● ᠤ᠊ · ᠠᠯᠳᠠᠩᠭᠤᠸ᠎ᠠ

ᠤ · ᠠᠯᠳᠠᠩᠭᠤᠸ᠎ᠠ᠄ ᠤᠯᠠᠭᠠᠨᠬᠠᠳᠠ ᠬᠤᠳᠠ᠎ᠶ᠋ᠢᠨ ᠤᠩᠨᠢᠭᠤᠳ ᠬᠤᠱᠢᠭᠤ᠎ᠪᠠᠷ ᠨᠤᠳᠤᠭ᠍ᠳᠠᠢ᠃ 《ᠤᠰᠤᠨ᠎ᠤ ᠬᠡ》 ᠬᠡᠬᠦ᠌ ᠦᠬᠦᠯᠡᠯᠬᠡ᠎ᠶ᠋ᠢᠨ ᠲᠡᠬᠦᠪᠦᠷᠢ ᠪᠠ 《ᠠᠵᠠ ᠵᠢᠷᠭᠠᠯ᠎ᠤᠨ ᠮᠤᠳᠤᠨ》᠂ 《ᠡᠪᠡᠰᠦᠨ᠎ᠤ ᠦᠨᠦᠷ》 ᠬᠡᠬᠦ᠌ ᠬᠤᠶᠠᠷ ᠨᠠᠢᠷᠠᠭᠤᠯᠤᠯ᠎ᠤᠨ ᠲᠡᠬᠦᠪᠦᠷᠢ ᠲᠠᠢ᠃
ᠠᠩᠬᠠᠳᠤᠭᠠᠷ ᠤᠳᠠᠭᠠᠨ᠎ᠤ 《ᠤᠩᠨᠢᠭᠤᠳ》 ᠨᠡᠷᠡᠮᠵᠢᠳᠦ ᠤᠬᠤᠷ ᠦᠬᠦᠯᠡᠯᠬᠡ᠎ᠶ᠋ᠢᠨ ᠤᠷᠤᠯᠳᠤᠭᠠᠨ᠂ ᠠᠩᠬᠠᠳᠤᠭᠠᠷ ᠤᠳᠠᠭᠠᠨ᠎ᠤ 《ᠦᠪᠦᠷ ᠮᠤᠩᠭᠤᠯ᠎ᠤᠨ ᠵᠠᠯᠠᠭᠤᠴᠤᠳ》 ᠨᠡᠷᠡᠮᠵᠢᠳᠦ ᠪᠢᠴᠢᠯ ᠦᠬᠦᠯᠡᠯᠬᠡ᠎ᠶ᠋ᠢᠨ ᠤᠷᠤᠯᠳᠤᠭᠠᠨ ᠵᠡᠷᠬᠡ᠎ᠳᠤ ᠱᠠᠩᠨᠠᠯ ᠬᠦᠷᠳᠡᠵᠦ᠍ ᠪᠠᠢᠵᠠᠢ᠃
ᠤᠷᠠᠨ ᠵᠤᠬᠢᠶᠠᠯ᠎ᠢ ᠨᠡᠢᠳᠡ᠎ᠶ᠋ᠢᠨ ᠤᠷᠠᠨ ᠵᠤᠬᠢᠶᠠᠯ᠂ ᠬᠡᠬᠡᠨᠴᠢᠷ ᠤᠷᠠᠨ ᠵᠤᠬᠢᠶᠠᠯ᠂ ᠰᠤᠩᠭᠤᠮᠠᠯ ᠤᠷᠠᠨ ᠵᠤᠬᠢᠶᠠᠯ᠂ ᠰᠤᠩᠭᠤᠳᠠᠭ ᠤᠷᠠᠨ ᠵᠤᠬᠢᠶᠠᠯ ᠬᠡᠵᠦ᠍ ᠲᠦᠷᠪᠡᠨ ᠲᠦᠷᠦᠯ ᠬᠤᠪᠢᠶᠠᠳᠠᠭ᠃ ᠡᠨᠡ ᠲᠦᠷᠪᠡᠨ ᠲᠦᠷᠦᠯ᠎ᠤᠨ ᠵᠤᠬᠢᠶᠠᠯ ᠲᠤᠳᠤᠷ᠎ᠠ᠎ᠠᠴᠠ ᠤᠯᠠᠨ ᠨᠡᠢᠳᠡ᠎ᠶ᠋ᠢᠨ ᠤᠷᠠᠨ ᠵᠤᠬᠢᠶᠠᠯ᠎ᠨᠢ ᠬᠠᠮᠤᠭ ᠤᠷᠢᠳ᠎ᠢᠶᠠᠷ ᠪᠤᠢ ᠪᠤᠯᠤᠨ᠎ᠠ᠃ ᠤᠯᠠᠨ ᠨᠡᠢᠳᠡ᠎ᠶ᠋ᠢᠨ ᠤᠷᠠᠨ ᠵᠤᠬᠢᠶᠠᠯ᠎ᠠᠴᠠ ᠤᠩᠱᠢᠭ᠍ᠴᠢ᠎ᠶ᠋ᠢᠨ ᠲᠠᠭᠠᠱᠢᠶᠠᠯ᠎ᠳᠤ ᠬᠦᠷᠬᠦ᠌ ᠬᠡᠬᠡᠨᠴᠢᠷ ᠤᠷᠠᠨ ᠵᠤᠬᠢᠶᠠᠯ ᠪᠤᠢ ᠪᠤᠯᠤᠨ᠎ᠠ᠃ ᠬᠡᠬᠡᠨᠴᠢᠷ ᠤᠷᠠᠨ ᠵᠤᠬᠢᠶᠠᠯ᠎ᠠᠴᠠ ᠵᠠᠷᠢᠮ ᠬᠡᠰᠡᠭ᠎ᠨᠢ ᠱᠢᠭ᠌ᠰᠢᠭ᠌ᠳᠡᠵᠦ᠍ ᠰᠤᠩᠭᠤᠮᠠᠯ ᠤᠷᠠᠨ ᠵᠤᠬᠢᠶᠠᠯ ᠪᠤᠯᠳᠠᠭ᠃ ᠰᠤᠩᠭᠤᠮᠠᠯ ᠤᠷᠠᠨ ᠵᠤᠬᠢᠶᠠᠯ ᠲᠤᠳᠤᠷ᠎ᠠ᠎ᠠᠴᠠ ᠦᠶ᠎ᠡ ᠦᠶ᠎ᠡ᠎ᠶ᠋ᠢᠨ ᠤᠩᠱᠢᠭ᠍ᠴᠢ᠎ᠶ᠋ᠢᠨ ᠬᠦᠯᠢᠶᠡᠨ ᠵᠦᠪᠱᠢᠶᠡᠷᠡᠳᠡᠭ ᠰᠤᠩᠭᠤᠳᠠᠭ ᠤᠷᠠᠨ ᠵᠤᠬᠢᠶᠠᠯ ᠮᠡᠨᠳᠦᠯᠡᠳᠡᠭ᠃ ᠲᠡᠢᠮᠦ᠎ᠠᠴᠠ ᠪᠦᠬᠦ᠌ ᠲᠦᠷᠦᠯ᠎ᠤᠨ ᠵᠤᠬᠢᠶᠠᠯ ᠲᠤᠳᠤᠷ᠎ᠠ ᠮᠦᠩᠬᠡ ᠦᠯᠡᠳᠡᠵᠦ᠍ ᠲᠡᠢᠯᠬᠦ᠌᠎ᠨᠢ ᠭᠠᠭ᠍ᠴᠠ ᠰᠤᠩᠭᠤᠳᠠᠭ ᠤᠷᠠᠨ ᠵᠤᠬᠢᠶᠠᠯ ᠪᠤᠯᠬᠤ ᠶᠤᠮ᠃ ᠡᠬᠦᠨ᠎ᠠᠴᠠ ᠪᠢᠳᠡ ᠵᠢᠩᠬᠢᠨᠢ ᠰᠠᠢᠨ ᠤᠷᠠᠨ ᠵᠤᠬᠢᠶᠠᠯ᠎ᠤᠨ ᠱᠢᠯᠭᠠᠭᠤᠷ ᠪᠤᠯ ᠴᠠᠭ ᠬᠤᠭᠤᠴᠠᠭ᠎ᠠ ᠪᠤᠯᠬᠤ᠎ᠶ᠋ᠢ ᠮᠡᠳᠡᠵᠦ᠍ ᠲᠡᠢᠯᠦᠨ᠎ᠡ᠃ ᠳ᠋ᠤᠰᠲᠤᠶᠸᠧᠰᠺᠢᠶ᠋ᠢᠨ 《ᠺᠠᠷᠠᠮᠠᠽᠥᠸᠤᠨ ᠬᠦᠪᠡᠬᠦᠳ》᠂ ᠤᠰᠺᠡᠷ ᠸᠠᠢᠯᠳ᠋ᠤᠨ 《ᠳ᠋ᠤᠷᠶᠠᠨ ᠭᠷᠸᠢᠶ᠋ᠢᠨ ᠬᠦᠷᠦᠭ》᠂ ᠺᠠᠹᠺᠠᠶ᠋ᠢᠨ 《ᠴᠠᠢᠵᠠ》᠂ 《ᠱᠢᠬᠦᠬᠦ᠌ ᠠᠵᠢᠯᠯᠠᠬ᠋᠎ᠠ》᠂ ᠠ᠊ · ᠴᠧᠬᠤᠸ᠎ᠤᠨ 《ᠭᠦᠷᠪᠡᠯ》᠂ ᠤ᠊ · ᠾᠧᠩᠷᠢᠶ᠋ᠢᠨ 《ᠡᠴᠦᠰ᠎ᠤᠨ ᠨᠠᠪᠴᠢ》᠂ 《ᠮᠧᠭᠢᠶ᠋ᠢᠨ ᠪᠡᠯᠡᠭ》᠂ ᠮᠠᠤᠫᠠᠰᠰᠠᠨᠤ 《ᠦᠭᠡᠬᠦᠨ ᠪᠦᠮᠪᠦᠭᠡ》᠂ 《ᠰᠤᠨᠳᠤᠷ》᠂ 《ᠮᠢᠨᠤ ᠠᠪᠠᠭ᠎ᠠ ᠷᠦᠷ》 ᠁ ᠮᠡᠳᠦ᠎ᠶ᠋ᠢᠨ ᠤᠯᠠᠨ ᠤᠯᠠᠨ ᠰᠤᠩᠭᠤᠳᠠᠭ ᠵᠤᠬᠢᠶᠠᠯ ᠪᠤᠯ ᠬᠡᠵᠢᠶᠡᠳᠡ ᠴᠤ᠌ ᠲᠠᠪᠳᠠᠭ᠍ᠳᠠᠰᠢ ᠦᠬᠡᠢ ᠤᠷᠠᠯᠢᠭ ᠪᠤᠯᠬᠤ᠎ᠶ᠋ᠢ ᠴᠠᠭ ᠬᠤᠭᠤᠴᠠᠭ᠎ᠠ ᠨᠢᠬᠡᠨᠳᠡ ᠬᠡᠷᠡᠴᠢᠯᠡᠵᠡᠢ᠃
ᠮᠦᠷᠠᠰᠠᠺᠢ ᠱᠢᠺᠢᠪᠦ᠋ᠶ᠋ᠢᠨ 《ᠬᠡᠩᠵᠢᠶ᠋ᠢᠨ ᠲᠤᠮᠤᠭ》 ᠬᠡᠰᠡᠨ ᠷᠤᠮᠠ᠎ᠨᠢ ᠪᠢ ᠲᠤᠩ ᠪᠠᠭ᠍ᠠᠷᠬᠠᠳᠠᠭ᠃ 《ᠬᠡᠩᠵᠢᠶ᠋ᠢᠨ ᠲᠤᠮᠤᠭ》 ᠪᠤᠯ ᠠᠷᠪᠠᠨ ᠨᠢᠬᠡᠳᠦᠬᠡᠷ ᠵᠠᠭᠤᠨ᠎ᠳᠤ ᠪᠢᠴᠢᠭ᠌ᠳᠡᠭ᠌ᠰᠡᠨ ᠲᠠᠪᠢᠨ ᠲᠦᠷᠪᠡᠨ ᠪᠦᠯᠦᠭ᠎ᠢᠶᠠᠷ ᠪᠦᠷᠢᠯᠳᠦᠭ᠌ᠰᠡᠨ ᠵᠠᠭᠤᠨ ᠲᠦᠮᠡ ᠭᠠᠷᠤᠢ ᠦᠰᠦᠭ᠎ᠲᠠᠢ ᠶᠠᠫᠤᠨ᠎ᠤ ᠠᠩᠬᠠᠨ᠎ᠤ ᠰᠤᠩᠭᠤᠳᠠᠭ ᠵᠤᠬᠢᠶᠠᠯ ᠪᠤᠯᠬᠤ ᠶᠤᠮ᠃ ᠲᠤᠰ ᠷᠤᠮᠠᠨ᠎ᠳᠤ ᠬᠠᠭᠠᠨ᠎ᠤ ᠬᠦᠦ ᠬᠡᠩᠵᠢᠶ᠋ᠢᠨ ᠠᠮᠢᠳᠤᠷᠠᠯ ᠪᠠ ᠤᠯᠠᠨ ᠡᠮᠡᠭ᠌ᠳᠡᠢ᠎ᠶ᠋ᠢᠨ ᠬᠤᠭᠤᠷᠤᠨᠳᠤᠬᠢ ᠬᠠᠢᠷ᠎ᠠ ᠰᠡᠳᠭᠢᠯᠬᠡ᠎ᠶ᠋ᠢᠨ ᠦᠯᠢᠬᠡᠷ᠎ᠢ ᠪᠢᠴᠢᠬᠦ᠌᠎ᠪᠠᠷ ᠲᠠᠮᠵᠢᠭᠤᠯᠵᠦ᠍ ᠶᠠᠫᠤᠨ᠎ᠤ ᠬᠠᠮᠤᠭ ᠬᠦᠭ᠌ᠵᠢᠯ᠎ᠲᠠᠢ ᠦᠶ᠎ᠡ᠎ᠶ᠋ᠢᠨ ᠬᠠᠭᠠᠨ᠎ᠤ ᠱᠢᠳᠡᠷ ᠲᠦᠱᠢᠮᠡᠳ ᠪᠠ ᠬᠠᠳᠤᠳ᠎ᠤᠨ ᠬᠤᠭᠤᠷᠤᠨᠳᠤᠬᠢ ᠡᠷᠬᠡ᠎ᠶ᠋ᠢᠨ ᠲᠡᠮᠡᠴᠡᠯ᠂ ᠤᠷᠳᠤᠨ᠎ᠤ ᠬᠡᠬᠡᠨᠴᠢᠷ ᠡᠷᠬᠢᠮᠰᠦᠭ ᠮᠦᠷᠳᠡᠯ᠎ᠡ᠎ᠪᠠᠨ ᠲᠤᠷᠦ᠋ᠢᠳᠠᠮᠠᠯ ᠪᠠᠢᠳᠠᠯ ᠪᠠ ᠱᠢᠨᠤᠯᠠᠴᠠᠪᠠᠨ ᠪᠤᠯᠵᠦ᠍ ᠬᠦᠮᠤᠨ ᠴᠢᠨᠠᠷ᠎ᠢᠶᠠᠨ ᠠᠯᠳᠠᠭ᠍ᠰᠠᠨ ᠲᠤᠬᠠᠢ᠎ᠶ᠋ᠢᠨ ᠴᠠᠭ ᠦᠶ᠎ᠡ᠎ᠶ᠋ᠢᠨ ᠬᠦᠮᠤᠰ᠎ᠤᠨ ᠦᠨᠡᠨ ᠲᠦᠷᠢ᠎ᠶ᠋ᠢ ᠢᠯᠡᠴᠢᠯᠡᠵᠡᠢ᠃ ᠬᠡᠩ᠎ᠵᠢ ᠪᠤᠯ ᠬᠠᠭᠠᠨ᠎ᠤ ᠬᠠᠢᠷᠠᠳᠠᠢ ᠬᠠᠳᠤᠨ᠎ᠠᠴᠠ ᠲᠦᠷᠦᠭ᠌ᠰᠡᠨ ᠬᠦᠦ ᠤᠴᠢᠷ ᠪᠠᠢᠷᠢ ᠰᠠᠭᠤᠷᠢ᠎ᠪᠠᠷ ᠬᠠᠮᠤᠭ ᠦᠨᠳᠦᠷ ᠬᠠᠭᠠᠨ᠎ᠤ ᠨᠦᠬᠦᠬᠡ ᠬᠠᠳᠤᠨᠤ ᠬᠢᠬᠠᠯ ᠲᠠᠷᠤᠯᠠᠯᠢ ᠬᠠᠨᠳᠠᠯ᠎ᠠ ᠠᠮᠰᠠᠭ᠍ᠰᠠᠨ ᠪᠢᠯᠡ᠃ ᠲᠤᠰ ᠷᠤᠮᠠᠨᠤ ᠲᠦᠷᠢ ᠪᠦᠳᠦᠬᠡᠯᠳᠡ᠎ᠨᠢ ᠠᠮᠵᠢᠯᠳᠠ᠎ᠳᠤ ᠬᠦᠷᠦᠯ᠎ᠡ ᠬᠡᠵᠦ᠍ ᠪᠢ ᠪᠤᠳᠤᠳᠠᠭ᠂ ᠵᠤᠬᠢᠶᠠᠭ᠍ᠴᠢ᠎ᠠᠴᠠ ᠬᠠᠵᠠᠭᠤ᠎ᠠᠴᠠ ᠵᠢᠷᠤᠭ᠍ᠯᠠᠬᠤ ᠠᠷᠭ᠎ᠠ᠎ᠪᠠᠷ ᠭᠤᠤᠯᠳᠠᠭᠤᠯᠵᠦ᠍᠂ ᠬᠡᠩᠵᠢᠶ᠋ᠢᠨ ᠰᠡᠴᠡᠨ ᠰᠡᠷᠬᠦᠯᠡᠩ᠂ ᠬᠡᠳᠦ᠋ᠢᠳᠦᠭ᠌ᠰᠡᠨ ᠠᠪᠢᠶᠠᠰ ᠪᠢᠯᠢᠭ᠂ ᠠᠮᠢᠳᠤᠷᠠᠯ ᠲᠡᠮᠡᠴᠡᠯ ᠬᠢᠬᠡᠳ ᠲᠤᠩ ᠤᠯᠠᠨ ᠭᠤᠸ᠎ᠠ ᠰᠠᠢᠬᠠᠨ ᠡᠮᠡᠭ᠌ᠳᠡᠢ᠎ᠶ᠋ᠢᠨ ᠲᠦᠷᠢ᠎ᠶ᠋ᠢ ᠠᠮᠵᠢᠯᠳᠠ᠎ᠲᠠᠢ ᠪᠦᠳᠦᠬᠡᠵᠡᠢ᠃ 《ᠬᠡᠩᠵᠢᠶ᠋ᠢᠨ ᠲᠤᠮᠤᠭ》 ᠢ ᠪᠢ ᠶᠡᠭᠡ ᠰᠤᠷᠭᠠᠭᠤᠯᠢ᠎ᠳᠤ ᠪᠠᠢᠬᠤ᠎ᠳᠠᠭᠠᠨ ᠤᠯᠵᠦ᠍ ᠤᠩᠱᠢᠭ᠍ᠰᠠᠨ ᠪᠢᠯᠡ᠂ ᠲᠤᠬᠠᠢ᠎ᠶ᠋ᠢᠨ ᠦᠶ᠎ᠡ᠎ᠳᠤ ᠲᠤᠰ ᠷᠤᠮᠠ᠎ᠨᠢ ᠤᠩᠱᠢᠬᠤ᠎ᠳᠤ ᠲᠤᠮᠳᠠᠳᠤ ᠤᠯᠤᠰ᠎ᠤᠨ ᠰᠤᠩᠭᠤᠳᠠᠭ ᠵᠤᠬᠢᠶᠠᠯ 《ᠤᠯᠠᠭᠠᠨ ᠠᠰᠠᠷ᠎ᠤᠨ ᠵᠡᠬᠦᠳᠦ》 ᠪᠠ ᠮᠤᠩᠭᠤᠯ ᠦᠨᠳᠦᠰᠦᠳᠡᠨ᠎ᠤ 《ᠨᠢᠬᠡᠨ ᠲᠠᠪᠬᠤᠷ ᠠᠰᠠᠷ》 ᠲᠤᠳᠤᠷᠠᠬᠢ ᠲᠡᠬᠡᠳᠦ ᠲᠠᠪᠬᠤᠷᠭᠠᠳᠠᠳ᠎ᠤᠨ ᠠᠮᠢᠳᠤᠷᠠᠯ ᠵᠢᠷᠤᠭ᠍ᠯᠠᠯ᠂ ᠵᠤᠬᠢᠶᠠᠯ᠎ᠤᠨ ᠪᠠᠭᠠᠳᠤᠷ ᠪᠤᠤ ᠢᠦᠢ᠂ ᠫᠦ᠋ ᠢᠦᠢ ᠪᠠ ᠵᠤᠬᠢᠶᠠᠯ ᠲᠤᠳᠤᠷᠠᠬᠢ ᠡᠮᠡᠭ᠌ᠳᠡᠢᠴᠤᠳ᠎ᠤᠨ ᠲᠦᠷᠢ᠎ᠨᠢ ᠤᠢ ᠰᠠᠭᠤᠭ᠍ᠳᠠᠯ᠎ᠳᠤ ᠪᠠᠢᠨ ᠪᠠᠢᠨ ᠲᠤᠳᠤᠷᠠᠵᠦ᠍᠂ ᠡᠨᠡ ᠵᠤᠬᠢᠶᠠᠯ᠎ᠢ ᠲᠤᠩ ᠱᠢᠮ᠎ᠡ᠎ᠲᠠᠢ ᠤᠩᠱᠢᠭ᠍ᠰᠠᠨ ᠪᠢᠯᠡ᠃
ᠵᠤᠬᠢᠶᠠᠯ ᠪᠦᠳᠦᠬᠡᠯ ᠪᠢᠴᠢᠵᠦ᠍ ᠤᠷᠤᠯᠳᠤᠳᠠᠭ ᠬᠦᠮᠤᠰ ᠰᠤᠩᠭᠤᠳᠠᠭ ᠵᠤᠬᠢᠶᠠᠯ᠎ᠢ ᠤᠩᠱᠢᠭᠠᠳ ᠲᠦᠷᠢ᠎ᠶ᠋ᠢ ᠬᠡᠷᠬᠢᠨ ᠪᠦᠳᠦᠬᠡᠬᠦ᠂ ᠵᠤᠬᠢᠶᠠᠮᠵᠢ᠎ᠪᠠᠨ ᠬᠡᠷᠬᠢᠨ ᠪᠠᠢᠷᠢᠯᠠᠭᠤᠯᠬᠤ᠂ ᠦᠯᠢᠬᠡᠷ᠎ᠢᠶᠠᠨ ᠬᠡᠷᠬᠢᠨ ᠰᠡᠳᠭᠢᠮᠵᠢᠯᠡᠬᠦ᠌ᠶ᠋ᠢ ᠰᠤᠷᠴᠦ᠍ ᠪᠤᠯᠳᠠᠭ᠃ 《ᠬᠡᠩᠵᠢᠶ᠋ᠢᠨ ᠲᠤᠮᠤᠭ》 ᠢ ᠤᠩᠱᠢᠭ᠍ᠰᠠᠨ᠎ᠤ ᠲᠠᠷᠠᠭ᠎ᠠ ᠮᠢᠨᠤ ᠵᠤᠬᠢᠶᠠᠨ ᠪᠢᠴᠢᠬᠦ᠌ ᠲᠤᠷ᠎ᠠ ᠪᠠᠬ᠎ᠠ ᠶᠡᠭᠡ ᠬᠦᠳᠡᠯᠵᠦ᠍ ᠪᠢ ᠴᠤ᠌ ᠦᠪᠡᠷ᠎ᠢᠶᠠᠨ ᠨᠢᠬᠡ ᠰᠠᠢᠬᠠᠨ ᠵᠤᠬᠢᠶᠠᠯ ᠪᠢᠴᠢᠶ᠎ᠡ ᠬᠡᠵᠦ᠍ ᠪᠤᠳᠤᠭ᠍ᠰᠠᠨ ᠶᠤᠮ᠃ ᠲᠤᠰ ᠵᠤᠬᠢᠶᠠᠯ᠎ᠤᠨ ᠡᠮᠡᠭ᠌ᠳᠡᠢ ᠲᠦᠷᠢ᠎ᠶ᠋ᠢᠨ ᠰᠡᠳᠭᠢᠯ᠎ᠢ ᠲᠠᠳᠠᠬᠤ ᠬᠦᠴᠦᠨ᠎ᠳᠤ ᠨᠦᠯᠦᠬᠡᠯᠡᠭ᠌ᠳᠡᠵᠦ᠍ ᠵᠤᠬᠢᠶᠠᠯ ᠲᠤᠳᠤᠷ᠎ᠠ᠎ᠪᠠᠨ ᠭᠤᠶᠤ ᠡᠮᠡᠭ᠌ᠳᠡᠢ᠎ᠶ᠋ᠢᠨ ᠲᠦᠷᠢ᠎ᠶ᠋ᠢ ᠪᠦᠳᠦᠬᠡᠬᠦ᠌ ᠰᠠᠨ ᠬᠡᠵᠦ᠍ ᠪᠤᠳᠤᠭᠠᠳ 《ᠲᠡᠨᠵᠢᠨ ᠤᠪᠤᠭᠠᠨ᠎ᠤ ᠮᠡᠯᠵᠢᠶ᠎ᠡ》 ᠬᠡᠰᠡᠨ ᠲᠤᠭᠤᠵᠢ᠎ᠶ᠋ᠢ ᠪᠢᠴᠢᠬᠦ᠌᠎ᠳᠤ᠎ᠪᠠᠨ ᠬᠤᠶᠠᠷ ᠭᠤᠶᠤ ᠡᠮᠡᠭ᠌ᠳᠡᠢ᠎ᠶ᠋ᠢᠨ ᠲᠦᠷᠢ᠎ᠶ᠋ᠢ ᠪᠦᠳᠦᠭᠡᠭ᠌ᠰᠡᠨ ᠪᠢᠯᠡ᠂ ᠲᠡᠬᠡᠬᠦ᠌ᠳᠡᠭᠡᠨ ᠪᠢ ᠮᠤᠩᠭᠤᠯ ᠦᠨᠳᠦᠰᠦᠳᠡᠨ᠎ᠤ ᠤᠨᠴᠠᠯᠢᠭ᠎ᠲᠠᠢ ᠲᠦᠷᠰᠦᠯᠡᠭ᠌ᠰᠡᠨ ᠶᠤᠮ᠃ ᠭᠤᠷᠺᠢ᠎ᠶ᠋ᠢᠨ 《ᠮᠢᠨᠤ ᠪᠠᠭ᠎ᠠ ᠨᠠᠰᠤ》 ᠬᠡᠰᠡᠨ ᠵᠤᠬᠢᠶᠠᠯ᠎ᠤᠨ ᠬᠡᠤᠬᠡᠳ᠎ᠤᠨ ᠨᠢᠳᠦ᠎ᠪᠠᠷ ᠨᠡᠢᠬᠡᠮ᠎ᠤᠨ ᠰᠠᠢᠨ ᠰᠠᠢᠬᠠᠨ᠎ᠢ ᠬᠠᠷᠠᠭᠤᠯᠤᠭ᠍ᠰᠠᠨ ᠪᠢᠴᠢᠯᠬᠡ᠎ᠶ᠋ᠢᠨ ᠠᠷᠭ᠎ᠠ ᠬᠡᠯᠪᠡᠷᠢ᠎ᠶ᠋ᠢ᠎ᠨᠢ ᠪᠢ ᠶᠡᠭᠡ ᠲᠤᠭᠤᠳᠠᠭ᠃ ᠮᠦᠨ ᠴᠤ᠌ ᠦᠪᠡᠷ᠎ᠤᠨ ᠵᠤᠬᠢᠶᠠᠨ ᠪᠢᠴᠢᠯᠬᠡ᠎ᠳᠡᠭᠡᠨ ᠵᠤᠷᠢᠯᠭ᠎ᠠ᠎ᠲᠠᠢ ᠬᠡᠷᠡᠭ᠌ᠯᠡᠵᠦ᠍ ᠪᠠᠢᠭ᠍ᠰᠠᠨ᠃ ᠵᠢᠱ᠌ᠢᠶᠡᠯᠡᠪᠡᠯ ᠮᠢᠨᠤ 《ᠰᠡᠳᠭᠢᠯ᠎ᠤᠨ ᠲᠡᠩᠬᠡᠭᠡ》᠂ 《ᠠᠪᠤ》᠂ 《ᠨᠤᠳᠤᠭ ᠪᠤᠴᠠᠭ᠍ᠰᠠᠨ ᠱᠢᠪᠠᠭᠤ》᠂ 《ᠡᠪᠦᠬᠡᠳ᠎ᠤᠨ ᠦᠷᠦ᠎ᠲᠠᠢ ᠨᠤᠳᠤᠭ》᠂ 《ᠡᠪᠦᠬᠡᠨ ᠠᠬ᠎ᠠ》 ᠵᠡᠷᠬᠡ ᠵᠤᠬᠢᠶᠠᠯ ᠪᠤᠯ ᠪᠦᠷ ᠯᠠ ᠬᠡᠤᠬᠡᠳ᠎ᠤᠨ ᠬᠠᠷᠠᠭᠠᠰᠤ᠎ᠠᠴᠠ ᠪᠢᠴᠢᠵᠠᠢ᠃ ᠮᠠᠤᠫᠠᠰᠰᠠᠨᠤ 《ᠦᠭᠡᠬᠦᠨ ᠪᠦᠮᠪᠦᠭᠡ》 ᠶ᠋ᠢ ᠦᠵᠡᠭᠡᠳ ᠦᠪᠡᠷ᠎ᠤᠨ ᠤᠤᠷ ᠴᠢᠨᠠᠷ᠎ᠢᠶᠠᠨ ᠠᠯᠳᠠᠭ᠍ᠰᠠᠨ ᠬᠦᠮᠦᠰ᠎ᠤᠨ ᠦᠨᠡᠨ ᠴᠠᠭᠠᠨ ᠵᠢᠩᠬᠢᠨᠢ ᠰᠠᠢᠨ ᠰᠠᠢᠬᠠᠨ᠎ᠢ ᠲᠤᠷᠤᠮᠵᠢᠯᠠᠨ ᠱᠤᠤᠯᠠᠵᠦ᠍ ᠪᠠᠢᠭ᠎ᠠ᠎ᠶ᠋ᠢ ᠵᠦᠪ ᠲᠠᠯ᠎ᠠ᠎ᠠᠴᠠ ᠪᠢᠴᠢᠨ᠂ ᠤᠩᠱᠢᠭ᠍ᠴᠢ᠎ᠶ᠋ᠢᠨ ᠰᠡᠳᠭᠢᠯ᠎ᠳᠤ ᠬᠢᠯᠢᠩ᠎ᠤᠨ ᠲᠦᠯᠦ᠍ ᠨᠤᠴᠤᠭᠠᠵᠦ᠍ ᠦᠯᠡᠳᠡᠬᠡᠬᠦ᠌ ᠪᠢᠴᠢᠯᠬᠡ᠎ᠶ᠋ᠢᠨ ᠠᠷᠭ᠎ᠠ ᠬᠡᠯᠪᠡᠷᠢ᠎ᠶ᠋ᠢ᠎ᠨᠢ ᠶᠡᠭᠡ ᠲᠤᠭᠤᠭ᠍ᠰᠠᠨ᠂ ᠮᠢᠨᠤ 《ᠬᠦᠬᠡᠷᠦᠬᠦ᠋ᠢᠯᠡᠯᠳᠡᠢ ᠬᠦᠮᠤᠨ》᠂ 《ᠵᠠᠩᠭ᠎ᠠ ᠪᠠᠭ᠍ᠰᠢ》 ᠵᠡᠷᠬᠡ ᠵᠤᠬᠢᠶᠠᠯ ᠪᠤᠯ ᠡᠢᠮᠤᠷᠬᠦ᠌ ᠬᠡᠯᠪᠡᠷᠢ᠎ᠪᠠᠷ ᠪᠢᠴᠢᠭ᠌ᠳᠡᠵᠡᠢ᠃ ᠲᠡᠢᠮᠦ᠎ᠠᠴᠠ ᠰᠤᠩᠭᠤᠳᠠᠬ ᠵᠤᠬᠢᠶᠠᠯ᠎ᠨᠢ ᠦᠪᠡᠷᠮᠢᠴᠡ ᠪᠢᠴᠢᠯᠬᠡ᠎ᠶ᠋ᠢᠨ ᠠᠷᠭ᠎ᠠ᠂ ᠱᠢᠨᠡᠷᠬᠡᠬᠦᠨ ᠰᠡᠳᠭᠢᠮᠵᠢ᠎ᠪᠠᠷ᠎ᠢᠶᠠᠨ ᠵᠤᠬᠢᠶᠠᠭ᠍ᠴᠢ᠎ᠶ᠋ᠢ ᠨᠦᠯᠦᠬᠡᠯᠡᠵᠦ᠍ ᠤᠷᠠᠨ ᠪᠦᠳᠦᠬᠡᠯᠬᠡ᠎ᠶ᠋ᠢᠨ ᠲᠡᠬᠡᠭ᠌ᠰᠢᠯᠡᠯᠳᠡᠳᠤ ᠲᠤᠰᠠ ᠪᠤᠯᠳᠠᠭ᠃ ᠵᠢᠱ᠌ᠢᠶᠡᠯᠡᠪᠡᠯ ᠮᠢᠯᠥᠷᠡᠳ᠋ ᠫᠠᠸᠢᠴᠤᠨ ᠲᠤᠯᠢ ᠪᠢᠴᠢᠭ᠎ᠤᠨ ᠬᠡᠯᠪᠡᠷᠢ᠎ᠪᠠᠷ ᠪᠢᠴᠢᠭ᠌ᠰᠡᠨ 《ᠬᠠᠽᠠᠷ ᠬᠡᠯᠡᠨ᠎ᠤ ᠲᠤᠯᠢ》 ᠬᠡᠳᠡᠭ ᠷᠤᠮᠠᠨ᠎ᠨᠢ ᠲᠤᠯᠢ ᠪᠢᠴᠢᠭ᠎ᠤᠨ ᠬᠡᠯᠪᠡᠷᠢ᠎ᠪᠠᠷ ᠬᠠᠽᠠᠷ᠎ᠤᠨ ᠠᠢᠮᠠᠭ ᠤᠭ᠍ᠰᠠᠭ᠎ᠠ᠂ ᠲᠡᠤᠬᠡᠳᠦ ᠬᠦᠮᠤᠨ ᠵᠡᠷᠬᠡ᠎ᠶ᠋ᠢ ᠲᠤᠯᠢᠴᠢᠯᠠᠨ ᠲᠠᠨᠢᠯᠴᠠᠭᠤᠯᠬᠤ ᠬᠡᠯᠪᠡᠷᠢ᠎ᠪᠠᠷ ᠪᠢᠴᠢᠵᠡᠢ᠃ ᠡᠨᠡ ᠬᠡᠯᠪᠡᠷᠢ᠎ᠶ᠋ᠢ ᠲᠠᠭᠤᠷᠢᠶᠠᠵᠦ᠍ ᠤᠯᠠᠨ ᠬᠦᠮᠦᠨ ᠡᠢᠮᠤᠷᠬᠦᠤ ᠬᠡᠯᠪᠡᠷᠢ᠎ᠪᠠᠷ ᠵᠤᠬᠢᠶᠠᠯ ᠪᠢᠴᠢᠭ᠌ᠰᠡᠨ ᠪᠤᠯᠪᠠᠴᠦ᠍ ᠬᠠᠭᠤᠯᠪᠤᠷᠢ᠎ᠠᠴᠠ ᠬᠡᠳᠦᠷᠡᠬᠦ᠌ ᠦᠬᠡᠢ ᠶᠤᠮ᠃ 《ᠳ᠋ᠧᠺᠡᠮᠧᠷᠦᠨ》 ᠳᠤ ᠨᠢᠬᠡ ᠤᠯᠤᠰ᠎ᠲᠤ ᠬᠢᠵᠢᠭ ᠲᠡᠯᠬᠡᠷᠡᠭ᠌ᠰᠡᠨ᠎ᠳᠤ ᠪᠠᠶᠠᠨ ᠠᠢᠯ᠎ᠤᠨ ᠬ᠋ᠤᠷᠪᠠᠨ ᠵᠠᠯᠠᠭᠤ ᠨᠠᠢᠵᠠ ᠦᠬᠢᠳ ᠪᠠ ᠰᠠᠳᠤᠨ ᠲᠦᠷᠦᠯ᠎ᠤᠨ ᠬᠢᠨᠢ ᠲᠦᠷᠪᠡᠨ ᠦᠬᠢᠨ᠎ᠲᠠᠢ ᠬᠠᠮᠳᠤ ᠠᠷᠪᠠᠭᠤᠯᠠ ᠪᠤᠯᠵᠦ᠍ ᠠᠭᠤᠯᠠᠨ ᠵᠤᠰᠠᠯᠠᠩ᠎ᠳᠤ ᠤᠴᠢᠵᠦ᠍ ᠨᠢᠭᠤᠭ᠍ᠳᠠᠨ ᠰᠠᠭᠤᠵᠠᠢ᠃ ᠲᠡᠳᠡ ᠡᠳᠦᠷ ᠪᠦᠷᠢ ᠨᠢᠬᠡ ᠬᠦᠮᠤᠨ᠎ᠤ ᠨᠢᠬᠡ ᠦᠯᠢᠬᠡᠷ ᠶᠠᠷᠢᠵᠦ᠍ ᠠᠷᠪᠠᠨ ᠡᠳᠦᠷ ᠶᠠᠭ ᠵᠠᠭᠤᠨ ᠦᠯᠢᠬᠡᠷ ᠶᠠᠷᠢᠭ᠍ᠰᠠᠨ ᠪᠠᠢᠯ᠎ᠠ᠃ ᠡᠳᠡᠬᠡᠷ ᠦᠯᠢᠬᠡᠷ ᠪᠤᠯᠭᠠᠨ᠎ᠨᠢ ᠨᠢᠬᠡ ᠤᠬᠤᠷ ᠦᠬᠦᠯᠡᠯᠬᠡ ᠪᠤᠯᠵᠠᠢ᠃ ᠱᠧᠺᠧᠰᠫᠧᠷ ᠵᠡᠷᠬᠡ ᠵᠤᠬᠢᠶᠠᠯᠴᠢᠳ 《ᠳ᠋ᠧᠺᠡᠮᠧᠷᠦᠨ》 ᠲᠤᠳᠤᠷᠠᠬᠢ ᠦᠯᠢᠬᠡᠷ᠎ᠤᠨ ᠮᠠᠲ᠋ᠧᠷᠢᠶᠠᠯ᠎ᠢ ᠠᠱᠢᠬ᠍ᠯᠠᠵᠦ᠍ ᠵᠤᠬᠢᠶᠠᠯ ᠪᠢᠴᠢᠵᠦ᠍ ᠪᠠᠢᠵᠠᠢ᠃
ᠰᠤᠩᠭᠤᠳᠠᠭ ᠵᠤᠬᠢᠶᠠᠯ ᠪᠤᠯ ᠵᠤᠬᠢᠶᠠᠭ᠍ᠴᠢ᠎ᠶ᠋ᠢᠨ ᠤᠶᠤᠨ ᠰᠠᠨᠠᠭᠠᠨ᠎ᠤ ᠪᠦᠳᠦᠬᠡᠭ᠌ᠳᠡᠬᠦᠨ᠂ ᠱᠢᠮᠡᠳᠦ ᠤᠷᠴᠢᠯᠠᠩ᠎ᠳᠤ ᠦᠯᠡᠳᠡᠬᠡᠭ᠌ᠰᠡᠨ ᠮᠦᠩᠬᠡ᠎ᠶ᠋ᠢᠨ ᠪᠢᠯᠢᠭ᠃ ᠬᠤᠷᠢᠨ ᠨᠢᠬᠡᠳᠦᠬᠡᠷ ᠵᠠᠭᠤᠨ᠎ᠤ ᠰᠤᠷᠠᠭ ᠵᠠᠩᠬᠢᠴᠢᠯᠠᠭ᠍ᠰᠠᠨ ᠴᠠᠭ ᠡᠷᠡᠨ᠎ᠳᠤ ᠠᠮᠢᠳᠤᠷᠠᠵᠦ᠍ ᠶᠠᠪᠤᠭ᠎ᠠ ᠤᠷᠠᠨ ᠪᠦᠳᠦᠬᠡᠯᠴᠢᠳ ᠮᠢᠨᠢ ᠰᠤᠩᠭᠤᠳᠠᠭ ᠪᠦᠳᠦᠬᠡᠯ᠎ᠢ ᠪᠠᠢᠨ ᠲᠠᠬᠢᠨ ᠤᠩᠱᠢᠵᠦ᠍ ᠪᠢᠯᠢᠭ ᠤᠬᠠᠭᠠᠨ᠎ᠢᠶᠠᠨ ᠲᠡᠵᠢᠬᠡᠵᠦ᠍᠂ ᠮᠤᠩᠭᠤᠯ ᠰᠤᠶᠤᠯ᠎ᠤᠨ ᠬᠦᠭ᠌ᠵᠢᠯᠳᠡ᠎ᠳᠤ ᠦᠪᠡᠷ᠎ᠤᠨ ᠬᠦᠴᠦᠨ ᠵᠢᠳᠬᠦᠯ᠎ᠢᠶᠠᠨ ᠡᠷᠬᠦᠬᠦ᠌᠎ᠨᠢ ᠵᠦᠢᠳᠠᠢ᠃
2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635372
ᠢᠮᠧᠯ᠄tn@mgyxw.net 蒙ICP备10000005号