● ᠪᠠᠢ ᠹᠦ᠋ ᠿᠦᠩ

ᠪᠠᠢ ᠹᠦ᠋ ᠿᠦᠩ᠄ ᠵᠠᠷᠣᠳ ᠬᠤᠱᠢᠭᠤᠨ᠎ᠤ ᠮᠣᠩᠭᠤᠯ ᠦᠨᠳᠦᠰᠦᠳᠡᠨ᠎ᠤ ᠨᠢᠭᠡᠳᠦᠭᠡᠷ ᠲᠣᠮᠳᠠᠳᠣ ᠰᠣᠷᠭᠠᠭᠤᠯᠢ᠎ᠶ᠋ᠢᠨ ᠪᠠᠭ᠍ᠰᠢ᠃ ᠲᠡᠬᠡᠷ᠎ᠠ ᠵᠠᠭᠤᠨ᠎ᠤ ᠶᠡᠷᠡᠭᠡᠳ ᠣᠨ᠎ᠠᠴᠠ ᠡᠬᠢᠯᠡᠨ ᠰᠣᠨᠢᠨ ᠰᠡᠳᠭᠦᠯ᠎ᠢᠶᠠᠷ ᠣᠷᠠᠨ ᠪᠦᠳᠦᠭᠡᠯ᠎ᠢᠶᠠᠨ ᠨᠡᠢᠳᠡᠯᠡᠭᠦᠯᠵᠣ᠂ 《ᠮᠢᠨᠦ᠍ ᠪᠠᠶᠠᠨᠪᠣᠯᠠᠭ》 ᠵᠡᠷᠭᠡ ᠱᠢᠯᠦᠭ᠂ 《ᠬᠦᠭ᠌ᠰᠢᠨ ᠬᠠᠢᠯᠠᠰᠣᠨᠤ ᠰᠡᠭᠦᠳᠡᠷ》 ᠵᠡᠷᠭᠡ ᠨᠠᠢᠷᠠᠭᠤᠯᠣᠯ᠂ 《ᠲᠡᠷᠳᠡᠭᠡ ᠡᠷᠭᠢ》 ᠵᠡᠷᠭᠡ ᠦᠭᠦᠯᠡᠯᠭᠡ 《ᠬᠠᠮᠤᠭ᠎ᠤᠨ ᠬᠤᠯᠠ᠎ᠨᠢ ᠰᠡᠳᠭᠢᠯ᠎ᠤᠨ ᠵᠠᠢ》 ᠵᠡᠷᠭᠡ ᠲᠣᠭᠤᠵᠢ ᠵᠢᠴᠢ 《ᠰᠡᠳᠭᠢᠯ᠎ᠤᠨ ᠳᠣᠯᠠᠭᠠᠨ ᠪᠠᠭᠤᠴᠠ》 ᠬᠡᠬᠦ᠌ ᠷᠣᠮᠠᠨ᠎ᠲᠠᠢ᠃ ᠬᠤᠶᠠᠳᠣᠭᠠᠷ ᠬᠤᠭᠤᠴᠠᠭᠠᠨ᠎ᠤ 《ᠦᠨᠢᠷ ᠴᠡᠴᠡᠭ》 ᠱᠠᠩᠨᠠᠯ᠂ ᠨᠠᠢ᠍ᠮᠠᠳᠣᠭᠠᠷ ᠬᠤᠭᠤᠴᠠᠭᠠᠨ᠎ᠤ 《ᠰᠣᠯᠣᠩᠭ᠎ᠠ》 ᠱᠠᠩᠨᠠᠯ ᠬᠦᠷᠳᠡᠪᠡ᠃
ᠬᠡᠪ᠎ᠤᠨ ᠪᠣᠰᠣ ᠡᠬᠢᠯᠡᠯᠳᠡ᠎ᠲᠠᠢ ᠱᠢᠨ᠎ᠡ ᠨᠢᠭᠡᠨ ᠵᠢᠯ ᠨᠣᠮ ᠣᠩᠱᠢᠬᠤ᠎ᠨᠢ ᠨᠡᠳᠡ᠎ᠳᠤ ᠬᠦᠯᠢᠴᠡᠩᠭᠦᠢ ᠲᠣᠭ᠍ᠳᠠᠭᠤᠨ ᠪᠠᠢᠬᠤ᠎ᠶ᠋ᠢᠨ ᠬᠠᠮᠤᠭ ᠶᠡᠭᠡ ᠲᠣᠰᠠ᠎ᠶ᠋ᠢ ᠬᠦᠷᠳᠡᠭᠡᠯ᠎ᠡ᠃ ᠪᠢ ᠮᠣᠩᠭᠤᠯ ᠣᠯᠣᠰ᠎ᠤᠨ ᠵᠣᠬᠢᠶᠠᠯᠴᠢ ᠪᠢᠮᠪᠠ᠎ᠶ᠋ᠢᠨ ᠰᠠᠷᠠᠨᠳᠣᠶᠠᠭᠠᠶ᠋ᠢᠨ 《ᠰᠣᠷᠬᠠᠭ᠍ᠳᠠᠨᠢ ᠪᠠᠬᠢ ᠬᠠᠳᠣᠨ》 ᠭᠡᠬᠦ᠌ ᠨᠣᠮ᠎ᠢ ᠰᠣᠩᠭᠤᠵᠣ ᠬᠢᠵᠢᠭ᠎ᠤᠨ ᠬᠤᠭᠤᠴᠠᠭᠠᠨ᠎ᠳᠠᠬᠢ ᠣᠩᠱᠢᠯᠭ᠎ᠠ᠎ᠪᠠᠨ ᠡᠬᠢᠯᠡᠭᠦᠯᠦᠭ᠌ᠰᠡᠨ ᠶᠣᠮ᠃
《ᠰᠣᠷᠬᠠᠭ᠍ᠳᠠᠨᠢ ᠪᠠᠬᠢ ᠬᠠᠳᠣᠨ》 ᠨᠣᠮ ᠬᠡᠳᠦ᠋ᠢᠪᠡᠷ ᠣᠷᠠᠨ ᠵᠣᠬᠢᠶᠠᠯ᠎ᠤᠨ ᠨᠣᠮ ᠪᠠᠢᠭ᠍ᠰᠠᠨ ᠴᠦ᠍ ᠣᠷᠣᠱᠢᠯ᠎ᠤᠨ ᠣᠷᠣᠨ᠎ᠳᠤ ᠷᠠᠱᠢᠳ᠋ ᠠᠳᠢᠨᠤ 《ᠰᠣᠳᠣᠷ᠎ᠤᠨ ᠴᠢᠭᠤᠯᠭᠠᠨ》 ᠠᠴᠠ ᠡᠰᠢ ᠲᠠᠳᠠᠭ᠍ᠰᠠᠨ 《ᠰᠣᠷᠬᠠᠭ᠍ᠳᠠᠨᠢ ᠬᠠᠳᠣᠨ ᠪᠣᠯ ᠮᠠᠰᠢ ᠶᠡᠭᠡ ᠣᠬᠠᠭᠠᠨ᠎ᠲᠠᠢ᠂ ᠠᠪᠢᠶᠠᠰᠯᠢᠭ᠂ ᠪᠦᠬᠦ᠌ ᠲᠠᠯ᠎ᠠ᠎ᠪᠠᠷ᠎ᠢᠶᠠᠨ ᠲᠡᠯᠡᠬᠡᠢ᠎ᠶ᠋ᠢᠨ ᠡᠮᠡᠭ᠌ᠳᠡᠢᠴᠣᠳᠤᠨ ᠲᠣᠳᠣᠷ᠎ᠠ ᠲᠣᠪᠤᠢᠵᠣ ᠪᠠᠢᠯ᠎ᠠ ᠁》 ᠭᠡᠬᠦ᠌ ᠦᠨᠡᠯᠡᠯᠳᠡ᠎ᠶ᠋ᠢ ᠣᠩᠱᠢᠭᠠᠳ ᠮᠣᠩᠭᠤᠯ᠎ᠤᠨ ᠲᠡᠦᠬᠡᠳᠦ ᠬᠠᠳᠣᠨᠤ ᠲᠣᠭᠤᠯᠵᠣ ᠦᠩᠭᠡᠷᠡᠭᠦᠯᠦᠭ᠌ᠰᠡᠨ ᠠᠮᠢᠳᠣᠷᠠᠯ᠎ᠢ ᠦᠯᠢᠭᠡᠷ᠎ᠤᠨ ᠮᠦᠷ᠎ᠠᠴᠠ ᠮᠦᠷᠳᠡᠨ ᠬᠠᠷᠠᠬᠤ ᠰᠣᠨᠢᠷᠬᠠᠯ ᠮᠢᠨᠢ ᠠᠷᠭ᠎ᠠ ᠦᠭᠡᠢ ᠲᠦᠷᠦᠵᠦ᠍ ᠪᠠᠢᠪᠠ᠃
《᠁ ᠬᠡᠷᠡᠢᠳ ᠬᠡᠮᠡᠬᠦ᠌ ᠣᠶᠣᠨ᠎ᠤ ᠦᠨᠳᠦᠷ ᠰᠣᠶᠣᠯ᠎ᠲᠠᠢ ᠣᠪᠣᠭ ᠠᠢᠮᠠᠭ᠎ᠤᠨ ᠣᠳᠣᠷᠢᠳᠣᠭᠠᠴᠢ ᠸᠠᠩ ᠬᠠᠨ᠎ᠤ ᠲᠡᠭᠦᠦ ᠵᠠᠬ᠎ᠠ ᠬᠠᠮᠪᠤ᠎ᠶ᠋ᠢᠨ ᠦᠬᠢᠨ ᠰᠣᠷᠬᠠᠭ᠍ᠳᠠᠨᠢ᠂ ᠴᠢᠩᠭᠢᠰ ᠬᠠᠭᠠᠨᠲᠠᠢ ᠲᠠᠩᠭᠠᠷᠢᠭ ᠲᠠᠰᠣᠷᠠᠭ᠍ᠰᠠᠨ ᠡᠴᠢᠭᠡ ᠡᠬᠡ᠂ ᠠᠬᠠᠨ ᠲᠡᠭᠦᠣᠰ᠎ᠢᠶᠠᠨ ᠠᠪᠣᠷᠠᠬᠤ᠎ᠶ᠋ᠢᠨ ᠲᠣᠯᠠᠳᠠ ᠦᠪᠡᠷ᠎ᠤᠨ ᠬᠦᠰᠡᠯ᠎ᠢᠶᠠᠷ ᠬᠠᠭᠠᠨᠳᠤ ᠢᠷᠡᠵᠦ᠍ ᠪᠠᠭ᠎ᠠ ᠬᠦᠦ᠎ᠲᠠᠢ᠎ᠨᠢ ᠭᠡᠷᠯᠡᠭ᠌ᠰᠡᠨ ᠁》 ᠬᠡᠮᠡᠨ ᠪᠢᠴᠢᠭ᠌ᠰᠡᠨ ᠲᠣᠰ ᠨᠣᠮ᠎ᠳᠤ ᠴᠢᠩᠭᠢᠰ ᠬᠠᠭᠠᠨ᠎ᠠᠴᠠ ᠵᠠᠬ᠎ᠠ ᠬᠠᠮᠪᠤ᠎ᠶ᠋ᠢᠨ ᠬᠤᠶᠠᠷ ᠦᠬᠢᠨ᠎ᠲᠠᠢ ᠠᠩᠬ᠎ᠠ ᠶᠠᠷᠢᠯᠴᠠᠭ᠍ᠰᠠᠨ ᠶᠠᠷᠢᠯᠴᠠᠭ᠎ᠠ᠎ᠶ᠋ᠢ ᠢᠩᠭᠢᠵᠦ᠍ ᠲᠦᠷᠰᠦᠯᠡᠨ ᠪᠢᠴᠢᠭ᠌ᠰᠡᠨ ᠪᠠᠢᠯ᠎ᠠ᠃
《ᠴᠢᠩᠭᠢᠰ ᠬᠠᠭᠠᠨ ᠬᠤᠶᠠᠷ ᠦᠬᠢᠨ᠎ᠳᠤ ᠬᠠᠨᠳᠣᠨ᠄
— ᠲᠠ ᠬᠤᠶᠠᠷ᠎ᠤᠨ ᠰᠣᠣ ᠪᠢᠯᠢᠭ᠎ᠢ ᠲᠠᠯ᠎ᠠ ᠨᠣᠳᠤᠭ᠎ᠢᠶᠠᠷ ᠲᠠᠶᠠᠭᠠᠷ ᠶᠠᠷᠢᠨ᠎ᠠ᠃ ᠡᠷᠳᠡᠮ ᠨᠣᠮ᠎ᠳᠤ ᠢᠩᠭᠢᠵᠦ᠍ ᠱᠢᠮᠡᠳᠬᠦ᠌ ᠪᠣᠯᠣᠭ᠍ᠰᠠᠨ ᠣᠴᠢᠷ᠎ᠢᠶᠠᠨ ᠬᠡᠯᠡᠭᠡᠴᠢ ᠭᠡᠬᠦ᠌᠎ᠳᠤ ᠢᠪᠠᠭ᠎ᠠ ᠨᠢᠭᠡ ᠪᠣᠳᠣᠭ᠍ᠰᠠᠨ ᠶᠠᠭᠤᠮ᠎ᠠ ᠦᠭᠡᠢ ᠱᠢᠭᠤᠳ ᠬᠠᠭᠠᠨ᠎ᠤ ᠦᠭᠡᠳᠡ ᠬᠠᠷᠠᠨ᠄
— ᠡᠷᠭᠢᠬᠦ᠌ ᠠᠮᠢᠳᠣᠷᠠᠯ ᠪᠦᠬᠦᠯᠢ᠎ᠳᠡᠭᠡᠨ ᠡᠷ᠎ᠡ ᠬᠦᠮᠦᠨ᠎ᠤ ᠬᠦᠴᠦᠨ ᠲᠣᠣᠷ᠎ᠠ᠂ ᠡᠮ᠎ᠡ ᠬᠦᠮᠦᠨ᠎ᠤ ᠣᠬᠠᠭᠠᠨ ᠲᠣᠣᠷ᠎ᠠ ᠣᠷᠣᠱᠢᠨ᠎ᠠ ᠭᠡᠵᠤ ᠪᠣᠳᠣᠳᠠᠭ ᠬᠡᠮᠡᠨ ᠭᠡᠨᠡᠭ ᠦᠭᠡᠢ ᠬᠠᠷᠢᠭᠤᠯᠵᠣ ᠣᠷᠬᠢᠯ᠎ᠠ᠃
ᠰᠣᠷᠬᠠᠭ᠍ᠳᠠᠨᠢ ᠁
— ᠡᠨᠡ ᠪᠡᠶ᠎ᠡ᠎ᠳᠤ ᠪᠣᠢ ᠮᠣᠩᠬᠠᠭᠢ ᠡᠷᠳᠡᠮ ᠣᠶᠣᠨ᠎ᠢᠶᠠᠷ ᠭᠡᠷᠡᠯᠳᠦᠭᠦᠯᠪᠡᠯ ᠦᠪᠡᠷ᠎ᠤᠨ ᠪᠡᠶ᠎ᠡ᠎ᠳᠤ ᠪᠣᠢ ᠭᠡᠷᠡᠯ᠎ᠢᠶᠠᠷ ᠦᠷᠭᠡᠨ ᠣᠯᠠᠨ᠎ᠢ ᠭᠡᠢᠭᠦᠯᠵᠦ᠍ ᠴᠢᠳᠠᠨ᠎ᠠ ᠭᠡᠳ ᠬᠡᠯᠡᠴᠢᠬᠡᠯ᠎ᠡ᠃
ᠴᠢᠩᠭᠢᠰ ᠬᠠᠭᠠᠨ ᠰᠡᠳᠭᠢᠯ ᠬᠠᠩᠭᠠᠯᠣᠭᠤᠨ ᠢᠨᠢᠶᠡᠵᠦ᠍᠄
— ᠁ ᠡᠨᠡ ᠪᠡᠶ᠎ᠡ᠎ᠶ᠋ᠢᠨ ᠬᠦᠴᠦ᠎ᠪᠠᠷ ᠶᠡᠭᠡ᠎ᠶ᠋ᠢ ᠬᠤᠷᠢᠶᠠᠵᠣ ᠪᠣᠯᠬᠤ᠎ᠳᠤ᠂ ᠡᠷᠳᠡᠮ ᠣᠬᠠᠭᠠᠨ᠎ᠤ ᠬᠦᠴᠦ᠎ᠪᠠᠷ ᠣᠯᠠᠨ᠎ᠢ ᠲᠠᠭᠠᠭᠤᠯᠵᠣ ᠶᠠᠪᠣᠨ᠎ᠠ᠃ ᠵᠠᠬ᠎ᠠ ᠬᠠᠮᠪᠤ ᠦᠨᠡᠬᠡᠷ ᠠᠯᠳᠠ ᠡᠷᠳᠡᠨᠢᠰ᠎ᠠᠴᠠ ᠦᠨᠡᠳᠠᠢ ᠦᠬᠢᠳ ᠲᠦᠷᠦᠭᠦᠯᠵᠠᠢ ᠭᠡᠵᠤ ᠬᠡᠯᠡᠬᠦ᠌᠎ᠳᠤ ᠁》
ᠨᠣᠮ᠎ᠤᠨ ᠬᠠᠭᠤᠳᠠᠰᠣᠨ᠎ᠠᠴᠠ ᠡᠨᠡ ᠬᠦ᠌ ᠬᠡᠰᠡᠭ᠎ᠢ ᠣᠩᠱᠢᠬᠤ᠎ᠳᠠᠭᠠᠨ ᠣᠳᠣ ᠴᠠᠭ᠎ᠤᠨ ᠠᠮᠢᠳᠣᠷᠠᠯ᠎ᠢᠶᠠᠷ ᠵᠦᠢᠷᠯᠡᠨ ᠪᠣᠳᠣᠪᠠᠯ ᠢᠪᠠᠭ᠎ᠠ᠂ ᠰᠣᠷᠬᠠᠭ᠍ᠳᠠᠨᠢ ᠡᠭᠡᠴᠢ ᠲᠡᠭᠦᠦ ᠬᠤᠶᠠᠭᠤᠯᠠ ᠨᠢᠭᠤᠷᠳᠠᠨ ᠱᠢᠯᠭᠠᠯᠳᠠ ᠲᠠᠪᠠᠵᠣ ᠪᠠᠢᠭ᠎ᠠ ᠭᠡᠵᠤ ᠪᠢ ᠲᠦᠰᠦᠭᠡᠯᠡᠨ ᠪᠣᠳᠣᠯ᠎ᠠ᠃ ᠲᠡᠭᠡᠬᠦ᠌᠎ᠳᠤ ᠣᠶᠣᠨ᠎ᠤ ᠲᠡᠩᠬᠡᠭᠡ ᠰᠡᠳᠭᠢᠯ᠎ᠤᠨ ᠲᠠᠮᠢᠷ᠎ᠢᠶᠠᠷ ᠨᠢᠭᠤᠷᠳᠠᠨ ᠱᠢᠯᠭᠠᠯᠳᠠ᠎ᠶ᠋ᠢ ᠲᠣᠭᠤᠯᠵᠣ ᠪᠠᠢᠭ᠎ᠠ ᠬᠤᠶᠠᠷ ᠦᠬᠢᠨ᠎ᠤ ᠠᠷᠣ᠎ᠳᠤ ᠣᠴᠢᠬᠤ ᠭᠠᠵᠠᠷ ᠲᠦᠱᠢᠬᠦ᠌ ᠡᠵᠡᠨ ᠦᠭᠡᠢ ᠪᠣᠯᠣᠭ᠍ᠰᠠᠨ ᠠᠪᠤ᠎ᠨᠢ ᠵᠠᠬ᠎ᠠ ᠬᠠᠮᠪᠤ ᠬᠢᠭᠡᠳ ᠠᠢᠮᠠᠭ ᠣᠯᠠᠨ᠎ᠤ ᠬᠢᠨᠢ ᠬᠤᠪᠢ ᠵᠠᠶᠠᠭ᠎ᠠ ᠬᠠᠮᠢᠭᠠᠰᠢ ᠪᠣᠯᠣᠨ᠎ᠠ ᠭᠡᠳᠡᠭ ᠬᠡᠴᠡᠭᠦᠦ ᠠᠰᠠᠭᠤᠳᠠᠯ᠎ᠢ ᠬᠦᠯᠢᠶᠡᠵᠦ᠍ ᠪᠠᠢᠭ᠍ᠰᠠᠨ᠃ 《ᠣᠯᠠᠨ ᠰᠠᠷ᠎ᠠ᠎ᠶ᠋ᠢᠨ ᠲᠡᠨᠦᠮᠡᠯ ᠠᠮᠢᠳᠣᠷᠠᠯ᠂ ᠠᠶᠣᠯ ᠵᠠᠨᠣᠯ᠎ᠠᠴᠠ ᠠᠶᠣᠬᠤ ᠠᠢᠳᠠᠰ》 ᠤᠨ ᠡᠮᠦᠨ᠎ᠡ ᠡᠷᠳᠡᠮ ᠪᠣᠯᠪᠠᠰᠣᠷᠠᠯ᠎ᠲᠠᠢ ᠬᠤᠶᠠᠷ ᠦᠬᠢᠨ ᠣᠷᠢ ᠵᠠᠯᠠᠭᠤ ᠨᠠᠰᠣ ᠬᠢᠭᠡᠳ ᠴᠡᠴᠡᠨ ᠴᠡᠯᠮᠡᠭ ᠣᠬᠠᠭᠠᠪᠠᠷᠢᠶᠠᠨ ᠡᠵᠡᠨ᠎ᠳᠤ ᠲᠠᠨᠢᠭ᠍ᠳᠠᠵᠣ ᠣᠭ᠍ᠰᠠᠭᠠ ᠠᠢᠮᠠᠭ᠎ᠢᠶᠠᠨ ᠢᠩᠭᠢᠵᠦ᠍ ᠠᠪᠣᠷᠠᠭ᠍ᠰᠠᠨ ᠪᠠᠢᠨ᠎ᠠ᠃
ᠡᠵᠡᠨ ᠴᠢᠩᠭᠢᠰ ᠵᠠᠬ᠎ᠠ ᠬᠠᠮᠪᠤ᠎ᠶ᠋ᠢᠨ ᠬᠤᠶᠠᠷ ᠦᠬᠢᠨ᠎ᠲᠠᠢ ᠶᠠᠷᠢᠯᠴᠠᠭ᠍ᠰᠠᠨ ᠡᠨᠡ ᠬᠦ᠌ ᠶᠠᠷᠢᠯᠴᠠᠭ᠎ᠠ᠎ᠨᠢ ᠲᠡᠦᠬᠡᠨ ᠦᠨᠡᠨ ᠤᠤ᠂ ᠡᠰᠡᠭᠦᠯ᠎ᠡ ᠬᠤᠵᠢᠮ᠎ᠤᠨ ᠦᠶ᠎ᠡ᠎ᠳᠤ ᠪᠦᠰᠡᠭᠦᠢ ᠵᠣᠬᠢᠶᠠᠭ᠍ᠴᠢ᠎ᠶ᠋ᠢᠨ ᠪᠣᠳᠣᠯ᠎ᠠᠴᠠ ᠣᠨᠳᠣᠷᠣᠭ᠍ᠰᠠᠨ ᠦᠯᠢᠭᠡᠷ ᠤᠤ ᠭᠡᠳᠡᠭ᠎ᠢ ᠪᠢ ᠦᠵᠡᠵᠦ᠍ ᠰᠣᠨᠣᠰᠣᠭ᠍ᠰᠠᠨ ᠲᠣᠯᠢᠮᠠᠭ ᠡᠩ᠎ᠤᠨ ᠣᠩᠱᠢᠭ᠍ᠴᠢ ᠪᠣᠯᠣᠭ᠍ᠰᠠᠨ᠎ᠤ ᠬᠤᠪᠢ᠎ᠳᠤ ᠡᠰᠡ ᠮᠡᠳᠡᠨ᠎ᠡ᠃ ᠭᠡᠪᠡᠴᠦ᠍ ᠠᠯᠢ ᠠᠯᠢ᠎ᠨᠢ ᠪᠣᠯᠣᠭ᠍ᠰᠠᠨ ᠴᠦ᠍ ᠡᠷᠳᠡᠮ ᠨᠣᠮ᠂ ᠣᠶᠣᠨ ᠣᠬᠠᠭᠠᠨ᠂ ᠭᠡᠷᠡᠯ ᠭᠡᠭᠡ᠎ᠶ᠋ᠢ ᠬᠦᠰᠡᠵᠦ᠍ ᠬᠦᠨᠳᠦᠳᠭᠡᠭ᠌ᠰᠡᠨ ᠪᠦᠰᠡᠭᠦᠢ ᠬᠦᠮᠦᠨ᠎ᠤ ᠪᠣᠳᠣᠯ ᠪᠠᠢᠭ᠎ᠠ᠎ᠨᠢ ᠮᠠᠭᠠᠳ ᠦᠨᠡᠨ᠃ 《ᠭᠤᠸ᠎ᠠ ᠦᠵᠡᠰᠭᠦᠯᠡᠩ ᠭᠡᠳᠡᠭ ᠨᠢᠭᠡᠨ ᠴᠠᠭ᠎ᠤᠨ ᠦᠵᠡᠬᠦ᠌ ᠨᠢᠳᠦᠨ᠎ᠤ ᠪᠠᠶᠠᠰᠣᠯ ᠪᠢᠵᠠ᠂ ᠣᠶᠣᠨ ᠣᠬᠠᠭᠠᠨ ᠭᠡᠳᠡᠭ ᠨᠢᠭᠡᠨ ᠨᠠᠰᠣᠨ᠎ᠤ ᠠᠮᠢᠳᠣᠷᠠᠬᠤ ᠵᠠᠮ᠎ᠤᠨ ᠦᠨᠡᠨ ᠪᠢᠵᠠ》 ᠭᠡᠵᠤ ᠲᠣᠰ ᠨᠣᠮ᠎ᠳᠤ ᠬᠡᠯᠡᠭ᠌ᠰᠡᠨᠴᠢᠯᠡᠨ ᠢᠪᠠᠭ᠎ᠠ᠂ ᠰᠣᠷᠬᠠᠭ᠍ᠳᠠᠨᠢ ᠬᠤᠶᠠᠷ᠎ᠤᠨ ᠬᠡᠯᠡᠭ᠌ᠰᠡᠨ ᠦᠭᠡ ᠪᠣᠯ ᠪᠦᠰᠡᠭᠦᠢ ᠬᠦᠮᠦᠨ ᠪᠦᠷᠢ ᠰᠡᠳᠭᠢᠯ᠎ᠳᠡᠭᠡᠨ ᠣᠳᠠᠭᠠᠨ ᠡᠷᠭᠢᠴᠡᠭᠦᠯᠦᠨ ᠲᠣᠩᠭᠠᠵᠣ ᠪᠣᠯᠬᠤ ᠨᠠᠨᠳᠢᠨ ᠰᠠᠢᠬᠠᠨ ᠵᠦᠢᠯ ᠪᠠᠢᠭ᠎ᠠ ᠭᠡᠵᠤ ᠪᠠᠭ᠍ᠠᠷᠬᠠᠬᠤ ᠶᠣᠮ᠃ ᠲᠡᠢᠨ ᠬᠦ᠌ ᠪᠢ ᠲᠣᠰ ᠨᠣᠮ᠎ᠤᠨ ᠠᠭᠤᠯᠭ᠎ᠠ᠎ᠠᠴᠠ ᠨᠣᠮ ᠣᠩᠱᠢᠬᠤ ᠲᠣᠬᠠᠢ ᠵᠠᠷᠢᠮ ᠬᠤᠯᠪᠣᠭ᠍ᠳᠠᠭ᠍ᠰᠠᠨ ᠵᠦᠢᠯ᠎ᠢ ᠰᠣᠩᠭᠤᠨ ᠲᠡᠮᠳᠡᠭ᠌ᠯᠡᠬᠦ᠌ ᠬᠦᠰᠡᠯ ᠣᠷᠭᠤᠯ᠎ᠠ᠃
ᠰᠣᠷᠬᠠᠭ᠍ᠳᠠᠨᠢ ᠪᠠᠬᠢ ᠬᠠᠳᠣᠨ ᠨᠣᠮ ᠶᠡᠭᠡ ᠣᠩᠱᠢᠳᠠᠭ ᠦᠨᠳᠦᠷ ᠪᠣᠯᠪᠠᠰᠣᠷᠠᠯ᠎ᠲᠠᠢ ᠪᠦᠰᠡᠭᠦᠢ ᠪᠠᠢᠵᠣ ᠬᠦᠪᠡᠭᠦᠳ᠎ᠢᠶᠠᠨ ᠴᠦ᠍ ᠡᠨᠡ ᠬᠦ᠌ ᠲᠡᠯ᠎ᠡ᠎ᠪᠠᠷ ᠭᠦᠨᠵᠡᠭᠡᠢ ᠨᠦᠯᠦᠭᠡᠯᠡᠵᠦ᠍ ᠪᠠᠢᠭ᠍ᠰᠠᠨ ᠮᠡᠳᠡᠭᠡ᠎ᠶ᠋ᠢ ᠲᠣᠰ ᠨᠣᠮ᠎ᠠᠴᠠ ᠪᠢ ᠣᠯᠠᠨ ᠣᠯᠵᠣ ᠣᠩᠱᠢᠯᠠ᠃ ᠰᠣᠷᠬᠠᠭ᠍ᠳᠠᠨᠢ ᠬᠠᠷᠢ᠎ᠳᠤ ᠮᠣᠷᠳᠠᠬᠤ᠎ᠳᠠᠭᠠᠨ ᠴᠦ᠍ ᠪᠠᠷᠢᠨᠳᠠᠭ᠍ᠯᠠᠭ᠍ᠰᠠᠨ ᠰᠣᠳᠣᠷᠤᠳᠢᠶᠠᠨ ᠶᠡᠬᠡᠳᠡ ᠨᠠᠨᠳᠢᠩᠨᠠᠨ ᠸᠡᠳ᠋ᠸᠡᠭᠳᠤ ᠪᠠᠭ᠍ᠯᠠᠭᠠᠳ ᠠᠪᠴᠣ ᠶᠠᠪᠣᠳᠠᠭ ᠨᠢᠭᠡᠨ ᠪᠠᠢᠭ᠍ᠰᠠᠨ ᠠᠵᠢ᠃ ᠶᠡᠭᠡ ᠨᠡᠭᠦᠳᠡᠯ᠂ ᠲᠠᠢᠨ ᠲᠡᠵᠢᠨ᠎ᠲᠠᠢ ᠣᠷᠤᠭ᠎ᠠ ᠪᠣᠰᠭᠠᠭ᠎ᠠ ᠣᠨ ᠵᠢᠯ᠎ᠤᠳ᠎ᠢᠶᠠᠷ ᠲᠠᠢᠨ᠎ᠳᠤ ᠮᠣᠷᠳᠠᠭ᠍ᠰᠠᠨ ᠴᠡᠷᠢᠭ ᠡᠷᠡᠰ᠎ᠤᠨ ᠠᠷᠣ᠎ᠳᠤ 《ᠮᠣᠩᠭᠤᠯ᠎ᠤᠨ ᠲᠠᠯ᠎ᠠ᠎ᠳᠤ ᠬᠦᠯᠢᠶᠡᠯᠳᠡ᠎ᠪᠠᠷ ᠦᠷᠬᠦᠯᠵᠢᠯᠡᠬᠦ᠌ ᠡᠳᠦᠷ ᠬᠤᠨᠤᠭ᠎ᠤᠳ ᠣᠷᠣᠰᠣᠨ᠎ᠠ᠃》 ᠬᠦᠯᠢᠶᠡᠯᠳᠡ᠎ᠪᠠᠷ ᠦᠷᠬᠦᠯᠵᠢᠯᠡᠭ᠌ᠰᠡᠨ ᠡᠳᠦᠷ᠎ᠤᠳ᠎ᠲᠤ 《ᠰᠣᠷᠬᠠᠭ᠍ᠳᠠᠨᠢ ᠬᠠᠳᠣᠨ ᠭᠠᠭ᠍ᠴᠠᠭᠠᠷ ᠨᠣᠮ ᠱᠠᠭᠠᠢᠨ ᠪᠠᠢᠭ᠍ᠰᠠᠨ ᠪᠣᠯ ᠣᠳᠣ ᠬᠦᠪᠡᠭᠦᠳ᠎ᠤᠨ᠎ᠢᠶᠠᠨ ᠬᠠᠮᠳᠣ ᠨᠣᠮ ᠡᠷᠳᠡᠮᠳᠤ ᠱᠢᠮᠳᠠᠨ ᠰᠠᠭᠤᠬᠤ ᠪᠣᠯᠵᠠᠢ》᠃
ᠬᠤᠯᠠ ᠶᠠᠪᠣᠵᠣ ᠶᠡᠭᠡ᠎ᠶ᠋ᠢ ᠪᠦᠳᠦᠭᠡᠬᠦ᠌ ᠪᠦᠰᠡᠳᠡᠢᠴᠣᠳᠤᠨ ᠠᠷᠣ᠎ᠳᠤ ᠨᠣᠮ ᠪᠦᠰᠡᠭᠦᠢ ᠬᠡᠣᠬᠡᠳ ᠭᠤᠷᠪᠠ ᠢᠩᠭᠢᠵᠦ᠍ ᠭᠡᠷ᠎ᠢᠶᠠᠨ ᠰᠠᠬᠢᠭᠠᠳ ᠨᠦᠬᠦᠷᠯᠡᠭᠡᠳ ᠰᠠᠭᠤᠨ᠎ᠠ ᠭᠡᠳᠡᠭ ᠣᠴᠢᠷ ᠣᠳᠭ᠎ᠠ᠎ᠲᠠᠢ ᠠᠮᠢᠳᠣᠷᠠᠯ ᠪᠠᠢᠯ᠎ᠠ᠃
《ᠬᠤᠪᠢᠯᠠᠢ ᠬᠦᠦ᠎ᠨᠢ ᠠᠷᠪᠠᠨ ᠨᠠᠰᠣᠳᠠᠢ ᠪᠠᠢᠭ᠍ᠰᠠᠨ ᠦᠶ᠎ᠡ᠃ ᠡᠬᠡᠶ᠋ᠢᠪᠠᠨ ᠰᠣᠳᠣᠷ ᠡᠷᠭᠢᠭᠦᠯᠦᠨ ᠰᠠᠭᠤᠬᠤ᠎ᠳᠤ ᠭᠠᠳᠠᠨ᠎ᠠ᠎ᠠᠴᠠ ᠣᠷᠣᠵᠣ ᠢᠷᠡᠭᠡᠳ ᠶᠡᠭᠡ ᠯᠠ ᠴᠢᠬᠤᠯᠠᠴᠢᠯᠠᠨ ᠨᠢᠭᠡ ᠵᠦᠢᠯ᠎ᠢ ᠠᠰᠠᠭᠤᠭ᠍ᠰᠠᠨ ᠶᠣᠮ᠃ ᠲᠡᠷᠡ ᠪᠢᠴᠢᠬᠠᠨ ᠣᠬᠠᠭᠠᠨᠢᠶᠠᠷᠢᠶᠠᠨ ᠡᠷᠭᠢᠴᠡᠭᠦᠯᠦᠨ ᠪᠣᠳᠣᠭ᠍ᠰᠠᠨ ᠪᠣᠯᠣᠯᠳᠠᠢ᠄
— ᠬᠠᠳᠣᠨ ᠡᠬᠡ ᠲᠠ ᠮᠢᠨᠢ ᠠᠯᠢᠪᠠ ᠬᠦᠮᠦᠨ᠎ᠳᠤ ᠣᠬᠠᠭᠠᠷᠠᠬᠤ ᠬᠤᠶᠠᠷ ᠵᠠᠮ ᠪᠠᠢᠳᠠᠭ ᠭᠡᠵᠤ ᠬᠡᠯᠡᠵᠦ᠍ ᠪᠠᠢᠭ᠍ᠰᠠᠨ ᠭᠡᠵᠤ ᠶᠠᠷᠢᠶ᠎ᠠ᠎ᠪᠠᠨ ᠡᠬᠢᠯᠡᠭᠦᠯᠪᠡ᠃
— ᠲᠡᠢᠮᠦ᠍ ᠡ ᠬᠦᠦ ᠮᠢᠨᠢ ᠭᠡᠬᠦ᠌᠎ᠳᠤ᠂
— ᠲᠡᠨᠡᠭ ᠬᠦᠮᠦᠨ ᠠᠯᠳᠠᠵᠣ ᠪᠠᠢᠵᠣ ᠣᠬᠠᠭᠠᠷᠠᠳᠠᠭ᠂ ᠣᠬᠠᠭᠠᠨ᠎ᠲᠠᠢ ᠬᠦᠮᠦᠨ ᠠᠯᠳᠠᠬᠤ᠎ᠠᠴᠠ᠎ᠪᠠᠨ ᠡᠮᠦᠨ᠎ᠡ ᠪᠣᠰᠣᠳ᠎ᠤᠨ ᠠᠯᠳᠠᠭᠠᠨ᠎ᠠᠴᠠ ᠣᠬᠠᠭᠠᠷᠠᠳᠠᠭ᠃ ᠦᠨᠡᠨ ᠠᠯᠳᠠᠭ᠎ᠠ ᠣᠨᠤᠭ᠎ᠠ ᠠᠯᠢ ᠠᠯᠢ᠎ᠨᠢ ᠨᠣᠮ᠎ᠳᠤ ᠪᠣᠢ ᠲᠣᠯᠠ ᠠᠮᠢᠳᠣᠷᠠᠯ᠎ᠤᠨ ᠦᠨᠡᠨ᠎ᠢ ᠨᠣᠮ᠎ᠠᠴᠠ ᠬᠠᠢ ᠭᠡᠵᠤ ᠬᠡᠯᠡᠵᠦ᠍ ᠪᠠᠢᠭ᠍ᠰᠠᠨ᠃ ᠨᠢᠭᠡᠨᠳᠡ ᠪᠢ ᠦᠩᠭᠡᠷᠡᠭ᠌ᠰᠡᠨ ᠠᠮᠢᠳᠣᠷᠠᠯ᠎ᠢ ᠨᠣᠮ᠎ᠠᠴᠠ ᠬᠠᠢᠵᠣ ᠣᠯᠵᠣ ᠪᠣᠯᠬᠤ ᠪᠣᠯ ᠢᠷᠡᠭᠡᠳᠦᠢ᠎ᠪᠠᠨ ᠴᠦ᠍ ᠭᠡᠰᠡᠨ ᠨᠣᠮ᠎ᠠᠴᠠ ᠬᠠᠢᠵᠣ ᠪᠣᠯᠬᠤ ᠤᠤ? ᠬᠡᠮᠡᠨ ᠠᠰᠠᠭᠤᠭ᠍ᠰᠠᠨ ᠶᠣᠮ᠃ ᠬᠠᠳᠣᠨ ᠡᠬᠡ ᠬᠦᠦ᠎ᠶ᠋ᠢᠨ᠎ᠢᠶᠠᠨ ᠲᠣᠯᠣᠭᠠᠢ᠎ᠶ᠋ᠢ ᠢᠯᠢᠵᠦ᠍ ᠲᠣᠬᠤᠨ ᠲᠡᠭᠡᠷ᠎ᠡ᠎ᠨᠢ ᠦᠨᠦᠰᠦᠭᠡᠳ᠂
— ᠢᠷᠡᠭᠡᠳᠦᠢ᠎ᠶ᠋ᠢ ᠬᠡᠨ ᠴᠦ᠍ ᠪᠢᠴᠢᠭᠡ ᠦᠭᠡᠢ ᠪᠠᠢᠳᠠᠭ᠃ ᠲᠡᠭᠦᠨ᠎ᠢ ᠡᠵᠡᠨ ᠬᠦᠮᠦᠨ ᠦᠪᠡᠷ᠎ᠢᠶᠠᠨ ᠪᠢᠴᠢᠳᠡᠭ ᠭᠡᠵᠤ ᠬᠡᠯᠡᠵᠦ᠍ ᠪᠠᠢᠵᠠᠢ᠃
ᠡᠬᠡ ᠬᠦᠦ ᠬᠤᠶᠠᠭᠤᠯᠠ᠎ᠶ᠋ᠢᠨ ᠨᠣᠮ ᠣᠩᠱᠢᠬᠤ ᠲᠣᠬᠠᠢ ᠡᠨᠡ ᠬᠦ᠌ ᠬᠡᠰᠡᠭ ᠶᠠᠷᠢᠯᠴᠠᠭ᠎ᠠ ᠭᠡᠵᠤ ᠰᠡᠳᠭᠢᠯ᠎ᠳᠤ ᠰᠡᠢᠯᠦᠭ᠌ᠳᠡᠨ ᠦᠯᠡᠳᠡᠬᠦ᠌ ᠶᠠᠮᠠᠷ ᠶᠡᠭᠡ ᠦᠨ᠎ᠡ᠎ᠲᠠᠢ ᠰᠠᠢᠬᠠᠨ ᠶᠠᠷᠢᠯᠴᠠᠭ᠎ᠠ ᠪᠣᠢ? ᠠᠮᠢᠳᠣᠷᠠᠯ ᠭᠡᠳᠡᠭ ᠣᠯᠣᠮ ᠦᠭᠡᠢ ᠶᠡᠭᠡ ᠲᠠᠯᠠᠢ᠃ ᠬᠠᠷᠢᠨ ᠬᠦᠮᠦᠨ ᠭᠡᠳᠡᠭ ᠲᠡᠷᠡ ᠶᠡᠭᠡ ᠲᠠᠯᠠᠢ᠎ᠳᠤ ᠪᠣᠯ ᠨᠢᠭᠡᠨ ᠲᠣᠰᠣᠯ ᠣᠰᠣᠨ᠎ᠤ ᠬᠢᠷᠢ ᠶᠠᠯᠢᠮ ᠦᠭᠡᠢ ᠵᠢᠵᠢᠭ᠃ ᠭᠡᠪᠡᠴᠦ᠍ ᠲᠠᠩᠬᠢᠰ ᠲᠠᠯᠠᠢ ᠴᠦ᠍ ᠲᠣᠰᠣᠯ ᠣᠰᠣ᠎ᠪᠠᠷ ᠪᠦᠷᠢᠯᠳᠦᠳᠡᠭ ᠭᠡᠳᠡᠭ ᠪᠢᠵᠠ᠃ ᠨᠡᠯᠦᠭᠡᠷ ᠶᠡᠭᠡ ᠲᠠᠯᠠᠢ᠎ᠶ᠋ᠢᠨ ᠲᠣᠳᠠᠭ᠍ᠳᠠᠵᠣ ᠪᠣᠯᠣᠰᠢ ᠦᠭᠡᠢ ᠨᠢᠭᠡᠨ ᠲᠣᠰᠣᠯ ᠪᠣᠯᠬᠤ ᠬᠦᠰᠡᠯ᠎ᠲᠠᠢ ᠪᠣᠯ᠂ ᠮᠦᠨ ᠲᠡᠷᠡ ᠬᠦ᠌ ᠬᠦᠰᠡᠯ᠎ᠢ ᠪᠡᠶᠡᠯᠡᠭᠦᠯᠬᠦ᠌᠎ᠳᠤ ᠣᠨᠳᠣᠣ ᠲᠦᠭᠦᠮ ᠠᠷᠭ᠎ᠠ ᠲᠦᠳᠡ ᠵᠠᠮ ᠪᠠᠢᠳᠠᠭ ᠦᠭᠡᠢ ᠶᠡᠭᠡ ᠶᠣᠰᠣᠨ᠎ᠤ ᠡᠮᠦᠨ᠎ᠡ᠂ ᠬᠦᠴᠦᠨ ᠴᠢᠳᠠᠯ ᠣᠶᠣᠨ ᠣᠬᠠᠭᠠᠨ᠎ᠢᠶᠠᠨ ᠨᠡᠮᠡᠭ᠌ᠳᠡᠭᠦᠯᠬᠦ᠌᠎ᠶ᠋ᠢᠨ ᠲᠦᠯᠦᠭᠡ ᠨᠣᠮ ᠶᠡᠭᠡ ᠣᠩᠱᠢᠭᠠᠷᠠᠢ ᠭᠡᠳᠡᠭ᠎ᠢ ᠡᠬᠡ ᠬᠦᠮᠦᠨ ᠬᠦᠦ᠎ᠳᠡᠭᠡᠨ ᠢᠩᠭᠢᠵᠦ᠍ ᠵᠢᠭᠠᠳᠠᠭ ᠪᠠᠢᠵᠠᠢ᠃ ᠲᠡᠭᠡᠬᠦ᠌᠎ᠳᠤ ᠭᠡᠷ᠎ᠲᠡᠭᠡᠨ ᠰᠠᠭᠤᠭ᠍ᠰᠠᠨ ᠵᠢᠷ᠎ᠤᠨ ᠪᠦᠰᠡᠭᠦᠢ ᠪᠣᠶᠣ ᠲᠠᠢᠨ᠎ᠤ ᠬᠦᠯᠳᠤ ᠲᠦᠷᠪᠡᠭ᠌ᠰᠡᠨ ᠨᠡᠭᠦᠳᠡᠯᠴᠢᠨ᠂ ᠡᠰᠡᠭᠦᠯ᠎ᠡ ᠦᠨᠳᠦᠷ ᠰᠠᠨᠳᠠᠢᠳᠤ ᠰᠠᠭᠠᠳᠠᠭ᠍ᠰᠠᠨ ᠬᠠᠳᠣᠨ ᠪᠣᠶᠣ ᠭᠠᠩᠳᠠᠭ᠍ᠰᠠᠨ ᠲᠡᠷᠯᠢᠭ᠎ᠲᠠᠢ ᠪᠣᠷᠣᠴᠣᠣᠯ ᠠᠯᠢ᠎ᠨᠢ ᠪᠠᠢᠭ᠍ᠰᠠᠨ ᠴᠦ᠍ ᠡᠷᠳᠡᠮ ᠨᠣᠮ᠎ᠢ ᠬᠦᠨᠳᠦᠳᠭᠡᠳᠡᠭ ᠡᠵᠢ ᠭᠡᠳᠡᠭ ᠦᠷ᠎ᠡ ᠬᠡᠣᠬᠡᠳ᠎ᠤᠨ᠎ᠢᠶᠠᠨ ᠦᠯᠢᠭᠡᠷ ᠲᠠᠭᠤᠷᠢᠶᠠᠯ ᠪᠣᠯᠬᠤ ᠶᠣᠰᠣᠳᠠᠢ᠃ ᠨᠣᠮ᠎ᠲᠠᠢ ᠡᠵᠢ᠎ᠶ᠋ᠢᠨ ᠬᠠᠵᠠᠭᠤ᠎ᠳᠤ ᠦᠰᠦᠭ᠌ᠰᠡᠨ ᠬᠡᠣᠬᠡᠳ ᠬᠡᠷᠡᠭ᠌ᠳᠡᠢ ᠵᠦᠪ ᠵᠦᠢᠯ᠎ᠢ ᠬᠦᠯᠢᠶᠡᠨ ᠰᠣᠨᠣᠰᠴᠣ ᠮᠡᠳᠡᠷᠡᠵᠦ᠍ ᠴᠢᠳᠠᠬᠤ ᠣᠬᠠᠭᠠᠨ ᠰᠣᠷᠣᠨ᠎ᠠ ᠭᠡᠳᠡᠭ᠎ᠢ ᠡᠬᠡ ᠬᠦᠦ ᠬᠤᠶᠠᠭᠤᠯᠠ᠎ᠶ᠋ᠢᠨ ᠶᠠᠷᠢᠯᠴᠠᠭ᠎ᠠ᠎ᠠᠴᠠ ᠴᠢᠩᠨᠠᠬᠤ ᠰᠠᠢᠬᠠᠨ ᠪᠠᠢᠨ᠎ᠠ᠃
ᠰᠣᠷᠬᠠᠭ᠍ᠳᠠᠨᠢ ᠬᠠᠳᠣᠨ᠎ᠳᠤ ᠲᠣᠯᠭᠠᠷᠠᠭ᠍ᠰᠠᠨ ᠠᠮᠢᠳᠣᠷᠠᠯ ᠬᠠᠳᠠᠭᠤ ᠪᠠᠢᠯ᠎ᠠ᠃ ᠬᠠᠳᠠᠭᠤ ᠠᠮᠢᠳᠣᠷᠠᠯ᠎ᠤᠨ ᠨᠣᠭᠤᠴᠠᠭᠠᠨ᠎ᠳᠤ ᠭᠠᠭ᠍ᠴᠠᠭᠠᠷᠳᠠᠵᠣ ᠶᠠᠪᠣᠬᠤ᠎ᠳᠠᠭᠠᠨ ᠲᠡᠷᠡ ᠲᠡᠭ᠌ᠷᠢ᠎ᠳᠤ ᠬᠠᠯᠢᠭ᠍ᠰᠠᠨ ᠡᠴᠢᠬᠡ ᠡᠬᠡ᠂ ᠬᠠᠨᠢ ᠨᠦᠬᠦᠷ᠂ ᠦᠪᠡᠷ᠎ᠲᠤ᠎ᠨᠢ ᠦᠨᠡᠨ ᠰᠠᠢᠨ᠎ᠤ ᠲᠣᠬᠠᠢ ᠶᠠᠷᠢᠳᠠᠭ ᠬᠦᠨᠳᠦᠳᠦ ᠬᠦᠮᠦᠰ᠎ᠢᠶᠠᠨ ᠦᠷᠬᠦᠯᠵᠢ ᠲᠣᠷᠠᠰᠣᠨ ᠮᠦᠷᠦᠭᠡᠳᠦᠳᠡᠭ ᠪᠠᠢᠪᠠ᠃ ᠲᠡᠷᠡ ᠬᠦ᠌ ᠮᠦᠷᠦᠭᠡᠳᠦᠯ᠂ ᠲᠣᠯᠭᠠᠷᠠᠵᠣ ᠢᠷᠡᠭ᠌ᠰᠡᠨ ᠠᠮᠢᠳᠣᠷᠠᠯ᠎ᠤᠨ ᠲᠦᠪᠡᠭ ᠭᠠᠱᠢᠭᠤᠨᠢ ᠰᠣᠷᠬᠠᠭ᠍ᠳᠠᠨᠢ ᠬᠠᠳᠣᠨ ᠵᠢᠷᠦᠬᠡᠨ ᠲᠠᠮᠢᠷ᠎ᠢᠶᠠᠷ᠎ᠢᠶᠠᠨ ᠨᠡᠷᠡᠵᠦ᠍᠂ ᠬᠠᠢᠷ᠎ᠠ ᠡᠷᠳᠡᠮ ᠢᠳᠡᠭᠡᠯ ᠪᠣᠯᠭᠠᠵᠣ ᠬᠦᠪᠡᠭᠦᠳᠲᠡᠭᠡᠨ ᠣᠯᠠᠮᠵᠢᠯᠠᠨ ᠬᠦᠷᠳᠡᠭᠡᠭ᠌ᠰᠡᠨ ᠪᠣᠯᠣᠯᠳᠠᠢ᠃
《ᠰᠣᠷᠬᠠᠭ᠍ᠳᠠᠨᠢ ᠬᠠᠳᠣᠨ ᠬᠦᠦ ᠮᠦᠩᠬᠡ᠎ᠳᠡᠭᠡᠨ ᠲᠠᠯ᠎ᠠ ᠨᠣᠳᠤᠭ᠎ᠤᠨ ᠡᠯᠢᠭᠡᠨ᠎ᠳᠤ ᠣᠷᠭᠤᠭ᠍ᠰᠠᠨ ᠴᠢᠯᠠᠭᠤ ᠴᠦ᠍ ᠨᠢᠭᠡᠨ ᠴᠠᠭ᠎ᠲᠤ ᠪᠣᠳᠠᠷᠠᠨ ᠣᠨᠠᠳᠠᠭ ᠵᠢᠮ᠎ᠡ᠎ᠲᠠᠢ ᠭᠡᠵᠤ ᠬᠠᠭᠠᠨ ᠡᠪᠦᠭᠡ᠎ᠶ᠋ᠢᠨ᠎ᠢᠶᠠᠨ ᠬᠡᠯᠡᠵᠦ᠍ ᠪᠠᠢᠭ᠍ᠰᠠᠨ᠎ᠢ ᠰᠠᠨᠠᠵᠣ ᠪᠠᠢᠨ᠎ᠠ ᠤᠤ? ᠴᠠᠭ᠎ᠨᠢ ᠢᠷᠡᠬᠦ᠌᠎ᠪᠠᠷ ᠪᠦᠭᠦᠳᠡ ᠵᠠᠮᠬᠠᠷᠠᠨ ᠣᠳᠣᠨ᠎ᠠ᠃ ᠬᠠᠷᠢᠨ ᠦᠪᠡᠷ᠎ᠤᠨ ᠪᠣᠢ ᠴᠠᠭ ᠬᠤᠭᠤᠴᠠᠭᠠᠨ᠎ᠳᠠᠭᠠᠨ ᠡᠵᠡᠨ ᠪᠠᠢᠵᠣ ᠬᠡᠮᠡᠨ᠎ᠡ᠃ ᠬᠤᠵᠢᠮ᠎ᠤᠨ ᠦᠶ᠎ᠡ᠎ᠳᠤ ᠰᠠᠢᠨ ᠨᠡᠷ᠎ᠡ᠎ᠪᠠᠷ ᠦᠯᠡᠳᠡᠬᠦ᠌᠎ᠶ᠋ᠢᠨ ᠲᠣᠯᠠ ᠲᠡᠭ᠌ᠷᠢ᠎ᠶ᠋ᠢᠨ ᠶᠠᠪᠣᠳᠠᠯ᠎ᠠᠴᠠ ᠢᠯᠡᠭᠦᠦ᠎ᠲᠠᠢ ᠦᠪᠡᠷ᠎ᠤᠨ ᠶᠠᠪᠣᠳᠠᠯ᠎ᠢ ᠠᠵᠢᠭ᠍ᠯᠠᠨ ᠰᠣᠷ》 ᠭᠡᠵᠤ ᠬᠡᠯᠡᠯ᠎ᠠ᠃
ᠰᠣᠷᠬᠠᠭ᠍ᠳᠠᠨᠢ ᠬᠠᠳᠣᠨᠤ ᠰᠣᠷᠭᠠᠯ ᠶᠣᠰᠣ᠎ᠪᠠᠷ ᠲᠡᠭᠦᠨ᠎ᠤ ᠬᠦᠪᠡᠭᠦᠳ ᠴᠦ᠍ 《ᠨᠡᠭᠡᠷᠡᠨ ᠭᠠᠷ ᠴᠣᠴᠠᠬᠤᠳᠤ ᠣᠬᠠᠭᠠᠨ ᠶᠠᠭᠤᠨ᠎ᠳᠤ ᠴᠣᠴᠠᠬᠤ ᠪᠢᠯᠡ》 ᠬᠡᠮᠡᠨ ᠦᠢᠯᠡᠰ᠎ᠤᠨ ᠵᠢᠯᠣᠭᠤ ᠱᠢᠭᠦᠷᠦᠭ᠌ᠰᠡᠨ ᠪᠠᠢᠯ᠎ᠠ᠃
ᠰᠣᠷᠬᠠᠭ᠍ᠳᠠᠨᠢ ᠬᠠᠳᠣᠨ ᠡᠷᠳᠡᠮ ᠨᠣᠮ᠎ᠢᠶᠠᠷ ᠵᠦᠪᠬᠡᠨ ᠦᠪᠡᠷ᠎ᠤᠨ ᠬᠡᠣᠬᠡᠳ᠎ᠢᠶᠠᠨ ᠭᠡᠢᠭᠦᠯᠦᠭ᠌ᠰᠡᠨ ᠪᠢᠰᠢ᠂ ᠲᠡᠷᠡ ᠬᠦ᠌ ᠭᠡᠷᠡᠯ ᠭᠡᠭᠡ᠎ᠶ᠋ᠢ ᠦᠶ᠎ᠡ ᠣᠯᠠᠮᠵᠢᠯᠠᠨ ᠭᠡᠷᠡᠯᠳᠦᠭᠦᠯᠬᠦ᠌᠎ᠶ᠋ᠢ ᠬᠢᠴᠢᠶᠡᠳᠡᠭ ᠪᠦᠰᠡᠭᠦᠢ ᠪᠠᠢᠭ᠍ᠰᠠᠨ ᠠᠵᠢ᠃ ᠲᠡᠷᠡ ᠰᠣᠳᠣᠷ ᠪᠦᠳᠦᠭᠡᠬᠦ᠌ ᠠᠵᠢᠯ ᠦᠷᠨᠢᠭᠦᠯᠵᠦ᠍᠂ ᠪᠦᠳᠦᠭᠡᠭ᠌ᠰᠡᠨ 《ᠠᠯᠳᠠᠨ ᠰᠣᠳᠣᠷ》 ᠨᠢ ᠱᠢᠳᠠᠭᠠᠭ᠍ᠳᠠᠬᠤᠳᠤ ᠲᠠᠬᠢᠨ ᠪᠦᠳᠦᠭᠡᠬᠦ᠌᠎ᠪᠠᠷ ᠱᠢᠨᠳᠠᠷᠠᠰᠢ ᠦᠭᠡᠢ ᠴᠢᠷᠮᠠᠢᠯᠭ᠎ᠠ ᠭᠠᠷᠭᠠᠨ᠎ᠠ᠃ ᠲᠡᠭᠦᠨ᠎ᠤ ᠬᠦᠪᠡᠭᠦᠨ ᠬᠦᠯᠡᠬᠦ᠌ᠶ᠋ᠢᠨ ᠡᠵᠡᠯᠡᠨ ᠰᠠᠭᠤᠬᠤ ᠪᠣᠯᠣᠭ᠍ᠰᠠᠨ ᠪᠣᠬᠠᠷ ᠬᠤᠳᠠ᠎ᠶ᠋ᠢᠨ ᠬᠡᠣᠬᠡᠳ ᠲᠠᠢᠨ᠎ᠤ ᠰᠠᠮᠠᠭᠤᠨ᠎ᠠᠴᠠ ᠪᠣᠯᠵᠣ ᠰᠣᠶᠣᠯ ᠪᠣᠯᠪᠠᠰᠣᠷᠠᠯ᠎ᠠᠴᠠ ᠬᠤᠯᠠᠳᠠᠬᠤ᠎ᠶ᠋ᠢ ᠬᠠᠷᠠᠵᠣ ᠲᠦᠪᠳᠡᠬᠦ᠌ ᠦᠭᠡᠢ᠎ᠳᠡᠭᠡᠨ ᠲᠡᠷᠡ ᠬᠠᠷᠢ ᠨᠣᠳᠤᠭ᠎ᠤᠨ ᠠᠷᠠᠳ᠎ᠤᠨ ᠬᠡᠣᠬᠡᠳ᠎ᠲᠤ ᠰᠣᠷᠭᠠᠭᠤᠯᠢ ᠪᠠᠢᠭᠤᠯᠵᠣ ᠦᠭ᠌ᠭᠦᠭ᠌ᠰᠡᠨ ᠦᠯᠢᠭᠡᠷ᠎ᠲᠠᠢ ᠪᠠᠢᠪᠠ᠃ ᠬᠦᠮᠦᠨ ᠠᠷᠠᠳ᠎ᠤᠨ ᠬᠦᠨᠳᠦᠳᠭᠡᠯ᠎ᠢᠶᠠᠷ 《ᠬᠠᠳᠣᠨᠤ ᠰᠣᠷᠭᠠᠭᠤᠯᠢ》 ᠭᠡᠵᠤ ᠨᠡᠷᠡᠢᠳᠦᠭ᠌ᠰᠡᠨ ᠲᠣᠰ ᠰᠣᠷᠭᠠᠭᠤᠯᠢ᠎ᠨᠢ ᠦᠨᠦ᠍ ᠬᠦᠷᠳᠡᠯ᠎ᠡ ᠡᠨᠡ ᠨᠡᠷ᠎ᠡ᠎ᠪᠠᠨ ᠬᠠᠳᠠᠭᠠᠯᠠᠨ ᠠᠷᠠᠳ᠎ᠤᠨ ᠬᠡᠣᠬᠡᠳ᠎ᠲᠤ ᠨᠣᠮ ᠡᠷᠳᠡᠮ ᠵᠢᠭᠠᠨ ᠰᠣᠷᠭᠠᠵᠣ ᠪᠠᠢᠭ᠎ᠠ᠎ᠶ᠋ᠢ ᠲᠣᠰ ᠨᠣᠮ᠎ᠤᠨ ᠲᠡᠭᠦᠰᠭᠡᠯ᠎ᠳᠤ ᠵᠣᠬᠢᠶᠠᠭ᠍ᠴᠢ᠎ᠠᠴᠠ 《ᠦᠨᠦ᠍ ᠬᠠᠳᠣᠨᠤ ᠰᠣᠷᠭᠠᠭᠤᠯᠢ ᠨᠠᠢ᠍ᠮᠠᠨ ᠵᠠᠭᠤᠨ᠎ᠢ ᠦᠵᠡᠨ ᠰᠦᠨᠳᠡᠷᠯᠡᠭ᠌ᠰᠡᠨ ᠬᠡᠪ᠎ᠢᠶᠠᠷ ᠪᠠᠢᠨ᠎ᠠ》 ᠬᠡᠵᠦ᠍ ᠲᠣᠳᠣᠷᠬᠠᠢᠯᠠᠭ᠍ᠰᠠᠨ ᠪᠠᠢᠨ᠎ᠠ᠃
ᠵᠣᠬᠢᠶᠠᠭ᠍ᠴᠢ ᠪᠢᠮᠪᠠ᠎ᠶ᠋ᠢᠨ ᠰᠠᠷᠠᠨᠳᠣᠶᠠᠭᠠᠠᠴᠠ ᠲᠣᠰ ᠨᠣᠮ᠎ᠢ ᠬᠠᠢᠷᠠᠳᠠᠢ ᠡᠵᠢ᠎ᠶ᠋ᠢᠨ᠎ᠢᠶᠠᠨ ᠭᠡᠭᠡᠨ ᠲᠣᠷᠠᠰᠭᠠᠯᠳᠤ ᠵᠣᠷᠢᠭᠤᠯᠣᠨ ᠪᠢᠴᠢᠭ᠌ᠰᠡᠨ ᠲᠣᠬᠠᠢ᠎ᠪᠠᠨ 《ᠦᠬᠢᠨ ᠲᠠᠨ᠎ᠢ ᠡᠨᠡ ᠨᠣᠮ᠎ᠢ ᠪᠢᠴᠢᠭ᠌ᠰᠡᠨ᠎ᠢᠶᠠᠷ ᠡᠨᠡ ᠬᠤᠷᠸ᠎ᠠ᠎ᠳᠤ ᠢᠷᠡᠭ᠌ᠰᠡᠨ ᠵᠣᠷᠢᠯᠭ᠎ᠠ ᠬᠢᠭᠡᠳ ᠡᠮᠡᠭ᠌ᠳᠡᠢ ᠬᠦᠮᠦᠨ ᠪᠣᠯᠵᠣ ᠲᠦᠷᠦᠭ᠌ᠰᠡᠨ ᠡᠬᠡ ᠬᠦᠮᠦᠨ᠎ᠤ ᠡᠭᠦᠷᠭᠡ᠎ᠪᠠᠨ ᠰᠠᠢᠳᠣᠷ ᠣᠬᠠᠭᠠᠷᠠᠯ᠎ᠠ᠃ ᠡᠭᠦᠪᠡᠷ ᠪᠢ ᠬᠠᠢᠷᠠᠳᠠᠢ ᠡᠵᠢ ᠲᠠᠨ᠎ᠤ᠎ᠪᠠᠨ ᠨᠢᠭᠡᠨ ᠰᠦᠨᠢ ᠦᠨᠳᠡᠢᠨ ᠬᠦᠬᠦᠭᠦᠯᠦᠭ᠌ᠰᠡᠨ ᠠᠴᠢ᠎ᠶ᠋ᠢ ᠲᠠᠨ᠎ᠢ ᠬᠠᠷᠢᠭᠤᠯᠣᠭ᠍ᠰᠠᠨ ᠪᠣᠯᠪᠠ ᠤᠤ ᠭᠡᠵᠤ ᠰᠡᠳᠭᠢᠨᠡ᠃ ᠪᠣᠰᠣᠳ ᠣᠯᠠᠨ ᠰᠦᠨᠢᠨᠦᠭᠦᠳᠤᠨ ᠲᠠᠨ᠎ᠢ ᠡᠯᠪᠡᠷᠢᠯ᠎ᠤᠨ ᠬᠠᠷᠢᠭᠤ᠎ᠶ᠋ᠢ ᠦᠨᠦ᠍ ᠪᠢ ᠦᠪᠡᠷ᠎ᠤᠨ ᠦᠷ᠎ᠡ ᠬᠡᠣᠬᠡᠳᠲᠡᠭᠡᠨ ᠵᠣᠷᠢᠭᠤᠯᠬᠤ ᠪᠣᠯᠣᠨ᠎ᠠ》 ᠭᠡᠵᠤ ᠪᠢᠴᠢᠭ᠌ᠰᠡᠨ ᠪᠠᠳᠠᠭ᠎ᠢ ᠣᠩᠱᠢᠬᠤ᠎ᠳᠤ ᠨᠢᠯᠪᠣᠰᠣ ᠵᠠᠢᠷᠯᠠᠬᠤ ᠶᠣᠮ᠃
ᠨᠣᠮ᠎ᠲᠠᠢ ᠡᠵᠢ᠎ᠶ᠋ᠢᠨ ᠬᠡᠣᠬᠡᠳ ᠭᠡᠳᠡᠭ ᠵᠦᠪᠬᠡᠨ ᠡᠬᠡ᠎ᠶ᠋ᠢᠨ ᠬᠠᠢᠷ᠎ᠠ ᠬᠦᠷᠳᠡᠬᠦ᠌ ᠲᠡᠳᠦᠢ ᠪᠢᠰᠢ᠂ ᠬᠠᠷᠢᠨ ᠬᠦᠮᠦᠨ ᠪᠣᠯᠬᠤ᠎ᠶ᠋ᠢᠨ ᠣᠴᠢᠷ ᠶᠣᠰᠣ᠎ᠶ᠋ᠢ ᠣᠬᠠᠭᠠᠷᠠᠵᠣ ᠣᠢᠯᠠᠭᠠᠬᠤ ᠠᠵᠠ ᠲᠣᠬᠢᠶᠠᠯ ᠬᠦᠷᠳᠡᠭ᠌ᠰᠡᠨ ᠬᠡᠣᠬᠡᠳ ᠪᠠᠢᠬ᠎ᠠ᠃ ᠦᠷᠭᠡᠨ ᠬᠤᠷᠸ᠎ᠠ᠎ᠳᠤ ᠠᠮᠢᠳᠣᠷᠠᠯ ᠦᠷᠭᠦᠯᠵᠢᠯᠡᠵᠦ᠍ ᠯᠠ ᠪᠠᠢᠪᠠᠯ᠂ ᠨᠣᠮ ᠪᠦᠰᠡᠭᠦᠢ ᠬᠡᠣᠬᠡᠳ ᠭᠤᠷᠪᠠ᠎ᠶ᠋ᠢᠨ ᠬᠤᠪᠢ ᠪᠠᠷᠢᠯᠳᠣᠯᠭ᠎ᠠ ᠮᠦᠨ ᠦᠨᠢᠳᠡ ᠣᠷᠣᠱᠢᠨ ᠦᠷᠬᠦᠯᠵᠢᠯᠡᠬᠦ᠂ ᠲᠡᠷᠡᠴᠢᠯᠡᠨ ᠦᠶ᠎ᠡ ᠲᠠᠮᠵᠢᠨ ᠦᠷᠬᠦᠯᠵᠢᠯᠡᠬᠦ᠌ ᠲᠣᠳᠣᠮ ᠡᠷᠴᠢᠮ᠎ᠨᠢ ᠣᠯᠠᠮ ᠴᠢᠩᠭᠠᠷᠠᠬᠤ ᠪᠣᠯᠳᠣᠭᠠᠢ ᠭᠡᠵᠤ ᠪᠢ ᠢᠳᠡᠭᠡᠨ ᠲᠠᠭᠠᠳᠭᠠᠨᠠᠮ᠃
2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635372
ᠢᠮᠧᠯ᠄tn@mgyxw.net 蒙ICP备10000005号