《ᠲᠥᠯᠬᠡᠡ ᠳ᠋ᠤ》 ᠎ᠠᠴᠠ 《ᠤᠯᠠᠭᠠᠠ ᠱᠢᠰᠢ ᠤᠬ᠍ᠰᠠᠭ᠎ᠠ》 ᠬᠥᠷᠳᠡᠯ᠎ᠡ
2020-04-23 18:03:10
ᠵᠣᠬᠢᠶᠠᠭ᠍ᠴᠢ᠄
ᠪᠤᠷᠤᠭᠠᠠ
ᠣᠩᠱᠢᠭ᠍ᠰᠠᠨ ᠣᠳᠠᠭ᠎ᠠ᠄
★★★☆☆

                ● ᠪᠤᠷᠤᠭᠠᠠ



    ᠪᠤᠷᠤᠭᠠᠨ (ᠢ᠊ · ᠱᠢᠤ ᠯᠠᠨ)᠂ ᠲᠦᠡᠭ᠌ᠯᠢᠶᠤᠤ ᠬᠤᠳᠠ᠎ᠶ᠋ᠢᠨ ᠬᠤᠷᠴᠢᠨ ᠵᠡᠬᠦᠨ ᠭᠠᠷᠤᠨ ᠬᠤᠢᠳᠦ ᠬᠤᠱᠢᠭᠤ᠎ᠪᠠᠷ ᠨᠤᠳᠤᠭ᠍ᠳᠠᠢ᠃ 《ᠱᠢᠪᠡᠷᠡᠭᠡ ᠪᠤᠷᠤᠭᠠᠨ》 ᠬᠡᠬᠦ᠌ ᠲᠤᠭᠤᠵᠢᠰ᠎ᠤᠨ ᠲᠡᠬᠦᠪᠦᠷᠢ᠂ 《ᠠᠷᠪᠠᠨ ᠨᠠᠢ᠍ᠮᠡᠳᠡᠢ ᠪᠠᠢᠬ᠍ᠰᠠᠨ》 ᠬᠡᠬᠦ᠌ ᠷᠤᠮᠠᠨ᠎ᠲᠠᠢ᠃ 2019 ᠤᠨ᠎ᠳᠤ 《ᠴᠡᠭᠡ》 ᠨᠡᠷᠡᠮᠵᠢᠳᠦ ᠦᠨᠢᠷ ᠴᠡᠴᠡᠭ ᠤᠷᠠᠨ ᠵᠤᠬᠢᠶᠠᠯ᠎ᠤᠨ ᠨᠠᠭᠠᠳᠤᠮ᠎ᠤᠨ ᠲᠤᠭᠤᠵᠢ᠎ᠶ᠋ᠢᠨ ᠤᠷᠤᠯᠳᠤᠭᠠᠨ᠎ᠳᠤ ᠲᠡᠷᠢᠬᠦᠯᠡᠵᠦ᠍᠂ 《ᠠᠯᠳᠠᠨ     ᠬᠢᠨᠭ᠌ᠭᠠᠨ》 ᠬᠤᠨᠳᠠᠭᠠᠳᠦ ᠪᠦᠬᠦ᠌ ᠤᠯᠤᠰ᠎ᠤᠨ ᠮᠤᠩᠭᠤᠯ ᠨᠠᠢᠷᠠᠭᠤᠯᠤᠯ᠎ᠤᠨ ᠤᠷᠤᠯᠳᠤᠭᠠᠨ᠎ᠤ ᠲᠡᠷᠢᠬᠦᠨ ᠨᠡᠷ᠎ᠠ᠎ᠳᠤ ᠲᠤᠳᠤᠷᠠᠪᠠ᠃


     2019 ᠤᠠ᠎ᠤ 11 ᠰᠠᠷ᠎ᠠ᠎ᠶ᠋ᠢᠨ 7 ᠎ᠤ ᠥᠳᠡ᠎ᠶ᠋ᠢᠨ ᠡᠮᠥᠨ᠎ᠡ ᠬᠥᠬᠡᠬᠤᠳᠠ ᠨᠤᠳᠤᠭ᠎ᠲᠠᠢ ᠳ᠋ᠧᠩ ᠵᠢᠤ ᠭᠠᠩ ᠪᠠᠭ᠍ᠰᠢ ᠮᠠᠠ᠎ᠤ ᠶᠢᠰᠥᠳᠥᠬᠡᠷ ᠬᠤᠭᠤᠴᠠᠭᠠᠠ᠎ᠤ ᠤᠳᠭ᠎ᠠ ᠵᠤᠬᠢᠶᠠᠯ ᠰᠤᠳᠤᠯᠬᠤ ᠠᠩᠬᠢ᠎ᠳᠤ ᠬᠢᠴᠢᠶᠡᠯᠯᠡᠭᠡ ᠬᠢᠬᠦ᠌᠎ᠳᠡᠭᠡᠨ᠂ 《ᠮᠥᠸᠧ ᠶᠠᠠ᠎ᠯᠤᠭ᠎ᠠ ᠵᠤᠭᠤᠬ᠍ᠳᠠᠬᠤ ᠲᠤᠮᠳᠠ ᠪᠢ ᠲᠡᠬᠦᠠ᠎ᠤ ᠠᠮᠵᠢᠯᠳᠠ ᠤᠯᠤᠬ᠍ᠰᠠᠠ ᠤᠯᠠᠩᠬᠢ ᠪᠥᠳᠥᠬᠡᠯ᠎ᠨᠢ ᠴᠦᠮ 〈ᠲᠥᠯᠬᠡᠡ ᠳ᠋ᠤ〉 ᠎ᠠᠴᠠ ᠰᠡᠷᠡᠯᠳᠡ ᠤᠯᠤᠬ᠍ᠰᠠᠠ ᠬᠡᠳᠡᠭ᠎ᠢ ᠮᠡᠳᠡᠭ᠌ᠰᠡᠡ ᠶᠤᠮ》 ᠬᠡᠰᠡᠡ᠎ᠨᠢ ᠮᠢᠨᠤ ᠰᠡᠳᠭᠢᠯ᠎ᠳᠤ ᠬᠥᠠ ᠰᠠᠭᠤᠬ᠍ᠳᠠᠯ᠎ᠠ᠃ ᠤᠳᠭ᠎ᠠ ᠵᠤᠬᠢᠶᠠᠯ᠎ᠤᠨ ᠤᠯᠠᠩᠬᠢ ᠪᠠᠭ᠍ᠰᠢᠨᠠᠷ 《ᠲᠥᠯᠬᠡᠡ ᠳ᠋ᠤ》 ᠎ᠢ ᠠᠮᠠᠠ᠎ᠠᠴᠠ᠎ᠪᠠᠨ ᠰᠠᠯᠭᠠᠯ ᠥᠬᠡᠢ ᠶᠠᠷᠢᠳᠠᠭ ᠪᠥᠬᠡᠳ ᠨᠤᠫᠧᠯ᠎ᠤᠨ ᠱᠠᠩᠨᠠᠯᠳᠤ ᠵᠤᠬᠢᠶᠠᠯᠴᠢ ᠮᠥᠸᠧ ᠶᠠᠠ ᠴᠤ᠌ 《ᠲᠥᠯᠬᠡᠡ ᠳ᠋ᠤ》 ᠎ᠯᠤᠭ᠎ᠠ ᠡᠢᠮᠥᠷᠬᠦᠤ ᠁ ᠬᠤᠯᠪᠤᠭ᠎ᠠ᠎ᠲᠠᠢ ᠪᠠᠢᠭ᠎ᠠ᠎ᠨᠢ ᠮᠢᠨᠤ ᠠᠩᠬᠠᠷᠤᠯ᠎ᠢ ᠶᠠᠭᠠᠬᠢᠬᠤ᠎ᠶ᠋ᠢᠨ ᠠᠷᠭ᠎ᠠ ᠥᠬᠡᠢ ᠲᠠᠳᠠᠯ᠎ᠠ᠃
    ᠡᠨᠡ ᠬᠦ᠌ ᠠᠯᠳᠠᠷᠳᠤ ᠪᠥᠳᠥᠬᠡᠯ᠎ᠲᠠᠢ ᠪᠢ ᠲᠠᠩᠳᠠ ᠵᠠᠶᠠᠭ᠎ᠠ ᠠᠯᠤᠰᠯᠠᠠ ᠶᠠᠪᠤᠵᠤ᠂ ᠬᠡᠵᠢᠶ᠎ᠡ ᠬᠤᠵᠢᠮ᠎ᠨᠢ ᠤᠳᠭ᠎ᠠ ᠵᠤᠬᠢᠶᠠᠯ᠎ᠤᠨ ᠰᠤᠳᠤᠯᠤᠠ ᠰᠤᠷᠤᠯᠴᠠᠬᠤ ᠠᠩᠬᠢ᠎ᠳᠤ ᠢᠷᠡᠬᠡᠳ ᠰᠠᠶᠢ ᠥᠪᠥᠷ ᠮᠤᠩᠭᠤᠯ᠎ᠤᠨ ᠶᠡᠭᠡ ᠰᠤᠷᠭᠠᠭᠤᠯᠢ᠎ᠶ᠋ᠢᠨ ᠨᠤᠮ᠎ᠤᠨ ᠰᠠᠩ᠎ᠳᠤ ᠶᠡᠭᠡ ᠲᠥᠯᠥᠪ ᠨᠢᠳᠥᠯᠡᠡ ᠲᠠᠭᠤᠰᠭᠠᠵᠠᠢ᠃ ᠨᠠᠶᠠᠭᠠᠳ ᠤᠠ᠎ᠤ ᠬᠡᠪᠯᠡᠯ ᠪᠠᠢᠵᠤ᠂ ᠵᠤᠪ ᠵᠤᠵᠠᠭᠠᠠ ᠲᠥᠷᠪᠡᠡ ᠲᠡᠪᠳᠡᠷ ᠪᠠᠢᠬ᠍ᠰᠠᠠ᠃ ᠬᠡᠴᠢᠨᠡᠡ ᠤᠯᠠᠠ ᠤᠩᠱᠢᠬ᠍ᠴᠢ᠎ᠶ᠋ᠢᠨ ᠭᠠᠷ᠎ᠤᠨ ᠬᠥᠯᠥᠰᠤᠠ᠎ᠳᠤ ᠲᠡᠪᠳᠥᠭ᠌ᠰᠡᠡ᠎ᠢ ᠪᠤᠤ ᠮᠡᠳᠡ᠂ ᠡᠯᠡᠭ᠌ᠳᠡᠡ ᠤᠷᠠᠬ᠍ᠳᠠᠵᠤ ᠭᠬᠢᠷᠳᠤᠠ ᠲᠠᠬ᠍ᠰᠢᠷᠠᠭᠠᠳ ᠥᠵᠡᠬᠦ᠌᠎ᠳᠤ ᠥᠨ᠎ᠡ ᠬᠥᠷᠬᠦ᠌ ᠥᠬᠡᠢ ᠪᠤᠯᠤᠬ᠍ᠰᠠᠠ ᠱᠢᠭ᠋ ᠪᠤᠯᠪᠠᠴᠤ᠌ ᠶᠠᠭ ᠡᠨᠡ ᠬᠦ᠌ ᠥᠨ᠎ᠡ ᠬᠥᠷᠬᠦ᠌ ᠥᠬᠡᠢ ᠶᠠᠩᠵᠤ᠎ᠨᠢ ᠨᠠᠳᠠᠳᠤ ᠲᠤᠩ ᠥᠨᠡᠳᠡᠢ ᠰᠠᠨᠠᠬ᠍ᠳᠠᠵᠠᠢ᠃ ᠪᠢ ᠲᠤᠩ ᠨᠠᠷᠢᠠ ᠬᠢᠨᠠᠮᠠᠭᠠᠢ ᠲᠡᠮᠳᠡᠭ᠌ᠯᠡᠯ ᠬᠢᠵᠤ᠂ ᠭᠷᠢᠭᠤᠷᠢ ᠪᠠ ᠠᠺᠱᠢᠨᠢᠶᠠ᠎ᠶ᠋ᠢᠨ ᠤᠯᠠᠠ ᠨᠤᠭᠤᠴᠠᠭᠠᠳᠤ ᠬᠤᠪᠢ ᠲᠠᠪᠢᠯᠠᠩ᠎ᠳᠤ ᠰᠡᠳᠭᠢᠯ ᠲᠡᠩᠰᠡᠯᠵᠤ ᠶᠠᠪᠤᠬ᠍ᠰᠠᠠ        ᠳ᠋ᠠ᠃
    ᠳ᠋ᠧᠩ ᠪᠠᠭ᠍ᠰᠢ᠎ᠶ᠋ᠢᠨ ᠬᠢᠴᠢᠶᠡᠯᠯᠡᠭᠡ᠎ᠶ᠋ᠢᠨ ᠲᠠᠷᠠᠭ᠎ᠠ ᠪᠢ ᠲᠤᠰᠭᠠᠢᠯᠠᠠ ᠮᠥᠸᠧ ᠶᠠᠠ᠎ᠤ ᠪᠥᠳᠥᠬᠡᠯ᠎ᠢ ᠤᠷᠪᠠᠭᠤᠯᠵᠤ᠂ ᠤᠠᠴᠠᠭᠠᠢᠯᠠᠠ 《ᠤᠯᠠᠭᠠᠠ ᠱᠢᠰᠢ ᠤᠬ᠍ᠰᠠᠭ᠎ᠠ》 ᠎ᠶ᠋ᠢ᠎ᠨᠢ ᠤᠷᠮ᠎ᠠ ᠲᠡᠬᠦᠯᠳᠡᠷ ᠤᠩᠱᠢᠯ᠎ᠠ᠃ ᠥᠩᠬᠡᠷᠡᠭ᠌ᠰᠡᠡ᠎ᠳᠤ ᠮᠥᠸᠧ ᠶᠠᠠ᠎ᠤ ᠵᠤᠬᠢᠶᠠᠯ᠎ᠢ ᠬᠤᠪᠢᠠ᠎ᠳᠠᠭᠠᠨ ᠪᠢ ᠲᠤᠭᠤᠬᠤ ᠡᠰᠡᠬᠦ᠌᠎ᠶ᠋ᠢᠨ ᠬᠤᠭᠤᠷᠤᠠᠳᠤ ᠡᠷᠡᠬᠡᠯᠵᠡᠵᠤ ᠶᠠᠪᠤᠬ᠍ᠰᠠᠠ ᠮᠢᠨᠢ ᠬᠡᠴᠢᠨᠡᠡ ᠪᠤᠷᠤᠭᠤᠳᠠᠬ᠍ᠰᠠᠠ᠎ᠢᠶᠠᠨ ᠬᠡᠨᠡᠳᠳᠡ ᠤᠢᠯᠠᠭᠠᠵᠤ᠂ ᠶᠠᠭᠠᠬᠢᠭᠠᠳ ᠡᠷᠳᠡ ᠤᠩᠱᠢᠬ᠍ᠰᠠᠠ ᠥᠬᠡᠢ ᠶᠤᠮ ᠳ᠋ᠠ ᠬᠡᠰᠡᠡ ᠬᠠᠷᠠᠮᠰᠠᠯ᠎ᠳᠤ ᠪᠠᠵᠠᠯᠠᠬ᠍ᠳᠠᠵᠤ ᠪᠠᠢᠪᠠ᠃
    《ᠤᠯᠠᠭᠠᠠ ᠱᠢᠰᠢ ᠤᠬ᠍ᠰᠠᠭ᠎ᠠ》 ᠎ᠶ᠋ᠢ ᠤᠩᠱᠢᠬᠤ᠎ᠳᠤ ᠢᠥᠢ ᠵᠠᠠ ᠣᠣ᠎ᠶ᠋ᠢᠨ ᠲᠥᠷᠢ᠂ 《ᠲᠥᠯᠬᠡᠡ ᠳ᠋ᠤ》 ᠎ᠤ ᠭᠤᠤᠯ ᠪᠠᠭᠠᠳᠤᠷ ᠭᠷᠢᠭᠤᠷᠢ᠎ᠶ᠋ᠢᠨ ᠲᠥᠷᠢ ᠬᠤᠶᠠᠷ ᠮᠢᠨᠤ ᠨᠢᠳᠤᠠ ᠡᠮᠥᠨ᠎ᠡ ᠰᠤᠯᠪᠢᠴᠠᠨ᠎ᠠ᠃ ᠠᠺᠱᠢᠨᠢᠶᠠ ᠪᠠ ᠳ᠋ᠠᠢ ᠹᠧᠩ ᠯᠢᠶᠠᠠ (ᠪᠠᠭ᠎ᠠ᠎ᠶ᠋ᠢᠨ ᠨᠡᠷ᠎ᠡ᠎ᠨᠢ ᠵᠢᠤ ᠡᠯ) ᠎ᠤ ᠲᠥᠷᠢ ᠴᠤ᠌ ᠶᠠᠮᠠᠷ ᠨᠢᠬᠡᠡ ᠲᠠᠯ᠎ᠠ᠎ᠪᠠᠷ᠎ᠢᠶᠠᠨ ᠲᠥᠰᠥᠬᠡᠳᠡᠢ ᠱᠢᠭ᠃ ᠳ᠋ᠤ ᠭᠤᠤᠯ ᠪᠠ ᠮᠥᠸᠧ ᠱᠥᠢ ᠡᠾᠧ ᠭᠤᠤᠯ ᠴᠤ᠌ ᠵᠤᠬᠢᠶᠠᠯ᠎ᠤᠨ ᠤᠷᠴᠢᠠ ᠲᠤᠭᠤᠷᠢᠠ᠎ᠤ ᠰᠥᠭ ᠰᠥᠨᠡᠰᠤ ᠪᠤᠯᠵᠤ᠂ ᠪᠥᠬᠦ᠌ ᠵᠤᠬᠢᠶᠠᠯ᠎ᠳᠤ ᠬᠥᠭ ᠵᠢᠷᠤᠭ ᠨᠡᠮᠡᠷᠢᠯᠡᠭ᠌ᠰᠡᠡ᠎ᠨᠢ ᠲᠡᠷᠡ᠃ ᠮᠥᠸᠧ ᠶᠠᠠ ᠨᠡᠩ ᠰᠡᠷᠬᠦᠯᠡᠩ ᠤᠬᠠᠭᠠᠠ᠎ᠢᠶᠠᠷ ᠨᠤᠳᠤᠭ᠎ᠤᠨ ᠭᠤᠤᠯ ᠤᠷᠭᠤᠯᠳᠠ ᠪᠤᠯᠬᠤ ᠤᠯᠠᠭᠠᠠ ᠱᠢᠰᠢ᠎ᠶ᠋ᠢ ᠲᠡᠷᠢᠬᠦᠠ ᠲᠡᠬᠡᠷ᠎ᠡ᠎ᠪᠠᠨ ᠡᠷᠬᠦᠬᠡᠳ ᠶᠡᠷᠤ ᠲᠠᠯᠪᠢᠬ᠍ᠰᠠᠠ ᠥᠬᠡᠢ ᠲᠤᠯᠠ ᠴᠠᠭ ᠪᠠ ᠤᠷᠤᠠ ᠵᠠᠢ᠂ ᠵᠤᠬᠢᠶᠠᠮᠵᠢᠯᠳᠠ᠎ᠨᠢ ᠨᠢᠬ᠍ᠳᠠ ᠤᠶᠠᠯᠳᠤᠵᠤ᠂ ᠨᠢᠮᠪᠠᠢ ᠠᠭᠤᠰᠤᠯᠳᠤᠵᠤ ᠴᠢᠳᠠᠵᠠᠢ᠃ ᠲᠡᠢᠮᠤ᠎ᠠᠴᠠ ᠬᠡᠡ ᠬᠥᠮᠥᠠ ᠲᠡᠬᠦᠠ᠎ᠤ 《ᠤᠯᠠᠭᠠᠠ ᠱᠢᠰᠢ ᠤᠬ᠍ᠰᠠᠭ᠎ᠠ》 ᠎ᠶ᠋ᠢ 《ᠲᠥᠯᠬᠡᠡ ᠳ᠋ᠤ》 ᠎ᠲᠠᠢ ᠲᠡᠢᠮᠤ ᠠᠮᠠᠷᠬᠠᠠ ᠬᠤᠯᠪᠤᠠ ᠪᠤᠳᠤᠬᠤ ᠶᠤᠮ ᠳ᠋ᠠ᠃
    《ᠤᠯᠠᠭᠠᠠ ᠱᠢᠰᠢ ᠤᠬ᠍ᠰᠠᠭ᠎ᠠ》 ᠎ᠶ᠋ᠢᠨ ᠤᠷᠴᠢᠠ ᠲᠤᠭᠤᠷᠢᠠ᠎ᠤ ᠲᠥᠷᠰᠥᠯᠡᠯ ᠭᠤᠶᠤ᠃ ᠤᠯᠠᠭᠠᠠ ᠱᠢᠰᠢ ᠶᠡᠷᠤᠨᠢ ᠴᠢᠰᠤᠠ ᠥᠨᠥᠷ᠎ᠠᠴᠠ ᠰᠠᠯᠤᠬ᠍ᠰᠠᠠ ᠥᠬᠡᠢ ᠪᠤᠯᠪᠠᠴᠤ᠌ ᠲᠡᠷᠡ᠎ᠨᠢ ᠶᠠᠭ 《ᠲᠥᠯᠬᠡᠡ ᠳ᠋ᠤ》 ᠎ᠳᠤ ᠵᠤᠬᠢᠴᠠᠯᠳᠤᠬ᠍ᠰᠠᠠ ᠵᠤᠬᠢᠶᠠᠬ᠍ᠴᠢ᠎ᠶ᠋ᠢᠨ ᠡᠷᠳᠡᠮ᠃ ᠬᠤᠶᠠᠳᠤᠭᠠᠷ ᠡᠮᠡᠭᠡ᠎ᠶ᠋ᠢᠨ ᠥᠨᠡᠭᠡ ᠤᠷᠤᠱᠢᠬ᠍ᠰᠠᠠ ᠲᠥᠷᠢ᠎ᠶ᠋ᠢ ᠴᠤ᠌ ᠭᠤᠶᠤ ᠪᠥᠳᠥᠬᠡᠵᠡᠢ᠃ ᠶᠠᠫᠤᠠ᠎ᠢ ᠡᠰᠡᠷᠬᠦᠴᠡᠬᠦ᠌ ᠲᠠᠢᠠ᠎ᠢᠶᠠᠷ ᠠᠷᠤ ᠥᠵᠡᠭ᠌ᠳᠡᠯ ᠪᠤᠯᠭᠠᠬ᠍ᠰᠠᠠ᠎ᠨᠢ ᠲᠡᠥᠬᠡᠳᠤ ᠠᠴᠢ ᠬᠤᠯᠪᠤᠬ᠍ᠳᠠᠯ᠎ᠲᠠᠢ᠎ᠪᠠᠷ ᠪᠠᠷᠠᠬᠤ ᠥᠬᠡᠢ ᠬᠤᠶᠠᠳᠤᠭᠠᠷ ᠡᠮᠡᠭᠡ ᠮᠡᠳᠤ᠎ᠶ᠋ᠢᠨ ᠲᠥᠷᠢ ᠰᠠᠶᠢ ᠲᠡᠷᠡ ᠴᠠᠭ ᠥᠶ᠎ᠡ᠎ᠶ᠋ᠢ ᠲᠥᠢᠯᠪᠤᠷᠢᠳᠠᠢ ᠲᠤᠰᠭᠠᠬᠤ᠎ᠳᠤ ᠤᠠᠴᠠᠭᠠᠢ ᠲᠤᠰᠠᠯᠠᠪᠠ᠃ ᠮᠥᠸᠧ ᠶᠠᠠ᠎ᠤ ᠵᠤᠬᠢᠶᠠᠯ᠎ᠤᠨ ᠥᠬᠡ ᠬᠡᠯᠡᠯᠬᠡ᠎ᠶ᠋ᠢ ᠵᠠᠷᠢᠮᠠᠳ᠎ᠨᠢ ᠪᠥᠳᠥᠬᠦᠯᠢᠭ ᠬᠡᠵᠤ ᠬᠡᠯᠡᠨ᠎ᠡ᠃ ᠬᠡᠳᠡᠯ᠎ᠡ ᠮᠢᠨᠤ ᠪᠤᠳᠤᠬᠤ᠎ᠪᠠᠷ ᠲᠡᠷᠡ᠎ᠨᠢ ᠶᠠᠭ ᠡᠵᠡᠷᠬᠡᠭ ᠮᠠᠶᠢᠭ᠎ᠤᠨ ᠥᠪᠡᠷᠮᠢᠴᠡ ᠬᠡᠯᠡᠯᠬᠡ ᠪᠠᠢᠭ᠎ᠠ ᠶᠤᠮ᠃ ᠡᠢᠮᠤᠷᠬᠦᠤ ᠵᠤᠬᠢᠶᠠᠯ᠎ᠤᠨ ᠬᠡᠯᠡᠯᠬᠡ ᠪᠠᠢᠭ᠎ᠠ ᠥᠬᠡᠢ ᠶᠤᠮ ᠪᠤᠯ ᠮᠥᠸᠧ ᠶᠠᠠ᠎ᠤ ᠵᠤᠬᠢᠶᠠᠯ᠎ᠤᠨ ᠥᠩᠬᠡ᠎ᠨᠢ ᠬᠠᠮᠢᠭ᠎ᠠ᠎ᠪᠠᠨ ᠲᠡᠯᠬᠡᠭ᠌ᠳᠡᠵᠤ ᠪᠠᠢᠳᠠᠭ᠎ᠢ ᠤᠯᠳᠤᠢ ᠪᠢ ᠤᠬ᠍ᠳᠤ ᠮᠡᠳᠡᠬᠦ᠌᠎ᠶ᠋ᠢᠨ ᠠᠷᠭ᠎ᠠ ᠥᠬᠡᠢ᠃
    ᠢᠥᠢ ᠵᠠᠠ ᠣᠣ᠎ᠶ᠋ᠢᠨ ᠲᠥᠬᠡᠷᠢᠭ᠌ᠳᠡᠯ᠂ ᠭᠷᠢᠭᠤᠷᠢ᠎ᠶ᠋ᠢᠨ ᠰᠤᠩᠭᠤᠯᠳᠠ᠃ ᠵᠢᠤ ᠡᠯ᠎ᠶ᠋ᠢᠨ ᠥᠷᠡᠭ᠌ᠳᠡᠯ᠂ ᠠᠺᠨᠢᠱᠢᠶᠠ᠎ᠶ᠋ᠢᠨ ᠥᠬᠦᠯ᠃ ᠲᠠᠩᠴᠢ ᠲᠥᠰᠥᠬᠡᠳᠡᠢ᠃ ᠨᠡᠩ ᠬᠥᠠᠵᠡᠬᠡᠢ ᠤᠳᠭ᠎ᠠ ᠠᠭᠤᠯᠭ᠎ᠠ᠎ᠠᠴᠠ ᠬᠡᠯᠡᠪᠡᠯ ᠵᠢᠤ ᠡᠯ ᠪᠤᠯ ᠡᠷᠬᠡ ᠴᠢᠯᠥᠬᠡ᠎ᠶ᠋ᠢ ᠬᠥᠰᠡᠭ᠌ᠰᠡᠡ᠂ ᠠᠵᠢᠯᠴᠢ ᠠᠷᠪᠢᠴᠢ᠎ᠪᠠᠷ ᠠᠳᠠᠯ ᠠᠮᠢᠳᠤᠷᠠᠯ᠎ᠢᠶᠠᠨ ᠪᠤᠰᠭᠠᠬ᠍ᠰᠠᠠ᠂ ᠢᠨᠠᠭ ᠬᠠᠢᠷ᠎ᠠ᠎ᠳᠠᠭᠠᠨ ᠥᠨᠡᠡᠴᠢ᠂ ᠤᠯᠤᠰ ᠥᠠᠳᠥᠰᠥᠳᠡᠡ᠎ᠢᠶᠠᠨ ᠥᠪᠡᠷ᠎ᠤᠨ ᠬᠡᠰᠡᠡ ᠤᠬᠠᠮᠰᠠᠷ᠎ᠢᠶᠠᠷ᠎ᠢᠶᠠᠨ ᠬᠠᠢᠷᠠᠯᠠᠠ ᠬᠠᠮᠠᠭᠠᠯᠠᠳᠠᠭ ᠴᠠᠭ ᠥᠶ᠎ᠡ᠎ᠳᠡᠭᠡᠨ ᠵᠤᠬᠢᠴᠠᠯᠳᠤᠬ᠍ᠰᠠᠠ ᠠᠪᠬᠠᠯᠵᠢᠳᠠᠢ ᠰᠡᠷᠬᠦᠯᠡᠩ᠂ ᠭᠤᠸ᠎ᠠ ᠥᠵᠡᠰᠭᠦᠯᠡᠩ ᠲᠤᠮᠳᠠᠳᠤ᠎ᠶ᠋ᠢᠨ ᠡᠮᠡᠭ᠌ᠳᠡᠢ᠎ᠶ᠋ᠢᠨ ᠲᠥᠷᠢ ᠶᠤᠮ᠃ ᠲᠡᠬᠦᠠ᠎ᠤ ᠲᠥᠷᠢ᠎ᠶ᠋ᠢᠨ ᠤᠷᠤᠱᠢᠬᠤᠢ᠎ᠶ᠋ᠢᠨ ᠤᠳᠭ᠎ᠠ ᠴᠢᠨᠠᠷ᠎ᠨᠢ ᠠᠺᠨᠢᠱᠢᠶᠠ᠎ᠶ᠋ᠢᠨ ᠲᠥᠷᠢ᠎ᠶ᠋ᠢᠨ ᠤᠷᠤᠱᠢᠬᠤᠢ᠎ᠶ᠋ᠢᠨ ᠤᠳᠭ᠎ᠠ ᠴᠢᠨᠠᠷ᠎ᠲᠠᠢ ᠬᠠᠷᠢᠴᠠᠭᠤᠯᠤᠬ᠍ᠳᠠᠵᠤ ᠪᠠᠢᠬ᠍ᠰᠠᠠ ᠶᠤᠮ᠃ ᠡᠢᠠ ᠬᠦ᠌ ᠠᠵᠢᠪᠠᠯ ᠠᠯᠳᠠᠷᠳᠤ ᠵᠤᠬᠢᠶᠠᠯᠴᠢ ᠮᠥᠸᠧ ᠶᠠᠠ 《ᠲᠥᠯᠬᠡᠡ ᠳ᠋ᠤ》 ᠬᠡᠮᠡᠬᠦ᠌ ᠠᠭᠤᠤ ᠶᠡᠭᠡ ᠪᠥᠳᠥᠬᠡᠯ᠎ᠢᠶᠠᠷ ᠡᠬᠦᠯᠡᠡ ᠬᠢᠰᠭᠢᠬᠦᠷ ᠪᠤᠯᠭᠠᠵᠤ ᠪᠠᠢᠬ᠍ᠰᠠᠠ᠎ᠨᠢ ᠭᠠᠢᠬᠠᠮᠱᠢᠬ᠍ᠳᠠᠢ᠃
    《ᠲᠥᠯᠬᠡᠡ ᠳ᠋ᠤ》 ᠴᠤ᠌ ᠬᠡᠰᠡᠡ᠂ 《ᠲᠥᠯᠬᠡᠡ ᠳ᠋ᠤ》 ᠎ᠤ ᠮᠤᠩᠭᠤᠯ ᠬᠤᠪᠢᠯᠪᠤᠷᠢ ᠬᠡᠵᠤ ᠶᠠᠷᠢᠬ᠍ᠳᠠᠳᠠᠭ 《ᠲᠤᠩᠭᠠᠯᠠᠭ ᠲᠠᠮᠢᠷ》 ᠴᠤ᠌ ᠬᠡᠰᠡᠡ᠂ ᠨᠤᠫᠧᠯ᠎ᠤᠨ ᠱᠠᠩᠨᠠᠯᠳᠤ᠎ᠶ᠋ᠢᠨ 《ᠤᠯᠠᠭᠠᠠ ᠱᠢᠰᠢ ᠤᠬ᠍ᠰᠠᠭ᠎ᠠ》 ᠴᠤ᠌ ᠬᠡᠰᠡᠡ᠂ ᠲᠥᠬᠡᠷᠢᠵᠤ ᠪᠤᠳᠤᠯᠢᠬ᠍ᠰᠠᠠ ᠭᠤᠤᠯ ᠪᠠᠭᠠᠳᠤᠷ᠎ᠤᠨ ᠲᠥᠷᠢ᠎ᠶ᠋ᠢ ᠪᠥᠳᠥᠭᠡᠭ᠌ᠰᠡᠡ ᠡᠳᠡᠬᠡᠷ ᠪᠥᠳᠥᠬᠡᠯ ᠪᠤᠯ ᠪᠢᠴᠢᠭ᠎ᠤᠨ ᠬᠤᠷᠭᠤᠠ᠎ᠳᠤ ᠲᠠᠯᠪᠢᠬᠤ ᠶᠤᠰᠤᠳᠠᠢ ᠰᠤᠩᠭᠤᠳᠠᠭ ᠪᠤᠶᠤ ᠱᠢᠯᠢᠳᠡᠭ ᠨᠤᠮ᠎ᠤᠳ ᠪᠤᠯᠪᠠᠴᠤ᠌ ᠠᠯᠢ ᠨᠢᠬᠡᠡ ᠲᠠᠯ᠎ᠠ᠎ᠪᠠᠷ᠎ᠢᠶᠠᠨ ᠡᠩ ᠵᠡᠷᠬᠡᠴᠡᠬᠦᠯᠵᠤ ᠪᠤᠯᠤᠰᠢ ᠥᠬᠡᠢ ᠲᠤᠰᠠᠭᠠᠷ ᠪᠥᠳᠥᠬᠡᠯ᠎ᠤᠳ ᠪᠠᠢᠭ᠎ᠠ᠎ᠨᠢ ᠲᠠᠮᠵᠢᠭ ᠥᠬᠡᠢ᠃ ᠬᠡᠪᠡᠴᠤ᠌ ᠤᠳᠭ᠎ᠠ ᠵᠤᠬᠢᠶᠠᠯ ᠪᠤᠯ ᠲᠠᠰᠤᠷᠠᠯᠳᠠ ᠥᠬᠡᠢ ᠱᠢᠨᠡᠴᠢᠯᠡᠭ᠌ᠳᠡᠡ ᠬᠥᠭ᠌ᠵᠢᠬᠦ᠌ ᠴᠢᠬᠤᠯᠠᠳᠠᠢ ᠲᠤᠯᠠ ᠤᠷᠠᠠ ᠲᠥᠷᠢ᠎ᠶ᠋ᠢᠨ ᠪᠥᠳᠥᠬᠡᠯᠳᠡ᠎ᠠᠴᠠ ᠡᠬᠢᠯᠡᠬᠡᠳ ᠥᠯᠢᠬᠡᠷ ᠥᠢᠯᠡ᠎ᠶ᠋ᠢᠨ ᠡᠰᠭᠡᠯᠳᠡ᠂ ᠥᠬᠡ ᠬᠡᠯᠡᠯᠬᠡ᠎ᠶ᠋ᠢᠨ ᠰᠤᠩᠭᠤᠯᠳᠠ ᠬᠥᠷᠳᠡᠯ᠎ᠡ 《ᠲᠥᠯᠬᠡᠡ ᠳ᠋ᠤ》᠂ 《ᠲᠤᠩᠭᠠᠯᠠᠭ ᠲᠠᠮᠢᠷ》 ᠎ᠲᠤ ᠪᠠᠷᠢᠬ᠍ᠳᠠᠬᠤ ᠴᠠᠭ ᠥᠶ᠎ᠡ ᠨᠢᠬᠡᠨᠳᠡ ᠰᠥᠨᠢ᠎ᠶ᠋ᠢᠨ ᠬᠠᠷᠠᠩᠭᠤᠢ᠎ᠶ᠋ᠢ ᠬᠡᠷᠡᠯᠳᠥᠬᠦᠯᠬᠦ᠌ ᠰᠠᠷᠠᠠ᠎ᠤ ᠰᠥᠠ ᠲᠤᠶᠠᠭ᠎ᠠ ᠱᠢᠭ᠋ ᠨᠠᠮᠢᠯᠵᠠᠠ ᠤᠳᠤᠬ᠍ᠰᠠᠠ᠎ᠢ ᠥᠥᠷ᠎ᠤᠨ ᠴᠡᠬᠡᠡ ᠬᠡᠬᠡ᠂ ᠪᠤᠯᠵᠤᠮᠤᠷ ᠱᠢᠪᠠᠭᠤᠳ᠎ᠤᠨ ᠵᠢᠷᠬᠢᠬᠡ᠂ ᠠᠯᠳᠠᠠ ᠨᠠᠷᠠᠠ᠎ᠤ ᠲᠥᠮᠡᠡ ᠰᠠᠴᠤᠷᠠᠭ ᠪᠢᠳᠡᠡ᠎ᠳᠤ ᠬᠡᠯᠡᠬᠡᠳ ᠥᠭ᠌ᠬᠦ ᠪᠢᠵᠠ᠃
    ᠱᠢᠨ᠎ᠡ ᠨᠢᠬᠡᠡ ᠡᠳᠥᠷ ᠡᠬᠢᠯᠡᠯ᠎ᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠠᠷᠢᠭᠤᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号