᠌᠂ ᠭᠥᠢᠰᠤ᠂ ᠨᠠᠰᠤ ᠵᠢᠯ ᠪᠠ ᠠᠭᠤᠷ ᠠᠮᠢᠰᠭᠤᠯ ᠵᠠᠷᠭᠡ᠎ᠶ᠋ᠢ ᠥᠠᠳᠤᠰᠤᠯᠠᠠ ᠬᠤᠭᠤᠴᠠᠭ᠎ᠠ ᠬᠤᠪᠢᠶᠠᠳᠠᠭ᠃ ᠳᠠᠷᠭᠤ ᠭᠥᠴᠤ᠌ ᠰᠠᠢᠳᠠᠢ ᠪᠥᠳᠤᠭᠦᠠ ᠠᠳᠠᠠ ᠳᠠᠮᠠᠭᠡᠠ᠎ᠤ ᠨᠤᠤᠰᠤ ᠬᠠᠢᠴᠢᠯᠠᠬᠤ ᠴᠠᠭ᠎ᠨᠢ ᠪᠠᠭ᠍ᠠᠠ ᠡᠷᠳᠠ ᠱᠢᠭ᠂ ᠢᠡᠭ᠌ᠭᠡᠠ ᠳᠠᠮᠠᠭᠡᠠ᠎ᠤ ᠵᠤᠭ᠍ᠳᠤᠷ᠂ ᠱᠢᠯᠢ᠂ ᠡᠪᠤᠳᠥᠭ᠎ᠨᠢ ᠪᠤᠳᠤᠭᠤ᠎ᠪᠠᠨ ᠬᠠᠮᠠᠭᠠᠯᠠᠵᠤ ᠳᠤᠯᠠᠭᠠᠴᠠᠭᠤᠯᠬᠤ ᠥᠢᠯᠠᠳᠤᠯ᠎ᠲᠠᠢ ᠳᠤᠯᠠ ᠵᠠᠷᠴᠢᠮ ᠳᠠᠭᠡᠷ᠎ᠠ᠎ᠪᠠᠨ ᠪᠤᠳᠤᠭᠤᠯᠠᠭ᠍ᠰᠠᠠ᠎ᠤ ᠳᠠᠷᠠᠭ᠎ᠠ 21 ᠬᠤᠨᠤᠭ᠎ᠤᠨ ᠰᠠᠭᠦᠯᠠᠷ ᠡᠭᠢᠯᠠᠠ ᠬᠠᠢᠴᠢᠯᠠᠳᠠᠭ᠂ 2 — 4 ᠨᠠᠰᠤᠠ᠎ᠤ ᠵᠠᠯᠠᠭᠤ ᠳᠠᠮᠠᠭᠡᠠ᠎ᠤ ᠨᠤᠤᠰᠤ ᠬᠠᠢᠴᠢᠯᠠᠬᠤ ᠬᠤᠭᠤᠴᠠᠭ᠎ᠠ᠎ᠨᠢ ᠨᠠᠰᠤ ᠭᠥᠢᠴᠡᠭ᠌ᠰᠠᠠ ᠳᠠᠮᠡᠭᠡ᠎ᠠᠴᠠ 10 — 15 ᠬᠤᠨᠤᠭ᠎ᠤᠨ ᠰᠠᠭᠦᠯᠠᠷ ᠪᠠᠢᠳᠠᠭ᠂ ᠠᠯᠠᠱᠠ ᠠᠢᠮᠠᠭ᠎ᠤᠨ ᠲᠡᠮᠡᠭᠡᠨ ᠨᠤᠤᠰᠤ ᠡᠭᠢᠯᠠᠠ ᠬᠠᠢᠴᠢᠯᠠᠬᠤ ᠴᠠᠭ ᠬᠤᠭᠤᠴᠠᠭ᠎ᠠ᠎ᠨᠢ ᠶᠡᠭᠡ ᠳᠥᠯᠤᠪ ᠠᠷᠭ᠎ᠠ᠎ᠶ᠋ᠢᠨ ᠤᠯᠠᠷᠢᠯ᠎ᠤᠨ ᠴᠠᠭᠠᠠ ᠰᠠᠷ᠎ᠠ᠎ᠳᠤ ᠵᠤᠭ᠍ᠳᠤᠷ ᠬᠠᠢᠴᠢᠯᠠᠵᠤ᠂ ᠢᠴᠡᠭ᠌ᠰᠠᠤᠠ ᠭᠥᠳᠠᠯᠭᠦ᠎ᠠᠴᠠ ᠡᠮᠤᠨ᠎ᠠ ᠬᠠᠢᠴᠢᠯᠠᠵᠤ ᠳᠠᠭᠤᠰᠭᠠᠨ᠎ᠠ᠂ ᠭᠤᠷᠪᠠᠠ ᠰᠠᠷ᠎ᠠ᠎ᠶ᠋ᠢᠨ ᠡᠭᠢᠠ᠎ᠢᠶᠠᠷ ᠡᠪᠤᠳᠥᠭ᠎ᠤᠨ ᠨᠤᠤᠰᠤ᠎ᠶ᠋ᠢ ᠬᠠᠢᠴᠢᠯᠠᠵᠤ᠂ ᠭᠤᠷᠪᠠᠠ ᠰᠠᠷ᠎ᠠ᠎ᠶ᠋ᠢᠨ ᠳᠤᠮᠳᠠᠴᠢ᠎ᠪᠠᠷ ᠡᠭᠢᠯᠠᠠ ᠱᠢᠯᠢ᠂ ᠡᠪᠡᠭᠡᠭ ᠨᠤᠤᠰᠤ᠎ᠶ᠋ᠢ ᠬᠠᠢᠴᠢᠯᠠᠨ᠎ᠠ᠂ ᠳᠤᠭ ᠨᠤᠤᠰᠤ ᠪᠤᠯᠤᠠ ᠰᠠᠭᠦᠯ᠎ᠤᠨ ᠥᠵᠤᠭᠦᠷ᠎ᠤᠨ ᠨᠤᠤᠰᠤ᠎ᠶ᠋ᠢ ᠥᠪᠴᠢ ᠪᠠᠶ᠎ᠠ᠎ᠶ᠋ᠢᠨ ᠨᠤᠤᠰᠤ᠎ᠲᠠᠢ ᠵᠠᠷᠭᠡ᠎ᠪᠠᠷ ᠬᠤᠷᠢᠶᠠᠳᠠᠭ᠃
       ᠠᠯᠠᠱᠠ ᠪᠠᠷᠠᠭᠤᠨ ᠬᠤᠱᠢᠭᠤᠨ᠎ᠤ ᠬᠦᠨᠳᠡᠯᠡᠢ ᠭᠠᠴᠠᠭᠠᠨ᠎ᠤ ᠡᠷᠳᠡᠨᠢᠳᠠᠯᠠᠢ᠎ᠶ᠋ᠢᠨ ᠶᠡᠷᠡᠨ ᠨᠠᠰᠤᠨ᠎ᠤ ᠦᠨᠳᠦᠷ ᠨᠠᠰᠤᠨ ᠬᠤᠲᠤᠭ᠎ᠢ ᠵᠤᠭᠤᠭ᠍ᠯᠠᠵᠤ ᠶᠠᠪᠤᠭ᠎ᠠ ᠡᠵᠢ᠎ᠶ᠋ᠢᠨ ᠬᠢᠨᠢ ᠤᠢ᠍ᠢᠷ᠎ᠠ᠎ᠶ᠋ᠢᠨ ᠬᠤᠭᠤᠴᠠᠭᠠᠨ᠎ᠤ ᠲᠡᠭᠡᠰᠦ ᠪᠤᠷᠠᠨᠳᠠᠭ ᠲᠠᠮᠤᠬᠤ᠂ ᠤᠳᠠᠰᠤ ᠡᠷᠢᠬᠦ᠌ ᠵᠡᠷᠭᠡ ᠠᠵᠢᠯ ᠬᠢᠵᠤ ᠪᠠᠢᠭ᠎ᠠ ᠪᠢᠴᠢᠯ ᠱᠢᠩᠭᠡᠭᠡᠯᠳᠡ᠎ᠨᠢ ᠨᠡᠢᠵᠡ᠎ᠶ᠋ᠢᠨ ᠲᠤᠭᠤᠷᠢᠭ᠎ᠢᠶᠠᠷ ᠲᠠᠮᠵᠢᠬ᠍ᠳᠠᠵᠤ᠂ ᠬᠦᠮᠦᠰ᠎ᠤᠨ ᠠᠩᠬᠠᠷᠤᠯ᠎ᠳᠤ ᠬᠦᠷᠴᠦ᠍ ᠪᠢᠯᠡ᠃ ᠡᠷᠳᠡᠨᠢᠳᠠᠯᠠᠢ᠄ 《ᠡᠵᠢ ᠮᠢᠨᠢ ᠬᠡᠳᠦ᠋ᠢᠪᠡᠷ ᠦᠨᠳᠦᠷ ᠨᠠᠰᠤ᠎ᠲᠠᠢ ᠪᠤᠯᠪᠠᠴᠤ᠌ ᠵᠦᠭᠡᠷ ᠰᠠᠭᠤᠵᠤ ᠴᠢᠳᠠᠳᠠᠭ ᠦᠬᠡᠢ᠂ ᠲᠠᠩᠳᠡ ᠬᠢᠵᠤ ᠤᠷᠤᠯᠳᠤᠵᠤ ᠪᠠᠢᠬ᠍ᠰᠠᠨ ᠵᠦᠢᠯ᠎ᠢᠶᠠᠨ ᠬᠢᠵᠤ ᠤᠷᠤᠯᠳᠤᠳᠠᠭ᠂ ᠡᠨᠡ᠎ᠨᠢ ᠮᠠᠨ᠎ᠳᠤ ᠲᠠᠭᠤᠷᠢᠶᠠᠯ ᠪᠤᠯᠵᠤ ᠪᠠᠢᠨ᠎ᠠ᠃ ᠲᠡᠮᠡᠭᠡᠨ ᠵᠤᠬ᠍ᠳᠤᠷ᠎ᠢᠶᠠᠨ ᠬᠠᠢᠴᠢᠯᠠᠵᠤ ᠠᠪᠤᠬ᠍ᠰᠠᠨ ᠴᠠᠭ᠎ᠠᠴᠠ ᠡᠬᠢᠯᠡᠨ ᠪᠤᠷᠠᠨᠳᠠᠭ᠂ ᠠᠷᠭᠠᠮᠵᠢ᠊ ᠡᠶ᠎ᠡ ᠲᠠᠮᠤᠬᠤ᠂ ᠪᠤᠤᠷ᠎ᠠ᠎ᠶ᠋ᠢᠨ ᠲᠤᠮᠤᠭᠤ᠂ ᠪᠤᠳᠤᠭᠤᠨ᠎ᠤ ᠨᠤᠬ᠍ᠳᠤ᠂ ᠤᠯᠤᠩ᠂ ᠪᠤᠳᠤᠭᠤᠨ᠎ᠤ ᠤᠶᠠᠭ᠎ᠠ ᠵᠢᠴᠢ ᠮᠤᠩᠭᠤᠯ ᠬᠡᠷ᠎ᠤᠨ ᠪᠦᠰᠡᠯᠡᠬᠦᠷ ᠬᠢᠵᠤ ᠬᠡᠷᠡᠭ᠌ᠯᠡᠳᠡᠭ᠂ ᠡᠳᠡᠬᠡᠷ᠎ᠨᠢ ᠪᠦᠷ ᠮᠤᠩᠭᠤᠯ ᠦᠨᠳᠦᠰᠦᠳᠡᠨ᠎ᠤ ᠠᠮᠢᠳᠤᠷᠠᠯ ᠠᠬᠤᠢ᠎ᠳᠤ ᠬᠡᠷᠡᠭ᠌ᠯᠡᠬᠦ᠌ ᠡᠳ᠋ᠯᠡᠯ ᠬᠡᠷᠡᠭ᠌ᠰᠡᠯ ᠪᠤᠯᠤᠨ᠎ᠠ》 ᠭᠡᠨ᠎ᠠ᠃
       《ᠬᠢᠵᠢᠭ᠎ᠤᠨ ᠪᠠᠢᠳᠠᠯ᠎ᠠᠴᠠ ᠪᠤᠯᠵᠤ ᠰᠤᠷᠭᠠᠭᠤᠯᠢ ᠡᠬᠢᠯᠡᠬᠦ᠌ ᠴᠠᠭ ᠬᠤᠢᠱᠢᠯᠠᠬ᠍ᠰᠠᠨ ᠪᠤᠯᠬᠤᠷ ᠪᠢ ᠡᠵᠢ᠎ᠪᠠᠨ ᠬᠠᠪᠰᠤᠷᠴᠤ᠌ ᠲᠡᠮᠡᠭᠡ ᠵᠤᠬ᠍ᠳᠤᠷᠯᠠᠬᠤ᠂ ᠲᠡᠮᠡᠭᠡᠨ ᠨᠤᠤᠰᠤ᠎ᠪᠠᠷ ᠡᠳ᠋ᠯᠡᠯ ᠬᠡᠷᠡᠭ᠌ᠰᠡᠯ ᠬᠢᠬᠦ᠌᠎ᠶ᠋ᠢ ᠰᠤᠷᠤᠯ᠎ᠠ᠂ ᠪᠤᠷᠠᠨᠳᠠᠭ ᠲᠠᠮᠤᠬᠤ᠎ᠳᠤ ᠲᠦᠷᠦᠬᠦᠨ᠎ᠤ ᠠᠵᠢᠯ ᠪᠤᠯ ᠨᠤᠤᠰᠤ᠎ᠪᠠᠨ ᠴᠡᠪᠡᠷᠯᠡᠵᠤ ᠲᠡᠭᠦᠨ᠎ᠡ᠂ ᠡᠨᠡ᠎ᠨᠢ ᠤᠳᠤ ᠮᠢᠨᠦ᠍ ᠬᠠᠮᠤᠭ ᠴᠢᠳᠠᠮᠠᠭᠠᠢ ᠬᠢᠵᠤ ᠴᠢᠳᠠᠬᠤ ᠠᠵᠢᠯ ᠪᠤᠯᠤᠬ᠍ᠰᠠᠨ》 ᠭᠡᠮᠡᠨ ᠠᠯᠠᠱᠠ ᠪᠠᠷᠠᠭᠤᠨ ᠬᠤᠱᠢᠭᠤᠨ᠎ᠤ ᠲᠠᠩᠰᠤᠬ᠍ᠪᠤᠯᠠᠭ ᠰᠤᠮᠤᠨ᠎ᠤ ᠡᠩᠭᠡᠷ ᠤᠰᠤ ᠭᠠᠴᠠᠭᠠᠨ᠎ᠳᠤ ᠨᠤᠳᠤᠭ᠎ᠲᠠᠢ ᠴᠠᠢᠯᠭᠠᠨ ᠶᠠᠷᠢᠨ᠎ᠠ᠃
       ᠠᠯᠠᠱᠠ ᠨᠤᠳᠤᠭ᠎ᠤᠨ ᠠᠵᠢᠯᠴᠢ ᠪᠤᠷᠤᠬ᠍ᠵᠢᠭᠤᠨ ᠲᠡᠮᠡᠭᠡᠴᠢᠳ ᠠᠵᠢᠯᠴᠢ ᠬᠤᠶᠠᠷ ᠭᠠᠷ᠎ᠢᠶᠠᠨ᠎ᠢᠶᠠᠨ ᠠᠮᠢᠳᠤᠷᠠᠯ᠎ᠢᠶᠠᠨ ᠴᠤᠬ᠍ᠴᠠᠯᠠᠵᠤ ᠶᠠᠭᠠᠷᠠᠯᠳᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号