ᠴᠤᠯᠢᠭᠢᠷ᠄ ᠤᠤᠯ ᠨᠡᠷ᠎ᠡ ᠪᠤᠤ ᠷᠦᠩ᠃ ᠵᠤᠬᠢᠶᠠᠯᠴᠢ᠂ ᠳ᠋ᠣᠺᠲ᠋ᠤᠷ᠂ ᠦᠪᠦᠷ ᠮᠤᠩᠭᠤᠯ᠎ᠤᠨ ᠪᠠᠭ᠍ᠰᠢ᠎ᠶ᠋ᠢᠨ ᠶᠡᠭᠡ ᠰᠣᠷᠭᠠᠭᠤᠯᠢ᠎ᠶ᠋ᠢᠨ ᠮᠤᠩᠭᠤᠯ ᠰᠣᠳᠣᠯᠣᠯ᠎ᠤᠨ ᠲᠡᠭᠡᠳᠦ ᠰᠣᠷᠭᠠᠭᠤᠯᠢ᠎ᠶ᠋ᠢᠨ ᠲᠡᠳ᠋ ᠫᠷᠤᠹᠧᠰᠰᠤᠷ᠃ 《ᠲᠤᠩᠭᠠᠭᠠᠯᠳᠠ — ᠪᠤᠴᠠᠯᠳᠠ — ᠡᠷᠢᠯᠬᠢᠯᠡᠯ — ᠬᠤᠷᠢᠳᠣᠭᠠᠷ ᠵᠠᠭᠤᠨ᠎ᠤ ᠨᠠᠶᠠ ᠶᠡᠷᠡᠭᠡᠳ ᠤᠨ᠎ᠤ ᠮᠤᠩᠭᠤᠯ ᠲᠤᠭᠤᠵᠢᠰ ᠤᠨ ᠰᠣᠳᠣᠯᠣᠯ》 (ᠲᠤᠰᠭᠠᠢ ᠰᠡᠳᠦᠪᠳᠦ ᠰᠣᠳᠣᠯᠭᠠᠨ᠎ᠤ ᠨᠤᠮ)᠂ 《ᠵᠠᠮ》 (ᠷᠤᠮᠠᠨ) ᠪᠠ 《ᠨᠢᠭᠤᠴᠠ ᠠᠮᠠᠷᠠᠭ》᠂ 《ᠠᠯᠳᠠᠵᠦ᠍ ᠤᠨᠤᠳᠠᠭ ᠽᠠᠮᠪᠤᠯᠢᠩ》 ᠵᠡᠷᠬᠡ ᠲᠤᠭᠤᠵᠢ᠎ᠲᠠᠢ᠃ ᠠᠩᠬᠠᠳᠤᠭᠠᠷ ᠤᠳᠠᠭᠠᠨ᠎ᠤ 《ᠲᠤᠷᠤᠨ᠎ᠠ》 ᠤᠳᠭ᠎ᠠ ᠵᠤᠬᠢᠶᠠᠯ᠎ᠤᠨ ᠱᠠᠩᠨᠠᠯ᠎ᠤᠨ 《ᠱᠢᠨ᠎ᠠ ᠤᠳᠤᠨ》 ᠱᠠᠩᠨᠠᠯ᠎ᠢ ᠲᠣᠰᠴᠣ ᠦᠩᠭᠡᠷᠡᠵᠡᠢ᠃

ᠮᠤᠩᠭᠤᠯᠴᠤᠳ ᠪᠤᠯ ᠤᠷᠠᠨ ᠵᠤᠬᠢᠶᠠᠯ᠎ᠤᠨ ᠡᠯᠪᠡᠭ ᠪᠠᠶᠠᠨ ᠦᠪ ᠬᠦᠷᠦᠩᠭᠡ᠎ᠲᠠᠢ ᠦᠨᠳᠦᠰᠦᠳᠡᠨ᠃ ᠤᠷᠴᠢᠨ ᠦᠶ᠎ᠡ᠎ᠠᠴᠠ ᠡᠮᠦᠨᠡᠬᠢ ᠤᠷᠠᠨ ᠵᠤᠬᠢᠶᠠᠯ᠎ᠤᠨ ᠰᠤᠩᠭᠤᠳᠠᠭ ᠰᠤᠳᠤᠨ ᠪᠦᠳᠦᠭᠡᠯ᠎ᠢ ᠠᠮᠠᠨ ᠵᠤᠬᠢᠶᠠᠯ ᠪᠠ ᠪᠢᠴᠢᠭ᠎ᠤᠨ ᠵᠤᠬᠢᠶᠠᠯ ᠭᠡᠵᠦ᠍ ᠬᠤᠪᠢᠶᠠᠨ ᠦᠵᠡᠵᠦ᠍ ᠪᠤᠯᠤᠨ᠎ᠠ᠃
ᠨᠢᠭᠡ᠂ ᠠᠮᠠᠨ ᠵᠤᠬᠢᠶᠠᠯ᠎ᠤᠨ ᠰᠣᠩᠭᠤᠳᠠᠭ ᠪᠦᠳᠦᠭᠡᠯ᠎ᠤᠳ
ᠠᠷᠠᠳ᠎ᠤᠨ ᠠᠮᠠᠨ ᠵᠤᠬᠢᠶᠠᠯ ᠪᠤᠯ ᠠᠷᠠᠳ ᠤᠯᠠᠨ᠎ᠤ ᠲᠦᠷᠰᠦᠯᠢᠭ ᠰᠡᠳᠭᠢᠬᠦᠢ᠂ ᠬᠤᠯᠪᠤᠨ ᠪᠤᠳᠤᠯᠳᠠ᠂ ᠢᠯᠡᠳᠭᠡᠬᠦᠢ ᠵᠠᠩᠱᠢᠯ᠂ ᠶᠢᠷᠳᠢᠨᠴᠤ᠎ᠶ᠋ᠢᠨ ᠲᠤᠬᠠᠢ ᠲᠠᠨᠢᠯᠳᠠ ᠲᠠᠨᠢᠪᠤᠷᠢ ᠵᠡᠷᠭᠡ ᠤᠶᠤᠨ ᠰᠠᠨᠠᠭᠠᠨ᠎ᠤ ᠬᠢᠨᠢ ᠲᠦᠷᠰᠦ ᠪᠠᠢᠳᠠᠯ᠎ᠢ ᠬᠠᠷᠠᠭᠤᠯᠤᠬ᠍ᠰᠠᠨ ᠭᠤᠴᠤ᠌ ᠰᠠᠢᠬᠠᠨ ᠤᠷᠠᠨ ᠪᠦᠳᠦᠭᠡᠯ᠎ᠤᠳ᠃
⒈ ᠲᠤᠮᠤᠭ — ᠲᠤᠮᠤᠭ᠎ᠨᠢ ᠦᠨᠡᠨ ᠬᠦᠮᠦᠨ᠂ ᠦᠨᠡᠨ ᠬᠡᠷᠡᠭ᠂ ᠦᠨᠡᠨ ᠪᠤᠳᠠᠰ᠎ᠤᠨ ᠰᠠᠭᠤᠷᠢᠨ ᠲᠡᠭᠡᠷ᠎ᠡ ᠤᠷᠭᠤᠭᠤᠯᠤᠨ ᠪᠦᠳᠦᠭᠡᠭ᠌ᠰᠡᠨ ᠦᠯᠢᠭᠡᠷ ᠬᠠᠭᠤᠴᠢ ᠶᠠᠷᠢᠶ᠎ᠠ᠃ 《ᠠᠯᠤᠩᠭᠤᠸ᠎ᠠ ᠡᠬᠡ᠎ᠶ᠋ᠢᠨ ᠲᠠᠪᠤᠨ ᠮᠦᠰᠦ᠎ᠪᠠᠷ ᠬᠡᠦᠬᠡᠳ᠎ᠢᠶᠠᠨ ᠰᠣᠷᠭᠠᠬ᠍ᠰᠠᠨ ᠲᠤᠮᠤᠭ》᠂ 《ᠭᠠᠭ᠍ᠠᠢ ᠠᠭᠤᠯᠠ᠎ᠶ᠋ᠢᠨ ᠲᠤᠮᠤᠭ》᠂ 《ᠮᠡᠷᠭᠡᠯ ᠭᠤᠤᠯ᠎ᠤᠨ ᠲᠤᠮᠤᠭ》 ᠁ ᠭᠡᠬᠦ᠌ ᠮᠡᠳᠦ ᠮᠤᠩᠭᠤᠯᠴᠤᠳ᠎ᠤᠨ ᠰᠣᠶᠣᠯ ᠲᠡᠦᠬᠡᠨ᠎ᠳᠤ ᠬᠤᠯᠪᠤᠬ᠍ᠳᠠᠬᠤ ᠲᠤᠭᠠᠯᠠᠰᠢ ᠦᠭᠡᠢ ᠤᠯᠠᠨ ᠲᠤᠮᠤᠭ᠎ᠨᠢ ᠮᠤᠩᠭᠤᠯᠴᠤᠳ᠎ᠤᠨ ᠶᠠᠰᠣ ᠴᠢᠮᠦᠭᠡᠨ᠎ᠳᠤᠨᠢ ᠪᠠᠢᠬᠤ ᠡᠮᠵᠡᠭ ᠲᠤᠭᠤᠯᠳᠠᠯᠢ ᠵᠠᠰᠠᠨ ᠰᠡᠷᠡᠮᠵᠢᠯᠡᠭᠦᠯᠬᠦ᠌ ᠦᠢᠯᠡᠳᠦᠯ᠎ᠢ ᠭᠠᠷᠭᠠᠬ᠍ᠰᠠᠨ ᠪᠤᠶᠤ ᠵᠠᠰᠠᠬ᠍ᠳᠠᠵᠤ ᠬᠠᠯᠠᠬ᠍ᠳᠠᠵᠤ᠂ ᠰᠦᠢᠳᠭᠡᠭ᠌ᠳᠡᠵᠦ᠍ ᠪᠠᠯᠠᠷᠬᠠᠢᠱᠢᠬ᠍ᠰᠠᠨ ᠲᠡᠦᠬᠡ᠎ᠶ᠋ᠢᠨ ᠤᠯᠠᠨ ᠵᠦᠢᠯ᠎ᠢ ᠨᠦᠬᠦᠬᠦ᠂ ᠤᠯᠠᠮᠵᠢᠯᠠᠨ ᠴᠡᠭᠡᠵᠢᠯᠡᠭᠦᠯᠬᠦ᠌ ᠦᠢᠯᠡᠳᠦᠯ ᠭᠠᠷᠭᠠᠬ᠍ᠰᠠᠨ ᠪᠠᠢᠳᠠᠭ᠃ ᠲᠡᠭᠡᠬᠦ᠌ᠪᠠᠷ ᠮᠤᠩᠭᠤᠯ ᠲᠤᠮᠤᠭ ᠪᠤᠯ ᠠᠷᠠᠳ᠎ᠤᠨ ᠠᠮᠠᠨ ᠵᠤᠬᠢᠶᠠᠯ᠎ᠤᠨ ᠲᠤᠳᠤᠷᠠᠬᠢ ᠲᠡᠦᠬᠡ ᠰᠣᠶᠣᠯ᠎ᠤᠨ ᠦᠨ᠎ᠡ ᠴᠡᠨ᠎ᠡ ᠦᠨᠳᠦᠷ ᠰᠣᠩᠭᠤᠳᠠᠭ ᠪᠦᠳᠦᠭᠡᠯ᠎ᠤᠳ ᠪᠤᠯᠤᠨ᠎ᠠ᠃
⒉ ᠪᠠᠭᠠᠳᠣᠷᠯᠢᠭ ᠲᠤᠤᠯᠢ — ᠪᠠᠭᠠᠳᠣᠷᠯᠢᠭ ᠲᠤᠤᠯᠢ᠎ᠨᠢ ᠮᠤᠩᠭᠤᠯᠴᠤᠳ᠎ᠤᠨ ᠡᠷᠳᠡᠨ᠎ᠤ ᠤᠷᠠᠨ ᠵᠤᠬᠢᠶᠠᠯ᠎ᠤᠨ ᠨᠤᠶᠠᠨ ᠤᠷᠭᠢᠯᠢ ᠲᠦᠯᠦᠭᠡᠯᠡᠵᠦ᠍ ᠲᠡᠢᠯᠦᠨ᠎ᠡ᠃ 《ᠵᠠᠩᠭᠠᠷ》᠂ 《ᠭᠤᠷᠪᠠᠨ ᠨᠠᠰᠣᠳᠠᠢ ᠭᠤᠨᠠᠭᠠᠨ ᠤᠯᠠᠭᠠᠨ ᠪᠠᠭᠠᠳᠣᠷ》 ᠁ ᠭᠡᠬᠦᠴᠢᠯᠡᠨ ᠮᠢᠩᠭ᠎ᠠ᠎ᠪᠠᠷ ᠲᠤᠭᠠᠯᠠᠬ᠍ᠳᠠᠬᠤ ᠪᠠᠭᠠᠳᠣᠷᠯᠢᠭ ᠲᠤᠤᠯᠢ᠎ᠳᠤ ᠮᠤᠩᠭᠤᠯᠴᠤᠳ᠎ᠤᠨ ᠬᠡᠯᠡ᠂ ᠰᠣᠶᠣᠯ᠂ ᠰᠡᠳᠭᠢᠬᠦᠢ ᠬᠦᠢᠴᠡᠳ ᠲᠤᠰᠭᠠᠬ᠍ᠳᠠᠬ᠍ᠰᠠᠨᠢᠶᠠᠷ ᠮᠤᠩᠭᠤᠯ ᠰᠣᠶᠣᠯ ᠢᠷᠭᠡᠨᠱᠢᠯ᠎ᠤᠨ ᠨᠡᠪᠳᠡᠷᠭᠡᠢ ᠲᠤᠯᠢ ᠭᠡᠭ᠌ᠳᠡᠳᠡᠭ ᠪᠢᠯᠡ᠃ 《ᠰᠡᠷ ᠰᠡᠷ ᠰᠠᠯᠬᠢ᠎ᠲᠠᠢ᠂ ᠪᠤᠷ ᠪᠤᠷ ᠪᠤᠷᠤᠭᠠᠨ᠎ᠲᠠᠢ᠂ ᠦᠬᠦᠰᠢ ᠦᠭᠡᠢ ᠮᠦᠩᠭᠡ᠂ ᠦᠳᠡᠯᠦᠰᠢ ᠦᠭᠡᠢ ᠵᠠᠯᠠᠭᠤ᠂ ᠦᠭᠡᠭᠦᠷᠡᠰᠢ ᠦᠭᠡᠢ ᠪᠠᠶᠠᠨ᠂ ᠦᠨᠦᠴᠢᠨ ᠦᠭᠡᠢ ᠦᠨᠢᠷ》 ᠪᠠᠢᠳᠠᠭ 《ᠠᠷᠤ ᠪᠤᠮᠪᠠ᠎ᠶ᠋ᠢᠨ ᠤᠷᠤᠨ》 ᠤ ᠲᠦᠷᠰᠦᠯᠡᠯ᠎ᠨᠢ ᠭᠠᠭ᠍ᠴᠠ ᠮᠤᠩᠭᠤᠯᠴᠤᠳ᠎ᠤᠨ ᠬᠦᠰᠡᠯ ᠡᠷᠡᠮᠡᠯᠵᠡᠯ ᠪᠤᠰᠤ ᠪᠦᠬᠦ᠌ ᠬᠦᠮᠦᠨ ᠲᠦᠷᠦᠯᠬᠢᠳᠡᠨ᠎ᠤ ᠠᠮᠢ ᠨᠠᠰᠣ᠂ ᠠᠮᠢᠳᠣᠷᠠᠯ ᠨᠡᠢᠭᠡᠮ᠎ᠤᠨ ᠲᠤᠬᠠᠢ ᠬᠦᠰᠡᠯ ᠡᠷᠡᠮᠡᠯᠵᠡᠯ ᠪᠤᠶᠤ᠃ ᠢᠯᠠᠩᠭᠤᠶ᠎ᠠ ᠮᠤᠩᠭᠤᠯᠴᠤᠳ᠎ᠤᠨ ᠪᠠᠭᠠᠳᠣᠷᠯᠢᠭ ᠵᠤᠷᠢᠭ ᠰᠠᠨᠠᠭ᠎ᠠ᠂ ᠡᠬᠡ ᠤᠷᠤᠨᠴᠢ ᠵᠤᠷᠢᠭ ᠰᠠᠨᠠᠭ᠎ᠠ ᠵᠤᠬᠢᠶᠠᠯ᠎ᠤᠨ ᠴᠢᠮᠦᠭᠡ᠎ᠨᠢ ᠪᠤᠯᠵᠤ ᠪᠠᠢᠳᠠᠭ᠎ᠢ ᠶᠠᠭᠤᠨ ᠦᠭᠦᠯᠡᠬᠦ᠌?
⒊ ᠠᠵᠤ ᠪᠠᠢᠳᠠᠯ᠎ᠤᠨ ᠠᠮᠠᠨ ᠦᠯᠢᠭᠡᠷ ᠪᠠ ᠠᠷᠠᠳ᠎ᠤᠨ ᠲᠠᠭᠤᠤ — ᠬᠡᠯᠡᠨ᠎ᠤ ᠬᠤᠷᠴᠠ᠂ ᠤᠬᠠᠭᠠᠨ᠎ᠤ ᠰᠡᠷᠭᠦᠯᠡᠩ᠂ ᠰᠠᠨᠠᠭᠠᠨ᠎ᠤ ᠰᠠᠢᠬᠠᠨ᠎ᠢ ᠡᠷᠬᠢᠮᠯᠡᠨ ᠲᠡᠭᠡᠳᠦᠯᠡᠳᠡᠭ᠎ᠨᠢ ᠮᠤᠩᠭᠤᠯᠴᠤᠳ᠎ᠤᠨ ᠡᠷᠳᠡᠨ᠎ᠠᠴᠠ ᠢᠨᠠᠬ᠍ᠰᠢᠬᠢ ᠰᠡᠳᠭᠢᠬᠦᠢ᠂ ᠲᠠᠭᠠᠱᠢᠶᠠᠯ᠃ ᠲᠡᠷᠡ ᠤᠯᠠᠨ 《ᠰᠡᠴᠡᠨ ᠪᠡᠷᠢ᠎ᠶ᠋ᠢᠨ ᠦᠯᠢᠭᠡᠷ》᠂ 《ᠲᠡᠨᠡᠭ ᠬᠦᠷᠭᠡᠨᠤ ᠦᠯᠢᠭᠡᠷ》 ᠁ ᠨᠢ ᠰᠣᠶᠣᠯᠯᠢᠭ᠂ ᠠᠷᠤᠤᠬᠠᠨ ᠠᠷᠠᠳ ᠲᠦᠮᠡᠨ᠎ᠤ ᠠᠮᠢᠳᠣᠷᠠᠯ᠎ᠤᠨ ᠦᠩᠭᠡ ᠲᠦᠷᠰᠦ᠂ ᠤᠶᠤᠨ ᠰᠠᠨᠠᠭᠠᠨ᠎ᠤ ᠶᠢᠷᠳᠢᠨᠴᠤ᠌ ᠶᠠᠮᠠᠷᠬᠠᠨ ᠭᠡᠳᠡᠭ᠎ᠢ ᠬᠠᠷᠠᠭᠤᠯᠤᠬ᠍ᠰᠠᠨ ᠠᠵᠢ᠃ 《ᠤᠷᠤᠰᠤᠮᠠᠯ᠎ᠤᠨ ᠴᠠᠭᠠᠳᠠᠢ᠂ ᠤᠷᠭᠤᠮᠠᠯ᠎ᠤᠨ ᠨᠠᠭᠠᠳᠠᠢ᠂ ᠮᠠᠢᠯᠠᠭᠤᠷᠢ ᠴᠢᠨᠢ ᠮᠤᠳᠤᠨ ᠰᠡᠭᠦᠯ᠎ᠳᠦ ᠪᠠᠷᠢᠵᠤ ᠪᠠᠢᠨ᠎ᠠ᠃ ᠠᠪᠤ ᠲᠠ ᠲᠡᠯᠳᠦ᠎ᠪᠠᠨ ᠤᠨᠤᠭᠠᠳ ᠭᠠᠯᠳᠣ᠎ᠪᠠᠨ ᠠᠪᠤᠭᠠᠳ ᠲᠦᠷᠭᠡᠨ ᠤᠴᠢᠭᠠᠴᠢ》᠂ 《ᠡᠷ᠎ᠡ ᠦᠭᠡᠷ᠎ᠤᠨ ᠰᠦ᠎ᠪᠠᠷ ᠡᠯᠢᠭᠡᠨ ᠲᠠᠷᠠᠭ ᠪᠦᠷᠢᠵᠦ᠍ ᠪᠤᠯᠤᠭᠠᠳ ᠡᠷ᠎ᠡ ᠬᠦᠮᠦᠨ ᠨᠢᠷᠠᠢᠯᠵᠤ ᠬᠦᠩᠭᠡᠵᠢᠵᠦ᠍ ᠪᠤᠯᠬᠤ ᠦᠭᠡᠢ ᠭᠡᠵᠦ᠍ ᠬᠡᠨ ᠬᠡᠯᠡᠪᠡ?》 ᠁ ᠭᠡᠬᠦᠴᠢᠯᠡᠨ ᠤᠬᠠᠭᠠᠨ᠎ᠤ ᠬᠤᠷᠴᠠ᠂ ᠤᠶᠤᠨ᠎ᠤ ᠰᠡᠷᠭᠦᠯᠡᠩ᠂ ᠬᠡᠯᠡᠨ᠎ᠤ ᠤᠷᠠᠨ ᠪᠠᠶᠠᠯᠢᠭ᠎ᠢ ᠭᠠᠢᠬᠠᠭᠤᠯᠤᠬ᠍ᠰᠠᠨ ᠡᠢᠮᠦᠷᠭᠦᠦ ᠦᠯᠢᠭᠡᠷ᠎ᠤᠳ᠎ᠨᠢ ᠠᠷᠠᠳᠴᠢ ᠱᠢᠨᠵᠢ᠎ᠲᠠᠢ᠂ ᠠᠮᠢᠳᠣᠷᠠᠯ᠎ᠲᠠᠢ ᠤᠢᠷ᠎ᠠ᠂ ᠠᠭᠤᠯᠭ᠎ᠠ᠎ᠪᠠᠷ ᠪᠠᠶᠠᠯᠢᠭ ᠪᠠᠢᠳᠠᠭ᠃ ᠡᠢᠮᠦᠷᠭᠦᠦ ᠠᠷᠠᠳᠴᠢ ᠱᠢᠨᠵᠢ᠎ᠲᠠᠢ᠂ ᠠᠭᠤᠯᠭ᠎ᠠ᠎ᠪᠠᠷ ᠪᠠᠶᠠᠯᠢᠭ᠂ ᠠᠷᠠᠳ ᠲᠦᠮᠡᠨ᠎ᠤ ᠰᠡᠳᠭᠢᠯ ᠵᠢᠷᠦᠬᠡᠨ᠎ᠤ ᠴᠤᠤᠷᠢᠶ᠎ᠠ ᠪᠤᠯᠤᠬ᠍ᠰᠠᠨ ᠪᠠᠰᠠ ᠨᠢᠭᠡ ᠵᠦᠢᠯ᠎ᠤᠨ ᠤᠷᠠᠨ ᠪᠦᠳᠦᠭᠡᠯ᠎ᠨᠢ ᠠᠷᠠᠳ᠎ᠤᠨ ᠲᠠᠭᠤᠤ ᠶᠤᠮ᠃ ᠪᠠᠭᠠᠳᠣᠷ᠎ᠤᠨ ᠲᠠᠭᠤᠤ 《ᠭᠠᠳᠠ ᠮᠡᠢᠷᠡᠨ》 ᠠᠴᠠ ᠡᠬᠢᠯᠡᠨ ᠢᠨᠠᠭ᠎ᠤᠨ ᠲᠠᠭᠤᠤ 《ᠯᠦᠩᠮᠸᠢ》 ᠳᠤ ᠬᠦᠷᠳᠡᠯ᠎ᠡ ᠶᠤᠰᠤᠳᠠᠢ ᠲᠤᠭᠠᠯᠠᠬᠤ᠎ᠶ᠋ᠢᠨ ᠠᠷᠭ᠎ᠠ ᠦᠭᠡᠢ ᠤᠯᠠᠨ ᠱᠢᠯᠢᠳᠡᠭ ᠰᠣᠳᠣᠨ ᠪᠦᠳᠦᠭᠡᠯ᠎ᠤᠳ ᠪᠤᠢ᠃
ᠬᠤᠶᠠᠷ᠂ ᠪᠢᠴᠢᠭ᠎ᠤᠨ ᠵᠤᠬᠢᠶᠠᠯ᠎ᠤᠨ ᠰᠣᠩᠭᠤᠳᠠᠭ ᠪᠦᠳᠦᠭᠡᠯ᠎ᠤᠳ
⒈ ᠲᠡᠦᠬᠡᠨ ᠨᠠᠢᠷᠠᠭᠤᠯᠤᠯ᠎ᠤᠳ — 《ᠮᠤᠩᠭᠤᠯ᠎ᠤᠨ ᠨᠢᠭᠤᠴᠠ ᠲᠤᠪᠴᠢᠶᠠᠨ》 ᠢᠶᠠᠷ ᠲᠦᠯᠦᠭᠡᠯᠡᠭ᠌ᠴᠢ ᠪᠤᠯᠭᠠᠬ᠍ᠰᠠᠨ ᠲᠤᠮᠳᠠᠳᠣ ᠵᠠᠭᠤᠨ᠎ᠤ ᠲᠡᠷᠡ ᠤᠯᠠᠨ ᠲᠡᠦᠬᠡᠨ ᠨᠠᠢᠷᠠᠭᠤᠯᠤᠯ᠎ᠨᠢ ᠮᠤᠩᠭᠤᠯ᠎ᠤᠨ ᠡᠷᠳᠡᠨ᠎ᠤ ᠪᠢᠴᠢᠭ᠎ᠤᠨ ᠵᠤᠬᠢᠶᠠᠯ᠎ᠤᠨ ᠤᠷᠭᠢᠯᠢ ᠪᠦᠳᠦᠭᠡᠭ᠌ᠰᠡᠨ᠎ᠢᠶᠠᠷ ᠪᠠᠷᠠᠬᠤ ᠦᠭᠡᠢ᠂ ᠦᠨᠳᠦᠰᠦᠳᠡᠨ᠎ᠤ ᠲᠡᠦᠬᠡ ᠰᠣᠶᠣᠯ᠎ᠤᠨ ᠤᠯᠠᠷᠢᠯ ᠬᠤᠪᠢᠰᠣᠯ᠎ᠤᠨ ᠵᠠᠮ ᠮᠦᠷ᠎ᠢ ᠲᠤᠳᠤᠷᠠᠭᠤᠯᠤᠨ ᠦᠯᠡᠳᠡᠭᠡᠭ᠌ᠰᠡᠨ ᠶᠤᠮ᠃ ᠲᠠᠷᠤᠢ ᠡᠳᠡᠭᠡᠷ ᠲᠡᠦᠬᠡᠨ ᠨᠠᠢᠷᠠᠭᠤᠯᠤᠯ᠎ᠤᠳ ᠤᠷᠠᠨ ᠵᠤᠬᠢᠶᠠᠯ᠎ᠤᠨ ᠦᠷᠳᠡᠭ ᠦᠨᠳᠦᠷ᠎ᠢᠶᠠᠷ ᠪᠠᠷᠠᠬᠤ ᠦᠭᠡᠢ ᠲᠡᠦᠬᠡ᠎ᠶ᠋ᠢᠨ ᠦᠷᠳᠡᠭ ᠴᠤ᠌ ᠦᠨᠳᠦᠷ᠃ ᠤᠷᠤᠰ᠎ᠤᠨ ᠡᠷᠳᠡᠮᠳᠡᠨ ᠸᠯᠠᠳᠢᠮᠢᠷᠼᠤᠸ 《ᠲᠤᠮᠳᠠᠳᠣ ᠵᠠᠭᠤᠨ᠎ᠤ ᠦᠶ᠎ᠡ᠎ᠳᠤ ᠁ 〈ᠨᠢᠭᠤᠴᠠ ᠲᠤᠪᠴᠢᠶᠠᠨ〉 ᠤ ᠠᠳᠠᠯᠢ᠎ᠪᠠᠷ ᠵᠢᠩᠭᠢᠨᠢ ᠠᠮᠢᠳᠣᠷᠠᠯ᠎ᠢ ᠲᠤᠳᠤᠷᠬᠠᠢ ᠲᠦᠷᠰᠦᠯᠡᠨ ᠦᠵᠡᠭᠦᠯᠦᠭ᠌ᠰᠡᠨ ᠲᠤᠷᠠᠰᠭᠠᠯᠳᠣ ᠪᠢᠴᠢᠭ᠎ᠢ ᠨᠢᠭᠡ ᠴᠦ᠍ ᠨᠡᠭᠦᠳᠡᠯᠴᠢᠨ ᠦᠨᠳᠦᠰᠦᠳᠡᠨ ᠦᠯᠡᠳᠡᠭᠡᠭ᠌ᠰᠡᠨ ᠦᠭᠡᠢ ᠁》 ᠭᠡᠵᠦ᠍ ᠪᠢᠴᠢᠵᠦ᠍ ᠦᠩᠭᠡᠷᠡᠵᠡᠢ᠃ 《ᠮᠤᠩᠭᠤᠯ᠎ᠤᠨ ᠨᠢᠭᠤᠴᠠ ᠲᠤᠪᠴᠢᠶᠠᠨ》 ᠪᠤᠯ ᠲᠤᠮᠳᠠᠳᠣ ᠵᠠᠭᠤᠨ᠎ᠤ ᠦᠶ᠎ᠡ᠎ᠶ᠋ᠢᠨ ᠮᠤᠩᠭᠤᠯ ᠤᠷᠠᠨ ᠵᠤᠬᠢᠶᠠᠯ᠎ᠤᠨ ᠤᠬᠢ ᠰᠣᠳᠣᠨ ᠪᠦᠳᠦᠭᠡᠯ ᠮᠦᠷᠳᠡᠭᠡᠨ ᠲᠡᠯᠡᠬᠡᠢ᠎ᠶ᠋ᠢᠨ ᠤᠷᠠᠨ ᠵᠤᠬᠢᠶᠠᠯ᠎ᠤᠨ ᠴᠤ᠌ ᠤᠬᠢ ᠰᠣᠳᠣᠨ ᠪᠦᠳᠦᠭᠡᠯ᠃
⒉ ᠢᠨᠵᠠᠨᠨᠠᠰᠢ᠎ᠶ᠋ᠢᠨ ᠲᠦᠷᠪᠡᠨ ᠷᠤᠮᠠᠨ — ᠠᠷᠪᠠ ᠶᠢᠰᠦᠳᠦᠭᠡᠷ ᠵᠠᠭᠤᠨ᠎ᠳᠤ ᠪᠦᠳᠦᠭᠡᠭ᠌ᠳᠡᠭ᠌ᠰᠡᠨ 《ᠶᠡᠭᠡ ᠶᠤᠸᠠᠨ ᠤᠯᠤᠰ᠎ᠤᠨ ᠮᠠᠨᠳᠣᠬ᠍ᠰᠠᠨ ᠲᠦᠷᠦ᠎ᠶ᠋ᠢᠨ ᠬᠦᠭᠡ ᠰᠣᠳᠣᠷ》 ᠲᠡᠷᠢᠭᠦᠳᠡᠨ ᠲᠦᠷᠪᠡᠨ ᠪᠦᠯᠦᠭ᠌᠎ᠳᠦ ᠷᠤᠮᠠᠨ ᠵᠢᠴᠢ ᠲᠡᠷᠡ ᠤᠯᠠᠨ ᠬᠡᠮᠵᠢᠶ᠎ᠡ᠎ᠳᠦ ᠱᠢᠯᠦᠭ ᠪᠤᠯ ᠪᠠᠰᠠᠴᠤ᠌ ᠮᠤᠩᠭᠤᠯ ᠤᠷᠠᠨ ᠵᠤᠬᠢᠶᠠᠯ᠎ᠤᠨ ᠨᠤᠶᠠᠨ ᠤᠷᠭᠢᠯ᠃ ᠲᠡᠳᠡᠭᠡᠷ ᠵᠤᠬᠢᠶᠠᠯ ᠲᠤᠬᠠᠢ᠎ᠶ᠋ᠢᠨ ᠲᠡᠷᠡ ᠴᠠᠭ ᠦᠶ᠎ᠡ᠎ᠶ᠋ᠢᠨ᠎ᠢᠶᠠᠨ ᠬᠤᠭᠤᠰᠤᠨ᠎ᠢ ᠨᠦᠬᠦᠭ᠌ᠰᠡᠨ ᠮᠦᠷᠳᠡᠭᠡᠨ ᠤᠷᠠᠯᠢᠭ᠎ᠤᠨ ᠨᠤᠶᠠᠨ ᠤᠷᠭᠢᠯᠢ ᠪᠦᠳᠦᠭᠡᠭ᠌ᠰᠡᠨ ᠪᠠᠢᠳᠠᠭ᠃
⒊ ᠰᠡᠭᠡᠭᠡᠷᠡᠭᠦᠯᠬᠦ᠌ ᠦᠵᠡᠯ᠎ᠤᠨ ᠤᠷᠠᠨ ᠪᠦᠳᠦᠭᠡᠯ᠎ᠤᠳ — ᠮᠤᠩᠭᠤᠯ᠎ᠤᠨ ᠤᠷᠴᠢᠨ ᠦᠶ᠎ᠡ᠎ᠶ᠋ᠢᠨ ᠤᠷᠠᠨ ᠵᠤᠬᠢᠶᠠᠯ᠎ᠢ ᠰᠡᠭᠡᠭᠡᠷᠡᠭᠦᠯᠬᠦ᠌ ᠦᠵᠡᠯ᠎ᠤᠨ ᠤᠷᠠᠨ ᠵᠤᠬᠢᠶᠠᠯ ᠭᠡᠳᠡᠭ᠃ ᠲᠤᠭᠤᠵᠢᠰ᠎ᠠᠴᠠ ᠷᠢᠨᠴᠢᠨᠬᠤᠷᠯᠤᠶ᠋ᠢᠨ 《ᠭᠠᠱᠢᠭᠤᠨᠤ ᠲᠤᠳᠤᠷᠠᠬᠢ ᠲᠡᠯᠴᠢᠯᠡᠭ᠌ᠴᠢ ᠬᠡᠮᠡᠬᠦ᠌ ᠦᠯᠢᠭᠡᠷ》 ᠬᠡᠮᠡᠬᠦ᠌ ᠲᠤᠭᠤᠵᠢ᠂ ᠨᠠᠢᠷᠠᠭᠤᠯᠤᠯ᠎ᠠᠴᠠ ᠰᠠᠢᠴᠤᠩᠭ᠎ᠠ᠎ᠶ᠋ᠢᠨ 《ᠡᠯᠡᠰᠦ ᠮᠠᠩᠬᠠᠨ᠎ᠤ ᠡᠬᠡ ᠨᠤᠳᠤᠭ》᠂ 《ᠮᠠᠨ᠎ᠤ ᠮᠤᠩᠭᠤᠯ᠎ᠤᠨ ᠮᠠᠨᠳᠣᠬᠤ ᠲᠠᠭᠤᠨ》 ᠁ ᠮᠡᠳᠦᠰ᠂ ᠱᠢᠯᠦᠭ᠎ᠠᠴᠠ ᠡᠷᠳᠡᠨᠢᠳᠣᠬ᠍ᠳᠠᠬᠤᠶ᠋ᠢᠨ 《ᠬᠦᠭᠡ ᠮᠤᠩᠭᠤᠯ᠎ᠤᠨ ᠬᠡᠦᠬᠡᠳ᠎ᠤᠨ ᠰᠣᠷᠳᠠᠯ》᠂ ᠭᠠᠮᠠᠯᠠ᠎ᠶ᠋ᠢᠨ 《ᠪᠦᠭᠡ᠎ᠶ᠋ᠢᠨ ᠬᠤᠯᠪᠤᠭ᠎ᠠ》 ᠲᠡᠷᠢᠭᠦᠳᠡᠨ ᠁ ᠮᠠᠰᠢ ᠤᠯᠠᠨ ᠱᠢᠯᠢᠳᠡᠭ ᠰᠤᠳᠤᠨ ᠪᠦᠳᠦᠭᠡᠯ ᠪᠤᠢ᠃
2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635372
ᠢᠮᠧᠯ᠄tn@mgyxw.net 蒙ICP备10000005号