ᠠᠷᠭᠠᠢ ᠨᠠᠭᠠᠳᠤᠮ᠎ᠤᠨ ᠤᠯᠠᠮᠵᠢᠯᠠᠯ ᠪᠠ ᠬᠦᠭ᠌ᠵᠢᠬᠦᠯᠦᠯ
2020-05-13 10:43:39
ᠵᠣᠬᠢᠶᠠᠭ᠍ᠴᠢ᠄
ᠪᠤᠤ ᠥᠷᠭᠡᠨ
ᠣᠩᠱᠢᠭ᠍ᠰᠠᠨ ᠣᠳᠠᠭ᠎ᠠ᠄
★★★☆☆

      《ᠠᠷᠭᠠᠢ》 ᠬᠡᠵᠦ᠍ ᠠᠷᠢᠯᠭᠠᠵᠦ᠍ ᠵᠠᠰᠠᠬ᠍ᠰᠠᠨ ᠦᠬᠡᠷ᠎ᠤᠨ ᠱᠠᠭ᠎ᠠ᠎ᠶ᠋ᠢ ᠬᠡᠯᠡᠳᠡᠭ᠃ ᠤᠯᠠᠭᠠᠨᠬᠠᠳᠠ ᠬᠤᠳᠠ᠎ᠶ᠋ᠢᠨ ᠠᠷᠤ ᠬᠤᠷᠴᠢᠨ ᠬᠤᠱᠢᠭᠤ᠎ᠨᠢ ᠠᠷᠪᠠᠨ ᠰᠤᠮᠤᠨ᠎ᠤ ᠬᠤᠷᠢᠮ᠎ᠤᠨ ᠶᠤᠰᠤᠯᠠᠯ᠂ ᠮᠤᠩᠭᠤᠯ ᠥᠨᠳᠤᠰᠤᠳᠠᠨ᠎ᠤ ᠬᠠᠭᠠᠨ ᠤᠷᠳᠤᠨ᠎ᠤ ᠬᠥᠭ᠌ᠵᠢᠮ᠂ ᠬᠠᠰᠠᠬ ᠲᠡᠷᠭᠡ ᠥᠢᠯᠡᠳᠭᠦ᠌ ᠭᠠᠷ ᠤᠷᠠᠯᠠᠯ ᠁ ᠵᠡᠷᠭᠡ ᠥᠪᠡᠷᠮᠢᠴᠡ ᠲᠡᠤᠭᠡ ᠰᠤᠶᠤᠯ᠎ᠠᠴᠠ ᠭᠠᠲᠠᠨ᠎ᠠ᠂ ᠠᠷᠭᠠᠢ ᠨᠠᠭᠠᠲᠤᠮ᠎ᠤᠨ ᠰᠤᠶᠤᠯ᠎ᠢᠶᠠᠷ᠎ᠢᠶᠠᠨ ᠬᠤᠯᠠ ᠥᠢᠷ᠎ᠠ᠎ᠳᠠᠭᠠᠨ ᠠᠯᠲᠠᠷᠱᠢᠬ᠍ᠰᠠᠨ ᠪᠠᠢᠳᠠᠬ᠃ ᠤᠢ᠍ᠢᠷ᠎ᠠ᠎ᠶ᠋ᠢᠨ ᠵᠢᠯ᠎ᠳᠤ᠂ ᠠᠷᠤ ᠬᠤᠷᠴᠢᠨᠴᠤᠳ ᠠᠷᠭᠠᠢ ᠨᠠᠭᠠᠲᠤᠮ᠎ᠤᠨ ᠲᠡᠦᠭᠡ ᠰᠤᠶᠤᠯ᠎ᠢᠶᠠᠨ ᠤᠯᠠᠮ ᠴᠠᠭᠠᠱᠢᠲᠠ ᠠᠭᠤᠲᠠᠯᠵᠦ᠍᠂ ᠪᠦᠲᠦᠮᠵᠢᠳᠡᠢ ᠬᠠᠮᠠᠭᠠᠯᠠᠯᠲᠠ᠎ᠶ᠋ᠢᠨ ᠠᠷᠭ᠎ᠠ ᠬᠡᠮᠵᠢᠶ᠎ᠡ ᠠᠪᠴᠦ᠍᠂ ᠥᠪ ᠰᠤᠶᠤᠯ᠎ᠤᠨ ᠦᠨᠡᠲᠦ ᠡᠷᠳᠡᠨᠢ ᠪᠤᠯᠤᠬ᠍ᠰᠠᠨ ᠠᠷᠭᠠᠢ ᠨᠠᠭᠠᠳᠤᠮ᠎ᠢᠶᠠᠨ ᠠᠪᠤᠷᠠᠨ ᠬᠠᠮᠠᠭᠠᠯᠠᠵᠦ᠍᠂ ᠤᠯᠠᠮᠵᠢᠯᠠᠨ ᠬᠦᠭ᠌ᠵᠢᠬᠦᠯᠬᠦ᠌᠎ᠶ᠋ᠢᠨ ᠲᠦᠯᠦᠬᠡ ᠬᠦᠴᠦ᠍ ᠨᠢᠬᠡᠲᠦᠨ ᠴᠢᠷᠮᠠᠢᠵᠠᠭᠠᠵᠦ᠍ ᠪᠤᠢ᠃

      ᠰᠤᠶᠤᠯ ᠲᠡᠤᠭᠡ᠎ᠶ᠋ᠢᠨ ᠬᠤᠪᠤᠷ ᠥᠯᠡᠳᠡᠭ᠌ᠳᠠᠯ

      ᠬᠤᠯᠪᠤᠬ᠍ᠳᠠᠯ ᠪᠥᠬᠦᠢ ᠲᠡᠤᠭᠡ᠎ᠶ᠋ᠢᠨ ᠪᠢᠴᠢᠭ ᠮᠠᠲ᠋ᠧᠷᠢᠶᠠᠯ᠎ᠳᠤ ᠲᠡᠮᠳᠡᠭ᠌ᠯᠡᠭ᠌ᠰᠡᠨ᠎ᠢ ᠦᠨᠳᠦᠰᠦᠯᠡᠪᠡᠯ᠂ ᠪᠠᠭ᠎ᠠ ᠨᠠᠰᠤᠨ᠎ᠤ ᠲᠡᠮᠦᠵᠢᠨ ᠪᠣᠯᠤᠨ ᠵᠠᠮᠤᠬ᠎ᠠ ᠬᠤᠶᠠᠭᠤᠯᠠ ᠮᠥᠰᠥᠨ ᠳᠡᠭᠡᠷ᠎ᠡ ᠱᠠᠭ᠎ᠠ᠎ᠶ᠋ᠢᠨ ᠲᠣᠭ᠍ᠯᠠᠭᠠᠮ᠎ᠢ ᠨᠠᠭᠠᠳᠴᠤ᠌ ᠪᠠᠢᠬ᠍ᠰᠠᠨ᠂ ᠮᠠᠨᠳᠤᠬᠠᠢ ᠰᠡᠴᠡᠨ ᠥᠨᠡᠨᠪᠤᠯᠤᠳ ᠬᠤᠶᠠᠭᠤᠯᠠ ᠠᠷᠭᠠᠢ ᠨᠠᠭᠠᠳᠤᠮ᠎ᠤᠨ ᠲᠠᠯᠠᠪᠠᠢ᠎ᠳᠤ ᠲᠠᠨᠢᠯᠴᠠᠭ᠍ᠰᠠᠨ ᠬᠡᠯᠴᠡᠳᠡᠭ᠃ ᠲᠡᠦᠬᠡᠨ ᠮᠠᠲ᠋ᠧᠷᠢᠶᠠᠯ᠂ ᠪᠢᠴᠢᠭ ᠰᠤᠲᠤᠷ᠎ᠲᠤ ᠮᠥᠰᠥᠨ ᠳᠡᠭᠡᠷᠡᠬᠢ ᠠᠷᠭᠠᠢ ᠨᠠᠭᠠᠳᠤᠮ ᠪᠣᠯ ᠮᠣᠩᠭᠤᠯᠴᠤᠳ᠎ᠤᠨ ᠦᠨᠢ ᠤᠳᠠᠭᠠᠨ ᠲᠡᠤᠭᠡ᠎ᠲᠠᠢ ᠪᠡᠶ᠎ᠠ᠎ᠶ᠋ᠢᠨ ᠲᠠᠮᠢᠷ᠎ᠤᠨ ᠬᠥᠳᠡᠯᠭᠡᠭᠡᠨ᠎ᠤ ᠲᠦᠷᠦᠯ ᠵᠦᠢᠯ᠎ᠤᠨ ᠨᠢᠭᠡ᠎ᠨᠢ ᠪᠣᠯᠤᠨ᠎ᠠ ᠬᠡᠵᠥ᠍ ᠲᠡᠮᠳᠡᠭ᠌ᠯᠡᠵᠥ᠍ ᠪᠠᠢᠳᠠᠬ᠃
      《ᠠᠷᠭᠠᠢ ᠨᠠᠭᠠᠳᠤᠮ ᠤᠳᠤᠬᠠᠨ᠎ᠳᠤ ᠠᠷᠤ ᠬᠤᠷᠴᠢᠨ ᠬᠤᠱᠢᠭᠤᠨ᠎ᠤ ᠬᠠᠨᠰᠦ᠋ᠮ᠎ᠠ ᠰᠤᠮᠤᠨ᠎ᠤ ᠠᠮᠠᠰᠠᠷ ᠪᠣᠯᠤᠨ ᠪᠣᠷᠣᠬᠤᠲᠠ ᠬᠤᠶᠠᠷ ᠭᠠᠴᠠᠭᠠᠨ᠎ᠤ ᠮᠠᠯᠴᠢᠳ᠎ᠤᠨ ᠳᠤᠮᠳᠠ ᠤᠯᠠᠮᠵᠢᠯᠠᠬ᠍ᠳᠠᠵᠥ᠍ ᠪᠤᠢ》 ᠭᠡᠵᠦ᠍ ᠠᠷᠤ ᠬᠤᠷᠴᠢᠨ ᠬᠤᠱᠢᠭᠤ᠎ᠶ᠋ᠢᠨ ᠰᠤᠶᠤᠯ ᠪᠡᠶ᠎ᠠ᠎ᠶ᠋ᠢᠨ ᠲᠠᠮᠢᠷ ᠷᠠᠳᠢᠣ᠋ ᠲᠧᠯᠸᠢᠰ ᠲᠤᠪᠴᠢᠶ᠎ᠠ᠎ᠶ᠋ᠢᠨ ᠬᠠᠷᠢᠭᠤᠴᠠᠯᠭᠠᠳᠠᠨ ᠪᠥᠬᠡᠪᠠᠭᠠᠳᠤᠷ ᠲᠠᠨᠢᠯᠴᠠᠭᠤᠯᠤᠬ᠍ᠰᠠᠨ ᠪᠠᠢᠨ᠎ᠠ᠃ ᠲᠡᠬᠦᠨ᠎ᠤ ᠬᠠᠨᠭ᠌ᠭᠠᠬ᠍ᠰᠠᠨ ᠮᠡᠲ᠋ᠧᠷᠢᠶᠠᠯ᠎ᠢ ᠥᠨᠳᠤᠰᠤᠯᠠᠪᠠᠯ᠂ ᠲᠡᠦᠬᠡᠨ ᠳᠡᠭᠡᠷᠡᠬᠢ ᠠᠷᠤ ᠬᠤᠷᠴᠢᠨᠴᠤᠳ ᠪᠣᠯ ᠴᠢᠩᠭᠢᠰ ᠬᠠᠭᠠᠨ᠎ᠤ ᠲᠥᠷᠥᠭ᠌ᠰᠡᠨ ᠳᠡᠭᠦᠦ ᠬᠠᠪᠤᠲᠦ ᠬᠠᠰᠠᠷ᠎ᠤᠨ ᠥᠷ᠎ᠠ ᠬᠤᠢᠴᠢᠰ ᠪᠣᠯᠤᠨ᠎ᠠ᠃ 1546 ᠣᠨ᠎ᠳᠤ᠂ ᠬᠠᠰᠠᠷ᠎ᠤᠨ ᠥᠷ᠎ᠠ ᠬᠤᠢᠴᠢᠰ ᠬᠥᠯᠥᠨ ᠪᠤᠢᠷ᠎ᠤᠨ ᠴᠢᠭᠤᠯᠭᠠᠨ᠎ᠤ ᠬᠠᠢᠯᠠᠷ ᠭᠤᠣᠯ ᠣᠷᠴᠢᠮ᠎ᠤᠨ ᠠᠷᠤ ᠬᠤᠷᠴᠢᠨ ᠠᠢᠮᠠᠭ᠎ᠲᠤ ᠰᠠᠭᠤᠷᠢᠱᠢᠵᠤ᠂ ᠠᠬᠠᠯᠠᠬ᠍ᠴᠢ ᠬᠥᠨᠳᠡᠯᠡᠨ ᠲᠠᠢᠴᠢᠩ᠎ᠤᠨ ᠳᠠᠭᠠᠭᠤᠯᠭ᠎ᠠ ᠳᠣᠣᠷ᠎ᠠ ᠡᠮᠦᠨᠡᠰᠢ ᠨᠡᠬᠦᠳᠡᠯᠯᠡᠵᠥ᠍ ᠣᠳᠣ᠎ᠶ᠋ᠢᠨ ᠡᠨᠡ ᠨᠤᠲᠤᠭ᠎ᠲᠤ ᠢᠷᠡᠵᠦ᠍ ᠨᠤᠲᠤᠭ᠍ᠯᠠᠵᠠᠢ᠃ 《ᠴᠢᠩ ᠤᠯᠤᠰ᠎ᠤᠨ ᠦᠶ᠎ᠡ᠎ᠳᠤ ᠠᠷᠤ ᠬᠤᠷᠴᠢᠨ ᠬᠤᠱᠢᠭᠤ᠎ᠶ᠋ᠢ ᠪᠠᠢᠭᠤᠯᠵᠤ᠂ ᠵᠣᠣ ᠤᠳᠠ ᠠᠢᠮᠠᠭ᠎ᠲᠤ ᠬᠠᠷᠢᠶᠠᠯᠠᠭ᠍ᠳᠠᠭᠤᠯᠪᠠ》 ᠬᠡᠵᠥ᠍ ᠲᠤᠳᠤᠷᠬᠠᠢᠯᠠᠵᠥ᠍ ᠪᠠᠢᠯ᠎ᠠ᠃



      ᠠᠷᠤ ᠬᠤᠷᠴᠢᠨ ᠬᠤᠱᠢᠭᠤ᠎ᠨᠢ ᠮᠠᠨ᠎ᠤ ᠣᠷᠣᠨ᠎ᠤ ᠳᠤᠮᠳᠠ ᠬᠡᠰᠡᠭ᠂ ᠤᠯᠠᠭᠠᠨᠬᠠᠳᠠ ᠬᠤᠲᠠ᠎ᠶ᠋ᠢᠨ ᠵᠡᠭᠦᠨ ᠬᠤᠢᠲᠤ ᠬᠡᠰᠡᠭ᠎ᠲᠤ ᠪᠠᠢᠷᠢᠯᠠᠵᠤ ᠪᠠᠢᠳᠠᠬ᠃ ᠵᠡᠬᠦᠨᠰᠢ᠎ᠪᠠᠨ ᠲᠦᠩᠯᠢᠶᠣᠤ ᠬᠤᠲᠠ᠎ᠶ᠋ᠢᠨ ᠵᠠᠷᠤᠳ ᠬᠤᠱᠢᠭᠤ᠎ᠲᠠᠢ ᠬᠥᠷᠱᠢᠯᠡᠨ᠎ᠡ; ᠡᠮᠦᠨᠡᠰᠢ᠎ᠪᠠᠨ ᠤᠯᠠᠭᠠᠨᠬᠠᠳᠠ ᠬᠤᠲᠠ᠎ᠶ᠋ᠢᠨ ᠣᠩᠨᠢᠭᠤᠳ ᠬᠤᠱᠢᠭᠤ ᠪᠣᠯᠤᠨ ᠲᠦᠩᠯᠢᠶᠣᠤ ᠬᠤᠲᠠ᠎ᠶ᠋ᠢᠨ ᠺᠠᠢᠯᠦ᠍ ᠱᠢᠶᠠᠨ᠎ᠤ ᠬᠠᠷᠢᠶᠠᠨ᠎ᠳᠠᠬᠢ ᠱᠢᠷᠠᠮᠦᠷᠡᠨ ᠭᠤᠤᠯ ᠪᠣᠯᠤᠨ᠎ᠲᠠᠢ ᠾᠧ ᠭᠤᠤᠯ᠎ᠤᠨ ᠬᠠᠭᠤᠴᠢᠨ ᠤᠷᠤᠰᠭᠠᠯ᠎ᠤᠨ ᠵᠠᠭᠠᠭ᠎ᠲᠠᠢ ᠨᠢᠭᠤᠷᠯᠠᠵᠥ᠍᠂ ᠪᠠᠷᠠᠭᠤᠨᠰᠢ᠎ᠪᠠᠨ ᠤᠯᠠᠭᠠᠨᠬᠠᠳᠠ ᠬᠤᠲᠠ᠎ᠶ᠋ᠢᠨ ᠪᠠᠭᠠᠷᠢᠨ ᠵᠡᠭᠦᠨ ᠬᠤᠱᠢᠭᠤ᠂ ᠪᠠᠭᠠᠷᠢᠨ ᠪᠠᠷᠠᠭᠤᠨ ᠬᠤᠱᠢᠭᠤ᠎ᠲᠠᠢ ᠵᠠᠬ᠎ᠠ ᠨᠡᠢᠯᠡᠵᠦ᠍ ᠪᠠᠢᠨ᠎ᠠ; ᠤᠮᠠᠷᠠᠰᠢ᠎ᠪᠠᠨ ᠱᠢᠯᠢ᠎ᠶ᠋ᠢᠨ ᠭᠤᠣᠯ ᠠᠢᠮᠠᠭ᠎ᠤᠨ ᠪᠠᠷᠠᠭᠤᠨ ᠦᠵᠦᠮᠦᠴᠢᠨ ᠬᠤᠱᠢᠭᠤ᠂ ᠵᠡᠭᠦᠨ ᠦᠵᠦᠮᠦᠴᠢᠨ ᠬᠤᠱᠢᠭᠤ᠎ᠲᠠᠢ ᠵᠠᠬ᠎ᠠ ᠨᠡᠢᠯᠡᠵᠦ᠍ ᠤᠯᠠᠨ ᠨᠤᠲᠤᠭ᠎ᠤᠨ ᠰᠤᠶᠤᠯ᠎ᠤᠨ ᠨᠥᠯᠥᠭᠡ᠎ᠶ᠋ᠢ ᠬᠥᠷᠳᠡᠭ᠌ᠰᠡᠨ ᠥᠡᠭ᠌ᠭᠡ ᠢᠯᠭᠠᠷᠠᠮ᠎ᠠ ᠰᠤᠶᠤᠯ ᠤᠷᠠᠯᠢᠬ᠎ᠢ ᠪᠥᠷᠢᠯᠳᠥᠭᠦᠯᠥᠭ᠌ᠰᠡᠨ ᠪᠠᠢᠳᠠᠬ᠃
      ᠮᠥᠰᠥᠨ ᠳᠡᠭᠡᠷᠡᠬᠢ ᠠᠷᠭᠠᠢ ᠨᠠᠭᠠᠳᠤᠮ ᠪᠣᠯ ᠮᠣᠩᠭᠤᠯ ᠦᠨᠳᠦᠰᠦᠲᠡᠨ᠎ᠤ ᠡᠷᠲᠡᠨ᠎ᠤ ᠮᠥᠰᠥᠨ ᠳᠡᠭᠡᠷᠡᠬᠢ ᠲᠠᠮᠢᠷ᠎ᠤᠨ ᠬᠥᠳᠡᠯᠭᠡᠭᠡᠨ ᠪᠣᠯᠤᠨ᠎ᠠ᠃ ᠠᠷᠤ ᠬᠤᠷᠴᠢᠨ ᠬᠤᠱᠢᠭᠤᠨ᠎ᠳᠤ ᠳᠡᠯᠭᠡᠷᠡᠭ᠌ᠰᠡᠨ ᠮᠥᠰᠥᠨ ᠳᠡᠭᠡᠷᠡᠬᠢ ᠠᠷᠭᠠᠢ ᠨᠠᠭᠠᠳᠤᠮ᠎ᠨᠢ ᠪᠦᠬᠦ᠋ᠢᠯᠡ ᠦᠨᠳᠦᠰᠦᠲᠡᠨ᠎ᠤ ᠨᠠᠢᠳᠡᠯᠢᠭ ᠱᠢᠨᠵᠢ᠎ᠲᠠᠢ ᠮᠥᠷᠲᠡᠭᠡᠨ ᠢᠯᠡ ᠲᠣᠳᠣ ᠣᠷᠣᠨ ᠨᠤᠲᠤᠭ᠎ᠤᠨ ᠥᠩᠭᠡ ᠪᠤᠳᠤᠭ᠎ᠲᠠᠢ ᠪᠠᠢᠳᠠᠭ᠃ ᠠᠷᠭᠠᠢ ᠬᠢᠬᠦ᠌᠎ᠳᠤ ᠦᠬᠡᠷ᠎ᠤᠨ ᠱᠠᠭ᠎ᠠ᠎ᠶ᠋ᠢᠨ ᠮᠢᠬ᠎ᠠ ᠠᠷᠠᠰᠤ ᠪᠠ ᠳᠤᠰᠤᠨ ᠬᠠᠭ᠎ᠢ᠎ᠨᠢ ᠠᠪᠴᠤ᠌ ᠬᠠᠶᠠᠭᠠᠳ ᠭᠦᠳᠦᠭᠦᠷ ᠲᠠᠯ᠎ᠠ ᠪᠠ ᠬᠤᠲᠣᠭᠤᠷ ᠲᠠᠯ᠎ᠠ᠎ᠶ᠋ᠢ᠎ᠨᠢ ᠬᠤᠰᠤᠵᠤ ᠲᠡᠭ᠌ᠰᠢᠯᠡᠭᠡᠳ ᠪᠦᠲᠦᠭᠡᠭ᠌ᠰᠡᠨ ᠪᠠᠢᠲᠠᠭ; ᠬᠤᠲᠣᠭᠤᠷ ᠭᠠᠳᠠᠷᠭᠤ᠎ᠳᠤᠨᠢ ᠨᠦᠬᠡ ᠴᠣᠭᠤᠯᠵᠤ᠂ ᠲᠤᠭᠤᠯᠭᠠᠨ ᠤᠰᠤ ᠣᠷᠣᠭᠤᠯᠵᠤ ᠬᠦᠨᠳᠦ᠎ᠶ᠋ᠢᠨ ᠬᠡᠮᠵᠢᠶ᠎ᠡ᠎ᠶ᠋ᠢ᠎ᠨᠢ ᠨᠡᠮᠡᠭ᠌ᠳᠡᠭᠦᠯᠳᠡᠭ᠃ ᠠᠷᠭᠠᠢ ᠨᠠᠭᠠᠳᠤᠮ᠎ᠢ ᠮᠥᠰᠥᠨ ᠳᠡᠭᠡᠷ᠎ᠡ ᠲᠣᠭ᠍ᠯᠠᠬᠤ᠎ᠳᠠᠭᠠᠨ ᠭᠦᠳᠦᠭᠦᠷ ᠲᠠᠯ᠎ᠠ᠎ᠶ᠋ᠢ᠎ᠨᠢ ᠳᠡᠭᠡᠭ᠌ᠰᠢ ᠬᠠᠨᠳᠤᠭᠤᠯᠤᠨ ᠪᠠᠷᠢᠵᠤ᠂ ᠡᠷᠡᠬᠡᠢ ᠬᠤᠷᠤᠭᠤ ᠪᠠ ᠳᠣᠯᠢᠶᠠᠪᠤᠷ ᠬᠤᠷᠤᠭᠤ᠎ᠪᠠᠷ᠎ᠢᠶᠠᠨ ᠬᠤᠯᠠ᠎ᠶ᠋ᠢ ᠵᠣᠷᠢᠵᠤ᠂ ᠬᠠᠷᠠᠯᠲᠠ ᠪᠣᠯᠭᠠᠨ ᠠᠷᠭᠠᠢ ᠪᠤᠯᠭᠠᠨ ᠱᠢᠳᠡᠳᠡᠭ᠃ ᠨᠥᠭᠦᠭᠡ ᠨᠢᠭᠡ ᠠᠷᠭᠠᠢ᠎ᠨᠢ ᠬᠠᠷᠠᠯᠲᠠ᠎ᠲᠠᠢ᠎ᠪᠠᠷ ᠰᠤᠮᠤ᠎ᠪᠠᠨ ᠣᠨᠢᠯᠠᠵᠤ ᠱᠢᠳᠠᠵᠥ᠍ ᠶᠠᠪᠤᠭᠤᠯᠤᠬ᠍ᠰᠠᠨ ᠠᠷᠭᠠᠢ᠎ᠶ᠋ᠢ ᠣᠨᠣᠭᠠᠭ᠍ᠰᠠᠨ ᠪᠤᠯ ᠢᠯᠠᠭ᠍ᠰᠠᠨ᠎ᠳᠤ ᠲᠣᠭᠠᠴᠢᠭ᠍ᠳᠠᠨ᠎ᠠ᠃ ᠡᠢᠮᠦ᠎ᠠᠴᠠ ᠲᠡᠬᠦᠨ᠎ᠢ ᠪᠠᠰᠠ 《ᠠᠷᠭᠠᠢ ᠬᠠᠷᠪᠤᠬᠤ》 ᠭᠡᠳᠡᠭ᠃ ᠬᠤᠶᠠᠷ ᠬᠥᠮᠦᠨ ᠪᠠᠢᠳᠠᠭ ᠯᠠ ᠶᠤᠮ ᠪᠣᠯ ᠡᠨᠡ ᠲᠣᠭ᠍ᠯᠠᠭᠠᠮ ᠵᠠᠪᠤᠭ᠍ᠲᠠᠵᠦ᠍ ᠲᠡᠢᠯᠦᠨ᠎ᠡ; ᠬᠥᠮᠦᠨ ᠣᠯᠠᠨ ᠦᠶ᠎ᠠ᠎ᠳᠤ ᠨᠠᠩ ᠬᠥᠷ ᠬᠥᠭ᠌ᠵᠢᠶᠡᠨ᠎ᠲᠠᠢ ᠪᠣᠯᠳᠠᠬ᠃ ᠤᠷᠤᠯᠳᠤᠭᠠᠨ᠎ᠤ ᠳ᠋ᠦᠩ᠎ᠳᠤ᠂ ᠢᠯᠠᠭ᠍ᠳᠠᠭ᠍ᠰᠠᠳ ᠬᠤᠨᠢ᠂ ᠢᠮᠠᠭᠠᠨ᠎ᠤ ᠱᠠᠭ᠎ᠠ᠎ᠪᠠᠨ ᠱᠦᠭᠦᠭ᠌ᠳᠡᠳᠡᠭ ᠪᠠᠢᠨ᠎ᠠ᠃
      ᠮᠣᠩᠭᠤᠯᠴᠤᠳ ᠦᠬᠡᠷ ᠬᠤᠨᠢ ᠨᠢᠲᠤᠯᠬᠤ ᠪᠤᠶᠤ ᠠᠩ ᠭᠥᠷᠥᠭᠡᠰᠦ ᠠᠩᠨᠠᠬᠤ᠎ᠳᠠᠭᠠᠨ ᠱᠠᠭ᠎ᠠ᠎ᠶ᠋ᠢ᠎ᠨᠢ ᠬᠢᠮᠠᠭᠠᠲᠠᠨ ᠬᠠᠳᠠᠭᠠᠯᠠᠵᠤ᠂ ᠳᠡᠭᠡᠷᠡᠬᠢ ᠱᠢᠷᠪᠥᠰᠥ᠍ ᠪᠣᠯᠤᠨ ᠮᠢᠬ᠎ᠠ᠎ᠶ᠋ᠢ᠎ᠨᠢ ᠬᠤᠰᠤᠵᠤ᠂ ᠲᠤᠰᠤᠨ᠎ᠤ ᠭᠬᠢᠷ ᠪᠤᠷᠲᠠᠭ᠎ᠢ ᠠᠷᠢᠯᠭᠠᠨ᠂ ᠨᠢᠭᠡ ᠵᠦᠢᠯ᠎ᠤᠨ ᠲᠣᠭ᠍ᠯᠠᠭᠠᠮ ᠪᠣᠯᠭᠠᠳᠠᠭ᠃ ᠠᠷᠭᠠᠢ ᠤᠷᠤᠯᠳᠤᠬᠤ ᠦᠶ᠎ᠡ᠎ᠳᠤ ᠦᠬᠡᠷ ᠪᠤᠶᠤ ᠪᠤᠭᠤ᠎ᠶ᠋ᠢᠨ ᠱᠠᠭ᠎ᠠ᠎ᠶ᠋ᠢ ᠰᠤᠩᠭᠤᠲᠠᠭ᠃ ᠪᠣᠳᠠᠲᠠᠢ᠎ᠪᠠᠷ ᠬᠡᠯᠡᠪᠡᠯ᠂ ᠱᠠᠭ᠎ᠠ ᠶᠠᠰᠤᠨ᠎ᠤ ᠳᠡᠭᠡᠷ᠎ᠡ ᠳᠣᠣᠷ᠎ᠠ ᠲᠠᠯ᠎ᠠ᠎ᠶ᠋ᠢ ᠵᠣᠷᠭᠤᠵᠤ᠂ ᠬᠡᠩᠭᠡᠷᠭᠡᠨ ᠳᠡᠭᠡᠷ᠎ᠡ᠎ᠨᠢ ᠵᠢᠵᠢᠭ ᠨᠦᠬᠡ ᠭᠠᠷᠭᠠᠵᠤ᠂ ᠲᠤᠭᠤᠯᠭᠠᠨ ᠤᠰᠤ ᠴᠢᠳᠭᠤᠵᠤ᠂ ᠬᠦᠨᠳᠦ᠎ᠶ᠋ᠢ᠎ᠨᠢ ᠳᠡᠭᠡᠭ᠌ᠰᠢᠯᠡᠭᠦᠯᠦᠨ᠎ᠡ᠃ ᠢᠡᠭ᠌ᠬᠢᠪᠠᠯ ᠮᠥᠰᠥᠨ ᠭᠠᠳᠠᠷᠭᠤ ᠳᠡᠭᠡᠷ᠎ᠡ ᠡᠷᠭᠢᠯᠳᠦᠨ ᠭᠤᠯᠭᠤᠬᠤ ᠦᠶᠡᠰ ᠨᠡᠯᠢᠶᠡᠳ ᠬᠤᠷᠳᠤᠨ ᠪᠠᠢᠲᠠᠭ ᠪᠦᠭᠡᠳ ᠬᠠᠷᠪᠤᠬᠤ᠎ᠳᠤ ᠣᠨᠣᠪᠴᠢᠲᠠᠶ ᠪᠤᠯᠭᠠᠲᠠᠭ᠃ ᠭᠡᠲᠡᠯ᠎ᠡ ᠲᠡᠳᠡᠭᠡᠷ ᠵᠢᠵᠢᠭ ᠱᠠᠭ᠎ᠠ᠎ᠨᠢ ᠬᠠᠷᠢᠨ ᠤᠤᠯ᠎ᠤᠨ ᠶᠠᠩᠵᠤ᠎ᠪᠠᠨ ᠬᠠᠳᠠᠭᠠᠯᠠᠳᠠᠭ ᠪᠠᠢᠨ᠎ᠠ᠃

      ᠥᠪᠡᠷᠮᠢᠴᠠ ᠤᠨᠴᠠᠯᠢᠬ᠎ᠲᠠᠢ ᠪᠡᠶ᠎ᠡ᠎ᠶ᠋ᠢᠨ ᠲᠠᠮᠢᠷ

      《ᠮᠥᠰᠥᠨ ᠳᠡᠭᠡᠷᠡᠬᠢ ᠠᠷᠭᠠᠢ ᠨᠠᠭᠠᠳᠤᠮ ᠪᠣᠯ ᠮᠣᠩᠭᠤᠯ ᠦᠨᠳᠦᠰᠦᠲᠡᠨ᠎ᠤ ᠡᠷᠲᠡᠨ᠎ᠤ ᠮᠥᠰᠥᠨ ᠳᠡᠭᠡᠷᠡᠬᠢ ᠲᠠᠮᠢᠷ᠎ᠤᠨ ᠬᠥᠳᠡᠯᠭᠡᠭᠡᠨ᠎ᠤ ᠲᠦᠷᠦᠯ ᠵᠦᠢᠯ ᠪᠣᠯᠤᠨ᠎ᠠ᠃ ᠲᠡᠭᠦᠨ᠎ᠤ ᠪᠤᠢ ᠪᠤᠯᠤᠬ᠍ᠰᠠᠨ ᠣᠨ ᠵᠢᠯ ᠪᠠ ᠤᠯᠠᠮᠵᠢᠯᠠᠨ ᠵᠠᠯᠭᠠᠮᠵᠢᠯᠠᠭ᠍ᠲᠠᠭ᠍ᠰᠠᠨ ᠪᠠᠢᠳᠠᠯ᠎ᠢ ᠤᠳᠤ ᠪᠠᠰᠠ ᠨᠠᠷᠢᠨ ᠨᠢᠮᠪᠠᠶ ᠱᠢᠯᠭᠠᠨ ᠭᠡᠷᠡᠴᠢᠯᠡᠬᠦ᠌᠎ᠶ᠋ᠢᠨ ᠠᠷᠭ᠎ᠠ ᠦᠭᠡᠢ ᠪᠠᠢᠨ᠎ᠠ》 ᠬᠡᠵᠥ᠍ ᠪᠥᠭᠡᠪᠠᠭᠠᠳᠤᠷ ᠲᠠᠢᠯᠪᠤᠷᠢᠯᠠᠵᠥ᠍ ᠪᠢᠯᠠ᠃ ᠬᠤᠯᠪᠤ ᠊ᠭᠳᠠᠯ ᠪᠦᠬᠦᠢ ᠲᠡᠦᠬᠡᠨ ᠪᠢᠴᠢᠭ᠎ᠲᠤ ᠲᠡᠮᠳᠡᠭ᠌ᠯᠡᠭ᠌ᠰᠡᠨ᠎ᠢᠶᠠᠷ᠂ ᠴᠢᠩᠭᠢᠰ ᠬᠠᠭᠠᠨ ᠪᠠᠭ᠎ᠠ᠎ᠶ᠋ᠢᠨ ᠦᠶ᠎ᠡ᠎ᠳᠡᠭᠡᠨ ᠵᠠᠮᠤᠬ᠎ᠠ᠎ᠲᠠᠢ ᠬᠠᠷᠢᠯᠴᠠᠨ ᠵᠢᠵᠢᠭ ᠱᠠᠭ᠎ᠠ ᠪᠡᠯᠡᠭ᠌ᠯᠡᠵᠦ᠍ ᠪᠠᠢᠭ᠍ᠰᠠᠨ ᠪᠥᠭᠡᠳ ᠣᠨᠣᠨ ᠭᠤᠣᠯ᠎ᠤᠨ ᠮᠥᠰᠥᠨ ᠳᠡᠭᠡᠷ᠎ᠡ ᠨᠠᠭᠠᠳᠴᠤ᠌᠂ ᠱᠠᠭ᠎ᠠ ᠬᠠᠷᠪᠤᠬᠤ ᠤᠷᠤᠯᠳᠤᠭᠠᠨ ᠶᠠᠪᠤᠭᠤᠯᠳᠠᠬ ᠪᠠᠢᠵᠠᠢ; ᠠᠷᠪᠠᠨ ᠲᠠᠪᠤᠳᠤᠭᠠᠷ ᠵᠠᠭᠤᠨ᠎ᠤ ᠳᠤᠮᠳᠠᠴᠢ ᠦᠶ᠎ᠡ᠎ᠳᠤ ᠮᠣᠩᠭᠤᠯ ᠦᠨᠳᠦᠰᠦᠲᠡᠨ᠎ᠤ ᠠᠯᠳᠠᠷᠲᠤ ᠤᠯᠤᠰ ᠲᠥᠷᠥᠴᠢᠨ ᠮᠠᠨᠳᠤᠬᠠᠢ ᠰᠡᠴᠡᠨ ᠬᠠᠳᠤᠨ᠂ ᠤᠷᠤᠭ ᠭᠤᠶᠤᠭ᠍ᠴᠢ — ᠬᠤᠷᠴᠢᠨ ᠠᠢᠮᠠᠭ᠎ᠤᠨ ᠦᠨᠡᠨᠪᠤᠯᠤᠳ᠎ᠲᠠᠢ ᠮᠥᠰᠥᠨ ᠳᠡᠭᠡᠷ᠎ᠡ ᠱᠠᠭ᠎ᠠ ᠬᠠᠷᠪᠤᠬᠤ᠎ᠳᠠᠭᠠᠨ ᠲᠠᠨᠢᠯᠴᠠᠭ᠍ᠰᠠᠨ ᠶᠤᠮ; ᠴᠢᠩᠭᠢᠰ ᠬᠠᠭᠠᠨ᠎ᠤ ᠳᠡᠭᠦᠦ ᠬᠠᠪᠤᠲᠤ ᠬᠠᠰᠠᠷ 《ᠮᠡᠷᠭᠡᠨ ᠬᠠᠷᠪᠤᠭᠠᠴᠢᠨ》 ᠬᠡᠮᠡᠨ ᠠᠯᠳᠠᠷᠱᠢᠵᠤ᠂ ᠶᠡᠭᠡ ᠮᠣᠩᠭᠤᠯ ᠬᠠᠭᠠᠨᠲᠤ ᠤᠯᠤᠰ᠎ᠢ ᠪᠠᠢᠭᠤᠯᠬᠤ᠎ᠳᠤ ᠭᠠᠷᠮᠠᠭᠠᠢ ᠭᠠᠪᠢᠶ᠎ᠠ ᠵᠢᠳᠬᠦᠯ ᠦᠵᠡᠭᠦᠯᠵᠥ᠍ ᠪᠠᠢᠬ᠍ᠰᠠᠨ ᠬᠡᠵᠥ᠍ ᠲᠤᠳᠤᠷᠬᠠᠢ ᠲᠡᠮᠳᠡᠭ᠌ᠯᠡᠵᠥ᠍ ᠪᠠᠢᠯ᠎ᠠ᠃
      ᠠᠷᠭᠠᠢ᠎ᠶ᠋ᠢ ᠬᠠᠷᠪᠤᠬᠤ᠎ᠳᠤ ᠡᠷᠡᠬᠡᠢ ᠬᠤᠷᠤᠭᠤᠨ᠎ᠤ ᠬᠥᠳᠡᠯᠥᠯ ᠪᠠᠷᠢᠯ᠎ᠨᠢ ᠨᠤᠮᠤ ᠬᠠᠷᠪᠤᠬᠤ᠎ᠲᠠᠢ ᠠᠳᠠᠯᠢᠪᠲᠤᠷ ᠪᠠᠢᠳᠠᠭ᠂ ᠡᠢᠮᠦ᠎ᠠᠴᠠ ᠮᠥᠰᠥᠨ ᠳᠡᠭᠡᠷᠡᠬᠢ ᠠᠷᠭᠠᠢ᠎ᠨᠢ ᠰᠤᠷ ᠬᠠᠷᠪᠤᠬᠤ ᠨᠢᠭᠡ ᠵᠦᠢᠯ᠎ᠤᠨ ᠦᠨᠳᠦᠰᠦᠨ ᠪᠣᠯᠪᠠᠰᠤᠷᠠᠯ ᠪᠠᠢᠵᠤ ᠮᠡᠳᠡᠨ᠎ᠡ᠃ ᠬᠠᠪᠤᠲᠤ ᠬᠠᠰᠠᠷ᠎ᠤᠨ ᠬᠤᠢᠴᠢᠰ ᠪᠣᠯᠤᠭ᠍ᠰᠠᠨ᠎ᠤ ᠬᠤᠪᠢ᠎ᠳᠤ᠂ ᠠᠷᠤ ᠬᠤᠷᠴᠢᠨ ᠬᠤᠱᠢᠭᠤᠨ᠎ᠤ ᠮᠣᠩᠭᠤᠯᠴᠤᠳ ᠮᠡᠷᠭᠡᠨ ᠬᠠᠷᠪᠤᠭᠠᠴᠢ᠎ᠶ᠋ᠢᠨ ᠭᠧᠨ᠎ᠢ ᠤᠯᠠᠮᠵᠢᠯᠠᠬ᠍ᠰᠠᠨ ᠪᠥᠭᠡᠳ ᠮᠥᠰᠥᠨ ᠳᠡᠭᠡᠷᠡᠬᠢ ᠠᠷᠭᠠᠢ ᠨᠠᠭᠠᠲᠤᠮ᠎ᠢ ᠲᠡᠷᠡ ᠬᠡᠪ᠎ᠢᠶᠠᠷ᠎ᠨᠢ ᠦᠪᠯᠡᠨ ᠦᠯᠡᠳᠡᠭᠡᠭ᠌ᠰᠡᠨ ᠶᠤᠮ᠃ ᠠᠷᠤ ᠬᠤᠷᠴᠢᠨ ᠬᠤᠱᠢᠭᠤᠨ᠎ᠤ ᠠᠩᠬᠠᠳᠠᠭ᠍ᠴᠢ ᠵᠠᠰᠠᠭ ᠨᠤᠶᠠᠨ ᠪᠣᠯ ᠲᠤᠬᠠᠶ᠎ᠶ᠋ᠢᠨ ᠦᠶ᠎ᠡ᠎ᠶ᠋ᠢᠨ ᠠᠯᠳᠠᠷᠲᠤ ᠰᠤᠷ ᠬᠠᠷᠪᠤᠭ᠍ᠴᠢ ᠪᠠᠢᠬ᠍ᠰᠠᠨ ᠭᠡᠳᠡᠭ᠃ ᠪᠥᠬᠡᠪᠠᠭᠠᠳᠤᠷ᠎ᠤᠨ ᠬᠠᠨᠭ᠌ᠭᠠᠭ᠍ᠰᠠᠨ ᠮᠠᠲ᠋ᠧᠷᠢᠶᠠᠯ᠎ᠳᠤ᠂ ᠤᠳᠤᠬᠠᠨ᠎ᠳᠤ ᠬᠠᠨᠰᠦ᠋ᠮ᠎ᠠ ᠰᠤᠮᠤ᠎ᠶ᠋ᠢᠨ ᠴᠠᠭᠠᠬᠤᠪᠣᠭ᠎ᠠ ᠭᠠᠴᠠᠭ᠎ᠠ᠎ᠶ᠋ᠢᠨ ᠨᠠᠰᠤᠳᠠᠨ ᠴᠤᠬ᠍ᠯᠠ᠂ ᠪᠣᠷᠣᠬᠤᠲᠠ ᠭᠠᠴᠠᠭ᠎ᠠ᠎ᠶ᠋ᠢᠨ ᠰᠤᠩᠳᠤᠢ ᠪᠣᠯᠤᠨ ᠠᠮᠠᠰᠠᠷ ᠭᠠᠴᠠᠭ᠎ᠠ᠎ᠶ᠋ᠢᠨ ᠠᠯᠲᠠᠨ᠌ᠧᠴᠢᠷ ᠵᠡᠷᠭᠡ ᠨᠠᠰᠤᠲᠠᠳ ᠪᠣᠯ ᠪᠦᠷ ᠮᠥᠰᠥᠨ ᠳᠡᠭᠡᠷᠡᠬᠢ ᠠᠷᠭᠠᠢ ᠨᠠᠭᠠᠳᠤᠮ᠎ᠤᠨ ᠤᠯᠠᠮᠵᠢᠯᠠᠭ᠍ᠴᠢ ᠪᠤᠯᠬᠤ ᠶᠤᠮ᠃ ᠲᠡᠲᠡᠨᠤᠰ᠎ᠠᠴᠠ ᠲᠡᠭᠡᠷ᠎ᠠ ᠨᠢᠬᠡ ᠥᠶ᠎ᠠ᠎ᠶ᠋ᠢᠨ᠎ᠬᠢ᠎ᠶ᠋ᠢ ᠲᠤᠷᠠᠳᠪᠠᠯ᠂ ᠪᠠᠲᠤᠸᠴᠢᠷ᠂ ᠫᠣᠩᠰᠤᠭ᠂ ᠨᠠᠶᠠᠨᠲᠠᠢ᠂ ᠪᠢᠴᠢᠬᠠᠨ᠂ ᠪᠥᠬᠡ ᠪᠤᠯᠤᠨ ᠬᠠᠢᠷᠥᠪ ᠵᠡᠷᠭᠡ ᠨᠠᠰᠤ ᠪᠠᠷᠠᠭ᠍ᠰᠠᠨ ᠨᠠᠰᠤᠲᠠᠢᠴᠤᠳ ᠴᠦ᠍ ᠠᠷᠭᠠᠢ ᠨᠠᠭᠠᠲᠤᠮ᠎ᠤᠨ ᠶᠤᠰᠤ ᠲᠦᠷᠢᠮ᠎ᠢ ᠪᠦᠷᠢᠨ ᠤᠢ᠍ᠢᠯᠠᠭᠠᠵᠦ᠍᠂ ᠠᠷᠭᠠᠢ ᠬᠠᠷᠪᠤᠬᠤ ᠤᠬᠠᠭᠠᠨ᠎ᠢ ᠲᠤᠭᠤᠷᠲᠠᠯ᠎ᠠ ᠮᠡᠳᠡᠳᠡᠭ ᠪᠠᠢᠵᠠᠢ ᠬᠡᠵᠥ᠍ ᠲᠡᠮᠳᠡᠭ᠌ᠯᠡᠵᠥ᠍ ᠪᠠᠢᠯ᠎ᠠ᠃  



      ᠪᠥᠬᠡᠪᠠᠭᠠᠳᠤᠷ᠎ᠤᠨ ᠬᠠᠷᠢᠭᠤᠴᠠᠨ ᠬᠥᠢᠴᠡᠳᠭᠡᠭ᠌ᠰᠡᠨ ᠮᠦᠰᠦᠨ ᠲᠡᠭᠡᠷᠡᠬᠢ ᠠᠷᠭᠠᠢ ᠨᠠᠭᠠᠲᠤᠮ᠎ᠢ ᠥᠪᠡᠷᠳᠡᠭᠡᠨ ᠵᠠᠰᠠᠬᠤ ᠤᠷᠤᠨ᠎ᠤ ᠲᠡᠰ᠎ᠤᠨ ᠪᠤᠳᠠᠰ᠎ᠤᠨ ᠪᠤᠰᠤ ᠰᠤᠶᠤᠯ᠎ᠤᠨ ᠥᠪ᠎ᠤᠨ ᠲᠦᠯᠦᠬᠡᠯᠡᠬᠦ᠌ ᠴᠢᠨᠠᠷᠲᠠᠢ ᠨᠡᠷᠡᠰ᠎ᠲᠤ ᠪᠦᠷᠢᠳᠭᠡᠬᠦᠯᠬᠦ᠌᠎ᠪᠠᠷ ᠡᠷᠡᠮᠡᠯᠵᠡᠯᠡᠭ᠌ᠰᠡᠨ ᠪᠢᠴᠢᠭ᠎ᠲᠤ ᠮᠥᠰᠥᠨ ᠳᠡᠭᠡᠷᠡᠬᠢ ᠠᠷᠭᠠᠢ ᠨᠠᠭᠠᠳᠤᠮ᠎ᠤᠨ ᠡᠩ᠎ᠤᠨ ᠣᠨᠴᠠᠯᠢᠭ᠎ᠢ ᠢᠡᠭ᠌ᠬᠢᠵᠦ᠍ ᠲᠡᠮᠳᠡᠭ᠌ᠯᠡᠭ᠌ᠰᠡᠨ ᠪᠠᠢᠲᠠᠭ᠄ ᠮᠥᠰᠥᠨ ᠳᠡᠭᠡᠷᠡᠬᠢ ᠲᠠᠮᠢᠷ᠎ᠤᠨ ᠬᠥᠳᠡᠯᠭᠡᠭᠡᠨ ᠪᠣᠯᠤᠭ᠍ᠰᠠᠨ᠎ᠤ ᠬᠤᠪᠢ᠎ᠳᠤ᠂ ᠲᠤᠰ ᠨᠠᠭᠠᠲᠤᠮ᠎ᠤᠨ ᠣᠷᠣᠯᠴᠠᠭ᠍ᠰᠠᠳ ᠪᠠ ᠦᠵᠡᠭ᠌ᠴᠢᠳ ᠮᠠᠰᠢ ᠣᠯᠠᠨ ᠪᠠᠢᠵᠤ᠂ ᠪᠡᠶ᠎ᠡ ᠮᠠᠬᠠᠪᠤᠳ᠎ᠢᠶᠠᠨ ᠳᠠᠪᠲᠠᠨ ᠪᠣᠯᠪᠠᠰᠤᠷᠠᠭᠤᠯᠬᠤ ᠦᠢᠯᠡᠲᠦᠯ᠎ᠲᠠᠢ ᠮᠦᠷᠳᠡᠭᠡᠨ ᠵᠤᠭ᠎ᠠ ᠴᠡᠩᠭᠡᠯ᠎ᠤᠨ ᠴᠢᠨᠠᠷ᠎ᠲᠠᠢ ᠥᠷᠭᠡᠨ ᠳᠡᠯᠭᠡᠷ ᠣᠯᠠᠨ ᠲᠦᠮᠡᠨᠴᠢ ᠴᠢᠨᠠᠷ᠎ᠲᠠᠢ; ᠨᠡᠭᠦᠳᠡᠯ ᠮᠠᠯᠵᠢᠯ᠎ᠤᠨ ᠦᠢᠯᠡᠳᠪᠦᠷᠢᠯᠡᠯ ᠠᠮᠢᠳᠤᠷᠠᠯ᠎ᠤᠨ ᠠᠷᠭ᠎ᠠ ᠮᠠᠶᠢᠭ᠎ᠲᠤ ᠵᠤᠬᠢᠴᠠᠭ᠍ᠰᠠᠨ ᠤᠯᠠᠨ ᠲᠦᠮᠡᠨᠴᠢ ᠬᠥᠳᠡᠯᠭᠡᠭᠡᠨ ᠪᠤᠯᠤᠬ᠍ᠰᠠᠨ᠎ᠤ ᠬᠤᠪᠢ᠎ᠳᠤ᠂ ᠮᠥᠰᠥᠨ ᠳᠡᠭᠡᠷᠡᠬᠢ ᠠᠷᠭᠠᠢ ᠨᠠᠭᠠᠳᠤᠮ᠎ᠨᠢ ᠮᠣᠩᠭᠤᠯ ᠦᠨᠳᠦᠰᠦᠲᠡᠨ᠎ᠤ ᠵᠠᠩ ᠦᠢᠯᠡ᠎ᠲᠠᠢ ᠨᠢᠬ᠍ᠲᠠ ᠬᠤᠯᠪᠤᠬ᠍ᠳᠠᠲᠠᠭ᠃ ᠮᠥᠰᠥᠨ ᠳᠡᠭᠡᠷᠡᠬᠢ ᠠᠷᠭᠠᠢ ᠨᠠᠭᠠᠳᠤᠮ᠎ᠨᠢ ᠥᠪᠡᠷᠮᠢᠴᠡ ᠪᠠᠭᠠᠵᠢ ᠬᠡᠷᠡᠭ᠌ᠰᠡᠯ ᠪᠠ ᠲᠦᠷᠢᠮ ᠭᠤᠷᠢᠮ᠎ᠲᠠᠢ ᠪᠠᠢᠵᠤ᠂ ᠢᠯᠡ ᠲᠣᠳᠣ ᠦᠨᠳᠦᠰᠦᠲᠡᠨ᠎ᠤ ᠣᠨᠴᠠᠯᠢᠭ᠎ᠲᠠᠢ ᠮᠥᠷᠳᠡᠭᠡᠨ ᠣᠷᠣᠨ ᠨᠤᠲᠤᠭ᠎ᠤᠨ ᠣᠨᠴᠠᠯᠢᠭ᠎ᠲᠠᠢ; ᠣᠷᠣᠯᠴᠠᠬ᠍ᠰᠠᠳ ᠮᠥᠰᠥᠨ ᠳᠡᠭᠡᠷ᠎ᠡ ᠭᠦᠶᠦᠬᠦ᠌᠎ᠳᠡᠭᠡᠨ ᠪᠡᠶ᠎ᠡ᠎ᠶ᠋ᠢᠨ ᠲᠡᠩᠴᠡᠭᠦᠷᠢ᠎ᠪᠠᠨ ᠪᠠᠲᠤᠯᠠᠵᠤ᠂ ᠡᠮᠦᠨᠡᠬᠢ ᠬᠠᠷᠠᠯᠲᠠ᠎ᠪᠠᠨ ᠨᠠᠷᠢᠯᠢᠬ ᠠᠵᠢᠬ᠍ᠯᠠᠵᠥ᠍᠂ ᠬᠤᠭᠤᠷᠤᠨᠳᠤᠬᠢ ᠵᠠᠢ᠎ᠶ᠋ᠢ ᠣᠨᠣᠪᠴᠢᠲᠠᠢ ᠮᠠᠭᠠᠳᠯᠠᠵᠤ᠂ ᠵᠣᠬᠢᠰᠲᠠᠢ ᠡᠷᠴᠢᠮᠯᠡᠬᠦ᠌ ᠬᠦᠴᠦ᠎ᠪᠠᠷ ᠠᠷᠭᠠᠢ᠎ᠶ᠋ᠢ ᠬᠠᠷᠪᠤᠵᠤ ᠭᠠᠷᠭᠠᠪᠠᠯ ᠰᠠᠶᠢ ᠬᠠᠷᠠᠯᠲᠠ᠎ᠶ᠋ᠢ ᠣᠨᠣᠭᠠᠵᠤ ᠴᠢᠳᠠᠳᠠᠬ᠃ ᠡᠳᠡᠭᠡᠷ ᠡᠷᠳᠡᠮ᠎ᠢ ᠪᠦᠷᠢᠯᠳᠦᠭᠦᠯᠪᠡᠯ ᠰᠠᠢ ᠬᠠᠷᠠᠯᠲᠠ᠎ᠶ᠋ᠢ ᠵᠦᠪ ᠣᠨᠣᠭᠠᠵᠤ ᠪᠤᠳᠤᠬ᠍ᠰᠠᠨ ᠰᠠᠨᠠᠬ᠍ᠰᠠᠨ᠎ᠢᠶᠠᠨ ᠪᠡᠶᠡᠯᠡᠬᠦᠯᠵᠥ᠍ ᠴᠢᠳᠠᠳᠠᠬ ᠭᠡᠵᠦ᠍ ᠦᠵᠡᠵᠡᠭᠡᠳᠡᠭ ᠪᠠᠢᠨ᠎ᠠ᠃ ᠮᠣᠩᠭᠤᠯᠴᠤᠳ ᠡᠷᠲᠡᠨ᠎ᠠᠴᠠ᠎ᠪᠠᠨ ᠠᠪᠤᠭᠠᠳ ᠬᠠᠷᠪᠤᠵᠤ ᠨᠠᠮᠨᠠᠬᠤ᠎ᠳᠠᠭᠠᠨ ᠴᠢᠳᠠᠮᠠᠭᠠᠢ ᠪᠠᠢᠳᠠᠭ᠎ᠨᠢ ᠮᠥᠰᠥᠨ ᠳᠡᠭᠡᠷᠡᠬᠢ ᠠᠷᠭᠠᠢ᠎ᠶ᠋ᠢᠨ ᠦᠨᠳᠦᠰᠦᠨ ᠪᠣᠯᠪᠠᠰᠤᠷᠠᠯ᠎ᠲᠠᠢ ᠱᠢᠭᠤᠳ ᠬᠤᠯᠪᠣᠭ᠎ᠠ᠎ᠲᠠᠢ ᠶᠤᠮ᠃

      ᠬᠠᠮᠠᠭᠠᠯᠠᠨ ᠬᠥᠭ᠌ᠵᠢᠬᠦᠯᠦᠱᠢᠳᠡᠢ ᠡᠬᠢ ᠪᠠᠶᠠᠯᠢᠬ

      ᠮᠥᠰᠥᠨ ᠳᠡᠭᠡᠷᠡᠬᠢ ᠠᠷᠭᠠᠢ ᠨᠠᠭᠠᠳᠤᠮ ᠪᠣᠯ ᠨᠡᠭᠦᠳᠡᠯ ᠮᠠᠯᠵᠢᠯ᠎ᠤᠨ ᠦᠢᠯᠡᠳᠪᠦᠷᠢᠯᠡᠯ ᠠᠮᠢᠳᠤᠷᠠᠯ᠎ᠤᠨ ᠰᠠᠭᠤᠷᠢᠨ ᠳᠡᠭᠡᠷ᠎ᠡ ᠪᠤᠢ ᠪᠤᠯᠤᠬ᠍ᠰᠠᠨ ᠶᠤᠮ᠃ ᠲᠤᠰ ᠨᠠᠭᠠᠳᠤᠮ᠎ᠨᠢ ᠦᠨᠳᠦᠰᠦᠲᠡᠨ᠎ᠤ ᠤᠨᠴᠠᠯᠢᠬ᠂ ᠮᠠᠯᠵᠢᠬᠤ ᠰᠤᠶᠤᠯ᠎ᠤᠨ ᠤᠨᠴᠠᠯᠢᠬ᠂ ᠭᠠᠵᠠᠷ ᠤᠷᠤᠨ᠎ᠤ ᠤᠨᠴᠠᠯᠢᠬ᠎ᠢ ᠬᠠᠲᠠᠭᠠᠯᠠᠬ᠍ᠰᠠᠨ ᠪᠤᠯᠬᠤᠷ ᠴᠢᠬᠤᠯᠠ ᠶᠡᠭᠡ ᠰᠤᠶᠤᠯ ᠰᠤᠳᠤᠯᠤᠯ᠎ᠤᠨ ᠦᠨ᠎ᠡ ᠦᠷᠳᠡᠭ᠎ᠲᠠᠢ ᠪᠠᠢᠲᠠᠭ ᠠᠵᠢ᠃ ᠮᠦᠰᠦᠨ ᠲᠡᠭᠡᠷᠡᠬᠢ ᠠᠷᠭᠠᠢ ᠨᠠᠭᠠᠲᠤᠮ᠎ᠢ ᠠᠭᠤᠳᠠᠯᠬᠤ ᠰᠤᠳᠤᠯᠬᠤ᠎ᠨᠢ ᠡᠷᠲᠡᠨ᠎ᠤ ᠮᠣᠩᠭᠤᠯᠴᠤᠳ᠎ᠤᠨ ᠬᠦᠨ ᠤᠬᠠᠭᠠᠨ᠂ ᠪᠡᠶ᠎ᠡ᠎ᠶ᠋ᠢᠨ ᠲᠠᠮᠢᠷ ᠰᠤᠶᠤᠯ ᠵᠢᠴᠢ ᠨᠡᠢᠬᠡᠮ᠎ᠤᠨ ᠬᠠᠮᠢᠶ᠎ᠠ ᠪᠦᠬᠦᠢ ᠠᠰᠠᠭᠤᠳᠠᠯ᠎ᠢ ᠯᠠᠪᠱᠢᠷᠠᠭᠤᠯᠤᠨ ᠰᠤᠲᠤᠯᠬᠤ᠎ᠳᠤ ᠮᠠᠰᠢ ᠴᠢᠬᠤᠯᠠ ᠦᠢᠯᠡᠲᠦᠯ᠎ᠲᠠᠢ ᠪᠠᠢᠲᠠᠭ᠃
      ᠨᠡᠢᠭᠡᠮ᠎ᠤᠨ ᠬᠤᠪᠢᠷᠠᠯᠲᠠ᠎ᠠᠴᠠ ᠪᠤᠯᠵᠦ᠍ ᠰᠤᠶᠤᠯ ᠪᠡᠶ᠎ᠠ᠎ᠶ᠋ᠢᠨ ᠲᠠᠮᠢᠷ᠎ᠤᠨ ᠬᠥᠳᠡᠯᠭᠡᠭᠡᠨ᠎ᠤ ᠬᠡᠯᠪᠡᠷᠢ᠎ᠨᠢ ᠴᠤ᠌ ᠲᠠᠰᠤᠷᠠᠯᠳᠠ ᠥᠬᠡᠢ ᠬᠤᠪᠢᠷᠠᠨ ᠱᠢᠨᠠᠳᠴᠤ᠌ ᠪᠠᠢᠳᠠᠬ᠃ ᠠᠷᠤ ᠬᠤᠷᠴᠢᠨ ᠬᠤᠱᠢᠭᠤᠨ᠎ᠤ ᠰᠤᠶᠤᠯ ᠪᠡᠶ᠎ᠠ᠎ᠶ᠋ᠢᠨ ᠲᠠᠮᠢᠷ ᠷᠠᠳᠢᠣ᠋ ᠲᠧᠯᠸᠢᠰ᠎ᠤᠨ ᠲᠤᠪᠴᠢᠶ᠎ᠠ᠎ᠶ᠋ᠢᠨ ᠬᠠᠷᠢᠭᠤᠴᠠᠯᠭᠠᠳᠠᠳ ᠠᠷᠭᠠᠢ ᠨᠠᠭᠠᠳᠤᠮ᠎ᠤᠨ ᠬᠤᠪᠢᠷᠠᠯᠳᠠ ᠬᠥᠭ᠌ᠵᠢᠯᠳᠠ᠎ᠶ᠋ᠢᠨ ᠲᠤᠬᠠᠢ ᠢᠡᠭ᠌ᠬᠢᠵᠦ᠍ ᠬᠤᠷᠢᠶᠠᠩᠭᠤᠢ᠍ᠢᠯᠠᠬ᠍ᠰᠠᠨ ᠪᠠᠢᠨ᠎ᠠ᠄ ᠨᠢᠬᠡ᠎ᠳᠤ᠂ ᠦᠡᠭ᠌ᠭᠡᠷᠡᠭ᠌ᠰᠡᠨ᠎ᠤ ᠨᠡᠬᠦᠳᠡᠯ ᠮᠠᠯᠵᠢᠯ᠎ᠤᠨ ᠦᠢᠯᠡᠳᠪᠦᠷᠢᠯᠡᠯ ᠠᠮᠢᠲᠤᠷᠠᠯ᠎ᠤᠨ ᠤᠨᠴᠠᠯᠢᠬ᠎ᠠᠴᠠ ᠪᠤᠯᠵᠦ᠍᠂ ᠮᠤᠩᠭᠤᠯᠴᠤᠳ᠎ᠤᠨ ᠰᠣᠶᠣᠯ ᠲᠠᠮᠢᠷ᠎ᠨᠢ ᠴᠦ᠍ ᠲᠠᠯ᠎ᠠ ᠨᠤᠲᠤᠭ᠎ᠤᠨ ᠨᠡᠭᠦᠳᠡᠯ ᠮᠠᠯᠵᠢᠯ᠎ᠤᠨ ᠣᠨᠴᠠᠯᠢᠭ᠎ᠢᠶᠠᠨ ᠬᠠᠳᠠᠭᠠᠯᠠᠵᠥ᠍᠂ ᠬᠠᠬᠢᠷ ᠬᠦᠢᠲᠡᠨ ᠡᠪᠦᠯ᠎ᠤᠨ ᠤᠯᠠᠷᠢᠯ᠎ᠳᠤ ᠠᠩ ᠬᠦᠷᠦᠬᠡ ᠠᠩᠨᠠᠬᠤ᠎ᠠᠴᠠ ᠭᠠᠳᠠᠨ᠎ᠠ᠂ ᠮᠥᠰᠥᠨ ᠳᠡᠭᠡᠷᠡᠬᠢ ᠠᠷᠭᠠᠢ ᠨᠠᠭᠠᠳᠤᠮ ᠪᠣᠯ ᠪᠡᠶ᠎ᠡ᠎ᠪᠠᠨ ᠴᠢᠬᠢᠷᠠᠭ᠍ᠵᠢᠭᠤᠯᠬᠤ ᠬᠠᠮᠤᠭ᠎ᠤᠨ ᠰᠠᠢᠨ ᠲᠠᠮᠢᠷ᠎ᠤᠨ ᠬᠥᠳᠡᠯᠭᠡᠭᠡᠨ ᠪᠤᠯᠵᠥ᠍ ᠪᠠᠢᠪᠠ᠃ ᠬᠡᠪᠡᠴᠦ᠍ ᠣᠳᠣ ᠦᠶ᠎ᠡ᠎ᠶ᠋ᠢᠨ ᠰᠠᠭᠤᠷᠢᠱᠢᠯ ᠠᠮᠢᠲᠤᠷᠠᠯ᠎ᠤᠨ ᠤᠨᠴᠠᠯᠢᠬ᠎ᠨᠢ ᠤᠰᠤᠨ᠎ᠤ ᠲᠤᠩᠭᠠᠯᠠᠭ ᠡᠪᠡᠰᠦᠨ᠎ᠤ ᠰᠤᠷᠭᠤᠭ᠎ᠢ ᠳᠠᠭᠠᠵᠦ᠍ ᠮᠠᠯᠵᠢᠲᠠᠭ ᠨᠡᠭᠦᠳᠡᠯ ᠠᠮᠢᠳᠤᠷᠠᠯ᠎ᠲᠠᠢ ᠬᠠᠷᠢᠴᠠᠭᠤᠯᠪᠠᠯ᠂ ᠨᠠᠭᠤᠷ ᠲᠣᠭᠤᠷᠢᠮ ᠪᠠ ᠭᠤᠣᠯ ᠮᠥᠷᠡᠨ᠎ᠠᠴᠠ ᠬᠠᠷᠢᠴᠠᠩᠭᠤᠢ ᠬᠤᠯᠠᠳᠠᠭ᠍ᠰᠠᠨ ᠱᠢᠭ᠋ ᠪᠤᠯᠵᠠᠢ᠃ ᠡᠳᠡᠭᠡᠷ᠎ᠨᠢ ᠪᠤᠰᠤᠳᠴᠢ ᠲᠠᠯ᠎ᠠ᠎ᠠᠴᠠ ᠮᠥᠰᠥᠨ ᠳᠡᠭᠡᠷᠡᠬᠢ ᠠᠷᠭᠠᠢ ᠨᠠᠭᠠᠲᠤᠮ᠎ᠤᠨ ᠪᠠᠢᠡᠭ᠌ᠭᠤ᠎ᠶ᠋ᠢᠨ ᠴᠢᠨᠠᠷᠲᠠᠢ ᠵᠤᠬᠢᠶᠠᠨ ᠪᠠᠢᠭᠤᠯᠤᠬ᠍ᠲᠠᠬᠤ᠎ᠶ᠋ᠢ ᠬᠠᠷᠱᠢᠯᠠᠬᠤ ᠬᠦᠴᠦᠨ ᠵᠦᠢᠯ ᠪᠤᠯᠤᠬ᠍ᠰᠨᠨ ᠪᠠᠢᠨ᠎ᠠ᠃ ᠰᠠᠭᠤᠷᠢᠱᠢᠯ ᠠᠮᠢᠲᠤᠷᠠᠯ᠎ᠤᠨ ᠤᠨᠴᠠᠯᠢᠭ᠎ᠲᠤ ᠲᠤᠬᠢᠷᠠᠬ᠍ᠰᠠᠨ ᠡᠯ᠎ᠡ ᠵᠦᠢᠯ᠎ᠤᠨ ᠪᠥᠮᠪᠦᠭᠡ᠎ᠶ᠋ᠢᠨ ᠲᠥᠷᠥᠯ ᠪᠠ ᠱᠢᠲᠠᠷ᠎ᠠ᠎ᠶ᠋ᠢᠨ ᠲᠥᠷᠥᠯ ᠵᠦᠢᠯ᠎ᠨᠢ ᠤᠲᠠᠭᠠᠨ᠎ᠳᠠᠭᠠᠨ ᠨᠡᠩ ᠤᠯᠠᠨ ᠬᠦᠮᠦᠰ᠎ᠢ ᠲᠠᠲᠠᠬᠤ ᠪᠤᠯᠪᠠ᠃ ᠬᠤᠶᠠᠷ᠎ᠲᠤ᠌᠂ ᠬᠤᠳᠠ ᠪᠠᠯᠭᠠᠰᠤᠵᠢᠯᠳᠡ᠎ᠶ᠋ᠢᠨ ᠨᠥᠯᠥᠭᠡ᠎ᠠᠴᠠ ᠪᠤᠯᠤᠬ᠍ᠰᠠᠨ ᠪᠠᠢᠨ᠎ᠠ᠃ ᠤᠲᠤ ᠬᠤᠲᠠ ᠤᠷᠤᠭ᠍ᠰᠠᠨ ᠮᠤᠩᠭᠤᠯᠴᠤᠳ᠎ᠤᠨ ᠲᠤᠭ᠎ᠠ ᠬᠡᠮᠵᠢᠶ᠎ᠡ᠎ᠶ᠋ᠢᠨ ᠨᠡᠮᠡᠭ᠌ᠳᠡᠯ ᠪᠠ ᠤᠷᠴᠢᠨ ᠲᠣᠭᠤᠷᠢᠨ᠎ᠤ ᠨᠦᠯᠦᠬᠡᠯᠡᠯ᠎ᠠᠴᠠ ᠪᠤᠯᠵᠦ᠍᠂ ᠨᠡᠩ ᠤᠯᠠᠨ ᠬᠦᠮᠦᠰ᠎ᠤᠨ ᠮᠥᠰᠥᠨ ᠳᠡᠭᠡᠷᠡᠬᠢ ᠠᠷᠭᠠᠢ ᠨᠠᠭᠠᠳᠤᠮ᠎ᠤᠨ ᠬᠥᠳᠡᠯᠭᠡᠭᠡᠨ᠎ᠳᠤ ᠣᠷᠣᠯᠴᠠᠬᠤ ᠪᠤᠯᠤᠮᠵᠢ᠎ᠶ᠋ᠢ ᠪᠠᠭ᠎ᠠ ᠪᠤᠯᠭᠠᠵᠠᠢ᠃ ᠬᠤᠲᠠ ᠪᠠᠯᠭᠠᠰᠦᠵᠢᠯᠲᠠ᠂ ᠨᠡᠢᠬᠡᠮ ᠠᠵᠦ᠍ ᠠᠬᠤᠢ᠎ᠶ᠋ᠢᠨ ᠬᠦᠭ᠌ᠵᠢᠯᠳᠡ ᠵᠡᠷᠭᠡ ᠶᠡᠭᠡ ᠲᠠᠯ᠎ᠠ᠎ᠶ᠋ᠢᠨ ᠱᠢᠯᠲᠠᠭᠠᠨ᠂ ᠠᠷᠭᠠᠢ ᠨᠠᠭᠠᠲᠤᠮ᠎ᠢ ᠤᠢ᠍ᠢᠯᠠᠭᠠᠬᠤ᠂ ᠠᠷᠭᠠᠢ ᠨᠠᠭᠠᠲᠤᠮ᠎ᠤᠨ ᠲᠦᠷᠢᠮ ᠭᠤᠷᠢᠮ᠎ᠢ ᠮᠡᠳᠡᠬᠦ᠌ ᠬᠦᠮᠦᠰ ᠴᠦᠭᠡᠷᠡᠭ᠌ᠰᠡᠨ ᠵᠡᠷᠭᠡ ᠪᠤᠰᠤᠳᠴᠢ ᠱᠢᠯᠲᠠᠭᠠᠨ᠎ᠠᠴᠠ ᠪᠤᠯᠵᠦ᠍᠂ ᠦᠨᠳᠦᠰᠦᠲᠡᠨ᠎ᠤ ᠪᠡᠶ᠎ᠡ᠎ᠶ᠋ᠢᠨ ᠲᠠᠮᠢᠷ᠎ᠤᠨ ᠰᠣᠶᠣᠯ᠎ᠤᠨ ᠥᠪ ᠪᠤᠯᠤᠬ᠍ᠰᠠᠨ ᠮᠥᠰᠥᠨ ᠳᠡᠭᠡᠷᠡᠬᠢ ᠠᠷᠭᠠᠢ ᠨᠠᠭᠠᠳᠤᠮ᠎ᠨᠢ ᠤᠰᠠᠳᠭᠤ ᠠᠶᠤᠯ᠎ᠳᠤ ᠲᠤᠯᠭᠠᠷᠠᠪᠠ᠃  



      ᠡᠨᠡ ᠬᠦ᠌ ᠬᠤᠪᠤᠷ ᠴᠤᠬᠠᠭ ᠦᠨᠲᠦᠰᠦᠳᠡᠨ᠎ᠤ ᠮᠦᠰᠦᠨ ᠲᠡᠭᠡᠷᠡᠬᠢ ᠲᠠᠮᠢᠷ᠎ᠤᠨ ᠬᠦᠳᠡᠯᠭᠡᠭᠡᠨ᠎ᠤ ᠦᠪ ᠰᠤᠶᠤᠯ᠎ᠢᠶᠠᠨ ᠤᠯᠠᠮ ᠰᠠᠢᠲᠦᠷ ᠤᠯᠠᠮᠵᠢᠯᠠᠨ ᠬᠦᠭ᠌ᠵᠢᠬᠦᠯᠬᠦ᠌᠎ᠶ᠋ᠢᠨ ᠲᠦᠯᠦᠬᠡ᠂ ᠠᠷᠤ ᠬᠤᠷᠴᠢᠨ ᠬᠤᠱᠢᠭᠤ᠎ᠨᠢ 2007 ᠤᠨ᠎ᠳᠤ᠂ ᠮᠦᠰᠦᠨ ᠲᠡᠭᠡᠷᠡᠬᠢ ᠠᠷᠭᠠᠢ ᠨᠠᠭᠠᠲᠤᠮ᠎ᠢᠶᠠᠨ ᠦᠪᠡᠷᠳᠡᠭᠡᠨ ᠵᠠᠰᠠᠬᠤ ᠤᠷᠤᠨ᠎ᠤ ᠲᠡᠰ᠎ᠤᠨ ᠪᠤᠲᠠᠰ᠎ᠤᠨ ᠪᠤᠰᠤ ᠰᠤᠶᠤᠯ᠎ᠤᠨ ᠦᠪ᠎ᠤᠨ ᠨᠡᠷᠡᠰ᠎ᠢᠶᠠᠷ ᠪᠦᠷᠢᠳᠭᠡᠬᠦᠯᠵᠦ᠍᠂ ᠬᠠᠨᠰᠦ᠋ᠮ᠎ᠠ ᠰᠤᠮᠤ᠎ᠶ᠋ᠢᠨ ᠠᠮᠠᠰᠠᠷ ᠭᠠᠴᠠᠭ᠎ᠠ᠎ᠳᠤ ᠪᠠᠰᠠ 《ᠦᠪᠡᠷᠳᠡᠭᠡᠨ ᠵᠠᠰᠠᠬᠤ ᠤᠷᠤᠨ᠎ᠤ ᠲᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ — ᠠᠷᠭᠠᠢ ᠨᠠᠭᠠᠲᠤᠮ᠎ᠢ ᠤᠯᠠᠮᠵᠢᠯᠠᠨ ᠬᠠᠮᠠᠭᠠᠯᠠᠬᠤ ᠰᠠᠭᠤᠷᠢᠨ ᠭᠠᠵᠠᠷ》 ᠎ᠤᠨ ᠫᠠᠢᠰᠠ ᠡᠯᠬᠦᠵᠦ᠍᠂ ᠵᠢᠯ ᠪᠦᠷᠢ ᠠᠷᠭᠠᠢ ᠨᠠᠭᠠᠲᠤᠮ᠎ᠢ ᠵᠤᠬᠢᠶᠠᠨ ᠪᠠᠢᠭᠤᠯᠵᠦ᠍᠂ ᠬᠡᠦᠬᠡᠳ ᠪᠠᠭᠠᠴᠤᠳ᠎ᠢ ᠢᠯᠡᠬᠦᠬᠡᠨ ᠤᠷᠤᠯᠴᠠᠭᠤᠯᠵᠦ᠍᠂ ᠠᠷᠭᠠᠢ ᠨᠠᠭᠠᠲᠤᠮ᠎ᠤᠨ ᠶᠤᠰᠤ ᠭᠤᠷᠢᠮ᠎ᠢ ᠤᠯᠠᠮᠵᠢᠯᠠᠨ᠂ ᠨᠡᠩ ᠤᠯᠠᠨ ᠬᠦᠮᠦᠰ᠎ᠲᠤ ᠠᠷᠭᠠᠢ ᠨᠠᠭᠠᠲᠤᠮ᠎ᠢ ᠲᠠᠨᠢᠭᠤᠯᠤᠨ᠂ ᠲᠡᠲᠡᠨᠤᠰ᠎ᠢ ᠠᠷᠭᠠᠢ ᠨᠠᠭᠠᠲᠤᠮ᠎ᠳᠤ ᠢᠯᠡᠬᠦᠬᠡᠨ ᠤᠷᠤᠯᠴᠠᠬᠤ᠎ᠶ᠋ᠢ᠎ᠨᠢ ᠵᠤᠷᠢᠬ᠍ᠵᠢᠭᠤᠯᠵᠦ᠍᠂ ᠠᠷᠭᠠᠢ ᠨᠠᠭᠠᠲᠤᠮ᠎ᠢᠶᠠᠨ ᠤᠯᠠᠮ ᠴᠠᠭᠠᠱᠢᠲᠠ ᠬᠦᠭ᠌ᠵᠢᠬᠦᠯᠵᠦ᠍ ᠪᠤᠢ᠃ ᠤᠢ᠍ᠢᠯᠠᠭᠠᠭ᠍ᠰᠠᠨ᠎ᠢᠶᠠᠷ᠂ ᠤᠲᠤ ᠠᠷᠤ ᠬᠤᠷᠴᠢᠨ ᠬᠤᠱᠢᠭᠤ᠎ᠨᠢ ᠠᠷᠭᠠᠢ ᠨᠠᠭᠠᠲᠤᠮ᠎ᠢᠶᠠᠨ ᠶᠠᠭ ᠰᠠᠢᠬᠠᠨ ᠤᠯᠤᠰ᠎ᠤᠨ ᠲᠡᠰ᠎ᠤᠨ ᠪᠤᠲᠠᠰ᠎ᠤᠨ ᠪᠤᠰᠤ ᠰᠤᠶᠤᠯ᠎ᠤᠨ ᠦᠪ᠎ᠤᠨ ᠲᠦᠷᠦᠯ ᠵᠦᠢᠯ᠎ᠢᠶᠠᠷ ᠪᠦᠷᠢᠳᠭᠡᠬᠦᠯᠬᠦ᠌᠎ᠪᠠᠷ ᠮᠡᠳᠡᠬᠦᠯᠦᠬᠡᠳ ᠪᠠᠢᠨ᠎ᠠ᠃
      《ᠲᠤᠰᠭᠠᠶ ᠮᠡᠷᠭᠡᠵᠢᠯᠲᠡᠨ᠎ᠢᠶᠠᠷ ᠵᠢᠯᠣᠭᠤᠳᠣᠭᠤᠯᠤᠭ᠍ᠰᠠᠨ᠂ ᠠᠷᠤ ᠬᠤᠷᠴᠢᠨ ᠬᠤᠱᠢᠭᠤᠨ᠎ᠤ ᠭᠤᠤᠯ ᠤᠳᠤᠷᠢᠳᠤᠯᠭ᠎ᠠ᠎ᠪᠠᠷ ᠳᠤᠭᠤᠢᠯᠠᠩ᠎ᠤᠨ ᠳᠠᠷᠤᠭ᠎ᠠ ᠪᠣᠯᠭᠠᠭ᠍ᠰᠠᠨ᠂ ᠠᠷᠤ ᠬᠤᠷᠴᠢᠨ ᠬᠤᠱᠢᠭᠤᠨ᠎ᠤ ᠮᠥᠰᠥᠨ ᠳᠡᠭᠡᠷᠡᠬᠢ ᠠᠷᠭᠠᠢ ᠨᠠᠭᠠᠳᠤᠮ᠎ᠤᠨ ᠪᠡᠶ᠎ᠠ᠎ᠶ᠋ᠢᠨ ᠲᠠᠮᠢᠷ᠎ᠤᠨ ᠬᠥᠳᠡᠯᠭᠡᠭᠡᠨ᠎ᠤ ᠦᠨᠳᠦᠰᠦᠲᠡᠨ᠎ᠤ ᠪᠡᠶ᠎ᠡ᠎ᠶ᠋ᠢᠨ ᠲᠠᠮᠢᠷ᠎ᠤᠨ ᠰᠤᠶᠤᠯ᠎ᠤᠨ ᠥᠪ᠎ᠢ ᠬᠠᠮᠠᠭᠠᠯᠠᠬᠤ ᠤᠳᠤᠷᠢᠳᠭᠤ ᠳᠤᠭᠤᠢᠯᠠᠩ ᠪᠠ ᠠᠷᠤ ᠬᠤᠷᠴᠢᠨ ᠬᠤᠱᠢᠭᠤ᠎ᠶ᠋ᠢᠨ ᠰᠣᠶᠣᠯ ᠪᠡᠶ᠎ᠡ᠎ᠶ᠋ᠢᠨ ᠲᠠᠮᠢᠷ ᠷᠠᠳᠢᠣ᠋ ᠲᠧᠯᠸᠢᠰ᠎ᠤᠨ ᠲᠣᠪᠴᠢᠶ᠎ᠠ᠎ᠶ᠋ᠢᠨ ᠬᠤᠪᠢᠳᠠᠨ ᠬᠠᠮᠢᠶᠠᠷᠬᠤ ᠤᠳᠤᠷᠢᠳᠤᠯᠭ᠎ᠠ᠎ᠪᠠᠷ ᠬᠠᠷᠢᠭᠤᠴᠠᠯᠭᠠᠲᠠᠨ ᠪᠣᠯᠭᠠᠭ᠍ᠰᠠᠨ ᠠᠷᠤ ᠬᠤᠷᠴᠢᠨ ᠬᠤᠱᠢᠭᠤᠨ᠎ᠤ ᠮᠥᠰᠥᠨ ᠳᠡᠭᠡᠷᠡᠬᠢ ᠠᠷᠭᠠᠢ ᠨᠠᠭᠠᠳᠤᠮ᠎ᠤᠨ ᠦᠨᠳᠦᠰᠦᠲᠡᠨ᠎ᠤ ᠪᠡᠶ᠎ᠡ᠎ᠶ᠋ᠢᠨ ᠲᠠᠮᠢᠷ᠎ᠤᠨ ᠰᠤᠶᠤᠯ᠎ᠤᠨ ᠥᠪ᠎ᠢ ᠬᠠᠮᠠᠭᠠᠯᠠᠬᠤ ᠠᠵᠢᠯ᠎ᠤᠨ ᠠᠯᠪᠠᠨ ᠭᠡᠷ᠎ᠢ ᠪᠠᠢᠭᠤᠯᠵᠤ᠂ ᠰᠤᠶᠤᠯ᠎ᠤᠨ ᠥᠪ᠎ᠢ ᠠᠭᠤᠳᠠᠯᠬᠤ᠂ ᠠᠪᠤᠷᠠᠨ ᠬᠠᠮᠠᠭᠠᠯᠠᠬᠤ᠂ ᠬᠦᠭ᠌ᠵᠢᠬᠦᠯᠬᠦ᠌ ᠠᠵᠢᠯ᠎ᠢ ᠱᠢᠰᠲ᠋ᠧᠮᠵᠢᠬᠦᠯᠦᠨ ᠵᠤᠬᠢᠶᠠᠨ ᠪᠠᠢᠭᠤᠯᠪᠠᠯ ᠵᠤᠬᠢᠨ᠎ᠠ》 ᠬᠡᠵᠥ᠍ ᠪᠦᠬᠡᠪᠠᠭᠠᠲᠦᠷ ᠠᠷᠭᠠᠢ ᠨᠠᠭᠠᠲᠤᠮ᠎ᠢ ᠭᠡᠷᠬᠢᠨ ᠤᠯᠠᠮᠵᠢᠯᠠᠵᠦ᠍ ᠬᠦᠭ᠌ᠵᠢᠬᠦᠯᠬᠦ᠌ ᠲᠤᠬᠠᠢ ᠦᠪᠡᠷ᠎ᠤᠨ ᠰᠠᠨᠠᠯ ᠪᠤᠲᠤᠯ ᠪᠠ ᠬᠤᠵᠢᠮ᠎ᠤᠨ ᠠᠵᠢᠯ᠎ᠤᠨ ᠲᠦᠯᠦᠪᠯᠡᠭᠡ᠎ᠪᠠᠨ ᠰᠤᠷᠪᠤᠯᠵᠢᠯᠠᠬ᠍ᠴᠢ᠎ᠳᠤ ᠶᠠᠷᠢᠵᠦ᠍ ᠪᠢᠯᠡ᠃ ᠠᠷᠭᠠᠢ ᠬᠠᠷᠪᠤᠭᠠᠴᠢ᠎ᠶ᠋ᠢ ᠬᠦᠮᠦᠵᠢᠬᠦᠯᠬᠦ᠂ ᠠᠷᠭᠠᠢ ᠬᠢᠬᠦ᠌ ᠠᠷᠭ᠎ᠠ ᠮᠠᠶᠢᠭ᠎ᠢ ᠦᠪᠯᠡᠨ ᠤᠯᠠᠮᠵᠢᠯᠠᠬᠤ᠂ ᠮᠥᠰᠥᠨ ᠳᠡᠭᠡᠷᠡᠬᠢ ᠠᠷᠭᠠᠢ ᠨᠠᠭᠠᠲᠤᠮ᠎ᠤᠨ ᠪᠡᠶ᠎ᠠ᠎ᠶ᠋ᠢᠨ ᠲᠠᠮᠢᠷ᠎ᠤᠨ ᠬᠥᠳᠡᠯᠭᠡᠭᠡᠨ᠎ᠤ ᠡᠯ᠎ᠡ ᠵᠦᠶᠯ᠎ᠤᠨ ᠳᠦᠷᠢᠮ ᠵᠡᠷᠭᠡ᠎ᠶ᠋ᠢ ᠤᠯᠠᠮ ᠴᠠᠭᠠᠱᠢᠲᠠ ᠲᠦᠷᠢᠮᠵᠢᠬᠦᠯᠬᠦ᠌ ᠵᠡᠷᠭᠡ ᠪᠤᠯ ᠬᠤᠵᠢᠮ ᠬᠤᠢᠱᠢᠲᠠ ᠠᠯᠬᠤᠮ ᠬᠤᠪᠢᠶᠠᠵᠦ᠍᠂ ᠲᠦᠷᠦᠯᠵᠢᠬᠦᠯᠦᠨ ᠬᠦᠢᠴᠡᠳᠭᠡᠬᠦ᠌ ᠴᠢᠬᠤᠯᠠᠲᠠᠢ ᠠᠵᠢᠯ᠎ᠤᠳ ᠪᠤᠯᠤᠨ᠎ᠠ᠃
      (ᠲᠤᠰ ᠵᠤᠬᠢᠶᠠᠯ᠎ᠤᠨ ᠭᠡᠷᠡᠯ ᠵᠢᠷᠤᠬ᠎ᠢ ᠠᠷᠤ ᠬᠤᠷᠴᠢᠨ ᠬᠤᠱᠢᠭᠤ᠎ᠶ᠋ᠢᠨ ᠰᠤᠶᠤᠯ ᠪᠡᠶ᠎ᠠ᠎ᠶ᠋ᠢᠨ ᠲᠠᠮᠢᠷ ᠷᠠᠳᠢᠣ᠋ ᠲᠧᠯᠸᠢᠰ ᠲᠤᠪᠴᠢᠶ᠎ᠠ᠎ᠶ᠋ᠢᠨ ᠪᠥᠬᠡᠪᠠᠭᠠᠳᠤᠷ ᠬᠠᠨᠭ᠌ᠭᠠᠪᠠ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号