ᠰᠤᠩᠭᠤᠳᠠᠭ᠎ᠢ ᠤᠩᠱᠢᠬᠤ᠎ᠨᠢ ᠶᠢᠷᠲᠢᠨᠴᠦ᠎ᠶ᠋ᠢᠨ ᠳᠤᠳᠤᠭᠠᠳᠤ᠎ᠪᠠᠷ ᠠᠶᠠᠯᠠᠬᠤ᠎ᠲᠠᠢ ᠢᠵᠢᠯᠢᠬᠡᠨ
2020-04-23 18:01:25
ᠵᠣᠬᠢᠶᠠᠭ᠍ᠴᠢ᠄
ᠤᠮᠨᠠᠷᠤᠨ ᠴᠤᠯᠮᠤᠨ
ᠣᠩᠱᠢᠭ᠍ᠰᠠᠨ ᠣᠳᠠᠭ᠎ᠠ᠄
★★★☆☆


                ● ᠤᠮᠨᠠᠷᠤᠨ ᠴᠤᠯᠮᠤᠨ



    ᠤᠮᠨᠠᠷᠤᠨ ᠴᠤᠯᠮᠤᠨ᠄ ᠤᠯᠠᠭᠠᠨᠬᠠᠳᠠ ᠬᠤᠳᠠ᠎ᠶ᠋ᠢᠨ ᠠᠷᠤ ᠬᠤᠷᠴᠢᠨ ᠬᠤᠱᠢᠭᠤᠨ᠎ᠤ ᠤᠤᠭᠠᠯ᠂ ᠳᠡᠭᠡᠷ᠎ᠡ ᠵᠠᠭᠤᠨ᠎ᠤ ᠶᠡᠷᠡᠭᠡᠳ ᠤᠨ᠎ᠤ ᠰᠡᠬᠦᠯᠴᠢ᠎ᠠᠴᠠ ᠢᠷᠡᠭᠤ ᠨᠠᠢᠷᠠᠭ ᠰᠤᠨᠢᠷᠬᠠᠨ ᠪᠢᠴᠢᠵᠦ᠍ ᠦᠪᠦᠷ ᠮᠤᠩᠭᠤᠯ ᠤᠷᠤᠨ᠎ᠤ ᠡᠯ᠎ᠡ ᠮᠤᠩᠭᠤᠯ ᠰᠤᠨᠢᠨ ᠰᠡᠳᠬᠦᠯ᠎ᠢᠶᠠᠷ ᠬᠤᠶᠠᠷ ᠵᠠᠭᠤ ᠭᠠᠷᠤᠢ ᠬᠤᠪᠢ ᠱᠢᠯᠦᠭ ᠨᠠᠢᠷᠠᠭᠤᠯᠤᠯ ᠨᠡᠢᠳᠡᠯᠡᠬᠦᠯᠦᠭ᠌ᠰᠡᠨ ᠪᠠᠢᠨ᠎ᠠ᠃
    ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠤᠷᠠᠨ ᠵᠤᠬᠢᠶᠠᠯ᠎ᠤᠨ ᠵᠤᠬᠢᠶᠠᠨ ᠪᠦᠲᠦᠬᠡᠯᠭᠡ᠎ᠶ᠋ᠢᠨ 《ᠰᠤᠯᠤᠩᠭ᠎ᠠ》 ᠱᠠᠩᠨᠠᠯ᠂ 《ᠳᠡᠯᠡᠬᠡᠢ᠎ᠶ᠋ᠢᠨ ᠤᠳᠭ᠎ᠠ ᠵᠤᠬᠢᠶᠠᠯ》 ᠰᠡᠳᠬᠦᠯ᠎ᠤᠨ 2019 ᠤᠨ᠎ᠤ ᠱᠢᠯᠢᠳᠡᠭ ᠤᠷᠴᠢᠭᠤᠯᠤᠭ᠍ᠴᠢ᠎ᠶ᠋ᠢᠨ ᠱᠠᠩᠨᠠᠯ ᠵᠡᠷᠭᠡ᠎ᠶ᠋ᠢ ᠬᠦᠷᠳᠡᠵᠡᠢ᠃

    ᠬᠦᠮᠦᠨ ᠬᠦᠮᠦᠨ᠎ᠤ ᠰᠡᠳᠭᠢᠯ᠎ᠳᠠᠬᠢ ᠰᠤᠩᠭᠤᠳᠠᠭ ᠤᠨᠳᠤᠤ ᠪᠠᠢᠳᠠᠭ᠃ ᠬᠠᠷᠢᠨ ᠰᠤᠩᠭᠤᠳᠠᠭ᠎ᠤᠨ ᠤᠩᠱᠢᠯᠭ᠎ᠠ᠎ᠶ᠋ᠢ ᠳᠠᠷᠤᠤᠬᠠᠨ ᠦᠷᠬᠦᠯᠵᠢᠯᠡᠬᠦᠯᠵᠦ᠍ ᠡᠭᠡᠯ ᠠᠮᠢᠳᠤᠷᠠᠯ᠎ᠤᠨ ᠤᠳᠭ᠎ᠠ ᠪᠤᠯᠭᠠᠬᠤ ᠪᠤᠯ ᠠᠶᠠᠳᠠᠢᠬᠠᠨ ᠰᠤᠩᠭᠤᠯᠳᠠ ᠪᠤᠯᠬᠤ ᠶᠤᠮ᠃
    ᠱᠢᠯᠢᠳᠡᠭ ᠵᠤᠬᠢᠶᠠᠯᠴᠢᠳ ᠶᠡᠷᠦ᠎ᠨᠢ ᠬᠦᠮᠦᠰ᠎ᠲᠤ ᠶᠠᠭᠤ ᠨᠢᠭᠡ᠎ᠶ᠋ᠢ ᠳᠤᠯᠭᠠᠨ ᠬᠦᠯᠢᠶᠡᠯᠭᠡᠬᠦ᠌ ᠪᠢᠰᠢ᠂ ᠡᠰᠡᠷᠬᠦ᠌᠎ᠪᠠᠷ ᠶᠡᠭᠡ ᠠᠶᠠᠨᠳᠠᠭᠠᠨ᠂ ᠤᠷᠠᠨ ᠭᠤᠢᠳᠠ᠎ᠪᠠᠷ ᠲᠦᠷᠰᠦᠯᠡᠵᠦ᠍ ᠦᠭ᠌ᠳᠡᠭ ᠶᠤᠮ ᠪᠢᠯᠡ᠃ ᠭᠠᠷᠱᠢᠶᠠ ᠮᠠᠷᠺᠰ᠎ᠤᠨ ᠭᠠᠢᠬᠠᠯᠳᠠᠢ ᠦᠬᠦᠯᠡᠯᠭᠡ᠎ᠨᠦᠭᠦᠳ ᠪᠤᠢ᠂ ᠵᠢᠱ᠌ᠢᠶᠠᠯᠠᠪᠠᠯ 《ᠭᠤᠷᠪᠠᠨ ᠵᠡᠬᠦᠲᠦᠯᠡᠭ᠌ᠴᠢ᠎ᠶ᠋ᠢᠨ ᠡᠮᠭᠡᠨᠢᠯ》 ᠭᠡᠳᠡᠭ ᠦᠬᠦᠯᠡᠯᠭᠡ᠎ᠳᠡᠭᠡᠨ 《ᠪᠦᠰᠡᠬᠦᠢ ᠳᠠᠭᠤ ᠳᠠᠯᠪᠢᠨ ᠤᠬᠢᠯᠠᠬᠤ᠎ᠳᠤ ᠪᠡᠶ᠎ᠡ᠎ᠳᠤᠨᠢ ᠪᠠᠢᠭ᠍ᠰᠠᠨ ᠭᠡᠰᠡᠭ ᠱᠢᠯ ᠭᠡᠨᠡᠳᠳᠡ ᠯᠡ ᠰᠦᠢᠷᠡᠭᠡᠳ ᠶᠠᠪᠤᠴᠢᠬᠠᠬᠤ ᠱᠢᠭ᠋ ᠪᠤᠯᠤᠭ᠍ᠰᠠᠨ》 ᠭᠡᠵᠤ ᠲᠦᠷᠰᠦᠯᠡᠭ᠌ᠰᠡᠨ ᠶᠤᠮ᠃ ᠪᠠᠰᠠ 《ᠮᠤᠤᠷ᠎ᠲᠤ ᠬᠤᠪᠢᠯᠤᠭ᠍ᠰᠠᠨ ᠢᠸᠠ》 ᠭᠡᠳᠡᠭ ᠦᠬᠦᠯᠡᠯᠭᠡ᠎ᠳᠡᠭᠡᠨ᠂ 《ᠭᠤᠸ᠎ᠠ ᠦᠵᠡᠰᠭᠦᠯᠡᠩ᠎ᠨᠢ ᠨᠢᠬᠡᠨᠳᠡ ᠨᠤᠷᠠᠭ᠍ᠰᠠᠨ᠎ᠢ ᠲᠡᠷᠡ ᠭᠡᠨᠡᠳᠳᠡ ᠯᠡ ᠮᠡᠳᠡᠪᠡ᠂ ᠬᠦᠮᠦᠨ᠎ᠢ ᠳᠠᠷᠴᠢᠯᠠᠭᠠᠭ᠍ᠰᠠᠨ ᠭᠤᠸ᠎ᠠ ᠦᠵᠡᠰᠭᠦᠯᠡᠩ᠎ᠨᠢ ᠳᠡᠬᠦᠨ᠎ᠢ ᠬᠠᠪᠤᠳᠠᠷ᠂ ᠦᠮᠡᠨ ᠡᠪᠡᠳᠴᠢᠨ ᠱᠢᠭ ᠵᠤᠪᠠᠭᠠᠵᠦ᠍ ᠪᠠᠢᠭ᠍ᠰᠠᠨ ᠪᠢᠯᠡ》 ᠭᠡᠳ 《ᠰᠤᠳᠠᠰᠤᠨ᠎ᠳᠤᠨᠢ ᠱᠢᠷᠭᠤᠭ᠍ᠰᠠᠨ ᠦᠢ ᠤᠯᠠᠨ ᠦᠲᠦ ᠬᠤᠷᠤᠬᠠᠢ ᠦᠦᠷ ᠴᠠᠢᠬᠤ ᠦᠶ᠎ᠡ᠎ᠪᠠᠷ ᠬᠦᠯ᠎ᠢᠶᠠᠨ ᠠᠷᠪᠠᠭᠠᠨᠠᠭᠤᠯᠤᠨ ᠰᠡᠷᠡᠵᠦ᠍᠂ ᠠᠷᠠᠰᠣᠨ ᠳᠤᠳᠤᠷ᠎ᠡ᠎ᠨᠢ ᠵᠢᠷᠦᠬᠡ ᠤᠷᠠᠭ᠍ᠳᠠᠮ᠎ᠠ ᠬᠦᠳᠡᠯᠦᠬᠡᠳ ᠴᠡᠴᠡᠭ ᠵᠢᠮᠢᠰ ᠪᠦᠬᠦᠢ ᠬᠦᠷᠦᠰᠦ ᠱᠢᠷᠦᠢ᠂ ᠳᠡᠷᠤᠢ ᠳᠡᠬᠦᠨ᠎ᠤ ᠮᠠᠬᠠᠪᠤᠳ᠎ᠤᠨ ᠭᠤᠸ᠎ᠠ ᠦᠵᠡᠰᠭᠦᠯᠡᠩ ᠬᠤᠷᠠᠭ᠍ᠰᠠᠨ ᠬᠡᠰᠡᠭ᠎ᠢᠶᠠᠷ ᠬᠦᠶᠦᠯᠲᠦᠵᠦ᠍ ᠡᠬᠢᠯᠡᠬᠦ᠌ ᠱᠢᠭ ᠪᠤᠯᠳᠠᠭ》 ᠭᠡᠵᠤ ᠲᠦᠷᠰᠦᠯᠡᠳᠡᠭ᠃ ᠤᠯᠠᠮᠯᠠᠭ᠍ᠰᠠᠨ ᠰᠠᠨᠠᠭ᠎ᠠ᠂ ᠪᠦᠲᠦᠬᠡᠭ᠌ᠰᠡᠨ ᠠᠭ᠍ᠱᠠᠨ᠎ᠨᠤᠭᠤᠳ᠎ᠨᠢ ᠳᠠᠪᠳᠠᠭ᠍ᠳᠠᠰᠢ ᠦᠭᠡᠢ ᠴᠤᠯᠤ ᠪᠤᠯᠵᠦ᠍ ᠦᠶ᠎ᠡ ᠦᠶ᠎ᠡ᠎ᠶ᠋ᠢᠨ ᠬᠦᠮᠦᠰ᠎ᠲᠤ ᠦᠪᠡᠷᠮᠢᠴᠠ ᠰᠤᠳᠤᠨ ᠮᠡᠳᠡᠷᠡᠮᠵᠢ᠎ᠶ᠋ᠢ ᠳᠠᠮᠵᠢᠭᠤᠯᠵᠦ᠍ ᠴᠢᠳᠠᠳᠠᠭ᠎ᠨᠢ ᠰᠤᠩᠭᠤᠳᠠᠭ᠎ᠤᠳ᠎ᠤᠨ ᠭᠠᠢᠬᠠᠯᠳᠠᠢ ᠴᠢᠳᠠᠯ ᠶᠤᠮ᠃
    ᠮᠡᠳᠡᠭᠡᠵᠢ᠂ ᠵᠠᠷᠢᠮ ᠱᠢᠯᠢᠳᠡᠭ ᠵᠤᠬᠢᠶᠠᠯᠴᠢᠳ ᠶᠡᠭᠡ ᠬᠤᠪᠢ ᠵᠠᠶᠠᠭ᠎ᠠ᠎ᠶ᠋ᠢ ᠦᠪᠡᠷ᠎ᠤᠨ᠎ᠢᠶᠠᠨ ᠠᠮᠢ ᠨᠠᠰᠣ᠂ ᠡᠮᠵᠡᠭ ᠱᠢᠷᠬ᠎ᠠ ᠪᠤᠯᠭᠠᠵᠦ᠍ ᠡᠬᠦᠷᠭᠡᠯᠡᠳᠡᠭ᠃ ᠤᠷᠬᠠᠨ ᠫᠠᠮᠤᠺ 《ᠲᠦᠷᠦᠭ᠌ᠰᠡᠨ ᠬᠤᠳᠠ ᠮᠠᠨᠢ ᠬᠤᠶᠠᠷ ᠮᠢᠩᠭᠠᠨ ᠵᠢᠯ᠎ᠤᠨ ᠳᠡᠦᠬᠡᠨ᠎ᠳᠡᠭᠡᠨ ᠶᠡᠷᠦ᠎ᠨᠢ ᠢᠩᠭᠢᠵᠦ᠍ ᠡᠪᠳᠡᠷᠡᠨ ᠰᠦᠢᠳᠴᠦ᠍᠂ ᠦᠨᠦᠴᠢᠷᠠᠨ ᠭᠠᠭ᠍ᠴᠠᠭᠠᠷᠳᠠᠵᠦ᠍᠂ ᠶᠠᠳᠠᠭᠤ ᠬᠤᠭᠤᠰᠣᠨ ᠪᠠᠢᠵᠦ᠍ ᠦᠵᠡᠭ᠌ᠰᠡᠨ ᠦᠭᠡᠢ᠃ ᠳᠡᠷᠡ ᠨᠠᠳᠠ᠎ᠳᠤ ᠪᠠᠭᠤᠷᠢ᠎ᠶ᠋ᠢᠨ ᠬᠤᠳᠠ ᠬᠡᠪ᠎ᠢᠶᠠᠷ᠂ ᠡᠵᠡᠨᠲᠦ ᠬᠦᠷᠦᠨ᠎ᠤ ᠡᠮᠵᠡᠭ ᠱᠢᠷᠬ᠎ᠠ᠎ᠪᠠᠷ ᠲᠦᠬᠦᠷᠡᠩ ᠰᠠᠨᠠᠭ᠍ᠳᠠᠳᠠᠭ᠃ ᠳᠡᠭᠡᠭᠡᠳ ᠴᠦ᠍ ᠮᠢᠨᠤ ᠠᠮᠢ ᠨᠠᠰᠣ ᠪᠤᠯ ᠡᠢᠮᠦᠷᠬᠦᠦ ᠱᠢᠷᠬ᠎ᠠ᠎ᠲᠠᠢ ᠳᠠᠢᠰᠤᠩᠨᠠᠬᠤ ᠪᠢᠰᠢ᠂ ᠬᠠᠷᠢᠨ ᠳᠡᠬᠦᠨ᠎ᠢ ᠦᠪᠡᠷ᠎ᠤᠨ᠎ᠢᠶᠠᠨ ᠡᠮᠵᠡᠭ ᠱᠢᠷᠬ᠎ᠠ ᠪᠤᠯᠭᠠᠬᠤ᠎ᠳᠤ ᠤᠴᠢᠷ ᠤᠳᠭ᠎ᠠ᠎ᠨᠢ ᠤᠷᠤᠱᠢᠳᠠᠭ》 ᠭᠡᠵᠤ 《ᠢᠰᠲ᠋ᠠᠨᠪᠦ᠋ᠯ — ᠨᠢᠬᠡᠨ ᠬᠤᠳᠠ᠎ᠶ᠋ᠢᠨ ᠰᠠᠭᠤᠭ᠍ᠳᠠᠯ》 ᠭᠡᠬᠦ᠌ ᠨᠤᠮ᠎ᠳᠠᠭᠠᠨ ᠪᠢᠴᠢᠭ᠌ᠰᠡᠨ ᠶᠤᠮ᠃ ᠳᠡᠢᠮᠦ᠍ ᠡ᠂ ᠰᠤᠩᠭᠤᠳᠠᠭ᠎ᠤᠳ ᠬᠦᠮᠦᠨ᠎ᠢ ᠢᠯᠠᠯᠳᠠ᠎ᠶ᠋ᠢ ᠯᠡ ᠪᠢᠰᠢ᠂ ᠢᠯᠠᠭ᠍ᠳᠠᠯ᠎ᠢ ᠴᠦ᠍ ᠴᠢᠪ ᠴᠢᠮᠡᠭᠡ ᠦᠭᠡᠢ ᠰᠤᠩᠭᠤᠵᠦ᠍ ᠴᠢᠳᠠᠬᠤ ᠪᠤᠯᠭᠠᠳᠠᠭ᠃
    ᠮᠦᠷᠠᠺᠠᠮᠢ ᠬᠠᠷᠤᠺᠢ᠎ᠶ᠋ᠢᠨ ᠦᠬᠦᠯᠡᠯᠭᠡ (《ᠡᠮᠡᠰ ᠦᠭᠡᠢ ᠡᠷᠡᠴᠣᠣᠯ》᠂ 《ᠱᠠᠾᠷᠠᠽᠠᠳ᠋》 ᠵᠡᠷᠭᠡ) ᠪᠠᠰᠠ ᠶᠡᠭᠡ ᠭᠠᠢᠬᠠᠯᠳᠠᠢ ᠶᠤᠮ ᠪᠢᠯᠡ᠂ ᠳᠡᠷᠡ᠎ᠪᠠᠷ ᠡᠳᠤᠷ ᠳᠤᠳᠤᠮ᠎ᠤᠨ ᠡᠭᠡᠯ ᠲᠦᠷᠢ᠎ᠳᠤ ᠳᠠᠯᠳᠠᠯᠠᠭ᠍ᠳᠠᠭ᠍ᠰᠠᠨ ᠠᠮᠢ ᠨᠠᠰᠣᠨ᠎ᠤ ᠪᠤᠳᠤᠯᠢᠶᠠᠨ᠎ᠢ ᠤᠯᠠᠮ ᠡᠷᠴᠢᠮᠵᠢᠬᠦᠯᠵᠦ᠍ ᠰᠠᠨᠠᠭᠠᠨ᠎ᠳᠤ ᠦᠭᠡᠢ ᠦᠷ᠎ᠡ ᠳ᠋ᠦᠩ᠎ᠳᠤ ᠬᠦᠷᠭᠡᠳᠡᠭ᠃ ᠭᠡᠳᠡᠯ᠎ᠡ ᠪᠢᠳᠡᠨ᠎ᠤ ᠨᠢᠭᠤᠷᠯᠠᠵᠦ᠍ ᠪᠤᠢ ᠠᠮᠢᠳᠤᠷᠠᠯ ᠴᠦ᠍ ᠠᠳᠠᠯᠢᠬᠠᠨ᠂ ᠡᠪ ᠡᠩ᠎ᠤᠨ ᠴᠠᠭ ᠮᠦᠴᠠ ᠳᠤᠮᠳᠠ ᠡᠬᠦᠰᠦᠨ ᠦᠷᠨᠢᠵᠦ᠍ ᠡᠷᠬᠢᠬᠡᠳ ᠰᠡᠳᠭᠢᠯ᠎ᠳᠤ ᠪᠠᠭ᠍ᠳᠠᠮ᠎ᠠ ᠦᠭᠡᠢ ᠡᠭᠡᠵᠢᠭ ᠪᠤᠳᠤᠯᠢᠶᠠᠨ᠎ᠲᠠᠢ ᠳᠤᠯᠳᠠᠭ ᠦᠶ᠎ᠡ ᠪᠤᠢ᠃ ᠱᠢᠯᠢᠳᠡᠭ ᠵᠤᠬᠢᠶᠠᠯᠴᠢᠳ ᠳᠤᠭᠤᠯᠤᠭ᠍ᠰᠠᠨ ᠠᠮᠢᠳᠤᠷᠠᠯ᠎ᠢᠶᠠᠨ ᠬᠦᠮᠦᠰ᠎ᠲᠤ ᠦᠯᠢᠬᠡᠷᠯᠡᠨ ᠦᠯᠡᠳᠡᠭᠡᠵᠦ᠍ ᠠᠶᠤᠯ ᠵᠤᠪᠠᠯᠠᠩ᠂ ᠠᠢᠳᠠᠰ ᠭᠤᠨᠢᠭ᠂ ᠦᠬᠦᠯ ᠬᠠᠭᠠᠴᠠᠯ᠎ᠢ ᠳᠠᠭᠠᠭᠠᠬᠤ ᠰᠡᠳᠭᠢᠯ᠎ᠤᠨ ᠬᠠᠳᠠ᠎ᠲᠠᠢ ᠪᠤᠯᠬᠤ᠎ᠳᠤ ᠳᠤᠰᠠᠯᠠᠳᠠᠭ᠃ ᠨᠡᠭᠡᠷᠡᠨ᠂ ᠰᠡᠳᠭᠢᠯ᠎ᠤᠨ ᠬᠦᠨ ᠳᠤᠳᠤᠷ᠎ᠡ ᠦᠩᠭᠡᠷᠡᠭ᠌ᠰᠡᠨ ᠢᠷᠡᠭᠡᠳᠤᠢ᠎ᠶ᠋ᠢᠨ ᠴᠠᠭ ᠬᠤᠭᠤᠴᠠᠭ᠎ᠠ ᠵᠡᠷᠭᠡ᠎ᠪᠠᠷ ᠤᠢᠯᠤᠨ ᠤᠷᠤᠰᠴᠦ᠍ ᠪᠠᠢᠳᠠᠭ᠎ᠢ ᠦᠬᠡᠢᠰᠭᠡᠵᠦ᠍ ᠪᠤᠯᠤᠰᠢ ᠦᠭᠡᠢ ᠪᠢᠯᠡ᠃ ᠳᠡᠢᠨ ᠬᠦ᠌ ᠰᠤᠩᠭᠤᠳᠠᠭ ᠪᠤᠯ ᠬᠠᠮᠤᠭ᠎ᠤᠨ ᠦᠨᠡᠳᠡᠢ ᠬᠦᠮᠦᠵᠢᠯ ᠪᠤᠯᠬᠤ ᠶᠤᠮ᠃
    ᠱᠢᠯᠢᠳᠡᠭ ᠵᠤᠬᠢᠶᠠᠯᠴᠢᠳ᠎ᠤᠨ ᠪᠠᠰᠠ ᠨᠢᠭᠡ ᠭᠠᠢᠬᠠᠮᠱᠢᠭ᠍ᠳᠠᠢ ᠵᠦᠢᠯ ᠪᠤᠯ ᠤᠬᠠᠭᠠᠷᠠᠯ᠂ ᠳᠡᠳᠡ ᠬᠡᠲᠦᠨ ᠵᠠᠭᠤᠨ᠎ᠤ ᠴᠠᠭ ᠬᠤᠭᠤᠴᠠᠭ᠎ᠠ᠎ᠶ᠋ᠢ ᠤᠶᠤᠨ᠎ᠤ ᠨᠢᠲᠦ᠎ᠪᠠᠷ ᠨᠡᠪᠳᠡ ᠬᠠᠯᠢᠶᠠᠨ ᠳᠤᠩᠭᠠᠵᠦ᠍ ᠢᠷᠡᠭᠡᠳᠤᠢ᠎ᠶ᠋ᠢᠨ ᠬᠦᠮᠦᠰ᠎ᠲᠤ ᠦᠨᠡᠨ ᠮᠥᠨ᠎ᠢᠶᠠᠷ᠎ᠨᠢ ᠳᠤᠱᠢᠶᠠᠵᠦ᠍ ᠴᠢᠳᠠᠳᠠᠭ᠃ ᠢᠦ᠋ᠢᠭᠤ᠌ 《ᠫᠠᠷᠢᠰ᠎ᠤᠨ ᠳ᠋ᠠᠷ᠎ᠠ ᠡᠬᠡ᠎ᠶ᠋ᠢᠨ ᠰᠦᠮ᠎ᠡ》 ᠷᠤᠮᠠᠨ᠎ᠳᠠᠭᠠᠨ ᠦᠩᠭᠡᠷᠡᠭ᠌ᠰᠡᠨ ᠦᠶ᠎ᠡ᠎ᠶ᠋ᠢᠨ ᠫᠠᠷᠢᠰ ᠬᠤᠳᠠ᠎ᠶ᠋ᠢᠨ ᠳᠤᠬᠠᠢ ᠶᠡᠬᠡᠬᠡᠨ ᠪᠢᠷ ᠪᠡᠭᠡ ᠦᠷᠡᠵᠦ᠍ 《ᠵᠢᠷᠤᠭ᠍ᠯᠠᠭ᠍ᠰᠠᠨ》 ᠬᠡᠬᠦ᠌ ᠶᠤᠮ᠃ ᠳᠡᠬᠦᠨ᠎ᠤ ᠤᠷᠳᠤ 《ᠵᠢᠷᠤᠭ᠍ᠯᠠᠯ》 ᠎ᠲᠠᠢ ᠳᠤᠯᠭᠠᠷᠠᠭᠠᠳ ᠭᠤᠤᠯ ᠲᠦᠷᠢ᠎ᠶ᠋ᠢᠨ ᠬᠤᠪᠢ ᠵᠠᠶᠠᠭᠠᠨ᠎ᠳᠤ ᠰᠠᠨᠠᠭᠠᠱᠢᠷᠠᠨ ᠰᠡᠳᠭᠢᠯ ᠡᠷᠭᠡ ᠦᠭᠡᠢ ᠪᠠᠴᠢᠮᠳᠠᠳᠠᠭ ᠪᠠᠢᠭ᠍ᠰᠠᠨ ᠪᠢᠯᠡ᠃ ᠫᠠᠷᠢᠰ ᠬᠤᠳᠠ᠎ᠶ᠋ᠢᠨ ᠰᠦᠮ᠎ᠡ ᠬᠡᠢᠳ᠂ ᠪᠠᠷᠢᠯᠭ᠎ᠠ ᠳᠠᠭ᠍ᠳᠤ᠂ ᠵᠠᠬ᠎ᠠ ᠳᠡᠬᠦᠷᠭᠡ᠂ ᠭᠤᠤᠯ ᠮᠦᠷᠡᠨ᠂ ᠵᠠᠮ ᠵᠡᠭᠡᠯᠢ᠂ ᠱᠠᠯᠠ ᠳᠡᠭᠡᠪᠦᠷ᠎ᠢ ᠨᠢᠭᠡᠳ ᠨᠢᠭᠡ᠎ᠪᠠᠷ ᠨᠠᠷᠢᠨ ᠨᠤᠬᠤᠴᠠᠳᠠᠢ 《ᠵᠢᠷᠤᠭ᠍ᠯᠠᠵᠦ᠍》 ᠪᠠᠢᠭ᠍ᠰᠠᠨ᠎ᠢᠶᠠᠨ ᠢᠦ᠋ᠢᠭᠤ᠌ 《ᠳᠡᠭᠡᠳᠤᠰ ᠮᠢᠨᠢ ᠴᠢᠯᠠᠭᠤᠨ ᠫᠠᠷᠢᠰ᠎ᠲᠤ ᠰᠠᠭᠤᠵᠦ᠍ ᠪᠠᠢᠭ᠍ᠰᠠᠨ᠂ ᠪᠢᠳᠡ ᠱᠢᠪᠡᠷ ᠫᠠᠷᠢᠰ᠎ᠲᠤ ᠰᠠᠭᠤᠬᠤ ᠪᠤᠯᠤᠨ᠎ᠠ》 ᠭᠡᠵᠤ ᠴᠤᠬᠤᠢᠯᠭᠠᠳᠠᠭ᠃ ᠡᠨᠡ ᠦᠬᠡ᠎ᠶ᠋ᠢ ᠤᠩᠱᠢᠭ᠍ᠰᠠᠨ ᠠᠭ᠍ᠱᠠᠨ᠎ᠳᠤ ᠯᠡ ᠬᠦᠮᠦᠨ᠎ᠤ ᠵᠠᠶᠠᠭ᠎ᠠ ᠴᠢᠮᠠᠯᠠᠭ᠍ᠳᠠᠵᠦ᠍ ᠬᠦᠷᠦᠰᠦᠲᠦ᠎ᠶ᠋ᠢᠨ ᠠᠮᠢᠳᠤᠷᠠᠯ᠎ᠢ ᠡᠩ᠎ᠳᠤᠨᠢ ᠪᠤᠳᠤᠬᠤ ᠪᠤᠯ ᠰᠠᠶᠢ ᠵᠦᠪ ᠭᠡᠭ᠌ᠴᠢ᠎ᠶ᠋ᠢ ᠵᠦᠪᠱᠢᠶᠠᠷᠠᠨ ᠰᠠᠨᠠᠬᠤ ᠪᠤᠯᠤᠨ᠎ᠠ᠃
    ᠰᠤᠩᠭᠤᠳᠠᠭ᠎ᠤᠳ ᠮᠦᠩᠭᠡ᠎ᠶ᠋ᠢᠨ ᠭᠤᠸ᠎ᠠ ᠰᠠᠢᠬᠠᠨ᠎ᠢ ᠴᠤᠭ᠍ᠴᠠᠯᠠᠵᠦ᠍᠂ ᠭᠤᠸ᠎ᠠ ᠰᠠᠢᠬᠠᠨ ᠪᠤᠯ ᠱᠢᠲᠦᠯᠭᠡ ᠭᠡᠵᠤ ᠬᠦᠮᠦᠰ᠎ᠲᠤ 《ᠬᠡᠯᠡᠵᠦ᠍》 ᠦᠭ᠌ᠳᠡᠭ᠃ ᠤᠳᠭ᠎ᠠ ᠦᠭᠡᠢ ᠠᠮᠢᠳᠤᠷᠠᠯ᠎ᠳᠤ ᠦᠬᠡᠢᠬᠢᠭ᠌ᠳᠡᠬᠦ᠌ ᠦᠭᠡᠢ᠂ ᠤᠨ ᠵᠠᠭᠤᠨ᠎ᠨᠤᠭᠤᠳ᠎ᠲᠤ ᠭᠭᠢᠷᠲᠦᠬᠦ᠌ ᠦᠭᠡᠢ᠂ ᠤᠰᠭᠠᠯ ᠢᠯᠳᠡᠮ᠂ ᠳᠤᠳᠤᠭᠠᠳᠤ ᠭᠡᠭᠡ᠎ᠪᠠᠷ᠎ᠢᠶᠠᠨ ᠤᠷᠴᠢᠯᠠᠩ᠎ᠢ ᠳᠤᠩᠭᠠᠯᠠᠭ᠍ᠵᠢᠭᠤᠯᠤᠨ ᠭᠡᠷᠡᠯᠲᠦᠬᠦᠯᠦᠭ᠌ᠴᠢ ᠭᠤᠸ᠎ᠠ ᠰᠠᠢᠬᠠᠨ ᠪᠤᠯ ᠨᠡᠭᠡᠷᠡᠨ ᠱᠢᠲᠦᠯᠭᠡ ᠶᠤᠮ᠃ ᠳᠡᠭᠡᠭᠡᠳ ᠴᠦ᠍ ᠮᠦᠩᠭᠡ᠎ᠶ᠋ᠢᠨ ᠭᠤᠸ᠎ᠠ ᠰᠠᠢᠬᠠᠨ ᠭᠡᠭ᠌ᠴᠢ ᠬᠠᠷᠠᠭ᠍ᠳᠠᠭ᠍ᠰᠠᠨ ᠱᠢᠨᠵᠢ᠎ᠪᠠᠷ᠎ᠢᠶᠠᠨ ᠪᠤᠰᠣ᠂ ᠰᠠᠭᠤᠭ᠍ᠳᠠᠭ᠍ᠰᠠᠨ ᠴᠢᠨᠠᠷ᠎ᠢᠶᠠᠷ᠎ᠢᠶᠠᠨ ᠦᠨᠢ ᠤᠳᠠᠭᠠᠨ᠎ᠢ ᠳᠠᠪᠠᠨ ᠳᠤᠭᠤᠯᠬᠤ ᠴᠢᠳᠠᠯ᠎ᠲᠠᠢ ᠪᠠᠢᠳᠠᠭ᠃ 《ᠪᠠᠷᠳᠠᠮ ᠰᠡᠷᠬᠦᠯᠡᠩ ᠪᠤᠷᠤ》 ᠭᠡᠳᠡᠭ ᠮᠤᠩᠭᠤᠯ ᠠᠷᠠᠳ᠎ᠤᠨ ᠤᠷᠲᠦ᠎ᠶ᠋ᠢᠨ ᠳᠠᠭᠤᠤ ᠪᠤᠢ᠂ ᠳᠡᠷᠡ ᠳᠠᠭᠤᠤ᠎ᠳᠤ᠄
    《ᠪᠠᠷᠳᠠᠮ ᠰᠡᠷᠬᠦᠯᠡᠩ ᠪᠤᠷᠤ᠎ᠪᠠᠨ / ᠪᠠᠷᠢᠵᠦ᠍ ᠰᠦᠢᠵᠦ᠍ ᠤᠨᠤᠮᠠᠨ / ᠦᠨᠳᠤᠷ ᠬᠠᠩᠭᠠᠢ᠎ᠶ᠋ᠢᠨ ᠱᠢᠯᠢ ᠳᠡᠭᠡᠬᠦᠷ / ᠦᠪᠡᠷ᠎ᠤᠨ᠎ᠢᠶᠠᠨ ᠳᠤᠷ᠎ᠡ᠎ᠪᠠᠷ ᠬᠠᠳᠠᠷᠢᠭᠤᠯᠤᠭᠠᠷᠠᠢ ᠁ / ᠭᠠᠭ᠍ᠴᠠᠬᠠᠨ ᠠᠮᠠᠷᠠᠭ ᠳᠡᠷᠡ ᠮᠢᠨᠢ / ᠭᠠᠵᠠᠷ᠎ᠤᠨ ᠬᠤᠯᠠ ᠠᠶᠠᠯᠠᠬᠤ᠎ᠳᠤ / ᠳᠤᠳᠤᠷ᠎ᠡ ᠵᠢᠷᠤᠬᠡᠨ᠎ᠤ ᠳᠤᠮᠳᠠ᠎ᠠᠴᠠ / ᠳᠤᠯᠢ ᠮᠡᠲᠦ ᠢᠯᠡᠷᠬᠡᠢ ᠁》 ᠭᠡᠵᠤ ᠳᠠᠭᠤᠯᠠᠳᠠᠭ᠂ ᠡᠨᠡ 《ᠳᠤᠳᠤᠷ᠎ᠡ ᠵᠢᠷᠤᠬᠡᠨ᠎ᠤ ᠳᠤᠮᠳᠠ᠎ᠠᠴᠠ / ᠳᠤᠯᠢ ᠮᠡᠲᠦ ᠢᠯᠡᠷᠬᠡᠢ》 ᠎ᠠᠴᠠ ᠰᠠᠶᠢ᠎ᠶ᠋ᠢᠨ ᠬᠡᠯᠡᠭ᠌ᠰᠡᠨ ᠰᠠᠭᠤᠭ᠍ᠳᠠᠭ᠍ᠰᠠᠨ ᠴᠢᠨᠠᠷ᠎ᠤᠨ ᠳᠡᠬᠦᠰ ᠳᠡᠬᠦᠯᠳᠡᠷ᠎ᠢ ᠬᠠᠷᠠᠵᠦ᠍ ᠪᠤᠯᠤᠨ᠎ᠠ᠃ ᠳᠡᠢᠮᠦ᠍ ᠡ᠂ ᠴᠠᠭ ᠬᠤᠭᠤᠴᠠᠭᠠᠨ᠎ᠤ ᠤᠷᠲᠦ ᠤᠳᠠᠭᠠᠨ ᠶᠡᠷᠦ᠎ᠨᠢ ᠬᠠᠷᠠᠭ᠍ᠳᠠᠭ᠍ᠰᠠᠨ ᠱᠢᠨᠵᠢ᠎ᠶ᠋ᠢ ᠤᠷᠤ ᠮᠦᠷ ᠦᠭᠡᠢ ᠠᠭᠤᠰᠭᠠᠵᠦ᠍᠂ ᠰᠠᠭᠤᠭ᠍ᠳᠠᠭ᠍ᠰᠠᠨ ᠴᠢᠨᠠᠷ᠎ᠢ ᠬᠠᠷᠢᠨ ᠤᠯᠠᠮ ᠯᠡ ᠳᠤᠳᠤᠷᠠᠭᠤᠯᠤᠨ ᠵᠠᠭᠤᠨ ᠵᠠᠭᠤᠨ᠎ᠤ ᠬᠦᠮᠦᠰ᠎ᠲᠤ ᠤᠯᠠᠮᠵᠢᠯᠠᠳᠠᠭ ᠪᠢᠯᠡ᠃ ᠪᠠᠪᠤᠤ᠎ᠶ᠋ᠢᠨ ᠯᠾᠬᠠᠪᠠᠰᠦ᠋ᠷᠦᠩ᠎ᠤᠨ 《ᠰᠠᠨᠠᠬᠤ᠎ᠶ᠋ᠢᠨ     ᠠᠯᠬᠤᠮ》 ᠭᠡᠳᠡᠭ ᠱᠢᠯᠦᠭ᠎ᠲᠤ ᠴᠦ᠍ ᠡᠢᠮᠦᠷᠬᠦᠦ ᠵᠦᠢᠯ ᠳᠤᠰᠭᠠᠭ᠍ᠳᠠᠭ᠍ᠰᠠᠨ᠄
    《ᠪᠠᠢᠨ ᠪᠠᠢᠨ ᠬᠠᠷᠠᠬᠤ᠎ᠳᠤ / ᠪᠠᠷ᠎ᠠ᠎ᠨᠢ ᠳᠤᠷᠦ᠋ᠢᠵᠦ᠍ ᠬᠠᠷᠠᠭ᠍ᠳᠠᠨ᠎ᠠ / ᠪᠠᠷ᠎ᠠ᠎ᠨᠢ ᠳᠠᠰᠤᠷᠠᠬᠤ᠎ᠶ᠋ᠢᠨ ᠴᠠᠭ᠎ᠲᠤ / ᠨᠢᠲᠦ᠎ᠨᠢ ᠳᠤᠷᠮᠦᠢᠵᠦ᠍ ᠬᠠᠷᠠᠭ᠍ᠳᠠᠨ᠎ᠠ》 ᠭᠡᠰᠡᠨ ᠮᠦᠷ ᠪᠠᠢᠳᠠᠭ᠃ ᠮᠡᠳᠡᠭᠡᠵᠢ᠂ ᠡᠬᠡ ᠬᠡᠯᠡᠨ᠎ᠤ ᠰᠤᠩᠭᠤᠳᠠᠭ ᠪᠤᠯ ᠢᠷᠠᠭᠤ ᠰᠠᠢᠬᠠᠨ᠂ ᠬᠦᠨ ᠳᠤᠩᠭᠠᠯᠠᠭ᠂ ᠠᠭᠤᠵᠢᠭᠤ ᠪᠠᠭ᠍ᠳᠠᠭᠠᠮᠵᠢ᠎ᠶ᠋ᠢ ᠴᠤᠭ᠍ᠴᠠᠯᠠᠭ᠍ᠰᠠᠨ ᠪᠠᠢᠬᠤ ᠤᠴᠢᠷᠳᠠᠢ᠃ ᠰᠡᠬᠦᠯ᠎ᠤᠨ ᠦᠶ᠎ᠡ᠎ᠳᠤ ᠮᠠᠨ᠎ᠤ ᠤᠷᠠᠨ ᠵᠤᠬᠢᠶᠠᠯ᠎ᠳᠤ ᠬᠡᠯᠡ᠎ᠪᠠᠨ ᠡᠪᠳᠡᠵᠦ᠍ ᠨᠠᠢᠷᠠᠭᠤᠯᠭ᠎ᠠ᠎ᠪᠠᠨ ᠴᠤᠴᠠᠯᠠᠭ᠍ᠰᠠᠨ ᠡᠮᠬᠡᠭ᠎ᠲᠠᠢ ᠵᠦᠢᠯᠠᠰ ᠵᠦᠩᠳᠡᠭᠡᠨ ᠬᠠᠷᠠᠭ᠍ᠳᠠᠬᠤ ᠪᠤᠯᠤᠭ᠍ᠰᠠᠨ ᠳᠡᠳᠤᠢ ᠦᠭᠡᠢ᠂ ᠳᠡᠬᠦᠨ᠎ᠢᠶᠠᠨ ᠱᠢᠨᠡᠴᠢᠯᠠᠯ ᠪᠤᠶᠤ ᠤᠳᠤᠬᠢᠴᠢ ᠭᠡᠬᠦ᠌ ᠮᠡᠲᠦ᠎ᠪᠠᠷ ᠬᠦᠬᠡᠷᠭᠡᠳᠡᠭ᠌ᠴᠢᠳ ᠡᠲᠦᠷ ᠢᠷᠡᠬᠦᠶ᠎ᠡ ᠭᠠᠵᠠᠷ ᠠᠪᠴᠦ᠍ ᠪᠤᠢ᠂ ᠵᠠᠯᠠᠭᠤ ᠨᠢᠭᠡ ᠦᠶ᠎ᠡ᠎ᠶ᠋ᠢᠨ᠎ᠬᠢᠨ ᠡᠬᠦᠨ᠎ᠠᠴᠠ ᠡᠷᠭᠡᠪᠰᠢ ᠳᠠᠳᠠᠭᠠᠯᠵᠠᠬᠤ ᠬᠡᠷᠡᠭ᠌ᠳᠡᠢ᠃
    ᠰᠤᠩᠭᠤᠳᠠᠭ ᠪᠠᠰᠠ ᠬᠦᠮᠦᠨ᠎ᠢ ᠡᠭᠡᠯ ᠳᠠᠷᠤᠤ ᠠᠷᠠᠨᠱᠢᠨ᠎ᠲᠠᠢ᠂ ᠡᠨᠡᠷᠢᠯ ᠬᠠᠢᠷ᠎ᠠ᠎ᠶ᠋ᠢᠨ ᠰᠡᠳᠭᠢᠯ᠎ᠲᠠᠢ᠂ ᠵᠦᠪ ᠦᠢᠯᠡᠰ᠎ᠲᠠᠢ ᠨᠢᠭᠡᠨ ᠪᠤᠯᠬᠤ᠎ᠳᠤ ᠵᠠᠮᠴᠢᠯᠠᠳᠠᠭ᠃ ᠮᠥᠨ ᠠᠮᠢᠳᠤᠷᠠᠯ᠎ᠳᠤ ᠭᠠᠢᠬᠠᠮᠱᠢᠭ ᠳᠤᠬᠢᠶᠠᠯᠳᠤᠳᠠᠭ ᠴᠦ᠍ ᠡᠭᠡᠯ ᠡᠲᠦᠷ᠎ᠤᠳ ᠵᠦᠩᠳᠡᠭᠡᠨ᠂ ᠱᠢᠲᠦ ᠵᠠᠭᠤᠨ ᠳᠡᠪᠴᠢᠶᠡᠷᠢ ᠵᠢᠭᠠᠵᠦ᠍ ᠳᠤᠭᠤᠯᠬᠤ ᠦᠶ᠎ᠡ ᠪᠠᠢᠳᠠᠭ ᠴᠦ᠍ ᠡᠨᠡᠷᠢᠨ ᠦᠷᠦᠪᠳᠦᠵᠦ᠍ ᠬᠠᠢᠷᠠᠯᠠᠨ ᠨᠠᠨᠳᠢᠩᠨᠠᠬᠤ ᠬᠤᠨᠤᠭ᠎ᠤᠳ ᠵᠤᠩᠭᠢ᠎ᠶ᠋ᠢ ᠤᠬᠠᠭᠠᠷᠠᠬᠤ ᠤᠬᠠᠭᠠᠷᠠᠯ᠂ ᠦᠷᠦᠪᠳᠦᠯᠳᠡᠢ ᠦᠨᠡᠨ᠎ᠢ ᠤᠯᠤᠭ᠍ᠰᠠᠨ᠎ᠢᠶᠠᠷ ᠬᠦᠴᠦᠷᠬᠡᠭ ᠬᠠᠭᠤᠷᠮᠠᠬ᠍ᠴᠢ᠎ᠳᠤ ᠢᠳᠡᠭ᠌ᠳᠡᠬᠦ᠌᠎ᠳᠡᠭᠡᠨ ᠴᠦ᠍ ᠪᠠᠭᠤᠵᠦ᠍ ᠦᠭ᠌ᠭᠦᠯ ᠦᠭᠡᠢ ᠦᠢᠯᠡᠰ᠎ᠢᠶᠠᠨ ᠦᠷᠬᠦᠯᠵᠢᠯᠡᠬᠦᠯᠵᠦ᠍ ᠴᠢᠳᠠᠬᠤ ᠪᠠᠷᠢᠮᠳᠠᠯᠠᠯ᠎ᠢ ᠬᠦᠮᠦᠰ᠎ᠲᠤ ᠤᠯᠭᠤᠳᠠᠭ ᠪᠢᠯᠡ᠃
ᠮᠡᠳᠡᠭᠡᠵᠢ᠂ ᠰᠤᠩᠭᠤᠳᠠᠭ᠎ᠤᠳ ᠢᠯᠡ ᠳᠤᠳᠤ ᠡᠷᠭᠡ ᠠᠱᠢᠭ᠎ᠢ ᠦᠭ᠌ᠴᠦ ᠴᠢᠳᠠᠳᠠᠭ ᠦᠭᠡᠢ᠂ ᠠᠵᠢᠯ ᠲᠦᠷᠦᠯ᠂ ᠠᠮᠢ ᠵᠢᠭᠤᠯᠭ᠎ᠠ᠎ᠶ᠋ᠢ ᠠᠷᠭᠠᠴᠠᠭᠠᠬᠤ ᠪᠠᠭᠠᠵᠢ ᠬᠡᠷᠡᠭ᠌ᠯᠡᠬᠦᠷ ᠴᠦ᠍ ᠪᠢᠰᠢ᠂ ᠬᠠᠷᠢᠨ ᠠᠮᠢᠳᠤᠷᠠᠬᠤᠢ᠎ᠶ᠋ᠢᠨ ᠤᠪᠤᠷ᠎ᠢᠶᠠᠨ ᠬᠦᠮᠦᠵᠢᠬᠦᠯᠵᠦ᠍᠂ ᠬᠦᠮᠦᠯᠢᠭ᠎ᠢᠶᠠᠷ ᠠᠮᠢᠳᠤᠷᠠᠬᠤ᠂ ᠰᠡᠳᠭᠢᠯ ᠪᠠᠢᠭᠠᠯᠢ᠎ᠲᠠᠢ ᠬᠦᠮᠦᠨ ᠪᠤᠯᠬᠤ᠎ᠳᠤ ᠠᠯᠢᠪᠠ ᠰᠤᠷᠭᠠᠭᠤᠯᠢ᠎ᠠᠴᠠ ᠢᠯᠡᠬᠦᠦ ᠳᠤᠰᠠᠯᠠᠳᠠᠭ᠃
    ᠱᠢᠯᠢᠳᠡᠭ ᠵᠤᠬᠢᠶᠠᠯᠴᠢᠳ ᠪᠠᠰᠠ ᠮᠦᠩᠭᠡ᠎ᠶ᠋ᠢᠨ ᠡᠷᠡᠭᠡᠯᠵᠡᠭᠡ᠎ᠶ᠋ᠢ ᠬᠦᠮᠦᠰ᠎ᠲᠤ ᠲᠦᠷᠦᠭ᠌ᠳᠡᠬᠦᠯᠵᠦ᠍ ᠤᠶᠤᠨ ᠤᠬᠠᠭᠠᠨ᠎ᠤ ᠭᠠᠷᠴᠠ᠎ᠶ᠋ᠢ ᠴᠢᠭ᠌ᠯᠡᠬᠦᠯᠵᠦ᠍ ᠦᠭ᠌ᠳᠡᠭ ᠳᠠᠯ᠎ᠠ᠎ᠲᠠᠢ ᠶᠤᠮ᠃ ᠳ᠋ᠠᠨᠨᠦ᠋ᠨᠼᠢᠤ᠋᠎ᠶ᠋ᠢᠨ 《ᠦᠬᠦᠯ᠎ᠤᠨ ᠢᠯᠡᠯᠳᠡ》 ᠭᠡᠳᠡᠭ ᠭᠠᠢᠬᠠᠯᠳᠠᠢ ᠦᠬᠦᠯᠡᠯᠭᠡ ᠪᠤᠢ᠂ ᠡᠨᠡ ᠦᠬᠦᠯᠡᠯᠭᠡ᠎ᠳᠤ ᠬᠦᠮᠦᠨ ᠨᠡᠢᠬᠡᠮ᠎ᠤᠨ ᠡᠯᠳᠡᠪ ᠳᠠᠭᠠᠷᠢᠯᠳᠠ᠎ᠳᠤ ᠴᠦᠬᠦᠷᠡᠭ᠌ᠰᠡᠨ ᠨᠦᠬᠦᠷ ᠪᠦᠰᠡᠬᠦᠢ ᠬᠤᠶᠠᠷ ᠭᠠᠷ ᠭᠠᠷ᠎ᠢᠶᠠᠨ ᠬᠤᠯᠪᠤᠨ ᠠᠰᠭ᠎ᠠ᠎ᠠᠴᠠ ᠦᠰᠦᠷᠴᠦ᠍ ᠠᠮᠢ᠎ᠪᠠᠨ ᠬᠤᠤᠷᠯᠠᠭ᠍ᠰᠠᠨ ᠳᠤᠬᠠᠢ ᠪᠢᠴᠢᠳᠡᠭ᠃ 《ᠪᠢᠳᠡᠨ᠎ᠤ ᠠᠮᠢᠳᠤᠷᠠᠯ᠎ᠢ ᠬᠦᠮᠦᠰ ᠵᠦᠪᠱᠢᠶᠡᠷᠡᠬᠦ᠌ ᠦᠭᠡᠢ ᠪᠠᠢᠵᠦ᠍ ᠪᠤᠯᠤᠨ᠎ᠠ᠂ ᠭᠡᠳᠡᠯ᠎ᠡ ᠦᠬᠦᠯ ᠴᠦ᠍ ᠪᠢᠳᠡᠨ᠎ᠢ ᠰᠠᠯᠭᠠᠵᠦ᠍ ᠡᠰᠡ ᠴᠢᠳᠠᠨ᠎ᠠ》 ᠭᠡᠵᠤ ᠠᠰᠭ᠎ᠠ᠎ᠠᠴᠠ ᠦᠰᠦᠷᠴᠦ᠍ ᠠᠮᠢᠳᠤᠷᠠᠯ᠎ᠢ ᠢᠯᠠᠭ᠍ᠰᠠᠨ ᠭᠠᠢᠬᠠᠮᠱᠢᠭ ᠪᠤᠯ ᠳ᠋ᠠᠨᠨᠦ᠋ᠨᠼᠢᠤ᠋᠎ᠶ᠋ᠢᠨ 《ᠦᠬᠦᠯ᠎ᠤᠨ ᠢᠯᠠᠯᠳᠠ》 ᠪᠢᠯᠡ᠃ ᠳᠡᠬᠦᠨ᠎ᠤ 《ᠭᠡᠮ ᠦᠭᠡᠢ ᠬᠦᠮᠦᠨ》 ᠭᠡᠳᠡᠭ ᠦᠬᠦᠯᠡᠯᠭᠡ ᠴᠦ᠍ ᠬᠠᠴᠢᠷᠬᠠᠯᠳᠠᠢ ᠴᠡᠭ ᠬᠠᠷᠠᠭᠠᠰᠦ᠎ᠶ᠋ᠢ ᠢᠯᠡᠷᠡᠬᠦᠯᠦᠭ᠌ᠰᠡᠨ ᠶᠤᠮ᠂ ᠪᠦᠰᠡᠬᠦᠢ᠎ᠶ᠋ᠢᠨ᠎ᠢᠶᠠᠨ ᠲᠦᠷᠦᠬᠦᠦ ᠨᠦᠬᠦᠷ᠎ᠤᠨ ᠬᠡᠦᠬᠡᠳ᠎ᠢ ᠬᠤᠤᠷᠯᠠᠭ᠍ᠰᠠᠨ ᠠᠳᠡᠯ ᠶᠠᠪᠤᠳᠠᠯ᠎ᠢᠶᠠᠷ ᠡᠨᠡ ᠬᠦ᠌ ᠦᠬᠦᠯᠡᠯᠭᠡ ᠦᠷᠨᠢᠵᠦ᠍ ᠬᠦᠮᠦᠨ᠎ᠳᠤ ᠳᠤᠯᠭᠠᠷᠠᠵᠦ᠍ ᠮᠡᠳᠡᠬᠦ᠌ ᠡᠭᠡᠳᠡᠷᠡᠭᠡ᠎ᠶ᠋ᠢ ᠳᠤᠳᠤᠷᠠᠭᠤᠯᠤᠭ᠍ᠰᠠᠨ᠎ᠨᠢ ᠦᠨᠡᠬᠡᠷ ᠭᠠᠢᠬᠠᠮᠱᠢᠭ᠍ᠳᠠᠢ ᠪᠢᠯᠡ᠃ ᠳᠡᠢᠮᠦ᠍ ᠡ᠂ ᠮᠦᠩᠭᠡ᠎ᠶ᠋ᠢᠨ ᠡᠷᠡᠭᠡᠯᠵᠡᠭᠡ ᠪᠠᠢᠮᠠᠨᠵᠢᠨ ᠰᠠᠶᠢ ᠤᠶᠤᠨ ᠤᠬᠠᠭᠠᠨ ᠵᠤᠭ᠍ᠰᠣᠯ ᠦᠭᠡᠢ ᠰᠡᠳᠭᠢᠨ ᠪᠤᠳᠤᠯᠬᠢᠯᠠᠬᠤ ᠪᠤᠯᠤᠨ᠎ᠠ᠂ ᠰᠤᠩᠭᠤᠳᠠᠭ᠎ᠤᠳ ᠬᠦᠮᠦᠰ᠎ᠢ ᠦᠷᠬᠦᠯᠵᠢ ᠯᠡ ᠬᠦᠨ ᠪᠤᠳᠤᠯᠭᠠᠱᠢᠷᠠᠯ᠎ᠳᠤ ᠤᠨᠠᠭᠠᠵᠦ᠍ ᠨᠠᠮ ᠵᠢᠮ ᠪᠠᠢᠯᠭᠠᠵᠦ᠍ ᠴᠢᠳᠠᠳᠠᠭ᠎ᠤᠨ ᠭᠠᠢᠬᠠᠮᠱᠢᠭ᠎ᠨᠢ ᠴᠦ᠍ ᠡᠨᠡ ᠪᠠᠢᠵᠦ᠍    ᠮᠠᠭᠠᠳ᠃
    ᠱᠢᠯᠢᠳᠡᠭ ᠵᠤᠬᠢᠶᠠᠯᠴᠢᠳ ᠪᠠ ᠰᠤᠩᠭᠤᠳᠠᠭ ᠦᠭᠡᠢ ᠪᠤᠯ ᠡᠨᠡ ᠶᠢᠷᠳᠢᠨᠴᠦ᠎ᠶ᠋ᠢᠨ ᠦᠵᠡᠭ᠌ᠳᠡᠵᠦ᠍ ᠬᠠᠷᠠᠭ᠍ᠳᠠᠬᠤ ᠦᠭᠡᠢ ᠬᠤᠯᠪᠤᠭ᠎ᠠ᠂ ᠡᠭᠡᠯᠢ ᠳᠤᠯᠠᠭᠠᠨ ᠬᠠᠯᠠᠮᠵᠢᠯᠠᠯ᠂ ᠡᠯᠳᠡᠪ ᠪᠤᠯᠤᠮᠵᠢ᠎ᠨᠤᠭᠤᠳ᠎ᠤᠨ ᠠᠯᠢ ᠨᠢᠭᠡ᠎ᠨᠢ ᠯᠠᠪᠳᠠᠶ᠎ᠠ ᠪᠠᠷᠢᠭ᠍ᠳᠠᠬᠤ ᠦᠭᠡᠢ᠃ ᠳᠡᠭᠡᠪᠡᠯ ᠤᠩᠱᠢᠯᠭ᠎ᠠ ᠪᠤᠯ ᠰᠤᠩᠭᠤᠯᠳᠠ᠂ ᠦᠨᠢ ᠡᠷᠳᠡᠨ ᠪᠠ ᠢᠷᠡᠭᠡᠳᠤᠢ ᠬᠤᠵᠢᠮ᠎ᠲᠠᠢ ᠨᠡᠪᠳᠡᠷᠡᠬᠦ᠌ ᠬᠦᠨ ᠳᠤᠳᠤᠭᠠᠳᠤ᠎ᠶ᠋ᠢᠨ ᠳᠤᠷᠠᠨ ᠬᠠᠷᠠᠭ᠎ᠠ ᠶᠤᠮ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠠᠷᠢᠭᠤᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号