ᠠᠳᠤᠭᠤ ᠮᠠᠯ᠎ᠳᠤ ᠬᠤᠯᠪᠤᠬ᠍ᠳᠠᠬᠤ ᠵᠠᠩ ᠦᠢᠯᠡ
2021-09-06 09:51:51
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠲᠠᠪᠤᠨ ᠬᠤᠱᠢᠭᠤ ᠮᠠᠯ᠎ᠢᠶᠠᠨ ᠲᠠᠯ᠎ᠠ᠎ᠶ᠋ᠢᠨ ᠲᠠᠪᠤᠨ ᠡᠷᠳᠡᠨᠢ ᠬᠡᠮᠡᠨ ᠲᠡᠭᠡᠳᠦᠯᠡᠳᠡᠭ ᠮᠤᠩᠭᠤᠯᠴᠤᠳ᠎ᠲᠤ ᠮᠠᠯ᠎ᠲᠠᠢ ᠬᠤᠯᠪᠤᠭ᠍ᠳᠠᠭ᠍ᠰᠠᠨ ᠵᠠᠩ ᠦᠢᠯᠡ᠂ ᠴᠡᠭᠡᠷ ᠶᠤᠰᠤ ᠤᠯᠠᠨ ᠪᠠ ᠵᠢᠳᠠᠭ᠃ ᠡᠬᠦᠨ᠎ᠳᠤ ᠬᠡᠳᠦ᠎ᠶ᠋ᠢ ᠰᠡ ᠵᠢᠷᠡᠬᠦᠯᠪᠡᠯ᠄

1. ᠮᠤᠷᠢᠨ᠎ᠤ ᠲᠤᠯᠤᠭᠠᠢ᠎ᠶ᠋ᠢ ᠴᠤᠬᠢᠳᠠᠬ ᠦᠬᠡᠢ᠂ 《ᠮᠤᠷᠢᠨ ᠲᠤᠯᠤᠭᠠᠢ ᠮᠤᠯᠤᠷ ᠡᠷᠳᠡᠨᠢ》 ᠬᠡᠳᠡᠭ᠃

2. ᠤᠡᠭ᠌ᠭᠤᠨ ᠲᠠᠷᠬᠠᠨ ᠪᠤᠶᠤ ᠶᠡᠭᠡ ᠠᠴᠢ ᠦᠵᠡᠭᠦᠯᠦᠭ᠌ᠰᠡᠨ ᠮᠠᠯ᠎ᠢᠶᠠᠨ ᠠᠯᠠᠵᠤ ᠬᠤᠳᠠᠯᠳᠤᠳᠠᠬ ᠦᠬᠡᠢ᠃

3. ᠮᠠᠯ ᠤᠨᠤᠬ᠋᠎ᠠ᠎ᠶ᠋ᠢ ᠬᠠᠷᠠᠳᠠᠵᠤ ᠴᠤᠬᠢᠬᠤ ᠪᠤᠶᠤ ᠬᠠᠯᠠ᠎ᠲᠠᠢ ᠡᠳ᠋ᠯᠡᠵᠦ᠍ ᠵᠤᠪᠠᠭᠠᠪᠠᠯ ᠮᠠᠯ᠎ᠤᠨ ᠵᠠᠶᠠᠬ᠋᠎ᠠ  ᠭᠤᠮᠤᠳᠠᠨ᠎ᠠ ᠬᠡᠳᠡᠭ᠃

4. ᠮᠠᠯ᠎ᠢ ᠠᠯᠢ ᠮᠠᠭᠤ᠎ᠪᠠᠷ ᠬᠠᠷᠢᠶᠠᠵᠤ ᠵᠦᠭᠡᠳᠡᠭ ᠦᠬᠡᠢ᠃

5. ᠮᠠᠯ ᠤᠨᠤᠬ᠋᠎ᠠ ᠠᠳᠤᠭᠤᠰᠤ ᠠᠮᠢᠳᠠᠨ᠎ᠢ ᠴᠤᠬᠢᠵᠤ ᠲᠠᠮᠤᠯᠠᠬᠤ ᠪᠠ ᠴᠢᠴᠢᠵᠤ ᠬᠠᠳᠭᠤᠳᠠᠭ ᠦᠬᠡᠢ᠃

6. ᠮᠠᠯ᠎ᠢ ᠲᠡᠮᠤᠷ᠎ᠢᠶᠠᠷ ᠴᠤᠬᠢᠳᠠᠬ ᠦᠬᠡᠢ᠃

7. ᠮᠠᠯ᠎ᠤᠨ ᠨᠢᠳᠤ ᠰᠠᠨᠴᠢᠭ ᠵᠡᠷᠭᠡ ᠬᠡᠪᠡᠷᠡᠭ ᠬ᠋ᠠᠵᠠᠷ ᠪᠤᠶᠤ ᠠᠮᠢᠨ ᠬ᠋ᠠᠵᠠᠷ᠎ᠢ ᠴᠤᠬᠢᠳᠠᠬ ᠦᠬᠡᠢ᠃

8. ᠮᠠᠯ᠎ᠢ ᠰᠠᠢᠳᠤᠷ ᠤᠰᠤᠯᠠᠵᠤ ᠡᠪᠡᠰᠤᠯᠡᠬᠦ᠌᠎ᠶ᠋ᠢ ᠪᠤᠶᠠᠨ᠎ᠤ ᠦᠢᠯᠡ᠎ᠪᠠᠷ ᠦᠵᠡᠳᠡᠭ ᠲᠤᠯᠠ 《ᠮᠠᠨᠢ ᠲᠤᠭᠠᠯᠠᠬᠤ᠎ᠪᠠᠷ ᠮᠠᠯ᠎ᠢᠶᠠᠨ ᠤᠰᠤᠯᠠ》 ᠬᠡᠳᠡᠭ᠃

9. ᠮᠠᠯ ᠤᠨᠤᠬ᠋᠎ᠠ᠎ᠶ᠋ᠢ ᠡᠩ᠎ᠤᠨ ᠦᠶ᠎ᠡ᠎ᠳᠤ ᠶᠡᠭᠡ᠎ᠪᠠᠷ ᠤᠶᠠᠵᠤ ᠬᠠᠭ᠍ᠰᠠᠭᠠᠨ ᠦᠯᠦᠰᠭᠡᠳᠡᠭ ᠦᠬᠡᠢ᠂  ᠡᠪᠡᠰᠤ ᠤᠰᠤᠨ᠎ᠳᠤ ᠦᠷᠢ᠎ᠲᠠᠢ ᠦᠦ》 ᠬᠡᠳᠡᠭ᠃

10. ᠮᠠᠯ᠎ᠤᠨ ᠬᠡᠢᠮᠤᠷᠢ ᠡᠳᠤᠷ᠂ ᠵᠤᠰᠠᠬ ᠡᠳᠤᠷ᠂ ᠤᠯᠠᠭᠠᠨ ᠤᠯᠠᠭᠠᠭ᠍ᠴᠢᠨ ᠡᠳᠤᠷ᠎ᠤᠳ᠎ᠲᠤ ᠮᠠᠯ ᠪᠠᠵᠠᠭᠠᠳᠠᠬ ᠦᠬᠡᠢ᠃

11. ᠮᠠᠯ ᠠᠳᠤᠭᠤᠰᠤ᠎ᠶ᠋ᠢ  ᠠᠯᠠᠨ᠎ᠠ ᠬᠢᠳᠤᠨ᠎ᠡ ᠬᠡᠬᠦ᠌ ᠮᠡᠳᠤ᠎ᠪᠠᠷ ᠬᠡᠯᠡᠳᠡᠭ ᠦᠬᠡᠢ᠂ 《ᠪᠠᠵᠠᠭᠠᠨ᠎ᠠ》᠂ 《ᠱᠦᠯᠦ᠍ ᠤᠤᠭᠤᠨ᠎ᠡ》᠂ 《ᠭᠠᠷᠭᠠᠨ᠎ᠠ》᠂ 《ᠢᠳᠡᠰᠢ ᠠᠪᠤᠨ᠎ᠠ》᠂ 《ᠦᠬᠦᠴᠡ  ᠠᠪᠤᠨ᠎ᠠ》 ᠁ ᠬᠡᠬᠦ᠌ ᠮᠡᠲᠦ᠎ᠪᠠᠷ ᠬᠡᠯᠡᠳᠡᠭ᠃

12. ᠮᠠᠯ ᠪᠠᠵᠠᠭᠠᠬᠤ᠎ᠳᠠᠭᠠᠨ ᠵᠠᠪᠠᠯ ᠲᠤᠯᠤᠭᠠᠢ᠎ᠶ᠋ᠢ᠎ᠨᠢ ᠬᠤᠢᠰᠢ ᠬᠠᠨᠳᠤᠭᠤᠯᠳᠠᠬ᠃

13. ᠮᠠᠯ᠎ᠢ ᠲᠤᠳᠠᠭᠤ ᠦᠭᠦᠭ᠌ᠰᠡᠨ ᠪᠠᠢᠬᠤ᠎ᠳᠤ ᠦᠪᠴᠢᠳᠡᠭ ᠦᠬᠡᠢ᠃

14. ᠦᠭᠡᠷ᠎ᠤᠨ ᠡᠪᠡᠷ᠎ᠢ ᠴᠤᠬᠢᠳᠠᠬ ᠦᠬᠡᠢ᠂ 《ᠨᠢᠭᠡ ᠦᠬᠡᠷ᠎ᠤᠨ ᠡᠪᠡᠷ᠎ᠢ ᠴᠤᠬᠢᠪᠠᠯ ᠮᠢᠩᠭᠠᠨ ᠦᠬᠡᠷ᠎ᠤᠨ ᠡᠪᠡᠷ ᠲᠤᠷᠬᠢᠨ᠎ᠡ》 ᠬᠡᠳᠡᠭ᠃

15. ᠢᠮᠠᠭᠠᠨ᠎ᠤ ᠰᠠᠬᠠᠯ᠎ᠠᠴᠠ ᠴᠢᠩᠭᠠᠭᠠᠳᠠᠬ ᠦᠬᠡᠢ᠂ 《ᠢᠮᠠᠬ᠋᠎ᠠ ᠬᠠᠷᠢᠨ᠎ᠡ》 ᠬᠡᠳᠡᠭ᠃

16. ᠰᠠᠢᠨ ᠮᠤᠷᠢ ᠡᠵᠡᠨ᠎ᠤ᠎ᠪᠠᠨ ᠠᠮᠢᠨ᠎ᠳᠤ ᠤᠷᠤᠨ᠎ᠡ ᠬᠡᠳᠡᠭ᠃

17. ᠬᠤᠷᠠᠭᠠᠨ ᠬᠤᠴᠠ ᠢᠱᠢᠬᠡᠨ ᠤᠬᠤᠨ᠎ᠠ᠎ᠶ᠋ᠢ ᠰᠤᠩᠭᠤᠵᠤ ᠲᠠᠯᠪᠢᠬᠤ᠎ᠳᠠᠭᠠᠨ ᠦᠷᠦᠮ᠎ᠡ᠎ᠲᠠᠢ ᠪᠤᠳᠠᠬ᠋᠎ᠠ᠎ᠪᠠᠷ ᠲᠤᠯᠤᠭᠠᠢ᠎ᠶ᠋ᠢ᠎ᠨᠢ ᠮᠢᠯᠢᠶᠠᠵᠤ 《ᠮᠢᠩᠬ᠋᠎ᠠ ᠲᠦᠮᠡ᠂ ᠮᠢᠩᠬ᠋᠎ᠠ ᠲᠦᠮᠠ》 ᠬᠡᠵᠤ ᠢᠷᠦᠭᠡᠳᠡᠭ᠃

18. ᠮᠠᠯ᠎ᠳᠤ ᠢᠮ ᠲᠠᠮᠠᠭ᠎ᠠ ᠬᠢᠭᠦ᠎ᠳᠡᠭᠡᠨ ᠮᠠᠯ ᠰᠦᠷᠦᠭ᠎ᠢᠶᠠᠨ ᠦᠷᠡᠵᠢᠵᠤ ᠦᠰᠭᠦ᠎ᠶ᠋ᠢᠨ ᠪᠡᠯᠭᠡᠳᠡᠯ᠎ᠲᠠᠢ ᠵᠦᠢᠯ᠎ᠢ ᠰᠤᠩᠭᠤᠵᠤ ᠬᠢᠳᠡᠭ᠃

19. ᠮᠠᠯ᠎ᠤᠨ᠎ᠢᠶᠠᠨ ᠦᠨᠦᠴᠢᠨ ᠦᠷᠦᠭᠡᠰᠦᠨ ᠦᠳᠦ ᠲᠤᠭᠤᠯᠠᠩ᠎ᠢ ᠪᠤᠯᠪᠠᠴᠤ᠌ ᠰᠠᠢᠳᠤᠷ ᠠᠷᠠᠴᠢᠯᠠᠳᠠᠬ᠃ ᠲᠡᠢᠮᠤ᠎ᠪᠠᠷ᠎ᠢᠶᠠᠨ 《ᠦᠨᠦᠴᠢᠨ᠎ᠢᠶᠠᠨ ᠦᠰᠭᠡᠪᠡᠯ ᠬᠦᠮᠦᠨ᠎ᠲᠠᠢ ᠪᠤᠯᠤᠨ᠎ᠠ᠂ ᠡᠷᠭᠦᠳᠡᠭ᠎ᠢᠶᠠᠨ ᠲᠡᠵᠢᠭᠡᠪᠡᠯ ᠮᠠᠯ᠎ᠲᠠᠢ  ᠪᠤᠯᠤᠨ᠎ᠠ》 ᠬᠡᠳᠡᠭ᠃

20. ᠬᠡᠷ᠎ᠤᠨ ᠤᠨᠢ ᠬᠠᠨ᠎ᠠ᠎ᠶ᠋ᠢᠨ ᠮᠤᠳᠤ᠎ᠶ᠋ᠢ ᠮᠠᠯ ᠤᠨᠤᠭᠠᠨ᠎ᠳᠤ ᠪᠠᠷᠢᠳᠠᠬ ᠦᠬᠡᠢ᠂ 《ᠤᠨᠢ᠎ᠪᠠᠨ ᠰᠡᠭᠡᠯᠳᠦᠷᠭᠡ᠎ᠠᠴᠠ᠎ᠨᠢ ᠴᠢᠷᠦᠭ᠌ᠰᠡᠨ》 ᠬᠡᠳᠡᠭ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号