ᠤᠢ᠍ᠢᠷ᠎ᠠ᠎ᠶ᠋ᠢᠨ ᠡᠳᠦᠷ᠂ ᠪᠤᠭᠤᠲᠤ ᠬᠤᠳᠠ᠎ᠶ᠋ᠢᠨ ᠬᠦᠨᠳᠡᠯᠡᠨ ᠲᠤᠭᠤᠷᠢᠭ᠎ᠤᠨ ᠬᠤᠢᠳᠤ ᠬᠡᠰᠡᠭ᠎ᠲᠤ ᠱᠢᠨ᠎ᠠ᠎ᠪᠠᠷ ᠪᠠᠢᠭᠤᠯᠤᠬ᠍ᠳᠠᠬ᠍ᠰᠠᠨ ᠮᠤᠨᠢ ᠴᠡᠴᠡᠷᠯᠢᠭ ᠡᠷᠦᠭᠡ᠎ᠪᠠᠨ ᠰᠡᠭᠦᠨ ᠵᠢᠭᠤᠯᠴᠢᠯᠠᠭ᠍ᠰᠠᠳ᠎ᠢ ᠤᠬ᠍ᠳᠤᠵᠦ᠍᠂ ᠪᠤᠭᠤᠲᠤ ᠬᠤᠳᠠ᠎ᠳᠤ ᠪᠠᠰᠠ ᠨᠢᠭᠡ ᠱᠢᠨ᠎ᠠ ᠦᠵᠡᠮᠵᠢ ᠨᠡᠮᠡᠷᠢᠯᠡᠭ᠌ᠰᠡᠨ ᠪᠠᠢᠨ᠎ᠠ᠃
9.6 ᠲᠡᠭ᠌ᠰᠢ ᠲᠦᠷᠪᠡᠯᠵᠢᠨ ᠮᠧᠲᠷ᠎ᠤᠨ ᠭᠠᠵᠠᠷ ᠡᠵᠡᠯᠡᠭ᠌ᠰᠡᠡ ᠮᠤᠨᠢ ᠴᠡᠴᠡᠷᠯᠢᠭ ᠪᠤᠭᠤᠲᠤ ᠬᠤᠳᠠ᠎ᠶ᠋ᠢᠨ ᠬᠦᠨᠳᠡᠯᠡᠨ ᠲᠤᠭᠤᠷᠢᠭ᠎ᠲᠤ ᠪᠠᠢᠷᠢᠯᠠᠨ᠂ ᠦᠩᠬᠡᠷᠡᠭ᠌ᠰᠡᠨ᠎ᠳᠤ ᠨᠢᠭᠡ ᠤᠢ᠎ᠶ᠋ᠢᠨ ᠪᠦᠰᠡ ᠪᠠᠢᠵᠦ᠍᠂ ᠴᠠᠭ ᠦᠶ᠎ᠠ᠎ᠶ᠋ᠢᠨ ᠬᠦᠭ᠌ᠵᠢᠯᠳᠡ᠎ᠶ᠋ᠢ ᠲᠠᠭᠠᠯᠳᠤᠨ ᠤᠢ᠍ᠢᠷ᠎ᠠ ᠬᠠᠪᠢ᠎ᠶ᠋ᠢᠨ ᠰᠠᠭᠤᠭᠠᠯᠢ ᠠᠷᠠᠳ᠎ᠤᠨ ᠰᠡᠯᠡᠭᠦᠴᠠᠠ ᠲᠤᠭᠤᠷᠢᠬᠤ ᠪᠠ ᠪᠠᠶ᠎ᠠ ᠴᠢᠬᠢᠷᠠᠬ᠍ᠵᠢᠭᠤᠯᠬᠤ ᠬᠡᠷᠡᠭ᠌ᠴᠡᠭᠡ᠎ᠶ᠋ᠢ ᠬᠠᠩᠭᠠᠵᠦ᠍ ᠲᠡᠢᠯᠬᠦ᠌ ᠦᠭᠡᠢ ᠪᠤᠯᠵᠠᠢ᠃ ᠡᠨᠡ ᠵᠢᠯ ᠬᠦᠨᠳᠡᠯᠡᠨ ᠲᠤᠭᠤᠷᠢᠭ ᠬᠤᠳᠠ ᠲᠤᠭᠤᠷᠢᠭ᠎ᠤᠨ ᠰᠠᠭᠤᠷᠢ ᠲᠦᠬᠦᠭᠡᠷᠤᠮᠵᠢ᠎ᠶ᠋ᠢ ᠪᠦᠷᠢᠨᠱᠢᠬᠦᠯᠬᠦ᠂ ᠠᠷᠠᠳ ᠤᠯᠠᠨ᠎ᠳᠤ ᠠᠱᠢᠭ ᠬᠦᠷᠳᠡᠭᠡᠬᠦ᠌ ᠡᠭᠦᠳᠡᠨ᠎ᠠᠴᠠ ᠤᠤᠯ᠎ᠤᠨ ᠮᠤᠨᠢ ᠤᠢ᠎ᠶ᠋ᠢᠨ ᠪᠦᠰᠡ᠎ᠶ᠋ᠢ ᠮᠤᠨᠢ ᠴᠡᠴᠡᠷᠯᠢᠭ ᠪᠤᠯᠭᠠᠨ ᠦᠭᠡᠷᠡᠴᠢᠯᠡᠨ ᠪᠠᠢᠭᠤᠯᠵᠡᠢ᠃ ᠪᠤᠳᠠᠳᠠᠢ ᠪᠠᠢᠭᠤᠯᠤᠯᠳᠠ᠎ᠶ᠋ᠢᠨ ᠶᠠᠪᠤᠴᠠ᠎ᠳᠤ᠂ ᠬᠦᠨᠳᠡᠯᠡᠨ ᠲᠤᠭᠤᠷᠢᠭ᠎ᠤᠨ ᠤᠷᠤᠨ ᠰᠠᠭᠤᠴᠠ ᠪᠤᠯᠤᠨ ᠪᠦᠳᠦᠭᠡᠨ ᠪᠠᠢᠭᠤᠯᠤᠯᠳᠠ᠎ᠶ᠋ᠢᠨ ᠲᠤᠪᠴᠢᠶ᠎ᠠ ᠮᠤᠨᠢ ᠴᠡᠴᠡᠷᠯᠢᠭ᠎ᠤᠨ ᠵᠠᠮ᠂ ᠬᠡᠷᠡᠰᠭᠡ ᠬᠦᠬᠦᠷᠭᠡ᠂ ᠰᠡᠷᠢᠬᠦᠴᠡᠬᠦ᠌ ᠲᠢᠩᠰᠠ᠂ ᠦᠵᠡᠮᠵᠢ᠎ᠶ᠋ᠢᠨ ᠲᠠᠪᠴᠠᠩ᠂ ᠤᠰᠤ ᠴᠠᠬᠢᠯᠭᠠᠨ᠎ᠤ ᠬᠡᠷᠡᠯᠳᠦᠬᠦᠯᠭᠡ ᠵᠢᠴᠢ ᠲᠤᠰᠤᠯᠭᠠᠨ ᠤᠰᠤᠯᠠᠬᠤ ᠱᠢᠰᠲ᠋ᠧᠮ ᠵᠡᠷᠭᠡ ᠲᠠᠯ᠎ᠠ᠎ᠪᠠᠷ ᠲᠤᠰᠭᠠᠢ ᠪᠡᠯᠡ ᠤᠷᠤᠭᠤᠯᠤᠨ ᠦᠭᠡᠷᠡᠴᠢᠯᠡᠨ ᠵᠠᠰᠠᠬᠤ᠎ᠶ᠋ᠢᠨ ᠳᠠᠭᠠᠤ ᠠᠷᠪᠢᠴᠢ ᠭᠠᠮᠳᠠᠢ ᠪᠠᠢᠬᠤ᠎ᠶ᠋ᠢ ᠠᠩᠬᠠᠷᠴᠦ᠍᠂ ᠬᠦᠨᠳᠡᠯᠡᠨ ᠲᠤᠭᠤᠷᠢᠭ᠎ᠤᠨ᠎ᠢᠶᠠᠨ ᠠᠱᠢᠬ᠍ᠯᠠᠵᠦ᠍ ᠪᠤᠯᠬᠤ ᠬᠠᠭᠤᠴᠢᠨ ᠮᠠᠲ᠋ᠧᠷᠢᠶᠠᠯ᠎ᠢ ᠠᠯᠢ ᠪᠤᠯᠬᠤ᠎ᠪᠠᠷ ᠠᠱᠢᠬ᠍ᠯᠠᠵᠡᠢ᠃ ᠴᠡᠴᠡᠷᠯᠢᠭ᠎ᠤᠨ ᠬᠤᠢᠳᠤ ᠬᠡᠰᠡᠭ᠎ᠲᠤ ᠦᠩᠬᠡᠷᠡᠭ᠌ᠰᠡᠨ᠎ᠳᠤ ᠨᠢᠭᠡ ᠬᠠᠭᠤᠴᠢᠨ ᠬᠡᠷᠡᠮ ᠦᠯᠡᠳᠡᠵᠦ᠍ ᠪᠠᠢᠬ᠍ᠰᠠᠨ᠎ᠢ ᠡᠨᠡ ᠤᠳᠠᠭ᠎ᠠ ᠵᠠᠰᠠᠨ ᠰᠡᠯᠪᠢᠵᠦ᠍ ᠱᠢᠷᠳᠡᠨ ᠪᠤᠳᠤᠭᠠᠳ ᠪᠦᠵᠢᠭ᠎ᠤᠨ ᠲᠠᠯᠠᠪᠤᠷ᠎ᠤᠨ ᠦᠵᠡᠮᠵᠢ᠎ᠶ᠋ᠢᠨ ᠬᠡᠷᠡᠮ ᠪᠤᠯᠭᠠᠨ᠂ ᠴᠡᠴᠡᠷᠯᠢᠭ ᠲᠤᠮᠳᠠᠬᠢ ᠪᠠᠶ᠎ᠠ ᠴᠢᠬᠢᠷᠠᠬ᠍ᠵᠢᠭᠤᠯᠬᠤ ᠦᠭᠡᠳᠡ ᠲᠠᠪᠠᠭ᠎ᠠ᠎ᠨᠢ ᠴᠦ᠍ ᠦᠩᠬᠡᠷᠡᠭ᠌ᠰᠡᠨ᠎ᠤ ᠨᠢᠭᠡ ᠬᠦᠳᠤᠯᠢ ᠠᠱᠢᠬ᠍ᠯᠠᠬ᠍ᠰᠠᠨ ᠪᠠᠢᠨ᠎ᠠ᠃ ᠪᠤᠭᠤᠲᠤ ᠬᠤᠳᠠ᠎ᠶ᠋ᠢᠨ ᠪᠠᠶᠬᠠᠤᠪᠤᠭ᠎ᠠ ᠵᠠᠮ᠎ᠢ ᠦᠭᠡᠷᠡᠴᠢᠯᠡᠨ ᠪᠠᠢᠭᠤᠯᠬᠤ᠎ᠳᠤ ᠬᠡᠷᠡᠭ᠌ᠴᠡᠭᠡᠨᠠᠴᠠ ᠭᠠᠷᠤᠬ᠍ᠰᠠᠨ ᠨᠢᠭᠡ ᠬᠠᠭᠤᠴᠢᠨ ᠰᠡᠷᠢᠭᠦᠴᠡᠬᠦ᠌ ᠲᠢᠩᠰᠠ᠎ᠶ᠋ᠢ ᠡᠨᠡ ᠤᠳᠠᠭ᠎ᠠ ᠲᠠᠬᠢᠨ ᠠᠱᠢᠬ᠍ᠯᠠᠵᠦ᠍᠂ ᠪᠤᠳᠤᠨ ᠱᠢᠷᠳᠡᠵᠦ᠍᠂ ᠮᠤᠨᠢ ᠴᠡᠴᠡᠷᠯᠢᠭ᠎ᠤᠨ ᠨᠢᠭᠡ ᠪᠢᠴᠢᠬᠠᠨ ᠠᠷᠠᠯ᠎ᠤᠨ ᠤᠷᠤᠢ ᠲᠡᠭᠡᠷᠡᠬᠢ ᠦᠵᠡᠮᠵᠢ ᠪᠤᠯᠭᠠᠪᠠ᠃
ᠠᠯᠳᠠᠨ ᠨᠠᠮᠤᠷ᠎ᠤᠨ ᠡᠬᠢᠨ᠎ᠳᠤ᠂ ᠠᠯᠠᠬ᠍ᠯᠠᠬ᠍ᠰᠠᠨ ᠴᠡᠴᠡᠭ᠂ ᠴᠡᠯᠡᠭᠡᠷᠡᠭ᠌ᠰᠡᠨ ᠤᠢ᠂ ᠰᠡᠯᠡᠭᠦᠬᠡᠨ ᠵᠦᠷᠢᠭ᠂ ᠴᠡᠮᠴᠡᠭᠡᠨᠡᠭ᠌ᠰᠡᠨ ᠴᠢᠯᠠᠭᠤ᠂ ᠡᠷᠳᠡᠨᠢ ᠰᠠᠨᠠᠬ᠍ᠳᠠᠭᠤᠯᠤᠬ᠍ᠰᠠᠨ ᠲᠢᠩᠰᠠ ᠰᠠᠷᠠᠪᠴᠢ ᠵᠡᠷᠭᠡ᠎ᠪᠠᠷ᠎ᠢᠶᠠᠨ ᠲᠤᠭᠤᠷᠢᠨ ᠵᠢᠭᠤᠯᠴᠢᠯᠠᠭ᠍ᠰᠠᠳ᠎ᠤᠨ ᠬᠠᠷᠠᠭ᠎ᠠ᠎ᠶ᠋ᠢ ᠮᠢᠯᠢᠶᠠᠵᠤ ᠮᠡᠯᠮᠡᠢ᠎ᠶ᠋ᠢ ᠬᠤᠵᠢᠷᠯᠠᠬ᠍ᠰᠠᠨ ᠮᠤᠨᠢ ᠴᠡᠴᠡᠷᠯᠢᠭ᠂ ᠮᠤᠨᠢ ᠠᠭᠤᠯᠠ᠎ᠶ᠋ᠢᠨ ᠡᠩᠭᠡᠷᠲᠠᠬᠢ ᠪᠤᠭᠤᠳᠤ ᠬᠤᠳᠠ᠎ᠳᠤ ᠠᠮᠢ ᠠᠬᠤᠢ᠎ᠶ᠋ᠢᠨ ᠪᠤᠯᠪᠠᠰᠤᠨ᠎ᠤ ᠪᠠᠰᠠ ᠨᠢᠭᠡ ᠢᠷᠠᠭᠤᠯᠢᠭ ᠦᠯᠢᠭᠡᠷ᠎ᠢ ᠬᠦᠤᠷᠨᠢᠵᠤ ᠪᠠᠢᠨ᠎ᠠ᠃