1000 ᠵᠢᠯ᠎ᠤᠨ ᠲᠡᠣᠬᠡ ᠬᠦᠦᠷᠨᠢᠭ᠌ᠰᠡᠨ ᠲᠦᠮᠡᠨ ᠪᠤᠳᠢ ᠴᠡᠴᠡᠭ᠎ᠤᠨ ᠴᠢᠮᠡᠭ᠌ᠲᠤ ᠰᠣᠳᠣᠷ᠎ᠤᠨ ᠰᠣᠪᠣᠷᠭ᠎ᠠ
2021-09-08 11:26:37
ᠵᠣᠬᠢᠶᠠᠭ᠍ᠴᠢ᠄
ᠭᠤᠤ ᠬᠤᠩ ᠯᠢᠶᠠᠨ
ᠣᠩᠱᠢᠭ᠍ᠰᠠᠨ ᠣᠳᠠᠭ᠎ᠠ᠄
★★★☆☆

QQ图片20210908092712.png


—  ᠦᠪᠦᠷ ᠮᠣᠩᠭᠤᠯ᠎ᠤᠨ ᠲᠡᠤᠬᠡᠨ ᠦᠪ ᠱᠢᠷᠢᠰ ᠮᠡᠳᠡᠭᠡᠯᠡᠯ (ᠬᠤᠶᠠᠷ)

                                            

ᠲᠡᠦᠬᠡ ᠰᠣᠶᠣᠯ᠎ᠤᠨ ᠥᠪ ᠪᠣᠯ ᠳᠠᠬᠢᠨ ᠡᠭᠦᠰᠴᠦ᠍ ᠪᠣᠯᠤᠰᠢ ᠦᠭᠡᠢ᠂ ᠣᠷᠣᠯᠠᠭᠤᠯᠵᠤ ᠪᠣᠯᠤᠰᠢ ᠦᠭᠡᠢ ᠡᠷᠬᠢᠮ ᠨᠠᠨᠳᠢᠨ ᠡᠬᠢ ᠪᠠᠶᠠᠯᠢᠭ ᠮᠥᠨ᠂ ᠬᠠᠮᠠᠭᠠᠯᠠᠬᠤ᠎ᠶ᠋ᠢ ᠢᠮᠠᠭ᠍ᠲᠠ ᠲᠡᠷᠢᠭᠦᠨ ᠪᠠᠢᠷᠢᠨ᠎ᠳᠤ ᠲᠠᠯᠪᠢᠬᠤ ᠬᠡᠷᠡᠭ᠌ᠲᠡᠢ᠃ ᠵᠢᠭᠤᠯᠴᠢᠯᠠᠯ᠎ᠢ ᠬᠥᠭ᠌ᠵᠢᠭᠦᠯᠬᠦ᠌᠎ᠳᠤ ᠬᠠᠮᠠᠭᠠᠯᠠᠬᠤ᠎ᠪᠠᠷ ᠤᠷᠢᠲᠠᠯ ᠪᠤᠯᠭᠠᠵᠤ᠂ ᠬᠡᠲᠦᠷᠬᠡᠢ ᠬᠤᠳᠠᠯᠳᠤᠭᠠᠴᠢᠯᠠᠵᠤ ᠪᠣᠯᠬᠤ ᠦᠭᠡᠢ᠂ ᠵᠢᠭᠤᠯᠴᠢᠯᠠᠯ᠎ᠤᠨ ᠦᠢᠯᠡᠰ᠎ᠢ ᠬᠥᠮᠦᠰ᠎ᠤᠨ ᠳᠤᠮᠳᠠᠳᠤ᠎ᠶ᠋ᠢᠨ ᠰᠣᠶᠣᠯ᠎ᠢ ᠣᠢᠯᠠᠭᠠᠬᠤ᠂ ᠰᠣᠶᠣᠯ᠎ᠤᠨ ᠢᠲᠡᠭᠡᠯ᠎ᠢᠶᠠᠨ ᠨᠡᠮᠡᠭ᠌ᠳᠡᠭᠦᠯᠬᠦ᠌ ᠶᠠᠪᠤᠴᠠ ᠪᠣᠯᠭᠠᠬᠤ ᠬᠡᠷᠡᠭ᠌ᠲᠡᠢ᠃ 

       — ᠶᠡᠷᠦᠩᠬᠡᠢ ᠱᠦᠵᠢ ᠰᠢ᠎ᠶ᠋ᠢᠨ ᠫᠢᠩ᠎ᠤᠨ ᠴᠢᠬᠤᠯᠠ ᠶᠠᠷᠢᠶ᠎ᠠ᠎ᠠᠴᠠ 


ᠰᠤᠩᠭᠤᠳᠠᠭ ᠡᠷᠳᠡᠨ᠎ᠤ ᠪᠠᠷᠢᠯᠭ᠎ᠠ᠎ᠶ᠋ᠢᠨ ᠤᠷᠠᠯᠢᠬ 

ᠬᠦᠬᠡᠬᠤᠳᠠ᠎ᠶ᠋ᠢᠨ ᠹᠧᠩᠵᠸᠦ᠎ᠶ᠋ᠢᠨ ᠴᠠᠭᠠᠨ ᠰᠤᠪᠤᠷᠭ᠎ᠠ᠎ᠶ᠋ᠢ ᠲᠦᠮᠡᠨ ᠪᠤᠳᠢ ᠴᠡᠴᠡᠭ᠎ᠤᠨ ᠴᠢᠮᠡᠭ᠌ᠳᠤ ᠰᠤᠳᠤᠷ᠎ᠤᠨ ᠰᠤᠪᠤᠷᠭ᠎ᠠ ᠭᠡᠳᠡᠭ᠂ ᠯᠢᠶᠣᠤ ᠤᠯᠤᠰ᠎ᠤᠨ ᠦᠶ᠎ᠡ᠎ᠶ᠋ᠢᠨ ᠬᠤᠸᠠ ᠶᠠᠨ ᠽᠦᠡᠭ᠎ᠤᠨ ᠪᠤᠷᠬᠠᠨ᠎ᠤ ᠰᠦᠮ᠎ᠡ᠎ᠶ᠋ᠢᠨ ᠨᠢᠭᠡᠨ ᠲᠥᠪᠡᠳ ᠨᠣᠮ᠎ᠤᠨ ᠰᠤᠪᠤᠷᠭ᠎ᠠ ᠪᠣᠯᠤᠨ᠎ᠠ᠃ ᠬᠦᠬᠡᠬᠤᠳᠠ᠎ᠶ᠋ᠢᠨ ᠴᠠᠭᠠᠨ ᠰᠤᠪᠤᠷᠭ᠎ᠠ ᠤᠯᠠᠨ ᠤᠯᠤᠰ᠎ᠤᠨ ᠨᠢᠰᠭᠡᠯ᠎ᠤᠨ ᠪᠠᠭᠤᠳᠠᠯ᠎ᠠᠴᠠ ᠵᠡᠭᠦᠨ ᠡᠮᠦᠨᠡᠰᠢ 6 ᠺᠢᠯᠣᠮᠧᠲᠷ ᠣᠷᠴᠢᠮ ᠪᠠᠢᠷᠢᠯᠠᠵᠤ᠂ 1000 ᠵᠢᠯ᠎ᠤᠨ ᠤᠯᠠᠷᠢᠯ ᠬᠤᠪᠢᠰᠤᠯ᠎ᠢ ᠥᠩᠭᠡᠷᠡᠭᠡᠵᠦ᠍᠂ ᠲᠠᠯ᠎ᠠ ᠨᠤᠲᠤᠭ᠎ᠤᠨ ᠲᠣᠷᠭᠠᠨ ᠵᠠᠮ᠎ᠤᠨ ᠬᠥᠭ᠌ᠵᠢᠯᠲᠡ ᠪᠠ ᠬᠤᠳᠠ᠎ᠶ᠋ᠢᠨ ᠬᠤᠪᠢᠷᠠᠯᠲᠠ᠎ᠶ᠋ᠢ ᠬᠡᠷᠡᠴᠢᠯᠡᠭ᠌ᠰᠡᠭᠡᠷ ᠢᠷᠡᠵᠠᠢ᠃ 


QQ图片20210908092559.png


ᠵᠠᠷᠢᠮ ᠨᠤᠮ᠎ᠳᠤ 《ᠲᠦᠮᠡᠨ ᠪᠤᠳᠢ ᠤᠯᠠᠩᠭᠢ ᠪᠤᠷᠬᠠᠨ ᠨᠤᠮᠳᠤ ᠰᠤᠪᠤᠷᠭ᠎ᠠ》 ᠬᠡᠵᠤ ᠪᠤᠢ᠃ ᠰᠤᠪᠤᠷᠭ᠎ᠠ᠎ᠳᠤ ᠪᠤᠷᠬᠠᠨ᠎ᠤ ᠱᠠᠱᠢᠨ᠎ᠤ ᠨᠤᠮ ᠰᠤᠳᠤᠷ ᠪᠤᠯᠬᠤ 《ᠴᠡᠴᠡᠭ᠎ᠤᠨ ᠴᠢᠮᠡᠭ᠌ᠳᠤ ᠰᠤᠳᠤᠷ》 ᠎ᠢ ᠲᠦᠮᠡ ᠭᠠᠷᠤᠢ ᠪᠤᠳᠢ ᠬᠠᠳᠠᠭᠠᠯᠠᠵᠤ ᠪᠠᠢᠬ᠍ᠰᠠᠨ ᠪᠤᠯᠬᠤᠷ ᠲᠡᠬᠦᠨ᠎ᠢ 《ᠲᠦᠮᠡᠨ ᠪᠤᠳᠢ ᠴᠡᠴᠡᠭ᠎ᠤᠨ ᠴᠢᠮᠡᠭ᠌ᠳᠤ ᠰᠤᠳᠤᠷ᠎ᠤᠨ ᠰᠤᠪᠤᠷᠭ᠎ᠠ》 ᠬᠡᠮᠡᠨ ᠨᠡᠷᠡᠯᠡᠵᠠᠢ᠃ 

ᠰᠤᠪᠤᠷᠭ᠎ᠠ᠎ᠶ᠋ᠢᠨ ᠭᠠᠳᠠᠷᠭᠤ᠎ᠳᠤ ᠴᠠᠷᠳᠠ ᠱᠢᠷᠣᠶ ᠲᠦᠷᠬᠢᠵᠦ᠍᠂ ᠥᠪᠴᠢ ᠪᠡᠶ᠎ᠡ᠎ᠨᠢ ᠴᠠᠪ ᠴᠠᠭᠠᠨ ᠪᠣᠯᠬᠤᠷ ᠶᠡᠷᠦ᠎ᠳᠡᠭᠡᠨ ᠬᠦᠮᠤᠰ ᠴᠠᠭᠠᠨ ᠰᠤᠪᠤᠷᠭ᠎ᠠ ᠭᠡᠳᠡᠭ᠃ ᠰᠤᠪᠤᠷᠭ᠎ᠠ᠎ᠶ᠋ᠢᠨ ᠥᠨᠳᠥᠷ᠎ᠨᠢ 55.6 ᠮᠧᠲᠷ᠂ ᠨᠠᠢ᠍ᠮᠠᠨ ᠦᠨᠴᠦᠭ᠌ᠳᠤ ᠳᠣᠯᠣᠭᠠᠨ ᠳᠠᠪᠬᠤᠷᠭ᠎ᠠ᠎ᠶ᠋ᠢᠨ ᠮᠤᠳᠤ ᠲᠣᠭᠤᠰᠭᠠᠨ ᠪᠦᠳᠤᠴᠡ᠎ᠲᠠᠢ᠂ ᠰᠠᠭᠤᠷᠢ᠎ᠨᠢ ᠯᠢᠩᠬ᠍ᠸ᠎ᠠ᠎ᠶ᠋ᠢᠨ ᠳᠡᠯᠪᠢ᠎ᠶ᠋ᠢᠨ ᠬᠡᠯᠪᠡᠷᠢ᠎ᠲᠠᠢ᠂ ᠲᠡᠭ᠌ᠰᠢ ᠰᠠᠭᠤᠳᠠᠯᠳᠤ ᠬᠡᠷᠡᠰᠭᠡ ᠪᠠ ᠨᠢᠷᠤᠭᠤ᠎ᠪᠠᠷ ᠪᠦᠰᠡᠯᠡᠵᠤ᠂ ᠯᠢᠶᠣᠤ ᠤᠯᠤᠰ᠎ᠤᠨ ᠦᠶ᠎ᠡ᠎ᠶ᠋ᠢᠨ ᠪᠤᠷᠬᠠᠨ᠎ᠤ ᠰᠤᠪᠤᠷᠭ᠎ᠠ᠎ᠶ᠋ᠢᠨ ᠨᠡᠢᠲᠡᠯᠢᠭ ᠣᠨᠴᠠᠯᠢᠭ᠎ᠢ ᠪᠦᠷᠢᠯᠳᠤᠬᠦᠯᠵᠠᠢ᠃ ᠰᠤᠪᠤᠷᠭ᠎ᠠ᠎ᠶ᠋ᠢᠨ ᠨᠢᠭᠡᠳᠦᠭᠡᠷ᠂ ᠬᠤᠶᠠᠳᠤᠭᠠᠷ ᠳᠠᠪᠬᠤᠷᠭ᠎ᠠ᠎ᠶ᠋ᠢᠨ ᠭᠠᠳᠠᠷ ᠬᠠᠨ᠎ᠠ᠎ᠳᠤᠨᠢ ᠸᠠᠭᠠᠷ᠎ᠢᠶᠠᠷ ᠰᠡᠢᠯᠦᠭ᠌ᠰᠡᠨ ᠪᠤᠷᠬᠠᠨ᠂ ᠪᠣᠳᠢᠰᠠᠳ᠋ᠸ᠎ᠠ᠂ ᠮᠠᠬᠠᠷᠠᠨᠽᠠ᠂ ᠠᠪᠤᠷᠭᠤ ᠬᠦᠴᠦᠲᠡᠨ᠎ᠤ ᠬᠥᠷᠥᠭ᠎ᠢ ᠱᠢᠭᠢᠳᠭᠡᠵᠦ᠍᠂ ᠳᠦᠷᠰᠦ ᠪᠦᠲᠦᠭᠡᠯᠲᠡ᠎ᠨᠢ ᠠᠮᠢᠳᠤᠯᠢᠭ ᠰᠠᠢᠬᠠᠨ᠂ ᠵᠢᠷᠤᠭᠠᠰᠤ᠎ᠨᠢ ᠤᠷᠤᠰᠤᠮ᠎ᠠ ᠱᠢᠯᠤᠭᠤᠨ᠂ ᠤᠷᠠᠯᠢᠭ᠎ᠤᠨ ᠦᠨ᠎ᠡ ᠦᠷᠳᠡᠭ᠎ᠨᠢ ᠮᠠᠰᠢ ᠥᠨᠳᠥᠷ ᠶᠤᠮ᠃ ᠨᠢᠭᠡᠳᠦᠭᠡᠷ ᠳᠠᠪᠬᠤᠷᠭ᠎ᠠ᠎ᠶ᠋ᠢᠨ ᠡᠮᠦᠨ᠎ᠡ ᠲᠠᠯ᠎ᠠ᠎ᠳᠤ ᠰᠤᠪᠤᠷᠭ᠎ᠠ᠎ᠳᠤ ᠤᠷᠤᠬᠤ ᠡᠭᠦᠳᠡ᠎ᠲᠠᠢ᠂ ᠡᠬᠦᠳᠡᠨ ᠲᠡᠭᠡᠷ᠎ᠠ᠎ᠨᠢ 《ᠲᠦᠮᠡᠨ ᠪᠤᠳᠢ ᠴᠡᠴᠡᠭ᠎ᠤᠨ ᠴᠢᠮᠡᠭ᠌ᠳᠤ ᠰᠤᠳᠤᠷ᠎ᠤᠨ ᠰᠤᠪᠤᠷᠭ᠎ᠠ》 ᠭᠡᠬᠦ᠌ ᠴᠢᠯᠠᠭᠤᠨ ᠢᠯᠡᠷᠭᠡᠢᠯᠡᠯ᠎ᠲᠠᠢ᠃ 

ᠤᠳᠤᠬᠠᠨ᠎ᠳᠤ ᠮᠠᠨ᠎ᠤ ᠤᠯᠤᠰ᠎ᠤᠨ ᠤᠮᠠᠷᠠᠲᠤ ᠣᠷᠣᠨ᠎ᠳᠤ 100 ᠭᠠᠷᠤᠢ ᠯᠢᠶᠣᠤ ᠤᠯᠤᠰ᠎ᠤᠨ ᠦᠶ᠎ᠡ᠎ᠶ᠋ᠢᠨ ᠪᠤᠷᠬᠠᠨ᠎ᠤ ᠰᠤᠪᠤᠷᠭ᠎ᠠ ᠦᠯᠡᠳᠡᠵᠤ ᠪᠤᠶ᠃ ᠡᠬᠦᠨ᠎ᠤ ᠲᠤᠳᠤᠷ᠎ᠠ ᠲᠦᠮᠡᠨ ᠪᠤᠳᠢ ᠴᠡᠴᠡᠭ᠎ᠤᠨ ᠴᠢᠮᠡᠭ᠌ᠳᠤ ᠰᠤᠳᠤᠷ᠎ᠤᠨ ᠰᠤᠪᠤᠷᠭ᠎ᠠ ᠪᠣᠯ ᠤᠳᠤᠬᠠᠨ ᠪᠤᠯᠳᠠᠯ᠎ᠠ ᠦᠯᠡᠳᠡᠭ᠌ᠳᠡᠵᠦ᠍ ᠪᠠᠢᠭ᠎ᠠ ᠬᠠᠮᠤᠭ᠎ᠤᠨ ᠪᠦᠷᠢᠨ ᠪᠦᠲᠦᠨ ᠯᠢᠶᠣᠤ ᠤᠯᠤᠰ᠎ᠤᠨ ᠦᠶ᠎ᠡ᠎ᠶ᠋ᠢᠨ ᠲᠥᠪᠡᠳ ᠰᠤᠳᠤᠷ᠎ᠤᠨ ᠰᠤᠪᠤᠷᠭ᠎ᠠ ᠪᠣᠯᠤᠨ᠎ᠠ᠃ ᠲᠤᠰ ᠰᠤᠪᠤᠷᠭ᠎ᠠ ᠡᠷᠲᠡᠨ᠎ᠤ ᠪᠠᠷᠢᠯᠭ᠎ᠠ᠎ᠶ᠋ᠢᠨ ᠬᠡᠲᠦᠢᠳᠦᠭ᠌ᠰᠡᠨ ᠤᠷ᠎ᠠ ᠮᠡᠷᠭᠡᠵᠢᠯ᠎ᠢ ᠭᠠᠢᠬᠠᠭᠤᠯᠵᠤ ᠪᠠᠢᠬᠤ᠎ᠪᠠᠷ ᠪᠠᠷᠠᠬᠤ ᠦᠬᠡᠢ ᠲᠦᠢᠯ᠎ᠤᠨ ᠶᠡᠭᠡ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠦᠨ᠎ᠡ ᠥᠷᠲᠡᠭ᠎ᠲᠠᠢ ᠶᠤᠮ᠃ 

ᠲᠤᠷᠭᠠᠨ ᠵᠠᠮ᠎ᠤᠨ ᠪᠠᠯᠴᠢᠷ 

ᠹᠸᠡᠭ᠌ᠵᠸᠤ ᠬᠤᠲᠠ᠎ᠶ᠋ᠢ ᠯᠢᠶᠣᠤ ᠤᠯᠤᠰ᠎ᠤᠨ ᠱᠧᠨ ᠴᠧᠩ᠎ᠤᠨ ᠲᠠᠪᠤᠳᠤᠭᠠᠷ ᠤᠨ (920 ᠤᠨ) ᠎ᠳᠤ ᠡᠬᠢᠯᠡᠨ ᠪᠠᠢᠭᠤᠯᠵᠤ᠂ ᠯᠢᠶᠣᠤ ᠤᠯᠤᠰ᠎ᠤᠨ ᠲᠢᠶᠠᠨ ᠳ᠋ᠧ ᠵᠢᠶᠦ᠋ᠨ ᠴᠡᠷᠢᠭ᠎ᠤᠨ ᠰᠠᠭᠤᠭ᠎ᠠ ᠭᠠᠵᠠᠷ ᠪᠣᠯᠭᠠᠨ᠂ ᠴᠢᠬᠤᠯᠠ ᠵᠠᠮ ᠬᠠᠷᠢᠯᠴᠠᠭ᠎ᠠ ᠪᠠ ᠴᠡᠷᠢᠭ᠎ᠤᠨ ᠶᠠᠪᠤᠳᠠᠯ᠎ᠤᠨ ᠪᠠᠢᠷᠢ ᠰᠠᠭᠤᠷᠢ᠎ᠲᠠᠢ ᠪᠠᠢᠪᠠ᠃ ᠯᠢᠶᠣᠤ ᠤᠯᠤᠰ᠎ᠤᠨ ᠦᠶ᠎ᠡ᠎ᠳᠤ ᠠᠳᠡ ᠵᠧᠦ ᠱᠢᠶᠠᠨ ᠪᠣᠯᠤᠨ ᠴᠡᠷᠢᠭ᠎ᠤᠨ ᠶᠠᠪᠤᠳᠠᠯ᠎ᠤᠨ ᠰᠠᠬᠢᠨ ᠬᠠᠮᠠᠭᠠᠯᠠᠬᠤ ᠪᠠᠢᠭᠤᠯᠤᠮᠵᠢ ᠭᠠᠷᠭᠠᠵᠤ᠂ ᠬᠢᠯᠢ ᠬᠢᠵᠠᠭᠠᠷ᠎ᠤᠨ ᠠᠮᠤᠷ ᠲᠣᠭ᠍ᠲᠠᠭᠤᠨ᠎ᠢ ᠪᠠᠲᠤᠯᠠᠭ᠍ᠰᠠᠨ ᠪᠥᠭᠡᠳ ᠲᠠᠯ᠎ᠠ ᠨᠤᠲᠤᠭ᠎ᠤᠨ ᠲᠣᠷᠭᠠᠨ ᠵᠠᠮ᠎ᠤᠨ ᠰᠠᠭᠠᠳ ᠦᠭᠡᠢ ᠨᠡᠪᠲᠡᠷᠡᠬᠦ᠌᠎ᠶ᠋ᠢ ᠪᠠᠲᠤᠯᠠᠨ᠂ ᠠᠵᠤ ᠠᠬᠤᠢ ᠰᠣᠶᠣᠯ᠎ᠤᠨ ᠰᠣᠯᠢᠯᠴᠠᠭ᠎ᠠ ᠪᠣᠯᠤᠨ ᠤᠯᠠᠨ ᠦᠨᠳᠦᠰᠦᠲᠡᠨ᠎ᠤ ᠠᠭᠤᠰᠤᠯᠴᠠᠯ᠎ᠢ ᠠᠬᠢᠭᠤᠯᠵᠦ᠍᠂ ᠯᠢᠶᠣᠤ ᠤᠯᠤᠰ᠂ ᠠᠯᠳᠠᠨ ᠤᠯᠤᠰ᠂ ᠶᠤᠸᠠᠨ ᠤᠯᠤᠰ ᠭᠤᠷᠪᠠᠨ ᠤᠯᠤᠰ᠎ᠤᠨ ᠦᠶ᠎ᠡ᠎ᠳᠤ ᠦᠷᠭᠦᠯᠵᠢᠯᠡᠨ ᠬᠡᠷᠡᠭ᠌ᠯᠡᠭ᠌ᠳᠡᠵᠦ᠍᠂ 450 ᠵᠢᠯ ᠦᠷᠭᠦᠯᠵᠢᠯᠡᠭ᠌ᠰᠡᠨ ᠪᠠᠢᠨ᠎ᠠ᠃ ᠹᠸᠡᠭ᠌ᠵᠸᠤ ᠬᠤᠳᠠ ᠴᠡᠷᠢᠭ ᠲᠠᠢᠨ᠎ᠤ ᠡᠪᠳᠡᠯᠡᠭᠡ᠎ᠳᠤ ᠰᠦᠨᠦᠭ᠌ᠰᠡᠨ ᠴᠤ᠌ ᠬᠤᠳᠠ᠎ᠶ᠋ᠢᠨ ᠪᠠᠷᠠᠭᠤᠨ ᠬᠤᠢᠳᠤ ᠦᠨᠴᠦᠭ᠎ᠲᠤ ᠪᠠᠢᠷᠢᠯᠠᠭ᠎ᠠ ᠴᠠᠭᠠᠨ ᠰᠤᠪᠤᠷᠭ᠎ᠠ ᠲᠡᠷᠡ ᠬᠡᠪ᠎ᠢᠶᠠᠷ᠎ᠢᠶᠠᠨ ᠰᠡᠬᠦ᠋ᠢᠨ ᠦᠯᠡᠳᠡᠵᠠᠢ᠃ 

ᠡᠷᠳᠡᠨ᠎ᠤ ᠪᠢᠴᠢᠭᠡᠰᠤ ᠲᠡᠮᠳᠡᠭ᠌ᠯᠡᠯ 

ᠴᠠᠭᠠᠨ ᠰᠤᠪᠤᠷᠭ᠎ᠠ᠎ᠨᠢ ᠯᠢᠶᠤᠤ ᠱᠸᠡᠭ᠌ᠽᠦ᠋ᠡᠭ ᠬᠠᠭᠠᠨ᠎ᠤ ᠦᠶ᠎ᠠ (983 — 1031 ᠤᠨ) ᠎ᠳᠤ ᠪᠠᠢᠭᠤᠯᠤᠬ᠍ᠳᠠᠵᠠᠢ᠃ ᠯᠢᠶᠤᠤ ᠤᠯᠤᠰ ᠠᠯᠳᠠᠨ ᠤᠯᠤᠰ᠎ᠤᠨ ᠦᠶ᠎ᠠ᠎ᠶ᠋ᠢᠨ ᠹᠸᠡᠭ᠌ᠵᠸᠤ ᠬᠤᠳᠠ ᠪᠤᠯ ᠬᠢᠯᠢ ᠬᠢᠵᠠᠭᠠᠷ ᠤᠷᠤᠨ᠎ᠤ ᠴᠡᠷᠢᠭ᠎ᠤᠨ ᠶᠠᠪᠤᠳᠠᠯ᠎ᠤᠨ ᠴᠢᠬᠤᠯᠠ ᠪᠠᠯᠭᠠᠰᠤ ᠪᠠᠢᠬ᠍ᠰᠠᠨ ᠲᠤᠯᠡ ᠰᠤᠪᠤᠷᠭᠠᠨ ᠲᠡᠭᠡᠷ᠎ᠠ ᠤᠴᠢᠵᠤ ᠪᠠᠷᠠᠳᠠᠨ ᠵᠢᠭᠤᠯᠴᠢᠯᠠᠬᠤ ᠬᠦᠮᠤᠨ ᠴᠦᠭᠡᠨ ᠪᠠᠢᠯ᠎ᠠ᠃ ᠬᠠᠷᠢᠨ ᠶᠤᠸᠠᠨ ᠤᠯᠤᠰ᠎ᠤᠨ ᠦᠶ᠎ᠠ᠎ᠶ᠋ᠢᠨ ᠹᠸᠡᠭ᠌ᠵᠸᠤ ᠬᠤᠳᠠ ᠪᠤᠯ ᠡᠮᠤᠨᠠᠳᠤ ᠤᠮᠠᠷᠠᠳᠤ ᠪᠠ ᠵᠠᠬᠦᠨ ᠪᠠᠷᠠᠭᠤᠨ ᠤᠷᠤᠨ᠎ᠤ ᠵᠠᠮ ᠬᠠᠷᠢᠯᠴᠠᠭᠠᠨ᠎ᠤ ᠠᠭᠤᠯᠵᠠᠷ ᠴᠡᠭ ᠪᠤᠯᠬᠤᠷ ᠡᠯ᠎ᠠ ᠦᠨᠳᠤᠰᠤᠳᠡᠨ ᠡᠯ᠎ᠠ ᠲᠠᠪᠬᠤᠷᠭ᠎ᠠ᠎ᠶ᠋ᠢᠨ ᠬᠦᠮᠤᠰ ᠹᠧᠩᠵᠸᠦ ᠬᠤᠳᠠ᠎ᠪᠠᠷ ᠦᠩᠭᠡᠷᠡᠬᠦ᠌᠎ᠳᠡᠭᠡᠨ ᠰᠤᠪᠤᠷᠭ᠎ᠠ ᠲᠡᠭᠡᠷ᠎ᠠ ᠤᠴᠢᠵᠤ ᠪᠠᠷᠠᠳᠠᠨ ᠵᠤᠯᠭᠠᠬᠤ ᠪᠠ ᠲᠤᠭᠤᠷᠢᠨ ᠵᠢᠭᠤᠯᠴᠢᠯᠠᠳᠠᠭ᠃ ᠲᠡᠳᠡ ᠰᠤᠪᠤᠷᠭ᠎ᠠ᠎ᠶ᠋ᠢᠨ ᠲᠤᠳᠤᠷ᠎ᠠ ᠬᠠᠨ᠎ᠠ᠎ᠳᠤ ᠮᠠᠰᠢ ᠤᠯᠠᠨ ᠦᠨ᠎ᠠ ᠦᠷᠳᠡᠭ᠎ᠲᠠᠢ ᠪᠢᠴᠢᠭᠡᠰᠤ ᠲᠡᠮᠳᠡᠭ᠌ᠯᠡᠯ ᠦᠯᠡᠳᠡᠭᠡᠵᠤ᠂ ᠡᠳᠡᠭᠡᠷ ᠪᠢᠴᠢᠭᠡᠰᠤ᠎ᠨᠢ ᠬᠤᠵᠢᠮ᠎ᠤᠨ ᠬᠦᠮᠤᠰ᠎ᠤᠨ ᠰᠤᠳᠤᠯᠭᠠᠨ ᠦᠷᠨᠢᠬᠦᠯᠬᠦ᠌᠎ᠳᠤ ᠮᠠᠰᠢ ᠶᠡᠭᠡ ᠦᠢᠯᠡᠳᠦᠯ ᠦᠵᠡᠬᠦᠯᠵᠡᠢ᠃ 

ᠡᠳᠡᠭᠡᠷ ᠪᠢᠴᠢᠭᠡᠰᠤ ᠲᠡᠮᠳᠡᠭ᠌ᠯᠡᠯ᠎ᠨᠢ ᠠᠯᠲᠠᠨ ᠤᠯᠤᠰ᠎ᠤᠨ ᠦᠶ᠎ᠡ᠎ᠠᠴᠠ ᠢᠷᠭᠡᠨ ᠤᠯᠤᠰ᠎ᠤᠨ ᠦᠶ᠎ᠡ ᠬᠦᠷᠲᠡᠯ᠎ᠡ ᠦᠷᠭᠦᠯᠵᠢᠯᠡᠵᠦ᠍᠂ ᠬᠠᠮᠤᠭ᠎ᠤᠨ ᠡᠷᠲᠡᠨ᠎ᠤ ᠲᠡᠮᠳᠡᠭ᠌ᠯᠡᠯ᠎ᠨᠢ 《ᠳ᠋ᠠ ᠳ᠋ᠢᠩ᠎ᠤᠨ ᠬᠤᠶᠠᠳᠤᠭᠠᠷ ᠣᠨ》 ᠭᠡᠰᠡᠨ ᠦᠰᠦᠭ᠎ᠲᠠᠢ᠃ ᠬᠢᠳᠠᠨ ᠦᠰᠦᠭ᠂ ᠵᠦᠷᠴᠢᠨ ᠦᠰᠦᠭ᠂ ᠮᠣᠩᠭᠤᠯ ᠦᠰᠦᠭ᠂ ᠫᠠᠭ᠍ᠪᠠ ᠦᠰᠦᠭ᠎ᠢᠶᠠᠷ ᠬᠢᠲᠠᠳ ᠦᠰᠦᠭ᠎ᠢ ᠠᠪᠢᠶᠠᠴᠢᠯᠠᠨ ᠪᠢᠴᠢᠭ᠌ᠰᠡᠨ ᠪᠤᠶᠤ ᠫᠠᠭ᠍ᠪᠠ ᠦᠰᠦᠭ ᠪᠠ ᠬᠢᠲᠠᠳ ᠦᠰᠦᠭ᠎ᠢ ᠬᠠᠷᠢᠴᠠᠭᠤᠯᠤᠨ ᠪᠢᠴᠢᠭ᠌ᠰᠡᠨ᠂ ᠴᠢᠨᠠᠭ᠍ᠰᠢᠯᠠᠨ ᠡᠷᠲᠡᠨ᠎ᠤ ᠱᠢᠷᠢᠶ᠎ᠠ ᠦᠰᠦᠭ᠂ ᠡᠷᠲᠡᠨ᠎ᠤ ᠫᠧᠷᠰ ᠦᠰᠦᠭ ᠵᠡᠷᠭᠡ ᠪᠠᠢᠵᠤ᠂ ᠹᠧᠩᠵᠸᠤ ᠣᠷᠣᠨ᠎ᠤ ᠣᠯᠠᠨ ᠦᠨᠳᠦᠰᠦᠲᠡᠨ᠎ᠤ ᠰᠣᠶᠣᠯ᠎ᠤᠨ ᠰᠣᠯᠢᠯᠴᠠᠭ᠎ᠠ ᠠᠭᠤᠰᠤᠯᠴᠠᠯ᠎ᠤᠨ ᠭᠡᠷᠡᠴᠢ ᠪᠤᠯᠤᠭ᠍ᠰᠠᠨ ᠪᠠᠢᠨ᠎ᠠ᠃ 

ᠶᠤᠸᠠᠨ ᠤᠯᠤᠰ᠎ᠤᠨ ᠡᠬᠢᠨ᠎ᠤ ᠦᠶ᠎ᠡ᠎ᠳᠤ ᠨᠡᠷᠡᠲᠦ ᠲᠦᠱᠢᠮᠡᠯ ᠯᠢᠦ ᠪᠢᠩ ᠵᠥᠩ ᠹᠸᠡᠭ᠌ᠵᠸᠤ᠎ᠪᠠᠷ ᠦᠩᠬᠡᠷᠡᠬᠦ᠌᠎ᠳᠡᠭᠡᠨ 《ᠹᠸᠡᠭ᠌ᠵᠸᠤ᠎ᠪᠠᠷ ᠥᠩᠭᠡᠷᠡᠭ᠌ᠰᠡᠡ ᠬᠤᠶᠠᠷ ᠪᠠᠳᠠᠭ》 ᠬᠡᠮᠡᠬᠦ᠌ ᠱᠢᠯᠦᠭ ᠪᠢᠴᠢᠵᠠᠢ᠃ ᠡᠨᠡ ᠱᠢᠯᠦᠭ᠎ᠲᠤ ᠬᠠᠮᠤᠭ᠎ᠤᠨ ᠲᠦᠷᠦᠭᠦᠨ᠎ᠳᠤ ᠹᠸᠡᠭ᠌ᠵᠸᠤ᠎ᠶ᠋ᠢᠨ ᠱᠢᠨᠵᠢ ᠲᠡᠮᠳᠡᠭ ᠪᠤᠯᠬᠤ 《ᠰᠦᠮ᠎ᠡ᠎ᠶ᠋ᠢᠨ ᠳᠤᠮᠳᠠᠬᠢ ᠰᠤᠪᠤᠷᠭ᠎ᠠ》 ᠎ᠶ᠋ᠢ ᠳᠤᠷᠠᠳᠤᠭ᠍ᠰᠠᠨ ᠪᠠᠢᠨ᠎ᠠ᠃ 

ᠶᠤᠸᠠᠨ ᠤᠯᠤᠰ᠎ᠤᠨ ᠦᠶ᠎ᠡ᠎ᠳᠤ ᠲᠠᠯ᠎ᠠ ᠨᠤᠲᠤᠭ᠎ᠤᠨ ᠲᠣᠷᠭᠠᠨ ᠵᠠᠮ ᠨᠡᠩ ᠴᠡᠴᠡᠭ᠌ᠯᠡᠨ ᠬᠥᠭ᠌ᠵᠢᠵᠦ᠍᠂ ᠤᠯᠠᠩᠬᠢ ᠠᠷᠠᠯᠵᠢᠶᠠᠴᠢᠨ ᠲᠠᠯ᠎ᠠ ᠨᠤᠲᠤᠭ᠎ᠢ ᠲᠤᠭᠤᠯᠤᠨ ᠧᠦ᠋ᠷᠣᠫᠠ ᠠᠽᠢᠶ᠎ᠠ᠎ᠳᠤ ᠬᠦᠷᠴᠦ᠍ ᠢᠷᠡᠵᠠᠢ᠃ ᠧᠦ᠋ᠷᠣᠫᠠ᠎ᠶ᠋ᠢᠨ ᠵᠢᠭᠤᠯᠴᠢᠨ ᠮᠠᠷᠺᠤ ᠫᠣᠯᠣ ᠡᠨᠡ ᠵᠠᠮ᠎ᠢᠶᠠᠷ ᠳᠤᠮᠳᠠᠳᠤ ᠤᠯᠤᠰ᠎ᠲᠤ ᠢᠷᠡᠵᠦ᠍᠂ ᠹᠧᠩᠵᠸᠦ ᠪᠣᠯᠤᠨ ᠲᠡᠭᠦᠨ᠎ᠤ ᠤᠢ᠍ᠢᠷ᠎ᠠ ᠬᠠᠪᠢ᠎ᠪᠠᠷ ᠪᠠᠭᠤᠳᠠᠯᠯᠠᠨ᠂ ᠹᠧᠩᠵᠸᠦ᠎ᠠᠴᠠ ᠵᠡᠭᠦᠨᠰᠢ ᠶᠤᠸᠠᠨ᠎ᠤ ᠳᠡᠭᠡᠳᠦ ᠨᠡᠢᠰᠯᠡᠯ᠎ᠳᠤ ᠬᠦᠷᠴᠡᠶ᠃ 《ᠮᠠᠷᠺᠤ ᠫᠣᠯᠣ᠎ᠶ᠋ᠢᠨ ᠠᠶᠠᠯᠠᠯ᠎ᠤᠨ ᠲᠡᠮᠳᠡᠭ᠌ᠯᠡᠯ》 ᠎ᠳᠤ ᠹᠧᠩᠵᠸᠦ᠎ᠶ᠋ᠢ 《ᠲᠢᠶᠠᠨ ᠳ᠋ᠧ ᠵᠧᠤ》 ᠭᠡᠮᠡᠨ ᠲᠡᠮᠳᠡᠭ᠌ᠯᠡᠵᠦ᠍ ᠪᠠᠢᠪᠠ᠃ 

ᠠᠯᠳᠠᠨ ᠤᠯᠤᠰ᠎ᠤᠨ ᠴᠢᠯᠠᠭᠤᠨ ᠬᠦᠱᠢᠶ᠎ᠠ 

ᠴᠠᠭᠠᠨ ᠰᠤᠪᠤᠷᠭ᠎ᠠ᠎ᠶ᠋ᠢ ᠠᠯᠲᠠᠨ ᠤᠯᠤᠰ᠎ᠤᠨ ᠦᠶ᠎ᠡ᠎ᠳᠤ ᠳᠠᠬᠢᠨ ᠵᠠᠰᠠᠵᠤ ᠥᠩᠭᠡᠷᠡᠭ᠌ᠰᠡᠨ ᠶᠤᠮ᠃ ᠳᠠᠬᠢᠨ ᠵᠠᠰᠠᠭ᠍ᠰᠠᠨ ᠴᠠᠭ᠎ᠢ ᠰᠤᠪᠤᠷᠭᠠᠨ ᠳᠣᠲᠣᠷᠠᠬᠢ ᠵᠢᠭᠤᠯᠴᠢᠯᠠᠬ᠍ᠰᠠᠳ᠎ᠤᠨ ᠲᠡᠮᠳᠡᠭ᠌ᠯᠡᠯ᠎ᠠᠴᠠ ᠦᠵᠡᠪᠡᠯ᠂ ᠠᠯᠲᠠᠨ ᠤᠯᠤᠰ᠎ᠤᠨ ᠱ᠌ᠢᠽᠦᠡᠭ ᠬᠠᠭᠠᠨ᠎ᠤ ᠳ᠋ᠠ ᠳ᠋ᠢᠩ᠎ᠤᠨ ᠬᠤᠶᠠᠳᠤᠭᠠᠷ ᠤᠨ (1162 ᠤᠨ) ᠎ᠠᠴᠠ ᠡᠮᠦᠨ᠎ᠡ ᠪᠤᠯᠤᠨ᠎ᠠ᠃ ᠴᠠᠭᠠᠨ ᠰᠤᠪᠤᠷᠭ᠎ᠠ᠎ᠶ᠋ᠢᠨ ᠳᠣᠲᠣᠷᠠᠬᠢ ᠨᠢᠭᠡᠳᠦᠭᠡᠷ ᠳᠠᠪᠬᠤᠷᠭ᠎ᠠ᠎ᠶ᠋ᠢᠨ ᠳᠥᠷᠪᠡᠨ ᠲᠠᠯ᠎ᠠ᠎ᠶ᠋ᠢᠨ ᠬᠡᠷᠡᠮ ᠳᠡᠭᠡᠷ᠎ᠡ ᠤᠤᠯ᠎ᠨᠢ ᠠᠷᠪᠠᠨ ᠨᠢᠭᠡᠨ ᠴᠢᠯᠠᠭᠤᠨ ᠬᠥᠱᠢᠶ᠎ᠡ ᠱᠢᠭᠢᠳᠭᠡᠵᠦ᠍ ᠪᠠᠢᠵᠠᠶ᠂ ᠴᠢᠯᠥᠭᠡᠯᠡᠭ᠌ᠳᠡᠬᠦ᠌᠎ᠠᠴᠠ ᠡᠮᠦᠨ᠎ᠡ ᠲᠠᠪᠤᠨ ᠬᠡᠰᠡᠭ᠎ᠨᠢ ᠬᠤᠯᠠᠭᠠᠢᠯᠠᠭ᠍ᠳᠠᠵᠤ᠂ ᠣᠳᠣ ᠵᠢᠷᠭᠤᠭᠠᠬᠠᠨ ᠬᠡᠰᠡᠭ ᠦᠯᠡᠳᠡᠵᠤ ᠪᠤᠢ᠃ ᠴᠢᠯᠠᠭᠤᠨ ᠬᠦᠱᠢᠶ᠎ᠠ ᠲᠡᠭᠡᠷᠡᠬᠢ ᠦᠰᠦᠭ᠎ᠤᠳ᠎ᠨᠢ ᠪᠦᠷᠢᠨ ᠪᠦᠲᠦᠨ ᠪᠠᠢᠭ᠍ᠰᠠᠭᠠᠷ ᠲᠤᠯᠡ ᠪᠢᠳᠡ ᠲᠤᠬᠠᠶ᠎ᠶ᠋ᠢᠨ ᠦᠶ᠎ᠡ᠎ᠶ᠋ᠢᠨ ᠬᠥᠮᠦᠰ᠎ᠤᠨ ᠠᠮᠢᠳᠤᠷᠠᠯ ᠪᠣᠯᠤᠨ ᠬᠤᠲᠠ᠎ᠶ᠋ᠢᠨ ᠪᠦᠳᠦᠭᠦᠪᠴᠢ ᠪᠠᠢᠳᠠᠯ᠎ᠢ ᠣᠢᠯᠠᠭᠠᠵᠤ ᠪᠣᠯᠤᠨ᠎ᠠ᠃ 

ᠣᠲᠣ᠎ᠶ᠋ᠢᠨ ᠦᠯᠡᠳᠡᠵᠤ ᠪᠠᠢᠭ᠎ᠠ ᠵᠢᠷᠭᠤᠭᠠᠨ ᠴᠢᠯᠠᠭᠤᠨ ᠬᠥᠱᠢᠶᠡᠨ᠎ᠤ ᠥᠰᠥᠭ᠎ᠲᠤ ᠪᠣᠳᠠᠲᠠᠶ ᠤᠨ ᠵᠢᠯ ᠭᠡᠵᠦ᠍ ᠪᠠᠢᠬᠤ ᠥᠬᠡᠶ᠂ ᠪᠣᠳᠠᠲᠠᠶ ᠤᠨ ᠵᠢᠯ᠎ᠨᠢ ᠪᠠᠷᠤᠭ ᠬᠤᠯᠠᠭᠠᠢᠯᠠᠭ᠍ᠳᠠᠭ᠍ᠰᠠᠨ ᠴᠢᠯᠠᠭᠤᠨ ᠬᠥᠱᠢᠶ᠎ᠡ ᠳᠡᠭᠡᠷ᠎ᠡ ᠪᠠᠢᠵᠤ ᠮᠡᠳᠡᠨ᠎ᠡ ᠭᠡᠵᠦ᠍ ᠲᠤᠰᠭᠠᠢ ᠮᠡᠷᠭᠡᠵᠢᠯᠳᠡᠳ ᠲᠠᠭᠠᠮᠠᠭ᠍ᠯᠠᠵᠤ ᠪᠠᠢᠨ᠎ᠠ᠃ ᠭᠡᠪᠡᠴᠦ᠍ ᠣᠲᠣ ᠦᠯᠡᠳᠡᠵᠦ᠍ ᠢᠷᠡᠭ᠌ᠰᠡᠨ ᠵᠢᠷᠭᠤᠭᠠᠨ ᠬᠥᠱᠢᠶᠡᠨ᠎ᠤ ᠥᠰᠥᠭ ᠳᠡᠭᠡᠷᠡᠬᠢ ᠵᠣᠭᠤᠰ ᠬᠠᠨᠳᠢᠪᠯᠠᠭ᠍ᠴᠢ᠎ᠶ᠋ᠢᠨ ᠪᠤᠳᠠᠳᠠᠢ ᠮᠡᠳᠡᠭᠡ ᠵᠠᠩᠭᠢ ᠵᠢᠴᠢ ᠰᠤᠪᠤᠷᠭᠠᠨ ᠳᠣᠲᠣᠷᠠᠬᠢ ᠵᠢᠭᠤᠯᠴᠢᠯᠠᠬ᠍ᠰᠠᠳ᠎ᠤᠨ ᠲᠡᠮᠳᠡᠭ᠌ᠯᠡᠯ᠎ᠠᠴᠠ ᠡᠲᠡᠭᠡᠷ ᠴᠢᠯᠠᠭᠤᠨ ᠬᠥᠱᠢᠶ᠎ᠡ᠎ᠶ᠋ᠢ ᠠᠯᠲᠠᠨ ᠤᠯᠤᠰ᠎ᠤᠨ ᠦᠶ᠎ᠡ᠎ᠶ᠋ᠢᠨ ᠰᠤᠪᠤᠷᠭ᠎ᠠ ᠵᠠᠰᠠᠬᠤ ᠦᠶ᠎ᠡ᠎ᠳᠤ ᠱᠢᠭᠢᠳᠭᠡᠨ ᠣᠷᠣᠭᠤᠯᠤᠭ᠍ᠰᠠᠨ ᠭᠡᠳᠡᠭ᠎ᠢ ᠮᠡᠳᠡᠵᠦ᠍ ᠪᠣᠯᠤᠨ᠎ᠠ᠃ ᠵᠢᠱ᠌ᠢᠶᠡᠯᠡᠪᠡᠯ ᠬᠥᠱᠢᠶᠡᠨ᠎ᠤ ᠪᠢᠴᠢᠭ ᠳᠡᠭᠡᠷᠡᠬᠢ ᠱᠧᠨ ᠱᠠᠨ ᠵᠡᠷᠭᠡ ᠭᠠᠵᠠᠷ᠎ᠤᠨ ᠨᠡᠷ᠎ᠡ᠎ᠨᠢ ᠪᠦᠷ ᠠᠯᠲᠠᠨ ᠤᠯᠤᠰ᠎ᠤᠨ ᠭᠠᠵᠠᠷ᠎ᠤᠨ ᠨᠡᠷ᠎ᠡ ᠪᠠᠢᠵᠤ᠂ ᠬᠥᠱᠢᠶᠡᠨ᠎ᠤ ᠪᠢᠴᠢᠭ᠎ᠲᠤ ᠳᠤᠷᠠᠳᠤᠭ᠍ᠰᠠᠨ ᠵᠡᠷᠭᠡ ᠲᠤᠱᠢᠶᠠᠯ᠎ᠨᠢ ᠵᠥᠪᠬᠡᠨ ᠠᠯᠲᠠᠨ ᠤᠯᠤᠰ᠎ᠤᠨ ᠦᠶ᠎ᠡ᠎ᠳᠤ ᠯᠡ ᠪᠠᠢᠳᠠᠭ᠃ 

ᠴᠢᠯᠠᠭᠤᠨ ᠬᠦᠱᠢᠶ᠎ᠠ ᠲᠡᠭᠡᠷᠡᠬᠢ ᠬᠠᠨᠳᠢᠪᠯᠡᠬ᠍ᠰᠠᠨ ᠬᠦᠮᠤᠰ᠎ᠤᠨ ᠨᠡᠷ᠎ᠠ᠎ᠠᠴᠠ ᠦᠵᠡᠪᠡᠯ ᠤᠯᠠᠩᠭᠢ᠎ᠨᠢ ᠬᠢᠳᠠᠳ ᠦᠨᠳᠤᠰᠤᠳᠡᠨ ᠪᠤᠯᠬᠤ᠎ᠠᠴᠠ ᠭᠠᠳᠠᠨ᠎ᠠ ᠪᠠᠰᠠ ᠴᠦᠭᠡᠨ ᠲᠤᠭᠠᠳᠤ ᠦᠨᠳᠤᠰᠤᠳᠠᠨ᠎ᠤ ᠬᠦᠮᠤᠰ᠎ᠤᠨ ᠨᠡᠷ᠎ᠠ ᠴᠤ᠌ ᠪᠤᠢ᠂ ᠡᠬᠦᠨ᠎ᠤ ᠲᠤᠳᠤᠷ᠎ᠠ ᠵᠦᠷᠴᠢᠨ ᠦᠨᠳᠤᠰᠤᠳᠡᠨ᠂ ᠬᠢᠳᠠᠨ ᠦᠨᠳᠤᠰᠤᠳᠠᠨ᠂ ᠮᠤᠩᠭᠤᠯ ᠦᠨᠳᠤᠰᠤᠳᠡᠨ᠎ᠤ ᠬᠦᠮᠦᠰ᠎ᠤᠨ ᠨᠡᠷ᠎ᠠ ᠪᠦᠷ ᠪᠠᠢᠨ᠎ᠠ᠃ ᠡᠬᠦᠨ᠎ᠠᠴᠠ ᠭᠠᠳᠠᠨ᠎ᠠ ᠴᠢᠯᠠᠭᠤᠨ ᠬᠦᠱᠢᠶ᠎ᠠ ᠲᠡᠭᠡᠷ᠎ᠠ ᠪᠠᠰᠠ ᠴᠦᠬᠡᠨ ᠲᠤᠭᠠᠳᠤ ᠦᠨᠳᠤᠰᠤᠳᠡᠨ᠎ᠤ ᠠᠢᠮᠠᠭ ᠤᠬ᠍ᠰᠠᠭ᠎ᠠ᠎ᠶ᠋ᠢ ᠴᠤ᠌ ᠲᠡᠮᠳᠡᠭ᠌ᠯᠡᠵᠤ ᠪᠤᠢ᠃ ᠡᠳᠡᠭᠡᠷ᠎ᠠᠴᠠ ᠲᠤᠬᠠᠢ᠎ᠶ᠋ᠢᠨ ᠦᠶ᠎ᠡ᠎ᠳᠤ ᠹᠧᠩᠵᠸᠦ ᠬᠤᠳᠠ᠎ᠳᠤ ᠬᠢᠳᠡᠳ ᠦᠨᠳᠤᠰᠤᠳᠡᠨ᠂ ᠵᠦᠷᠴᠢᠨ ᠦᠨᠳᠤᠰᠤᠳᠡᠨ᠂ ᠬᠢᠳᠡᠨ ᠦᠨᠳᠤᠰᠤᠳᠡᠨ ᠵᠢᠴᠢ ᠪᠤᠰᠤᠳ ᠦᠨᠳᠤᠰᠤᠳᠡᠨ᠎ᠨᠦᠭᠦᠳ ᠡᠶ᠎ᠡ ᠵᠤᠬᠢᠴᠠᠩᠭᠤᠢ᠎ᠪᠠᠷ ᠤᠷᠤᠱᠢᠨ ᠲᠤᠬ᠍ᠳᠠᠨᠢᠵᠤ᠂ ᠨᠦᠬᠦᠷᠰᠡᠭ᠎ᠢᠶᠠᠷ ᠶᠠᠪᠤᠯᠴᠠᠵᠤ ᠪᠠᠢᠭ᠎ᠠ ᠪᠠᠢᠳᠠᠯ᠎ᠢ ᠮᠡᠳᠡᠷᠡᠵᠤ ᠪᠤᠯᠬᠤ ᠶᠤᠮ᠃ ᠹᠸᠡᠭ᠌ᠵᠸᠤ᠎ᠶ᠋ᠢᠨ ᠦᠡᠭ ᠱᠢᠮᠡᠯᠢᠭ ᠭᠠᠵᠠᠷ ᠨᠤᠳᠤᠭ᠎ᠢ ᠶᠠᠭ ᠡᠳᠡᠭᠡᠷ ᠦᠨᠳᠤᠰᠤᠳᠡᠨ᠎ᠨᠦᠭᠦᠳ᠎ᠤᠨ ᠬᠦᠮᠦᠰ ᠰᠡᠳᠭᠢᠯ ᠨᠢᠭᠡᠳᠤᠨ ᠬᠦᠴᠤ᠎ᠪᠠᠨ ᠬᠠᠮᠳᠤᠳᠭᠠᠵᠤ ᠨᠡᠭᠡᠭᠡᠨ ᠬᠦᠭ᠌ᠵᠢᠬᠦᠯᠦᠭ᠌ᠰᠡᠨ ᠠᠵᠢ᠃ 

ᠵᠥᠩ ᠲᠦᠩ᠎ᠤᠨ ᠶᠤᠸᠠᠨ ᠪᠦᠦ ᠵᠣᠭᠤᠰ 

1983 ᠤᠨ᠎ᠳᠤ᠂ ᠬᠦᠬᠡᠬᠤᠳᠠ᠎ᠶ᠋ᠢᠨ ᠲᠡᠤᠭᠡᠨ ᠲᠤᠷᠠᠰᠭᠠᠯᠳᠤ ᠵᠦᠢᠯᠡᠰ᠎ᠤᠨ ᠬᠠᠮᠢᠶ᠎ᠠ ᠪᠦᠬᠦᠢ ᠰᠠᠯᠠᠭ᠎ᠠ ᠮᠦᠴᠢᠷ᠎ᠠᠴᠠ ᠲᠦᠮᠡᠨ ᠪᠤᠳᠢ ᠴᠡᠴᠡᠭ᠎ᠤᠨ ᠴᠢᠮᠡᠭ᠌ᠳᠤ ᠰᠤᠳᠤᠷ᠎ᠤᠨ ᠰᠤᠪᠤᠷᠭ᠎ᠠ᠎ᠶ᠋ᠢ ᠰᠡᠯᠪᠢᠨ ᠵᠠᠰᠠᠬᠤ ᠦᠶ᠎ᠠ᠎ᠳᠤ᠂ ᠰᠤᠪᠤᠷᠭ᠎ᠠ᠎ᠶ᠋ᠢᠨ ᠡᠯᠡᠰᠦᠨ ᠱᠢᠭᠤᠷᠭ᠎ᠠ᠎ᠳᠤ ᠳᠠᠷᠤᠭ᠍ᠳᠠᠭ᠍ᠰᠠᠨ ᠱᠢᠷᠣᠶ ᠳᠣᠲᠣᠷ᠎ᠠ᠎ᠠᠴᠠ ᠨᠢᠭᠡ ᠴᠠᠭᠠᠰᠤᠨ ᠵᠤᠭᠤᠰ᠎ᠢ ᠢᠯᠡᠷᠡᠭᠦᠯᠪᠡ᠃ 

ᠲᠤᠰᠭᠠᠶ ᠮᠡᠷᠭᠡᠵᠢᠯᠲᠡᠨ᠎ᠤ ᠬᠢᠨᠠᠨ ᠲᠣᠭ᠍ᠲᠠᠭᠠᠭ᠍ᠰᠠᠨ᠎ᠢᠶᠠᠷ᠂ ᠡᠨᠡ ᠪᠤᠯ ᠬᠤᠪᠢᠯᠠᠶ ᠬᠠᠭᠠᠨ᠎ᠤ ᠦᠶ᠎ᠡ᠎ᠶ᠋ᠢᠨ 《ᠵᠥᠩ ᠲᠦᠩ᠎ᠤᠨ ᠶᠤᠸᠠᠨ ᠪᠦᠦ ᠵᠣᠭᠤᠰ》 ᠪᠠᠢᠵᠤ᠂ ᠮᠠᠨ᠎ᠤ ᠤᠯᠤᠰ᠎ᠤᠨ ᠣᠲᠣᠬᠠᠨ ᠪᠣᠯᠲᠠᠯ᠎ᠠ ᠣᠯᠵᠤ ᠮᠡᠳᠡᠭ᠌ᠰᠡᠨ ᠬᠠᠮᠤᠭ᠎ᠤᠨ ᠡᠷᠲᠡᠨ᠎ᠤ ᠴᠠᠭᠠᠰᠤᠨ ᠵᠣᠭᠤᠰ ᠪᠣᠯᠬᠤ ᠪᠥᠭᠡᠳ ᠳᠡᠯᠡᠬᠡᠶ ᠳᠡᠭᠡᠷᠡᠬᠢ ᠣᠲᠣᠬᠠᠨ ᠪᠤᠯᠳᠠᠯ᠎ᠠ ᠤᠯᠳᠠᠬ᠍ᠰᠠᠨ ᠬᠠᠮᠤᠭ᠎ᠤᠨ ᠡᠷᠲᠡᠨ᠎ᠤ ᠴᠠᠭᠠᠰᠤᠨ ᠵᠣᠭᠤᠰ᠎ᠤᠨ ᠨᠢᠭᠡ ᠪᠣᠯᠤᠨ᠎ᠠ᠃ ᠲᠤᠰ ᠵᠤᠭᠤᠰ᠎ᠨᠢ ᠶᠤᠸᠠᠨ ᠤᠯᠤᠰ᠎ᠤᠨ ᠴᠠᠭᠠᠰᠤᠨ ᠵᠣᠭᠤᠰ᠎ᠤᠨ ᠬᠡᠯᠪᠡᠷᠢ᠎ᠶ᠋ᠢᠨ ᠬᠤᠭᠤᠰᠣᠨ᠎ᠢ ᠨᠥᠬᠦᠪᠥᠷᠢᠯᠡᠭ᠌ᠰᠡᠨ᠎ᠢᠶᠠᠷ ᠪᠠᠷᠠᠬᠤ ᠦᠭᠡᠢ᠂ ᠪᠠᠰᠠ ᠶᠤᠸᠠᠨ ᠤᠯᠤᠰ᠎ᠤᠨ ᠴᠠᠭᠠᠰᠤᠨ ᠵᠣᠭᠤᠰ᠎ᠢ ᠰᠤᠳᠤᠯᠬᠤ᠎ᠳᠤ ᠬᠤᠪᠣᠷ ᠨᠠᠨᠳᠢᠨ ᠪᠣᠳᠠᠲᠤ ᠮᠠᠲ᠋ᠧᠷᠢᠶᠠᠯ ᠬᠠᠨᠭ᠌ᠭᠠᠪᠠ᠃ 

ᠠᠯᠳᠠᠨ ᠲᠠᠬᠢᠶ᠎ᠠ᠎ᠶ᠋ᠢᠨ ᠲᠤᠮᠤᠭ 

ᠥᠩᠭᠡᠷᠡᠭ᠌ᠰᠡᠨ᠎ᠳᠤ ᠴᠠᠭᠠᠨ ᠰᠤᠪᠤᠷᠭ᠎ᠠ᠎ᠶ᠋ᠢᠨ ᠣᠷᠣᠶ᠎ᠳᠤ ᠨᠢᠭᠡ ᠠᠯᠳᠠᠨ ᠥᠳᠥ᠎ᠲᠠᠢ ᠡᠷᠡᠭ᠌ᠴᠢᠨ ᠲᠠᠬᠢᠶ᠎ᠠ ᠠᠮᠢᠳᠤᠷᠠᠵᠤ ᠪᠠᠢᠵᠠᠶ ᠭᠡᠨ᠎ᠡ᠃ ᠲᠡᠷᠡ᠎ᠨᠢ ᠡᠳᠦᠷ ᠪᠦᠷᠢ ᠬᠠᠮᠤᠭ᠎ᠤᠨ ᠡᠷᠳᠡ ᠳᠤᠤᠭᠠᠷᠴᠤ᠌ ᠬᠡᠬᠡ ᠤᠷᠤᠬ᠍ᠰᠠᠨ᠎ᠢ ᠲᠤᠰᠭᠤᠨ᠎ᠤ ᠠᠷᠠᠳ᠎ᠲᠤ ᠮᠡᠳᠡᠭ᠌ᠳᠡᠵᠦ᠍᠂ ᠬᠥᠮᠦᠰ ᠨᠢᠭᠡ ᠡᠳᠦᠷ᠎ᠤᠨ ᠴᠣ᠌ ᠱᠢᠨ᠎ᠡ ᠠᠮᠢᠳᠤᠷᠠᠯ᠎ᠢᠶᠠᠨ ᠡᠬᠢᠯᠡᠭᠦᠯᠳᠡᠭ᠃ ᠡᠨᠡ ᠠᠯᠳᠠᠨ ᠲᠠᠬᠢᠶ᠎ᠠ ᠬᠡᠨ ᠨᠢᠭᠡᠨ᠎ᠤ ᠲᠠᠷᠢᠶᠠᠨ᠎ᠳᠤ ᠪᠠᠭᠤᠬᠤ᠎ᠳᠤ ᠬᠦᠷᠪᠡᠯ ᠲᠡᠷᠡ ᠠᠢᠯ᠎ᠤᠨ ᠲᠠᠷᠢᠶ᠎ᠠ ᠲᠦᠮᠤᠰᠤ ᠡᠯᠪᠡᠭ ᠬᠤᠷᠢᠶᠠᠯᠳᠠ ᠤᠯᠳᠠᠭ ᠶᠤᠮ ᠬᠡᠨ᠎ᠠ᠃ 

ᠨᠢᠭᠡᠨ ᠡᠳᠤᠷ᠂ ᠭᠠᠳᠠᠷ ᠣᠷᠣᠨ᠎ᠤ ᠲᠦᠯᠭᠡᠴᠢ ᠲᠤᠰᠭᠤᠨ᠎ᠢᠶᠠᠷ ᠥᠩᠭᠡᠷᠡᠬᠦ᠌᠎ᠳᠡᠭᠡᠨ ᠴᠠᠭᠠᠨ ᠰᠤᠪᠤᠷᠭᠠᠨ ᠳᠡᠭᠡᠷᠡᠬᠢ ᠠᠯᠲᠠᠨ ᠲᠠᠬᠢᠶ᠎ᠠ᠎ᠶ᠋ᠢ ᠬᠡᠷᠬᠢᠨ ᠬᠤᠯᠠᠭᠠᠢᠯᠠᠨ ᠠᠪᠠᠴᠢᠬᠤ ᠲᠤᠬᠠᠢ ᠠᠷᠭ᠎ᠠ ᠪᠤᠳᠤᠵᠤ᠂ ᠲᠤᠬᠠᠶ᠎ᠶ᠋ᠢᠨ ᠭᠠᠵᠠᠷ᠎ᠤᠨ ᠨᠢᠭᠡ ᠵᠦᠢᠯ᠎ᠤᠨ ᠦᠨᠳᠦᠰᠦ ᠦᠭᠡᠢ ᠡᠪᠡᠰᠦ ᠪᠠ ᠱᠢᠭᠦᠳᠡᠷᠢ᠎ᠪᠠᠷ ᠥᠭ᠌ᠶᠥᠭᠡ ᠪᠣᠯᠭᠠᠵᠤ᠂ ᠲᠣᠮᠣ ᠲᠤᠤᠷ ᠪᠠᠵᠠᠭᠠᠨ ᠠᠯᠳᠠᠨ ᠲᠠᠬᠢᠶ᠎ᠠ᠎ᠶ᠋ᠢ ᠬᠤᠯᠠᠭᠠᠢᠯᠠᠬᠤ᠎ᠪᠠᠷ ᠪᠡᠯᠡᠳᠭᠡᠪᠡ᠃ ᠨᠢᠭᠡᠨ ᠡᠳᠦᠷ᠂ ᠠᠯᠲᠠᠨ ᠲᠠᠬᠢᠶ᠎ᠠ ᠢᠳᠡᠰᠢ ᠡᠷᠢᠬᠦ᠌᠎ᠪᠠᠷ ᠭᠠᠷᠴᠤ᠌ ᠢᠷᠡᠬᠦ᠌ ᠦᠶ᠎ᠡ᠎ᠳᠤ ᠦᠨᠦᠬᠢ ᠲᠦᠯᠭᠡᠴᠢ ᠪᠠᠷᠢᠬᠤ ᠭᠡᠵᠦ᠍ ᠪᠠᠢᠳᠠᠯ᠎ᠠ ᠨᠢᠭᠡᠨ ᠲᠣᠰᠭᠤᠨ᠎ᠤ ᠠᠷᠠᠳ ᠣᠯᠵᠤ ᠦᠵᠡᠭᠡᠳ ᠠᠯᠳᠠᠨ ᠲᠠᠬᠢᠶ᠎ᠠ᠎ᠳᠤ ᠲᠤᠬᠢᠶ᠎ᠠ ᠦᠭ᠌ᠴᠤ ᠠᠮᠵᠢᠬ᠍ᠰᠠᠨ᠎ᠠᠴᠠ ᠲᠦᠯᠭᠡᠴᠢ ᠠᠯᠲᠠᠨ ᠲᠠᠬᠢᠶ᠎ᠠ᠎ᠶ᠋ᠢ ᠪᠠᠷᠢᠵᠤ ᠲᠡᠢᠯᠦᠭ᠌ᠰᠡᠨ ᠥᠬᠡᠶ᠃ ᠡᠬᠦᠨ᠎ᠠᠴᠠ ᠪᠤᠯᠵᠦ᠍ ᠠᠶᠤᠵᠤ ᠰᠣᠴᠢᠭ᠍ᠰᠠᠨ ᠠᠯᠲᠠᠨ ᠲᠠᠬᠢᠶ᠎ᠠ ᠡᠷᠬᠢᠵᠤ ᠴᠠᠭᠠᠨ ᠰᠤᠪᠤᠷᠭ᠎ᠠ ᠲᠡᠭᠡᠷ᠎ᠠ ᠢᠷᠡᠭ᠌ᠰᠡᠨ ᠦᠬᠡᠢ ᠭᠡᠨ᠎ᠡ᠃ 

ᠴᠠᠭᠠᠨ ᠰᠤᠪᠤᠷᠭ᠎ᠠ 

ᠬᠥᠬᠡᠬᠤᠲᠠ᠎ᠳᠤ ᠢᠷᠡᠵᠦ᠍ ᠥᠩᠭᠡᠷᠡᠭ᠌ᠰᠡᠨ ᠠᠶᠠᠨᠴᠢᠳ ᠴᠠᠭᠠᠨ ᠰᠤᠪᠤᠷᠭ᠎ᠠ ᠣᠯᠠᠨ ᠤᠯᠤᠰ᠎ᠤᠨ ᠨᠢᠰᠭᠡᠯ᠎ᠤᠨ ᠪᠠᠭᠤᠳᠠᠯ᠎ᠢ ᠪᠦᠷ ᠮᠡᠳᠡᠨ᠎ᠡ᠃ ᠦᠡᠭ᠌ᠭᠡᠷᠡᠭ᠌ᠰᠡᠨ᠎ᠳᠤ᠂ ᠭᠠᠯᠳᠤ ᠲᠡᠷᠭᠡ᠎ᠪᠠᠷ ᠪᠤᠯ ᠴᠠᠭᠠᠨ ᠰᠤᠪᠤᠷᠭ᠎ᠠ ᠭᠠᠯᠳᠤ ᠲᠡᠷᠭᠡᠨ ᠦᠷᠳᠡᠭᠡ᠎ᠪᠠᠷ ᠲᠠᠮᠵᠢᠨ ᠬᠦᠬᠡᠬᠤᠳᠠ ᠦᠷᠳᠡᠭᠡ᠎ᠳᠤ ᠬᠦᠷᠳᠡᠭ᠂ ᠮᠠᠱᠢᠨ ᠲᠡᠷᠭᠡ᠎ᠪᠠᠷ ᠪᠤᠯ ᠴᠠᠭᠠᠨ ᠰᠤᠪᠤᠷᠭ᠎ᠠ ᠰᠦᠢᠳᠭᠡᠯ ᠬᠤᠷᠢᠶᠠᠬᠤ ᠦᠷᠳᠡᠭᠡ᠎ᠪᠠᠷ ᠲᠠᠮᠵᠢᠨ ᠬᠦᠬᠡᠬᠤᠳᠠ᠎ᠳᠤ ᠤᠷᠤᠳᠠᠭ ᠶᠤᠮ᠃ ᠡᠳᠡᠭᠡᠷ ᠴᠢᠬᠤᠯᠠ ᠵᠠᠮ ᠱᠤᠭᠤᠮ᠎ᠢ ᠪᠦᠷ ᠴᠠᠭᠠᠨ ᠰᠤᠪᠤᠷᠭ᠎ᠠ᠎ᠪᠠᠷ ᠨᠡᠷᠡᠢᠳᠦᠭ᠌ᠰᠡᠨ᠎ᠨᠢ ᠦᠪᠡᠷ᠎ᠤᠨ ᠬᠡᠰᠡᠨ ᠤᠳᠭ᠎ᠠ ᠤᠴᠢᠷ᠎ᠲᠠᠢ᠃ 

ᠴᠠᠭᠠᠨ ᠰᠤᠪᠤᠷᠭ᠎ᠠ ᠨᠢᠰᠭᠡᠯ᠎ᠤᠨ ᠪᠠᠭᠤᠳᠠᠯ᠂ ᠴᠠᠭᠠᠨ ᠰᠤᠪᠤᠷᠭ᠎ᠠ ᠰᠦᠢᠳᠭᠡᠯ ᠬᠤᠷᠢᠶᠠᠬᠤ ᠦᠷᠳᠡᠭᠡ᠂ ᠴᠠᠭᠠᠨ ᠰᠤᠪᠤᠷᠭ᠎ᠠ ᠭᠠᠯᠳᠤ ᠲᠡᠷᠭᠡᠨ ᠦᠷᠳᠡᠭᠡ᠎ᠶ᠋ᠢᠨ ᠡᠷᠬᠢᠨ ᠲᠣᠭᠤᠷᠢᠨ᠎ᠳᠤ ᠨᠢᠭᠡᠨ ᠴᠠᠭᠠᠨ ᠰᠤᠪᠤᠷᠭ᠎ᠠ ᠬᠡᠬᠦ᠌ ᠲᠣᠰᠭᠤᠨ ᠪᠠᠢᠵᠤ᠂ ᠲᠤᠰᠭᠤᠨ᠎ᠤ ᠪᠠᠢᠭ᠎ᠠ ᠭᠠᠵᠠᠷ᠎ᠨᠢ ᠲᠠᠷᠤᠢ ᠡᠷᠳᠡᠨ᠎ᠤ ᠹᠧᠩᠵᠸᠦ ᠬᠤᠳᠠ᠎ᠶ᠋ᠢᠨ ᠪᠠᠭᠤᠷᠢ ᠪᠤᠯᠤᠨ᠎ᠠ᠃ 

ᠴᠠᠭᠠᠨ ᠰᠤᠪᠤᠷᠭ᠎ᠠ ᠲᠣᠰᠭᠤᠨ ᠲᠩᠷᠢ ᠭᠠᠵᠠᠷ᠎ᠢ ᠳᠣᠩᠰᠣᠯᠭᠠᠮ᠎ᠠ ᠬᠤᠪᠢᠷᠠᠯᠲᠠ ᠭᠠᠷᠤᠭ᠍ᠰᠠᠨ ᠪᠤᠯᠪᠠᠴᠤ᠌ ᠲᠤᠰᠭᠤᠨ᠎ᠤ ᠵᠢᠯ ᠪᠦᠷᠢ᠎ᠶ᠋ᠢᠨ ᠪᠢᠯᠢᠭ᠎ᠤᠨ ᠤᠯᠠᠷᠢᠯ᠎ᠤᠨ ᠳᠥᠷᠪᠡᠨ ᠰᠠᠷ᠎ᠠ᠎ᠶ᠋ᠢᠨ ᠬᠤᠷᠢᠨ ᠨᠠᠢ᠍ᠮᠠᠨ᠎ᠤ ᠰᠦᠮ᠎ᠡ᠎ᠶ᠋ᠢᠨ ᠴᠤᠭ᠍ᠯᠠᠭᠠᠨ ᠮᠦᠨ ᠬᠦ᠌ ᠤᠤᠯ ᠶᠤᠰᠤᠭᠠᠷ ᠶᠠᠪᠤᠭ᠍ᠳᠠᠭ᠍ᠰᠠᠭᠠᠷ᠃ ᠰᠦᠮ᠎ᠡ᠎ᠶ᠋ᠢᠨ ᠴᠤᠭ᠍ᠯᠠᠭᠠᠨ᠎ᠳᠤ᠂ ᠦᠢᠷ᠎ᠠ ᠬᠠᠪᠢ᠎ᠶ᠋ᠢᠨ ᠲᠤᠰᠭᠤᠨ᠎ᠤ ᠠᠷᠠᠳ ᠪᠦᠬᠦᠳᠡᠭᠡᠷ ᠴᠤᠬ᠍ᠯᠠᠷᠠᠵᠤ ᠤᠳᠭ᠎ᠠ ᠲᠡᠬᠦᠯᠳᠡᠷ ᠰᠤᠶᠤᠯ᠎ᠤᠨ ᠠᠵᠢᠯᠯᠠᠭ᠎ᠠ ᠦᠷᠨᠢᠬᠦᠯᠦᠨ ᠵᠢᠭᠤᠯᠴᠢᠯᠠᠯ᠎ᠤᠨ ᠠᠵᠤ ᠦᠢᠯᠡᠰ᠎ᠢᠶᠠᠨ ᠲᠠᠢᠴᠢᠯᠠᠳᠠᠭ᠃ 

ᠴᠠᠭᠠᠨ ᠰᠤᠪᠤᠷᠭ᠎ᠠ ᠤᠯᠠᠨ ᠤᠯᠤᠰ᠎ᠤᠨ ᠨᠢᠰᠭᠡᠯ᠎ᠤᠨ ᠪᠠᠭᠤᠳᠠᠯ ᠦᠪᠤᠷ ᠮᠤᠩᠭᠤᠯ᠎ᠤᠨ 《ᠨᠡᠷ᠎ᠠ᠎ᠶ᠋ᠢᠨ ᠬᠠᠭᠤᠳᠠᠰᠤ》 ᠪᠤᠯᠵᠤ ᠡᠷᠳᠡᠨ᠎ᠤ ᠹᠧᠩᠵᠸᠦ ᠬᠤᠳᠠ᠎ᠶ᠋ᠢᠨ ᠵᠠᠮ ᠬᠠᠷᠢᠯᠴᠠᠭᠠᠨ᠎ᠤ ᠪᠠᠯᠴᠢᠷ᠎ᠤᠨ ᠦᠢᠯᠡᠳᠦᠯ᠎ᠢ ᠵᠠᠯᠭᠠᠮᠵᠢᠯᠠᠨ ᠪᠠᠳᠠᠷᠠᠭᠤᠯᠵᠦ᠍᠂ ᠲᠠᠯ᠎ᠠ ᠨᠤᠳᠤᠭ ᠬᠢᠭᠡᠳ ᠲᠠᠯᠠᠬᠡᠢ ᠲᠠᠬᠢᠨ᠎ᠯᠤᠭ᠎ᠠ ᠵᠤᠯᠭᠠᠬᠤ ᠴᠢᠬᠤᠯᠠ ᠠᠶᠠᠯᠠᠯ᠎ᠤᠨ ᠱᠤᠭᠤᠮ ᠪᠤᠯᠵᠤ ᠬᠦᠭ᠌ᠵᠢᠵᠠᠢ᠃ ᠴᠠᠭᠠᠨ ᠰᠤᠪᠤᠷᠭ᠎ᠠ ᠭᠠᠯᠳᠤ ᠲᠡᠷᠭᠡᠨ ᠦᠷᠳᠡᠭᠡ᠎ᠶ᠋ᠢ 1923 ᠤᠨ᠎ᠳᠤ ᠡᠬᠢᠯᠡᠨ ᠪᠠᠢᠭᠤᠯᠵᠤ᠂ 2019 ᠤᠨ᠎ᠤ 10 ᠰᠠᠷ᠎ᠠ᠎ᠶ᠋ᠢᠨ 17 ᠎ᠤ ᠡᠳᠤᠷ᠂ ᠴᠠᠭᠠᠨ ᠰᠤᠪᠤᠷᠭ᠎ᠠ ᠭᠠᠯᠳᠤ ᠲᠡᠷᠭᠡᠨ ᠦᠷᠳᠡᠭᠡ᠎ᠶ᠋ᠢᠨ ᠬᠠᠭᠤᠴᠢᠨ ᠪᠠᠭᠤᠷᠢ ᠨᠢᠭᠡᠨᠳᠡ ᠨᠠᠢ᠍ᠮᠠᠳᠤᠭᠠᠷ ᠪᠦᠯᠦᠭ᠎ᠤᠨ ᠪᠦᠬᠦ᠌ ᠤᠯᠤᠰ᠎ᠤᠨ ᠭᠤᠤᠯᠳᠠᠯᠭ᠎ᠠ᠎ᠲᠠᠢ ᠲᠡᠤᠭᠡ᠎ᠶ᠋ᠢᠨ ᠲᠤᠷᠠᠰᠭᠠᠯᠳᠤ ᠵᠦᠢᠯᠡᠰ᠎ᠤᠨ ᠬᠠᠮᠠᠭᠠᠯᠠᠯᠳᠠ᠎ᠶ᠋ᠢᠨ ᠨᠢᠭᠡᠴᠢ᠎ᠳᠤ ᠰᠤᠩᠭᠤᠬ᠍ᠳᠠᠪᠠ᠃ 

ᠲᠡᠦᠭᠡ᠎ᠶ᠋ᠢᠨ ᠦᠪ᠎ᠤᠨ ᠦᠵᠡᠬᠦᠯᠭᠡ᠎ᠶ᠋ᠢᠨ ᠬᠤᠩᠬᠢᠯ 

1982 ᠣᠨ᠎ᠳᠤ᠂ ᠲᠦᠷᠦ᠎ᠶ᠋ᠢᠨ ᠶᠠᠪᠤᠳᠠᠯ᠎ᠤᠨ ᠬᠤᠷᠢᠶ᠎ᠠ᠎ᠠᠴᠠ ᠴᠠᠭᠠᠨ ᠰᠤᠪᠤᠷᠭ᠎ᠠ᠎ᠶ᠋ᠢ ᠬᠤᠶᠠᠳᠤᠭᠠᠷ ᠪᠦᠯᠦᠭ᠎ᠤᠨ ᠭᠤᠣᠯᠳᠠᠯᠭ᠎ᠠ᠎ᠲᠠᠢ ᠪᠦᠬᠦ᠌ ᠤᠯᠤᠰ᠎ᠤᠨ ᠲᠡᠦᠬᠡ᠎ᠶ᠋ᠢᠨ ᠳᠤᠷᠠᠰᠭᠠᠯᠲᠤ ᠵᠦᠢᠯᠡᠰ᠎ᠤᠨ ᠬᠠᠮᠠᠭᠠᠯᠠᠯᠲᠠ᠎ᠶ᠋ᠢᠨ ᠨᠢᠭᠡᠴᠢ᠎ᠪᠠᠷ ᠨᠡᠢᠳᠡᠯᠠᠪᠠ᠃ ᠰᠤᠪᠤᠷᠭ᠎ᠠ᠎ᠶ᠋ᠢ ᠰᠠᠢᠳᠤᠷ ᠬᠠᠮᠠᠭᠠᠯᠠᠬᠤ᠎ᠶ᠋ᠢᠨ ᠲᠦᠯᠤᠭᠡ ᠦᠪᠡᠷᠳᠡᠭᠡᠨ ᠵᠠᠰᠠᠬᠤ ᠤᠷᠤᠨ ᠪᠠ ᠬᠦᠬᠡᠬᠤᠳᠠ᠎ᠶ᠋ᠢᠨ ᠬᠠᠮᠢᠶ᠎ᠠ ᠪᠦᠬᠦᠢ ᠪᠠᠢᠭᠤᠯᠭ᠎ᠠ ᠨᠢᠭᠡᠴᠢ᠎ᠶ᠋ᠢᠨ᠎ᠬᠢᠨ ᠬᠠᠭᠤᠴᠢ ᠰᠤᠳᠤᠯᠭᠠᠨ᠂ ᠲᠡᠤᠭᠡ᠂ ᠪᠠᠷᠢᠯᠭ᠎ᠠ᠎ᠶ᠋ᠢᠨ ᠮᠡᠷᠭᠡᠵᠢᠯᠳᠡᠨ᠎ᠢ ᠤᠷᠢᠵᠤ᠂ ᠴᠠᠭᠠᠨ ᠰᠤᠪᠤᠷᠭᠠᠨ᠎ᠳᠤ ᠱᠢᠯᠭᠠᠨ ᠪᠠᠳᠤᠯᠠᠯᠳᠠ ᠬᠢᠯᠬᠡᠵᠤ᠂ ᠰᠠᠯᠪᠢᠨ ᠵᠠᠰᠠᠬᠤ ᠲᠦᠰᠤᠯ ᠲᠤᠭ᠍ᠳᠠᠭᠠᠨ᠂ 1985 ᠤᠨ᠎ᠠᠴᠠ 1987 ᠤᠨ ᠪᠤᠯᠳᠠᠯ᠎ᠠ 3 ᠬᠤᠭᠤᠴᠠᠭ᠎ᠠ ᠬᠤᠪᠢᠶᠠᠵᠤ ᠲᠦᠢᠯᠪᠤᠷᠢᠳᠠᠢ ᠰᠡᠯᠪᠢᠨ ᠵᠠᠰᠠᠵᠠᠢ᠃ 

ᠴᠠᠭᠠᠨ ᠰᠤᠪᠤᠷᠭ᠎ᠠ ᠪᠣᠯᠤᠨ ᠹᠧᠩᠵᠸᠤ᠎ᠶ᠋ᠢᠨ ᠬᠠᠭᠤᠴᠢᠨ ᠬᠤᠲᠠ᠎ᠶ᠋ᠢᠨ ᠪᠠᠭᠤᠷᠢ᠎ᠨᠢ ᠴᠥᠮ ᠪᠦᠬᠦ᠌ ᠤᠯᠤᠰ᠎ᠤᠨ ᠭᠤᠣᠯᠳᠠᠯᠭ᠎ᠠ᠎ᠲᠠᠢ ᠲᠡᠦᠬᠡ᠎ᠶ᠋ᠢᠨ ᠳᠤᠷᠠᠰᠭᠠᠯᠲᠤ ᠵᠦᠢᠯᠡᠰ᠎ᠤᠨ ᠬᠠᠮᠠᠭᠠᠯᠠᠯᠲᠠ᠎ᠶ᠋ᠢᠨ ᠨᠢᠭᠡᠴᠢ᠎ᠳᠤ ᠵᠢᠬ᠍ᠰᠠᠭᠠᠬ᠍ᠳᠠᠬ᠍ᠰᠠᠨ ᠪᠤᠯᠬᠤᠷ ᠦᠵᠡᠭ᠌ᠴᠢᠳ ᠰᠤᠪᠤᠷᠭ᠎ᠠ ᠳᠣᠲᠣᠷ᠎ᠠ ᠣᠷᠣᠵᠤ ᠳᠡᠢᠯᠬᠦ᠌᠎ᠪᠠᠨ ᠪᠤᠯᠢᠬ᠍ᠰᠠᠨ ᠲᠤᠯᠠ ᠲᠡᠦᠬᠡ᠎ᠶ᠋ᠢᠨ ᠳᠤᠷᠠᠰᠭᠠᠯᠲᠤ ᠵᠦᠢᠯᠡᠰ᠎ᠤᠨ ᠰᠠᠯᠠᠭ᠎ᠠ ᠮᠥᠴᠢᠷ᠎ᠠᠴᠠ ᠵᠢᠭᠤᠯᠴᠢᠯᠠᠭ᠍ᠰᠠᠳ᠎ᠤᠨ ᠲᠤᠷ᠎ᠠ ᠰᠤᠨᠢᠷᠬᠠᠯ᠎ᠢ ᠬᠠᠨᠭ᠌ᠭᠠᠬᠤ᠎ᠶ᠋ᠢᠨ ᠲᠦᠯᠤᠭᠡ ᠰᠤᠪᠤᠷᠭ᠎ᠠ᠎ᠶ᠋ᠢᠨ ᠪᠠᠷᠠᠭᠤᠨ ᠲᠠᠯ᠎ᠠ᠎ᠳᠤ ᠲᠠᠪᠢᠨ ᠮᠧᠲᠷ ᠬᠢᠷᠢᠲᠠᠢ ᠤᠷᠳᠤ ᠲᠡᠦᠭᠡ᠎ᠶ᠋ᠢᠨ ᠲᠤᠷᠠᠰᠭᠠᠯᠳᠤ ᠵᠦᠢᠯ᠎ᠤᠨ ᠦᠵᠡᠬᠦᠯᠭᠡ᠎ᠶ᠋ᠢᠨ ᠬᠤᠨᠭ᠌ᠭᠢᠯ᠎ᠢ ᠲᠤᠬᠢᠷᠠᠭᠤᠯᠤᠬ᠍ᠰᠠᠨ ᠪᠠᠢᠨ᠎ᠠ᠃ ᠲᠤᠰ ᠬᠤᠨᠭ᠌ᠭᠢᠯ᠎ᠳᠤ ᠰᠤᠪᠤᠷᠭ᠎ᠠ᠎ᠠᠴᠠ ᠮᠠᠯᠳᠠᠵᠤ ᠭᠠᠷᠭᠠᠬ᠍ᠰᠠᠨ ᠲᠢᠶᠡᠨ ᠸᠠᠩ᠎ᠤᠨ ᠲᠤᠯᠤᠭᠠᠢ᠎ᠶ᠋ᠢᠨ ᠬᠦᠷᠦᠭ᠂ ᠠᠪᠤᠷᠭᠤ ᠬᠦᠴᠤᠳᠡᠨ᠎ᠤ ᠬᠦᠷᠦᠭ᠂ ᠪᠤᠷᠬᠠᠨ᠎ᠤ ᠬᠦᠷᠦᠭ᠂ ᠶᠤᠸᠠᠨ ᠤᠯᠤᠰ᠎ᠤᠨ ᠱᠠᠭᠠᠵᠠᠩ ᠯᠤᠩᠬᠤ ᠪᠠ ᠬᠦᠯᠢᠰ ᠵᠡᠷᠭᠡ 20 ᠱᠢᠬᠠᠮ ᠤᠯᠤᠰ᠎ᠤᠨ ᠲᠡᠰ᠎ᠤᠨ ᠲᠡᠤᠭᠡᠨ ᠦᠪ᠎ᠢ ᠲᠡᠯᠭᠡᠨ ᠦᠵᠡᠬᠦᠯᠵᠤ ᠪᠠᠢᠬᠤ᠎ᠠᠴᠠ ᠭᠠᠳᠠᠨ᠎ᠠ ᠰᠤᠪᠤᠷᠭ᠎ᠠ᠎ᠶ᠋ᠢᠨ ᠲᠤᠳᠤᠷ᠎ᠠ ᠬᠠᠨ᠎ᠠ᠎ᠳᠤ ᠦᠯᠡᠳᠡᠭᠡᠭ᠌ᠰᠡᠨ ᠬᠡᠰᠡᠭ ᠪᠢᠴᠢᠭᠡᠰᠤ ᠲᠡᠮᠳᠡᠭ᠌ᠯᠡᠯ᠎ᠤᠨ ᠵᠢᠷᠤᠭ ᠰᠡᠬᠦᠳᠡᠷ᠎ᠢ ᠴᠦ᠍ ᠲᠡᠯᠭᠡᠨ ᠦᠵᠡᠬᠦᠯᠵᠦ᠍ ᠪᠤᠢ᠃ 

ᠲᠡᠦᠭᠡ᠎ᠶ᠋ᠢᠨ ᠦᠪ᠎ᠤᠨ ᠦᠵᠡᠬᠦᠯᠭᠡ᠎ᠶ᠋ᠢᠨ ᠬᠤᠩᠬᠢᠯ᠎ᠤᠨ ᠪᠠᠷᠠᠭᠤᠨ ᠬᠤᠢᠳᠤ ᠲᠠᠯ᠎ᠠ᠎ᠳᠤ ᠦᠵᠡᠭᠦᠯᠭᠡ᠎ᠶ᠋ᠢᠨ ᠲᠢᠩᠬᠢᠮ ᠪᠠᠢᠷᠢᠯᠠᠵᠤ ᠪᠤᠢ᠃ ᠦᠵᠡᠬᠦᠯᠭᠡ᠎ᠶ᠋ᠢᠨ ᠲᠢᠩᠭᠢᠮ᠎ᠳᠤ ᠯᠢᠶᠤᠤ ᠤᠯᠤᠰ᠎ᠤᠨ ᠪᠦᠷᠢᠯᠳᠤᠵᠤ ᠪᠦᠳᠦᠭ᠌ᠰᠡᠨ ᠲᠡᠤᠭᠡ᠎ᠶ᠋ᠢ ᠲᠦᠬᠦᠮ ᠲᠠᠨᠢᠯᠴᠠᠭᠤᠯᠤᠬ᠍ᠰᠠᠨ᠎ᠠᠴᠠ ᠭᠠᠳᠠᠨ᠎ᠠ᠂ ᠯᠢᠶᠤᠤ ᠤᠯᠤᠰ᠎ᠤᠨ ᠡᠵᠡᠯᠡᠵᠤ ᠪᠠᠢᠬ᠍ᠰᠠᠨ ᠨᠤᠳᠤᠭ ᠲᠡᠪᠢᠰᠭᠡᠷ᠎ᠤᠨ ᠭᠠᠵᠠᠷ᠎ᠤᠨ ᠵᠢᠷᠤᠭ᠂ ᠯᠢᠶᠤᠤ ᠤᠯᠤᠰ᠎ᠤᠨ ᠬᠠᠭᠠᠳ᠎ᠤᠨ ᠤᠨ᠎ᠤ ᠲᠠᠷᠠᠭᠠᠯᠠᠯ᠎ᠤᠨ ᠬᠦᠰᠦᠨᠦᠭ ᠵᠢᠴᠢ ᠵᠢᠷᠤᠭ᠎ᠤᠳ᠎ᠢ ᠲᠡᠯᠭᠡᠵᠤ ᠪᠠᠢᠭ᠎ᠠ ᠪᠦᠭᠡᠳ ᠯᠢᠶᠤᠤ ᠤᠯᠤᠰ᠎ᠤᠨ ᠰᠢ ᠵᠢᠩ᠎ᠤᠨ ᠲᠠᠨᠢᠯᠴᠠᠭᠤᠯᠭ᠎ᠠ᠂ ᠹᠸᠡᠭ᠌ᠵᠸᠤ᠎ᠶ᠋ᠢᠨ ᠡᠷᠳᠡᠨ᠎ᠤ ᠬᠤᠳᠠ᠂ ᠪᠤᠷᠬᠠᠨ ᠱᠠᠱᠢᠨ᠎ᠤ ᠱᠢᠳᠤᠯᠭᠡ᠂ ᠲᠦᠮᠡᠨ ᠪᠤᠳᠢ ᠴᠡᠴᠡᠭ᠎ᠤᠨ ᠴᠢᠮᠡᠭ᠌ᠳᠤ ᠰᠤᠳᠤᠷ᠎ᠤᠨ ᠰᠤᠪᠤᠷᠭ᠎ᠠ᠂ ᠯᠢᠶᠤᠤ ᠤᠯᠤᠰ ᠠᠯᠳᠡᠠ ᠤᠯᠤᠰ ᠶᠤᠸᠠᠨ ᠤᠯᠤᠰ᠎ᠤᠨ ᠦᠶ᠎ᠠ᠎ᠶ᠋ᠢᠨ ᠦᠨᠳᠤᠰᠤᠳᠡᠨ᠎ᠤ ᠲᠤᠮᠤ ᠠᠭᠤᠰᠤᠯᠴᠠᠯ᠂ ᠹᠸᠡᠭ᠌ᠵᠸᠤ᠎ᠶ᠋ᠢᠨ ᠲᠤᠬᠠᠢ ᠱᠢᠯᠦᠭ ᠲᠠᠭᠤᠯᠠᠯ ᠵᠡᠷᠭᠡ᠎ᠶ᠋ᠢ ᠲᠤᠪᠴᠢ ᠲᠠᠨᠢᠯᠴᠠᠭᠤᠯᠤᠬ᠍ᠰᠠᠨ᠎ᠠᠴᠠ ᠭᠠᠳᠠᠨ᠎ᠠ ᠲᠡᠬᠦᠰᠭᠡᠯ᠎ᠤᠨ ᠬᠡᠰᠡᠭ᠎ᠲᠤ ᠯᠢᠶᠤᠤ ᠤᠯᠤᠰ᠎ᠤᠨ ᠹᠸᠡᠭ᠌ᠵᠸᠤ ᠬᠤᠳᠠ ᠵᠢᠴᠢ ᠲᠦᠮᠡᠨ ᠪᠤᠳᠢ ᠴᠡᠴᠡᠭ᠎ᠤᠨ ᠴᠢᠮᠡᠭ᠌ᠳᠤ ᠰᠤᠳᠤᠷ᠎ᠤᠨ ᠰᠤᠪᠤᠷᠭ᠎ᠠ᠎ᠶ᠋ᠢᠨ ᠲᠤᠮᠤ ᠬᠡᠷᠡᠭ ᠤᠴᠢᠷ᠎ᠢ ᠲᠤᠰᠭᠠᠢ ᠵᠢᠬ᠍ᠰᠠᠭᠠᠨ ᠦᠵᠡᠬᠦᠯᠵᠤ ᠪᠠᠢᠨ᠎ᠠ᠃


QQ图片20210908092614.png


ᠹᠧᠩᠵᠸᠤ᠎ᠶ᠋ᠢᠨ ᠬᠠᠭᠤᠴᠢᠨ ᠬᠤᠲᠠ᠎ᠶ᠋ᠢᠨ ᠪᠠᠭᠤᠷᠢ


QQ图片20210908092624.png


ᠠᠯᠳᠠᠨ ᠤᠯᠤᠰ᠎ᠤᠨ ᠴᠢᠯᠠᠭᠤᠨ ᠬᠦᠱᠢᠶ᠎ᠡ (ᠲᠠᠭᠤᠷᠢᠶᠠᠨ ᠵᠤᠬᠢᠶᠠᠬ᠍ᠰᠠᠨ ᠵᠦᠢᠯ)


QQ图片20210908092635.png


《ᠵᠥᠩ ᠲᠦᠩ᠎ᠤᠨ ᠶᠤᠸᠠᠨ ᠪᠦᠦ ᠵᠣᠭᠤᠰ》


QQ图片20210908092648.png


ᠴᠠᠭᠠᠨ ᠰᠤᠪᠤᠷᠭ᠎ᠠ᠎ᠶ᠋ᠢᠨ ᠲᠤᠳᠤᠷᠠᠬᠢ ᠦᠵᠡᠮᠵᠢ


QQ图片20210908092658.png


ᠬᠤᠶᠠᠷ ᠬᠡᠮᠵᠢᠯᠲᠦ ᠺᠤᠳ᠋᠎ᠢ ᠱᠢᠷᠪᠢᠵᠦ᠍  ᠸᠢᠳᠢᠣ᠋ ᠮᠡᠳᠡᠭᠡᠯᠡᠯ᠎ᠢ ᠰᠤᠨᠢᠷᠬᠠᠭᠠᠷᠠᠢ!


QQ图片20210908092723.png


ᠤᠤᠯ᠎ᠤᠨ ᠴᠠᠭᠠᠨ ᠰᠤᠪᠤᠷᠭ᠎ᠠ ᠭᠠᠯᠳᠤ ᠲᠡᠷᠭᠡᠨ ᠦᠷᠳᠡᠭᠡ


ᠵᠤᠬᠢᠶᠠᠯ \ ᠵᠢᠷᠤᠭ᠄ ᠲᠤᠰ ᠰᠤᠨᠢᠨ᠎ᠤ ᠰᠤᠷᠪᠤᠯᠵᠢᠯᠠᠬ᠍ᠴᠢ ᠭᠤᠤ ᠬᠤᠨᠭ᠌ ᠯᠢᠶᠠᠨ 


ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠤᠶᠠᠨ᠌ᠦ᠌ᠨᠳᠦᠰᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号