ᠴᠠᠭᠠᠨ ᠬᠡᠷᠡᠮ᠎ᠢ ᠪᠠᠷᠠᠯᠠᠬᠤᠢ
2020-05-22 11:25:39
ᠵᠣᠬᠢᠶᠠᠭ᠍ᠴᠢ᠄
ᠵ᠊᠂ ᠬᠠᠰᠪᠠᠭᠠᠲᠣᠷ 
ᠣᠩᠱᠢᠭ᠍ᠰᠠᠨ ᠣᠳᠠᠭ᠎ᠠ᠄
★★★☆☆

    ᠴᠠᠭᠠᠨ ᠭᠡᠷᠡᠮ ᠪᠤᠯ ᠬᠦᠮᠤᠨ᠎ᠤ ᠭᠠᠷ᠎ᠢᠶᠠᠷ ᠪᠦᠳᠦᠭᠡᠭ᠌ᠰᠡᠨ ᠳᠡᠯᠡᠭᠡᠢ᠎ᠶ᠋ᠢᠨ ᠡᠷᠳᠡᠨ᠎ᠤ ᠪᠡᠷᠢᠯᠭ᠎ᠠ᠎ᠶ᠋ᠢᠨ ᠨᠢᠭᠡᠨ ᠭᠠᠢᠬᠠᠮᠱᠢᠭ ᠪᠢᠯᠠ᠂ ᠳᠤᠮᠳᠠᠳᠤ᠎ᠶ᠋ᠢᠨ ᠬᠦᠳᠡᠯᠮᠤᠷᠢᠴᠢᠨ ᠠᠷᠠᠳ ᠲᠦᠮᠠᠨ᠎ᠤ ᠤᠶᠤᠨ ᠤᠬᠠᠭᠠᠨ ᠬᠢᠭᠡᠳ ᠬᠦᠯᠦᠰᠦ ᠴᠢᠰᠦᠨ᠎ᠤ ᠤᠬᠢ ᠪᠦᠳᠦᠭᠡᠯ ᠪᠤᠯᠬᠤ ᠰᠠᠨ᠃ ᠴᠠᠭᠠᠨ ᠭᠡᠷᠡᠮ ᠶᠠᠭ ᠯᠡ ᠠᠪᠤᠷᠭᠤ ᠬᠦᠷᠪᠡᠯ ᠮᠡᠳᠦ᠎ᠪᠠᠷ ᠠᠭᠤᠯᠠ ᠨᠢᠷᠤᠭᠤ᠂ ᠳᠠᠯ᠎ᠠ ᠬᠦᠳᠦᠯ᠂ ᠭᠤᠪᠢ ᠴᠦᠯ᠎ᠤᠨ ᠳᠤᠮᠳᠠᠭᠤᠷ ᠳᠠᠬᠢᠷᠯᠠᠨ ᠰᠦᠯᠵᠢᠯᠳᠦᠨ ᠲᠦᠮᠠᠨ ᠭᠠᠵᠠᠷ ᠦᠷᠬᠦᠯᠵᠢᠯᠡᠵᠦ᠍᠂ ᠮᠠᠰᠢ ᠰᠦᠷᠯᠢᠭ ᠵᠢᠪᠬᠤᠭᠠᠳᠠᠢ ᠪᠠᠢᠳᠠᠭ ᠠᠵᠠᠢ᠃
    ᠡᠳᠦᠭᠡ ᠦᠪᠤᠷ ᠮᠤᠩᠭᠤᠯ᠎ᠤᠨ ᠬᠤᠷᠢᠨᠭᠡᠷ ᠱᠢᠶᠠᠨ᠎ᠤ ᠡᠮᠤᠨ᠎ᠠ ᠵᠠᠬ᠎ᠠ᠎ᠪᠠᠷ᠂ ᠦᠪᠤᠷ ᠮᠤᠩᠭᠤᠯ ᠪᠤᠯᠤᠨ ᠱᠠᠨ ᠰᠢ ᠮᠤᠵᠢ᠎ᠶ᠋ᠢᠨ ᠳᠤᠮᠳᠠᠭᠤᠷ ᠪᠠᠢᠷᠢᠯᠠᠭ᠎ᠠ ᠮᠢᠩ ᠤᠯᠤᠰ᠎ᠤᠨ ᠴᠠᠭᠠᠨ ᠭᠡᠷᠡᠮ᠎ᠤᠨ ᠬᠠᠷᠠᠭᠤᠯ᠎ᠤᠨ ᠴᠠᠮᠬᠠᠭ᠎ᠤᠨ ᠪᠠᠭᠤᠷᠢ ᠳᠡᠭᠡᠷ᠎ᠠ ᠮᠠᠴᠦᠨ ᠭᠠᠷᠤᠭᠠᠳ ᠪᠠᠷᠠᠯᠠᠬᠤᠶ᠎ᠠ᠂ ᠠᠭᠤᠯᠠ ᠬᠦᠳᠦᠯ᠎ᠤᠨ ᠨᠢᠷᠤᠭᠤ ᠳᠠᠮᠵᠢᠨ ᠬᠦᠷᠪᠡᠯᠵᠢᠯᠠᠨ ᠰᠤᠨᠤᠯᠵᠠᠭ᠍ᠰᠠᠨ ᠱᠢᠷᠤᠢ᠎ᠶ᠋ᠢᠨ ᠭᠡᠷᠡᠮ ᠭᠡᠳᠦᠨ ᠵᠠᠭᠤᠨ ᠤᠨ᠎ᠤ ᠰᠠᠯᠬᠢ ᠪᠤᠷᠤᠭᠠᠨ᠂ ᠬᠦᠮᠤᠨ᠎ᠤ ᠬᠦᠯ ᠳᠡᠪᠵᠢᠶᠠᠨ᠎ᠳᠤ ᠡᠯᠡᠭ᠌ᠳᠡᠨ ᠴᠤᠴᠠᠷᠠᠵᠦ᠍᠂ ᠬᠠᠭᠤᠴᠢᠷᠠᠵᠤ ᠰᠦᠢᠷᠡᠭ᠌ᠰᠡᠨ ᠪᠤᠯᠪᠠᠴᠦ᠍ ᠰᠦᠷ ᠵᠢᠪᠬᠤᠭ᠎ᠠ᠎ᠨᠢ ᠪᠠᠭᠤᠷᠠᠭ᠎ᠠ ᠦᠭᠡᠢ᠃
    ᠡ᠊ᠨᠳᠠ ᠤᠳᠤᠭ᠎ᠠ ᠳᠤᠭᠤᠰᠤ ᠪᠤᠵᠢᠬᠢᠨᠡᠨ ᠠᠬ᠍ᠳᠠ ᠬᠦᠯᠦᠭ ᠢᠨᠴᠠᠭᠠᠵᠦ᠍ ᠵᠡᠷ ᠵᠡᠪᠰᠡᠭ ᠬᠠᠷᠬᠢᠯᠳᠦᠵᠦ᠍᠂ ᠬᠦᠮᠤᠨ ᠠᠮᠢᠳᠠᠨ ᠲᠦᠵᠢᠬᠢᠨᠡᠭ᠌ᠰᠡᠨ ᠳᠠᠢᠨ ᠳᠠᠵᠢᠨ ᠦᠢᠮᠡᠭᠡᠨ ᠳᠡᠪᠵᠢᠭᠡᠨ ᠠᠯᠠᠭ᠎ᠠ᠂ ᠬᠠᠷᠢᠨ ᠳᠠᠷᠢᠶᠠᠨ ᠭᠤᠤᠷᠰᠤ ᠦᠷᠬᠦᠯᠵᠢᠯᠡᠵᠦ᠍᠂ ᠬᠠᠶᠠᠭ᠍ᠳᠠᠵᠦ᠍ ᠡᠵᠡᠭᠦ᠋ᠢᠷᠡᠭ᠌ᠰᠡᠨ ᠨᠦᠭᠡᠨ ᠭᠡᠷ᠂ ᠬᠠᠭᠤᠴᠢᠷᠡᠵᠦ᠍ ᠯᠠᠪᠰᠠᠢᠭ᠍ᠰᠡᠨ ᠱᠢᠪᠡᠷ ᠪᠠᠢᠱᠢᠩ᠎ᠤᠳ ᠰᠡᠳᠭᠢᠯ ᠬᠦᠨᠳᠦᠷᠡᠭᠦᠯᠦᠨ ᠬᠠᠷᠠᠭ᠍ᠳᠠᠨ᠎ᠠ᠃ ᠰᠡᠳᠭᠢᠯ᠎ᠳᠤ ᠡᠭᠡᠳᠡᠷᠡᠭ᠌ᠰᠡᠨ ᠡᠷᠳᠡᠨ ᠡᠳᠦᠭᠡ᠎ᠶ᠋ᠢᠨ ᠳᠤᠬᠠᠢ ᠪᠤᠳᠤᠯ ᠰᠠᠨᠠᠯ᠎ᠢ ᠬᠡᠳᠦᠭᠡᠨ ᠦᠭᠡ᠎ᠪᠠᠷ ᠢᠯᠡᠳᠭᠡᠬᠦᠶ᠎ᠠ ᠦᠨᠡᠭᠡᠷ ᠪᠡᠷᠭᠡ ᠠᠵᠠᠢ᠃ ᠡᠷᠳᠡᠨ᠎ᠤ᠎ᠬᠢ᠎ᠶ᠋ᠢ ᠡᠷᠬᠢᠴᠡᠬᠦᠯᠵᠦ᠍ ᠡᠳᠦᠭᠡ᠎ᠶ᠋ᠢ ᠰᠠᠨᠠᠭᠠᠯᠵᠠᠨ᠂ ᠭᠡᠷᠡᠯ ᠵᠢᠷᠤᠭ᠎ᠤᠨ ᠮᠠᠱᠢᠨ᠎ᠢᠶᠠᠷ᠎ᠢᠶᠠᠨ ᠴᠠᠭᠠᠨ ᠭᠡᠷᠡᠮ᠎ᠤᠨ ᠰᠦᠷᠯᠢᠭ ᠭᠠᠢᠬᠠᠮᠱᠢᠭ᠎ᠢ ᠵᠢᠷᠤᠭ᠍ᠯᠠᠵᠦ᠍᠂ ᠪᠤᠳᠤᠯ ᠰᠡᠳᠭᠢᠭ᠌ᠳᠡᠯ᠎ᠢᠶᠠᠨ ᠢᠯᠡᠳᠭᠡᠬᠦ᠌᠎ᠪᠠᠷ ᠤᠷᠤᠯᠳᠤᠯ᠎ᠠ ᠁
    ᠴᠠᠭᠠᠨ ᠭᠡᠷᠡᠮ ᠪᠤᠯ ᠳᠤᠮᠳᠠᠳᠤ᠎ᠶ᠋ᠢᠨ ᠦᠨᠳᠤᠰᠤᠳᠠᠨ᠎ᠤ ᠳᠡᠯᠡᠭᠡᠢ᠎ᠶ᠋ᠢᠨ ᠳᠤᠮᠤ ᠳᠠᠪᠴᠠᠩ᠎ᠳᠤ ᠰᠡᠭᠦ᠋ᠢᠨ ᠪᠤᠰᠤᠭ᠍ᠰᠠᠨ ᠰᠦᠰᠦ ᠵᠤᠷᠢᠭ ᠬᠢᠭᠡᠳ ᠬᠦᠴᠦᠨ ᠴᠢᠳᠠᠯ᠎ᠤᠨ ᠬᠢᠨᠢ ᠤᠨᠳᠤᠷᠤᠮᠠᠯ ᠪᠤᠯᠠᠭ ᠪᠠᠢᠭ᠎ᠠ᠃
    ᠨᠢᠬᠦᠯᠳᠦ ᠬᠢᠵᠢᠭ ᠠᠷᠳᠠᠭ ᠮᠠᠩᠭᠤᠰ ᠱᠢᠭ᠋ ᠳᠡᠯᠡᠭᠡᠢ᠎ᠶ᠋ᠢ ᠬᠦᠮᠤᠷᠢᠨ ᠢᠷᠡᠵᠦ᠍᠂ ᠠᠮᠢ ᠨᠠᠰᠤ ᠡᠳ᠋ ᠬᠤᠭ᠍ᠰᠢᠯ᠎ᠢ ᠪᠤᠰᠠᠨᠢᠭᠤᠯᠤᠨ ᠪᠠᠢᠭ᠎ᠠ ᠡᠨᠡ ᠡᠷᠢᠨ᠎ᠳᠤ ᠨᠢᠬ᠍ᠳᠠᠷᠠᠯ᠎ᠤᠨ ᠡᠷᠴᠢᠮ᠎ᠢᠶᠠᠨ ᠴᠢᠩᠭᠠᠷᠠᠭᠤᠯᠤᠨ ᠠᠯᠢᠪᠠ ᠬᠦᠴᠢᠷ ᠪᠡᠷᠭᠡᠱᠢᠶᠠᠯ ᠭᠠᠢ ᠭᠠᠮᠱᠢᠭ᠎ᠢ ᠢᠯᠠᠨ ᠳᠤᠭᠤᠯᠬᠤ ᠢᠳᠡᠭᠡᠯ ᠬᠦᠴᠦᠨ ᠪᠤᠯ ᠡᠷᠬᠢᠮ᠎ᠠᠴᠠ ᠡᠷᠬᠢᠮ ᠪᠠᠢᠭ᠎ᠠ᠎ᠶ᠋ᠢ ᠰᠡᠳᠭᠢᠯ᠎ᠢᠶᠠᠷ ᠮᠡᠳᠡᠷᠡᠵᠦ᠍ ᠪᠢᠯᠠ᠃
    ᠴᠠᠭᠠᠨ ᠭᠡᠷᠡᠮ ᠮᠢᠨᠤ ᠰᠡᠳᠭᠢᠯ᠎ᠳᠤ ᠲᠦᠮᠠᠨ ᠭᠠᠵᠠᠷ ᠪᠠᠳᠤ ᠰᠦᠨᠳᠡᠷᠯᠡᠨᠠᠮ!















ᠣᠷᠴᠢᠭᠤᠯᠤᠭ᠍ᠴᠢ᠄
ᠨᠠᠢᠷᠠᠭᠤᠯᠤᠭ᠍ᠴᠢ᠄ ᠠᠷᠢᠭᠤᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号