ᠠᠮᠢᠳᠤᠷᠠᠬᠤᠢ᠎ᠶ᠋ᠢᠨ ᠤᠳᠭ᠎ᠠ ᠤᠴᠢᠷ ᠦᠨ᠎ᠡ ᠥᠷᠳᠡᠭ᠎ᠢ ᠵᠥᠪ᠎ᠢᠶᠠᠷ ᠥᠢᠯᠠᠭᠠᠵᠥ᠍᠂ ᠦᠨᠡᠨᠴᠢ᠎ᠪᠠᠷ ᠬᠠᠨᠳᠤᠳᠠᠬ ᠬᠥᠮᠥᠰ᠎ᠲᠤ ᠠᠪᠴᠤ᠌ ᠬᠡᠯᠡᠪᠡᠯ ᠡᠷᠬᠢᠯᠡᠭ᠌ᠰᠡᠨ ᠠᠵᠢᠯ ᠥᠢᠯᠡᠰ᠎ᠢᠶᠠᠨ ᠡᠷᠬᠢᠮᠯᠡᠨ ᠬᠠᠢᠷᠠᠯᠠᠬᠤ ᠭᠡᠭ᠌ᠴᠢ ᠢᠳᠡᠭᠡᠯ ᠱᠢᠳᠤᠭᠡᠨᠨᠢ ᠪᠠᠢᠵᠦ᠍ ᠲᠠᠭᠠᠷᠠᠨ᠎ᠠ; ᠬᠡᠯᠡᠵᠥ᠍ ᠬᠢᠬᠦ᠌᠎ᠶ᠋ᠢᠨ ᠨᠢᠬᠡᠳᠤᠯ᠎ᠢᠶᠠᠷ ᠲᠤᠭᠤᠵᠥ᠍ ᠬᠠᠢᠷᠠᠯᠠᠬ᠍ᠰᠠᠨ ᠠᠵᠢᠯ ᠥᠢᠯᠡᠰᠲᠡᠭᠡᠨ ᠴᠠᠯᠠᠭᠠᠢᠳᠠᠯ ᠥᠬᠡᠢ ᠴᠢᠷᠮᠠᠢᠵᠥ᠍ ᠶᠠᠪᠤᠬᠤ ᠭᠡᠭ᠌ᠴᠢ ᠰᠡᠳᠭᠢᠯ᠎ᠤᠨ ᠬᠠᠳᠠᠭᠤ ᠲᠠᠩᠭᠠᠷᠢᠬ ᠭᠡᠯᠳᠠᠢ᠃ ᠡᠷᠳᠡᠨ᠎ᠤ ᠨᠤᠮ ᠰᠤᠳᠤᠷ᠎ᠤᠨ ᠲᠠᠯᠠᠢ ᠶᠡᠭᠡ ᠰᠠᠩ᠎ᠠᠴᠠ ᠲᠥᠪᠡᠳ ᠮᠤᠩᠭᠤᠯ ᠰᠤᠷᠪᠤᠯᠵᠢ ᠪᠢᠴᠢᠭ ᠬᠡᠮᠡᠬᠦ᠌ ᠰᠤᠶᠤᠯ᠎ᠤᠨ ᠲᠠᠨ᠎ᠠ ᠰᠤᠪᠤᠳ᠎ᠢ ᠬᠠᠮᠠᠭᠠᠯᠠᠨ ᠬᠠᠳᠠᠭᠠᠯᠠᠵᠥ᠍ ᠶᠠᠪᠤᠭ᠎ᠠ ᠤᠯᠠᠭᠠᠨᠴᠠᠪ ᠬᠤᠳᠠ᠎ᠶ᠋ᠢᠨ ᠵᠢᠨᠢᠩ ᠨᠤᠳᠤᠬ᠍ᠳᠠᠢ ᠪᠠᠭᠠᠳᠤᠷ ᠪᠤᠯ ᠶᠠᠬ ᠯᠡ ᠢᠡᠭ᠌ᠬᠢᠵᠦ᠍ ᠪᠤᠲᠤᠵᠦ᠍ ᠢᠡᠭ᠌ᠬᠢᠵᠦ᠍ ᠬᠢᠳᠡᠭ ᠭᠠᠭ᠍ᠴᠠ ᠦᠵᠦᠬᠦᠷᠳᠦ ᠰᠡᠳᠭᠢᠯ᠎ᠢᠶᠠᠷ ᠵᠢᠳᠬᠦᠨ ᠲᠡᠮᠡᠦᠯᠡᠵᠦ᠍ ᠶᠠᠪᠤᠭ᠎ᠠ ᠬᠥᠮᠤᠨ ᠶᠤᠮᠰᠠᠨ!
ᠪᠠᠭᠠᠳᠤᠷ᠂ ᠠᠮᠢᠳᠤᠷᠠᠯ᠎ᠤᠨ ᠭᠠᠨᠭ᠌ᠭᠠᠡᠭ ᠲᠥᠷᠥᠭᠡᠨ᠎ᠳᠤ ᠲᠥᠴᠢᠨ ᠲᠠᠪᠤᠲᠠᠢ ᠬᠢᠯᠠᠷᠠᠭᠤᠯᠵᠥ᠍ ᠶᠠᠪᠤᠭ᠎ᠠ ᠥᠨᠳᠤᠷᠭᠡᠨ ᠪᠡᠶ᠎ᠠ᠎ᠲᠠᠢ ᠲᠥᠪᠯᠡᠬᠦᠨ ᠬᠢᠨᠠᠭᠤᠷ ᠬᠥᠮᠥᠨ᠃ ᠨᠡᠷ᠎ᠡ ᠬᠤᠷ᠎ᠠ ᠲᠠᠩᠴᠡᠭ᠌ᠰᠡᠨ 6 ᠰᠠᠷ᠎ᠠ᠎ᠶ᠋ᠢᠨ 1 ᠤ ᠡᠳᠤᠷ ᠪᠢᠳᠠ ᠤᠯᠠᠭᠠᠨᠴᠠᠪ ᠬᠤᠳᠠ᠎ᠶ᠋ᠢᠨ ᠵᠢᠨᠢᠩ ᠲᠤᠭᠤᠷᠢᠬ᠎ᠲᠤ ᠪᠠᠢᠷᠢᠯᠠᠭ᠎ᠠ 《ᠲᠥᠪᠡᠳ ᠮᠤᠩᠭᠤᠯ ᠰᠤᠷᠪᠤᠯᠵᠢ ᠪᠢᠴᠢᠭ ᠲᠠᠩᠰᠠ ᠡᠪᠬᠡᠮᠡᠯ》 ᠭᠡᠬᠦ᠌ ᠡᠷᠳᠡᠨ᠎ᠤ ᠨᠤᠮ ᠰᠤᠳᠤᠷ ᠬᠠᠳᠠᠭᠠᠯᠠᠵᠥ᠍ ᠪᠠᠢᠭ᠎ᠠ ᠭᠠᠵᠠᠷ ᠬᠥᠷᠴᠤ᠌ ᠲᠡᠬᠦᠨ᠎ᠢ ᠰᠤᠷᠪᠤᠯᠵᠢᠯᠠᠪᠠ᠃

ᠪᠠᠭᠠᠲᠣᠷ ᠬᠠᠭᠤᠴᠢᠨ᠎ᠤ ᠪᠣᠳᠠᠰ᠎ᠢᠶᠠᠨ ᠦᠵᠡᠭ᠌ᠴᠢᠳ᠎ᠲᠤ ᠲᠠᠨᠢᠯᠴᠠᠭᠤᠯᠣᠨ᠎ᠠ
ᠡᠷᠳᠡᠨ᠎ᠤ ᠨᠤᠮ ᠰᠤᠳᠤᠷ ᠭᠡᠵᠦ᠍ ᠬᠡᠯᠡᠬᠦ᠌᠎ᠳᠤ ᠤᠯᠠᠩᠬᠢ ᠬᠦᠮᠦᠰ ᠲᠡᠢᠮᠦ᠍ ᠬᠦᠨ ᠤᠢ᠍ᠢᠯᠠᠭᠠᠯᠳᠠ᠎ᠲᠠᠢ ᠪᠢᠰᠢ ᠪᠠᠢᠬ᠎ᠠ᠃ ᠪᠢᠳᠡ ᠪᠠᠭᠠᠳᠤᠷ ᠭᠤᠸᠠᠢ᠎ᠶ᠋ᠢᠨ ᠬᠤᠪᠢ ᠬᠥᠮᠥᠨ᠎ᠤ ᠰᠤᠷᠪᠤᠯᠵᠢ ᠪᠢᠴᠢᠭ ᠲᠠᠩᠰᠠ ᠡᠪᠬᠡᠮᠡᠯ ᠬᠠᠳᠠᠭᠠᠯᠠᠵᠤ ᠪᠠᠢᠭ᠎ᠠ ᠭᠠᠵᠠᠷ ᠬᠦᠷᠦᠭᠡᠳ ᠰᠠᠶᠢ ᠡᠷᠳᠡᠨ᠎ᠤ ᠨᠤᠮ ᠰᠤᠳᠤᠷ᠎ᠤᠨ ᠲᠠᠯᠠᠢ ᠶᠡᠭᠡ ᠠᠭᠤᠯᠤᠭ᠍ᠳᠠᠬᠤᠨ ᠵᠢᠴᠢ ᠦᠨᠢ ᠤᠳᠠᠭᠠᠨ ᠲᠡᠤᠭᠡ᠎ᠲᠠᠢ ᠲᠦᠪᠡᠳ ᠮᠤᠩᠭᠤᠯ ᠨᠤᠮ ᠰᠤᠳᠤᠷ᠎ᠤᠨ ᠦᠪ ᠰᠤᠶᠤᠯ᠎ᠤᠨ ᠥᠨ᠎ᠠ ᠴᠠᠨᠠᠶ᠋ᠢᠨᠢ ᠭᠠᠢᠬᠠᠵᠦ᠍ ᠠᠮᠳᠠᠷᠬᠠᠯᠠ᠃ ᠱᠢᠷ᠎ᠠ ᠬᠠᠪᠢᠰᠤ᠎ᠲᠠᠢ ᠲᠤᠬᠤᠢ ᠵᠤᠵᠠᠭᠠᠨ ᠲᠥᠪᠡᠳ ᠮᠤᠩᠭᠤᠯ ᠡᠷᠳᠡᠨ᠎ᠤ ᠨᠤᠮ ᠰᠤᠲᠤᠷ᠎ᠤᠳ᠂ ᠬᠤᠷᠢᠳᠤᠭᠠᠷ ᠵᠠᠭᠤᠨ᠎ᠤ ᠭᠤᠴᠢᠭᠠᠳ ᠣᠨ᠎ᠠᠴᠠ ᠳᠠᠯᠠᠭᠠᠳ ᠣᠨ ᠪᠣᠯᠲᠠᠯᠠᠬᠢ ᠪᠦᠬᠦ᠌ ᠤᠯᠤᠰ᠎ᠤᠨ ᠡᠯ᠎ᠡ ᠭᠠᠵᠠᠷ ᠤᠷᠤᠨ᠎ᠤ ᠭᠠᠵᠠᠷ᠎ᠤᠨ ᠵᠢᠷᠤᠭ᠂ ᠠᠯᠪᠠᠨ᠎ᠤ ᠲᠠᠮᠠᠭ᠎ᠠ᠂ ᠠᠯᠪᠠᠨ ᠪᠢᠴᠢᠭ᠂ ᠪᠠᠷᠢᠮᠲᠠ ᠪᠢᠴᠢᠭ᠂ ᠭᠠᠵᠠᠷ ᠱᠢᠷᠣᠢ ᠭᠡᠷ ᠬᠦᠷᠦᠩᠭᠡ᠎ᠶ᠋ᠢᠨ ᠥᠮᠴᠢᠯᠡᠯ᠎ᠤᠨ ᠦᠨᠡᠮᠯᠡᠯ᠂ ᠬᠠᠭᠤᠴᠢᠨ ᠭᠡᠷᠡᠯ ᠵᠢᠷᠤᠭ ᠵᠢᠴᠢ ᠡᠬᠡ ᠹᠢᠯᠢᠮ᠂ ᠴᠠᠭᠠᠱᠢᠯᠠᠪᠠᠯ ᠬᠠᠭᠤᠴᠢᠨ᠎ᠤ ᠠᠷᠢᠬᠢ ᠲᠠᠮᠠᠬᠢ᠎ᠶ᠋ᠢᠨ ᠬᠠᠢᠷᠴᠠᠭ᠂ ᠪᠥᠰ ᠪᠠᠷᠠᠭᠠᠨ᠎ᠤ ᠫᠢᠶᠤᠤ ᠁ ᠵᠡᠷᠭᠡ᠎ᠶ᠋ᠢ ᠥᠷᠥᠭᠡ ᠲᠥᠬᠦᠷᠡᠩ ᠡᠮᠬᠢᠯᠡᠨ ᠲᠢᠭ᠌ᠯᠡᠵᠥ᠍ ᠵᠢᠬᠢᠷᠢᠭ᠍ᠯᠠᠨ ᠬᠠᠳᠠᠭᠠᠯᠠᠵᠤ᠂ ᠨᠤᠮ ᠪᠢᠴᠢᠭ᠎ᠤᠨ ᠦᠨᠦᠷ ᠦᠷᠦᠭᠡ ᠲᠦᠬᠦᠷᠡᠩ ᠬᠠᠩᠬᠤᠯᠵᠤ᠂ ᠦᠩᠭᠡᠷᠡᠨ ᠤᠲᠤᠭ᠍ᠰᠠᠨ ᠣᠨ ᠵᠢᠯ᠎ᠤᠨ ᠤᠴᠠᠷᠠᠯ ᠲᠡᠦᠭᠡ᠎ᠶ᠋ᠢ ᠬᠦᠤᠷᠨᠢᠨ᠎ᠡ᠃
《ᠮᠢᠨᠦ᠍ ᠬᠠᠳᠠᠭᠠᠯᠠᠵᠤ ᠪᠠᠢᠭ᠎ᠠ ᠡᠷᠲᠡᠨ᠎ᠤ ᠨᠣᠮ ᠪᠢᠴᠢᠭ᠎ᠤᠨ ᠳᠣᠲᠣᠷ᠎ᠠ 60 ᠲᠦᠮᠡᠨ ᠦᠰᠦᠭ᠎ᠤᠨ ᠲᠥᠪᠡᠳ ᠨᠤᠮ ᠪᠠ 80 ᠲᠦᠮᠡᠨ ᠦᠰᠦᠭ᠎ᠤᠨ ᠮᠤᠩᠭᠤᠯ ᠨᠤᠮ ᠪᠠᠢᠨ᠎ᠠ᠂ ᠠᠨᠠᠭᠠᠬᠤ ᠤᠬᠠᠭᠠᠨ᠂ ᠱᠠᠱᠢᠨ ᠰᠤᠷᠲᠠᠬᠤᠨ᠂ ᠤᠳᠭ᠎ᠠ ᠵᠣᠬᠢᠶᠠᠯ ᠵᠡᠷᠭᠡ ᠲᠥᠷᠥᠯ ᠵᠦᠢᠯ ᠶᠡᠭᠡᠨᠭ᠌ᠭᠢᠶ᠋ᠢᠨᠢ ᠡᠵᠡᠯᠡᠨ᠎ᠡ》 ᠭᠡᠵᠦ᠍ ᠪᠠᠭᠠᠲᠦᠷ ᠲᠠᠨᠢᠯᠴᠠᠭᠤᠯᠵᠦ᠍ ᠭᠠᠷᠤᠯ᠎ᠠ᠃ ᠲᠤᠰᠭᠠᠢ ᠮᠡᠷᠭᠡᠵᠢᠯᠲᠡᠨ᠎ᠤ ᠬᠢᠨᠠᠨ ᠲᠣᠭ᠍ᠲᠠᠭᠠᠯᠳᠠ᠎ᠶ᠋ᠢ ᠥᠨᠳᠤᠰᠤᠯᠠᠪᠠᠯ᠂ ᠪᠠᠭᠠᠲᠦᠷ᠎ᠤᠨ ᠬᠠᠲᠠᠭᠠᠯᠠᠵᠦ᠍ ᠪᠠᠢᠭ᠎ᠠ ᠡᠷᠳᠡᠨ᠎ᠤ ᠨᠤᠮ ᠰᠤᠲᠤᠷ᠎ᠤᠨ ᠲᠤᠳᠤᠷ᠎ᠠ ᠬᠠᠮᠤᠭ᠎ᠤᠨ ᠡᠷᠳᠡᠨ᠎ᠤ ᠨᠤᠮ ᠰᠤᠲᠤᠷ᠎ᠨᠢ 500 ᠵᠢᠯ᠎ᠤᠨ ᠡᠮᠦᠨ᠎ᠡ ᠪᠢᠴᠢᠭ᠌ᠳᠡᠭ᠌ᠰᠡᠨ ᠪᠠᠢᠵᠤ᠂ ᠮᠠᠰᠢ ᠣᠯᠠᠨ ᠬᠠᠭᠤᠴᠢ ᠮᠠᠲ᠋ᠧᠷᠢᠶᠠᠯ᠎ᠨᠢ ᠲᠤᠩ ᠶᠡᠭᠡ ᠰᠤᠳᠤᠯᠭᠠᠨ᠎ᠤ ᠥᠨ᠎ᠠ ᠴᠠᠨ᠎ᠠ᠎ᠲᠠᠢ ᠠᠵᠢ᠃
ᠪᠠᠭᠠᠳᠤᠷ ᠭᠤᠸᠠᠢ᠎ᠶ᠋ᠢᠨ ᠡᠷᠳᠡᠨ᠎ᠤ ᠰᠤᠷᠪᠤᠯᠵᠢ ᠪᠢᠴᠢᠭ ᠲᠠᠩᠰᠠ ᠡᠪᠬᠡᠮᠡᠯ ᠬᠤᠷᠢᠶᠠᠨ ᠬᠠᠳᠠᠭᠠᠯᠠᠭ᠍ᠰᠠᠨ ᠦᠯᠢᠭᠡᠷ ᠤᠴᠠᠷᠠᠯ᠎ᠢ ᠲᠡᠬᠦᠨ᠎ᠤ ᠪᠠᠭ᠎ᠠ ᠨᠠᠰᠤ᠂ ᠴᠠᠭᠠᠱᠢᠯᠠᠭᠠᠳ ᠡᠪᠦᠭᠡ ᠠᠪᠤ᠎ᠶ᠋ᠢᠨ ᠬᠢᠨᠢ ᠥᠶ᠎ᠠ᠎ᠠᠴᠠ ᠶᠠᠷᠢᠬᠤ ᠴᠢᠬᠤᠯᠠᠳᠠᠢ᠃ 《ᠮᠢᠨᠦ᠍ ᠡᠪᠦᠭᠡ ᠠᠪᠤ ᠪᠠ ᠠᠪᠤ ᠪᠦᠷ ᠮᠤᠩᠭᠤᠯ ᠲᠦᠪᠡᠳ ᠡᠷᠳᠡᠨ᠎ᠤ ᠰᠤᠷᠪᠤᠯᠵᠢ ᠪᠢᠴᠢᠭ᠎ᠢ ᠬᠠᠲᠠᠭᠠᠯᠠᠲᠠᠭ ᠪᠠᠢᠬ᠍ᠰᠠᠨ᠃ ᠠᠪᠤ ᠮᠢᠨᠢ ᠮᠠᠯ ᠠᠵᠦ᠍ ᠠᠬᠤᠢ᠎ᠶ᠋ᠢᠨ ᠱᠢᠰᠲᠧᠮ᠎ᠤᠨ ᠠᠵᠢᠯᠲᠠᠨ ᠪᠠᠢᠬ᠍ᠰᠠᠨ ᠦᠶ᠎ᠡ᠎ᠳᠡᠭᠡᠨ ᠮᠤᠩᠭᠤᠯ ᠨᠤᠮ ᠰᠤᠳᠤᠷ᠎ᠲᠤ ᠬᠤᠷᠤᠬᠠᠢ᠎ᠲᠠᠢ ᠪᠤᠯᠵᠥ᠍᠂ ᠡᠳᠤᠷ ᠲᠤᠳᠤᠮ᠎ᠤᠨ ᠠᠮᠢᠳᠤᠷᠠᠯ ᠲᠤᠮᠳᠠ᠎ᠪᠠᠨ ᠪᠥᠰ᠎ᠤᠨ ᠡᠭᠡᠳᠠᠰᠤ ᠴᠤᠬ᠍ᠯᠠᠭᠤᠯᠬᠤ ᠱᠢᠬ ᠲᠥᠪᠡᠳ ᠮᠤᠩᠭᠤᠯ ᠡᠷᠳᠡᠨ᠎ᠤ ᠰᠤᠷᠪᠤᠯᠵᠢ ᠪᠢᠴᠢᠭ᠎ᠢ ᠡᠷᠢᠵᠦ᠍ ᠴᠤᠭ᠍ᠯᠠᠭᠤᠯᠤᠨ ᠡᠷᠳᠡᠨᠢ ᠪᠤᠯᠭᠠᠨ ᠬᠠᠳᠠᠭᠠᠯᠠᠳᠠᠬ ᠵᠠᠩᠱᠢᠯ᠎ᠲᠠᠢ ᠪᠠᠢᠵᠠᠢ》 ᠭᠡᠵᠦ᠍ ᠪᠠᠭᠠᠲᠤᠷ ᠪᠢᠳᠡᠨ᠎ᠳᠤ ᠶᠠᠷᠢᠵᠤ ᠦᠭ᠌ᠴᠦ ᠪᠠᠢᠯ᠎ᠠ᠃ ᠪᠠᠭᠠᠲᠦᠷ᠎ᠤᠨ ᠡᠵᠢ᠎ᠨᠢ ᠡᠭᠡᠯ ᠵᠢᠷ᠎ᠤᠨ ᠮᠠᠯᠴᠢᠨ ᠪᠥᠰᠡᠬᠦᠢ ᠪᠠᠢᠬ᠍ᠰᠠᠨ ᠴᠤ᠌ ᠬᠠᠳᠭᠤᠮᠠᠯ ᠤᠶᠤᠳᠠᠯ᠎ᠳᠤ ᠴᠠᠭᠠᠷᠠᠵᠦ᠍᠂ ᠮᠤᠩᠭᠤᠯ ᠬᠠᠳᠭᠤᠮᠠᠯ᠎ᠤᠨ ᠪᠤᠲᠠᠰ᠎ᠤᠨ ᠪᠤᠰᠤ ᠰᠤᠶᠤᠯ᠎ᠤᠨ ᠦᠪ᠎ᠤᠨ ᠤᠯᠠᠮᠵᠢᠯᠠᠭ᠍ᠴᠢ ᠪᠤᠯᠤᠬ᠍ᠰᠠᠨ ᠶᠤᠮ᠃ ᠡᠢᠮᠦᠷᠬᠦᠤ ᠰᠤᠶᠤᠯ ᠤᠷᠠᠯᠢᠭ᠎ᠤᠨ ᠠᠭᠤᠷ ᠠᠮᠢᠰᠭᠤᠯ᠎ᠢᠶᠠᠷ ᠦᠳᠭᠡᠨ ᠵᠤᠵᠠᠭᠠᠨ ᠭᠡᠷ ᠪᠥᠯᠢ᠎ᠳᠤ ᠦᠰᠴᠦ᠍ ᠲᠤᠷᠨᠢᠬ᠍ᠰᠠᠨ ᠪᠠᠭᠠᠳᠤᠷ ᠭᠤᠸᠠᠢ ᠬᠠᠷᠠᠬᠠᠨ ᠪᠠᠭ᠎ᠠ᠎ᠠᠴᠠ᠎ᠪᠠᠨ ᠪᠤᠰᠤᠳ ᠬᠡᠦᠬᠡᠳ᠎ᠠᠴᠠ ᠬᠤᠯᠠ ᠡᠷᠳᠡ ᠨᠤᠮ ᠰᠤᠳᠤᠷ᠎ᠲᠠᠢ ᠤᠢ᠍ᠢᠷᠠᠳᠤᠨ᠂ ᠦᠰᠦᠭ ᠨᠢᠳᠤᠯᠠᠵᠥ᠍ ᠦᠬᠦᠯᠡᠪᠦᠷᠢ ᠬᠤᠯᠪᠤᠵᠦ᠍ ᠴᠢᠲᠠᠬ᠍ᠰᠠᠨ ᠪᠦᠬᠡᠳ ᠡᠪᠦᠭᠡ ᠠᠪᠤ ᠪᠠ ᠠᠪᠤ᠎ᠶ᠋ᠢᠨ᠎ᠢᠶᠠᠨ ᠰᠠᠢᠬᠠᠨ ᠰᠤᠷᠳᠠᠯ᠎ᠢ ᠤᠯᠠᠮᠵᠢᠯᠠᠨ ᠵᠠᠯᠭᠠᠮᠵᠢᠯᠠᠵᠤ᠂ ᠮᠣᠩᠭᠤᠯ ᠲᠥᠪᠡᠳ ᠰᠤᠷᠪᠤᠯᠵᠢ ᠪᠢᠴᠢᠭ ᠪᠣᠯᠤᠨ ᠳᠠᠩᠰᠠ ᠡᠪᠬᠡᠮᠡᠯ᠎ᠢ ᠬᠠᠳᠠᠭᠠᠯᠠᠵᠤ ᠡᠬᠢᠯᠡᠭ᠌ᠰᠡᠨ ᠪᠠᠢᠳᠠᠬ᠃
ᠪᠠᠭᠠᠳᠤᠷ 1999 ᠤᠨ᠎ᠳᠤ ᠦᠪᠦᠷ ᠮᠤᠩᠭᠤᠯ᠎ᠤᠨ ᠦᠨᠳᠤᠰᠤᠳᠡᠨ᠎ᠤ ᠶᠡᠭᠡ ᠰᠤᠷᠭᠠᠭᠤᠯᠢ᠎ᠶ᠋ᠢᠨ ᠤᠷᠠᠨ ᠵᠢᠷᠤᠬ᠎ᠤᠨ ᠰᠠᠯᠪᠦᠷᠢ᠎ᠳᠤ ᠮᠣᠩᠭᠤᠯ ᠰᠡᠢᠯᠦᠮᠡᠯ ᠤᠷᠠᠨ ᠪᠢᠴᠢᠯᠭᠡ ᠰᠤᠷᠴᠤ᠌ ᠪᠠᠢᠬᠤ᠎ᠳᠠᠭᠠᠨ᠂ ᠴᠢᠩᠭᠢᠰ ᠬᠠᠭᠠᠨ᠎ᠤ ᠲᠠᠮᠠᠭ᠎ᠠ᠎ᠶ᠋ᠢᠨ ᠲᠤᠬᠠᠢ ᠬᠦᠨᠵᠡᠬᠡᠢ ᠤᠢ᠍ᠢᠯᠠᠭᠠᠵᠦ᠍᠂ ᠮᠣᠩᠭᠤᠯ ᠡᠷᠳᠡᠨ᠎ᠤ ᠦᠰᠦᠭ ᠪᠢᠴᠢᠭ᠎ᠤᠨ ᠲᠤᠬᠠᠢ ᠨᠡᠩ ᠢᠯᠡᠬᠦᠦ ᠲᠤᠷ᠎ᠠ ᠪᠠᠬᠠᠲᠠᠢ ᠪᠤᠯᠵᠠᠢ᠃ ᠲᠡᠬᠦᠨ᠎ᠠᠴᠠ ᠡᠬᠢᠯᠡᠭᠡᠳ᠂ ᠲᠡᠷᠡ ᠴᠦᠬᠡᠨ ᠲᠤᠭᠠᠳᠦ ᠦᠨᠳᠦᠰᠦᠳᠡᠨ᠎ᠤ ᠡᠷᠳᠡᠨ᠎ᠤ ᠰᠤᠷᠪᠤᠯᠵᠢ ᠪᠢᠴᠢᠭ ᠪᠠ ᠬᠠᠭᠤᠴᠢᠨ ᠲᠠᠩᠰᠠ ᠡᠪᠬᠡᠮᠡᠯ᠎ᠢ ᠤᠯᠲᠠᠬᠤ᠎ᠶ᠋ᠢᠨ ᠬᠢᠷᠢ᠎ᠪᠠᠷ᠎ᠢᠶᠠᠨ ᠡᠮᠬᠢᠯᠡᠨ ᠴᠤᠭ᠍ᠯᠠᠭᠤᠯᠬᠤ᠎ᠶ᠋ᠢᠨ ᠲᠠᠭᠠᠤ ᠲᠦᠪᠡᠳ ᠮᠤᠩᠭᠤᠯ ᠰᠤᠷᠪᠤᠯᠵᠢ ᠪᠢᠴᠢᠭ᠂ ᠲᠠᠩᠰᠠ ᠡᠪᠬᠡᠮᠡᠯ᠎ᠢᠶᠠᠨ ᠲᠦᠷᠦᠯ ᠠᠩᠬᠢᠯᠠᠨ ᠱᠢᠰᠲ᠋ᠧᠮ᠎ᠲᠠᠢ ᠬᠤᠷᠢᠶᠠᠨ ᠬᠠᠲᠠᠭᠠᠯᠠᠵᠤ ᠢᠷᠠᠪᠠ᠃ 《ᠲᠡᠷᠡ ᠦᠶ᠎ᠡ᠎ᠳᠤ ᠡᠷᠲᠡᠨ᠎ᠤ ᠶᠠᠭᠤᠮ᠎ᠠ ᠬᠤᠪᠢ ᠬᠥᠮᠦᠨ᠎ᠤ ᠭᠠᠷ᠎ᠲᠤ ᠲᠠᠷᠠᠬᠠᠢ ᠪᠤᠲᠠᠷᠬᠠᠶ ᠬᠠᠳᠠᠭᠠᠯᠠᠬ᠍ᠳᠠᠵᠥ᠍᠂ ᠨᠣᠮ᠎ᠤᠨ ᠳᠡᠯᠭᠡᠭᠦᠷ᠎ᠠᠴᠠ ᠶᠡᠷᠦ᠎ᠨᠢ ᠣᠯᠳᠠᠬᠤ ᠦᠭᠡᠢ ᠪᠠᠢᠬ᠍ᠰᠠᠨ ᠶᠤᠮ᠂ ᠡᠢᠮᠦ᠎ᠠᠴᠠ ᠪᠢ ᠶᠡᠭᠡ ᠬᠡᠮᠵᠢᠶᠡᠨ᠎ᠤ ᠴᠠᠭ ᠵᠠᠷᠤᠴᠠᠭᠤᠯᠵᠤ ᠪᠠᠢᠭᠠᠳ ᠮᠠᠯᠵᠢᠬᠤ ᠲᠠᠷᠢᠶᠠᠯᠠᠬᠤ ᠣᠷᠣᠨ᠎ᠳᠤ ᠣᠴᠢᠵᠤ ᠰᠤᠷᠪᠤᠯᠵᠢᠯᠠᠬᠤ᠎ᠶ᠋ᠢᠨ ᠬᠠᠮᠳᠤ ᠭᠠᠷ᠎ᠲᠠᠬᠢ ᠪᠡᠯᠡ ᠮᠥᠡᠭ᠌ᠭᠦᠪᠠᠷᠢᠶᠠᠨ ᠮᠣᠩᠭᠤᠯ ᠲᠥᠪᠡᠳ ᠰᠤᠷᠪᠤᠯᠵᠢ ᠪᠢᠴᠢᠭ᠎ᠢ ᠬᠤᠳᠠᠯᠳᠤᠨ ᠠᠪᠴᠦ᠍ ᠪᠠᠢᠬ᠍ᠰᠠᠨ᠃ ᠬᠤᠵᠢᠮ᠎ᠨᠢ ᠪᠢ ᠥᠪᠥᠷ ᠮᠣᠩᠭᠤᠯ᠎ᠤᠨ ᠶᠡᠭᠡ ᠰᠤᠷᠭᠠᠭᠤᠯᠢ᠂ ᠥᠪᠥᠷ ᠮᠣᠩᠭᠤᠯ᠎ᠤᠨ ᠪᠠᠭ᠍ᠰᠢ᠎ᠶ᠋ᠢᠨ ᠶᠡᠭᠡ ᠰᠤᠷᠭᠠᠭᠤᠯᠢ᠂ ᠥᠪᠥᠷ ᠮᠣᠩᠭᠤᠯ᠎ᠤᠨ ᠨᠡᠢᠭᠡᠮ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠂ ᠴᠠᠭᠠᠱᠢᠯᠠᠪᠠᠯ ᠳᠤᠮᠳᠠᠳᠤ ᠤᠯᠤᠰ᠎ᠤᠨ ᠨᠡᠢᠭᠡᠮ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠤᠨ ᠡᠷᠲᠡᠨ᠎ᠤ ᠰᠤᠷᠪᠤᠯᠵᠢ ᠪᠢᠴᠢᠭ ᠰᠤᠳᠤᠯᠬᠤ ᠭᠠᠵᠠᠷ᠎ᠤᠨ ᠲᠤᠰᠭᠠᠶ ᠮᠡᠷᠭᠡᠵᠢᠯᠲᠡᠳ᠎ᠲᠠᠢ ᠲᠠᠨᠢᠯᠴᠠᠵᠤ᠂ ᠲᠥᠪᠡᠳ ᠮᠤᠩᠭᠤᠯ ᠡᠷᠳᠠᠨᠤ ᠰᠤᠷᠪᠤᠯᠵᠢ ᠪᠢᠴᠢᠭ᠎ᠤᠨ ᠲᠤᠬᠠᠢ ᠰᠤᠷᠴᠤ᠌ ᠰᠤᠳᠤᠯᠵᠥ᠍ ᠪᠠᠢᠬ᠍ᠰᠠᠨ ᠠ᠊ · ᠫᠤᠩᠰᠤᠬ᠂ ᠵᠠ ᠯᠥᠸᠧ᠂ ᠰᠠᠢᠨ᠂ ᠰᠠᠷᠠᠩᠭᠤᠸ᠎ᠠ ᠵᠡᠷᠭᠡ ᠪᠠᠭ᠍ᠰᠢ ᠨᠠᠷ᠎ᠠᠴᠠ ᠰᠤᠷᠤᠯᠴᠠᠵᠦ᠍᠂ ᠡᠷᠲᠡᠨ᠎ᠤ ᠨᠣᠮ ᠪᠢᠴᠢᠭ᠎ᠢ ᠢᠯᠭᠠᠨ ᠲᠠᠨᠢᠬᠤ ᠴᠢᠳᠠᠪᠤᠷᠢ᠎ᠪᠠᠨ ᠠᠭᠠᠵᠢᠮ᠎ᠢᠶᠠᠷ ᠳᠡᠭᠡᠭ᠌ᠰᠢᠯᠡᠬᠦᠯᠦᠭ᠌ᠰᠡᠨ ᠶᠤᠮ》 ᠭᠡᠵᠦ᠍ ᠲᠡᠷᠡ ᠡᠷᠬᠢᠴᠡᠬᠦᠯᠦᠨ᠎ᠡ᠃
ᠬᠤᠷᠢᠶᠠᠨ ᠬᠠᠳᠠᠭᠠᠯᠠᠭ᠍ᠰᠠᠨ ᠨᠤᠮ ᠰᠤᠳᠤᠷ᠎ᠤᠨ᠎ᠢᠶᠠᠨ ᠢᠷᠡᠯᠲᠡ᠂ ᠤᠨ ᠵᠢᠯ᠂ ᠦᠯᠢᠭᠡᠷ ᠤᠴᠡᠷᠠᠯᠤᠳᠢ ᠪᠢᠳᠡᠨ᠎ᠳᠤ ᠨᠢᠭᠡ ᠵᠠᠬ᠎ᠠ᠎ᠠᠴᠠ ᠡᠬᠢ ᠠᠳᠠᠭ᠎ᠲᠠᠢ ᠲᠠᠨᠢᠯᠴᠠᠭᠤᠯᠬᠤ᠎ᠳᠤ ᠦᠪ ᠰᠤᠶᠤᠯ᠎ᠳᠠᠭᠠᠨ ᠱᠢᠩᠭᠡᠭ᠌ᠰᠡᠨ ᠬᠠᠯᠠᠭᠤᠨ ᠬᠠᠢᠷ᠎ᠠ᠂ ᠢᠲᠡᠭᠡᠯ ᠤᠮᠤᠭ᠍ᠰᠢᠯ ᠪᠠᠭᠠᠳᠤᠷ᠎ᠤᠨ ᠴᠢᠷᠠᠢ᠎ᠳᠤ ᠲᠤᠳᠤᠬᠠᠨ ᠬᠠᠷᠠᠭ᠍ᠳᠠᠨ᠎ᠠ᠃ 2008 ᠣᠨ᠎ᠳᠤ᠂ ᠪᠠᠭᠠᠲᠤᠷ ᠤᠯᠠᠭᠠᠨᠴᠠᠪ ᠬᠤᠳᠠ᠎ᠶ᠋ᠢᠨ ᠴᠠᠬᠠᠷ ᠪᠠᠷᠠᠭᠤᠨ ᠭᠠᠷᠤᠨ ᠡᠮᠥᠨᠡᠳᠤ ᠬᠤᠱᠢᠭᠤᠨ᠎ᠤ ᠳᠠᠩᠰᠠ ᠡᠪᠬᠡᠮᠡᠯ᠎ᠤᠨ ᠠᠵᠢᠯᠲᠠᠨ ᠹᠦ᠋ ᠨᠠ ᠶᠢᠩ᠎ᠲᠠᠢ ᠠᠢᠯ ᠭᠡᠷ ᠪᠤᠯᠪᠠ᠃ ᠲᠡᠭᠡᠭᠡᠳ ᠯᠡ ᠡᠷᠲᠡᠨ᠎ᠤ ᠨᠣᠮ ᠰᠤᠳᠤᠷ᠂ ᠬᠠᠭᠤᠴᠢᠨ ᠪᠣᠳᠠᠰ᠎ᠢ ᠬᠤᠷᠢᠶᠠᠨ ᠬᠠᠳᠠᠭᠠᠯᠠᠵᠦ᠍ ᠡᠮᠬᠢᠯᠡᠨ ᠴᠤᠭ᠍ᠯᠠᠭᠤᠯᠬᠤ ᠬᠠᠮᠲᠦ᠎ᠶ᠋ᠢᠨ ᠲᠤᠷ᠎ᠠ ᠰᠤᠨᠢᠷᠬᠠᠯ᠎ᠲᠠᠢ ᠪᠠᠭᠠᠲᠤᠷ ᠹᠦ᠋ ᠨᠠ ᠶᠢᠩ ᠬᠤᠶᠠᠭᠤᠯᠠ ᠡᠬᠡ ᠤᠯᠤᠰ᠎ᠤᠨ ᠡᠯ᠎ᠡ ᠭᠠᠵᠠᠷ᠎ᠢᠶᠠᠷ ᠲᠤᠭᠤᠷᠢᠵᠦ᠍᠂ ᠬᠦᠷᠦᠭ᠌ᠰᠡᠨ ᠭᠠᠵᠠᠷ ᠪᠤᠯᠭᠠᠨ᠎ᠤ ᠬᠠᠭᠤᠴᠢ ᠪᠠᠭᠤᠷᠢ᠎ᠪᠠᠷ ᠰᠤᠷᠪᠤᠯᠵᠢᠯᠠᠵᠦ᠍᠂ ᠨᠤᠮ᠎ᠤᠨ ᠰᠠᠩ᠂ ᠨᠤᠮ᠎ᠤᠨ ᠲᠡᠯᠭᠡᠬᠦᠷ᠎ᠢᠶᠠᠷ ᠤᠷᠤᠵᠦ᠍᠂ ᠮᠣᠩᠭᠤᠯ ᠲᠥᠪᠡᠳ ᠡᠷᠲᠡᠨ᠎ᠤ ᠰᠤᠷᠪᠤᠯᠵᠢ ᠪᠢᠴᠢᠭ᠂ ᠳᠠᠩᠰᠠ ᠡᠪᠬᠡᠮᠡᠯ ᠪᠢᠴᠢᠭ ᠮᠠᠲ᠋ᠧᠷᠢᠶᠠᠯ ᠡᠷᠢᠳᠡᠭ ᠪᠠᠢᠯ᠎ᠠ᠃ 2009 ᠤᠨ᠎ᠤ 9 ᠰᠠᠷ᠎ᠠ᠎ᠳᠤ ᠲᠡᠷᠡ ᠭᠡᠷᠭᠡᠢ᠎ᠲᠠᠢ᠎ᠪᠠᠨ ᠤᠷᠲᠤᠰ ᠬᠤᠲᠠ᠎ᠶ᠋ᠢᠨ ᠡᠵᠡᠨ ᠬᠤᠷᠤᠭ᠎ᠠ ᠬᠤᠱᠢᠭᠤᠨ᠎ᠤ ᠨᠠᠷᠠᠨᠱᠢᠯᠢ ᠭᠠᠴᠠᠭ᠎ᠠ᠎ᠪᠠᠷ ᠡᠷᠳᠡᠨ᠎ᠤ ᠨᠤᠮ ᠰᠤᠳᠤᠷ ᠬᠠᠢᠵᠦ᠍ ᠶᠠᠪᠤᠬᠤ᠎ᠳᠠᠭᠠᠨ᠂ ᠨᠢᠬᠡᠨ ᠮᠠᠯᠴᠢᠨ ᠠᠢᠯ᠎ᠳᠤ 《ᠭᠡᠰᠡᠷ᠎ᠤᠨ ᠲᠤᠭᠤᠵᠢ》 ᠶ᠋ᠢᠨ ᠨᠢᠭᠡᠨ ᠪᠦᠯᠦᠭ — 1716 ᠤᠨ᠎ᠤ 《ᠠᠷᠪᠡᠨ ᠵᠦᠭ᠎ᠲᠤ ᠡᠵᠡᠨ ᠠᠴᠢᠲᠤ ᠬᠡᠰᠡᠷ ᠪᠤᠭ᠍ᠲᠠ ᠮᠡᠷᠭᠡᠨ ᠬᠠᠭᠠᠨ》 ᠬᠡᠮᠡᠬᠦ᠌ ᠨᠤᠮ ᠰᠤᠳᠤᠷ᠎ᠢ ᠬᠠᠲᠠᠭᠠᠯᠠᠵᠦ᠍ ᠪᠠᠢᠬᠤ᠎ᠶ᠋ᠢ ᠤᠯᠵᠦ᠍ ᠮᠡᠳᠡᠭᠡᠳ ᠶᠠᠭᠡᠲᠡ ᠲᠤᠭ᠍ᠲᠤᠯᠤᠨ᠂ ᠮᠠᠯᠴᠢᠨ ᠠᠢᠯ᠎ᠳᠤ ᠠᠢᠯᠴᠢᠯᠠᠨ ᠬᠥᠷᠴᠤ᠌᠂ ᠬᠡᠷ᠎ᠤᠨ ᠠᠵᠢᠯᠳᠤᠨᠢ ᠬᠠᠪᠰᠤᠷᠬᠤ᠎ᠶ᠋ᠢᠨ ᠬᠠᠮᠲᠦ ᠵᠤᠭᠤᠰ ᠮᠦᠩᠬᠦ᠌ ᠴᠤᠭ᠍ᠯᠠᠭᠤᠯᠵᠦ᠍ ᠲᠤᠰ ᠨᠤᠮ᠎ᠢ ᠬᠤᠳᠠᠯᠳᠤᠨ ᠠᠪᠤᠭ᠍ᠰᠠᠨ ᠭᠡᠳᠡᠭ᠃

ᠪᠠᠭᠠᠲᠣᠷ ᠨᠣᠮ ᠬᠠᠳᠠᠭᠠᠯᠠᠬᠤ ᠭᠠᠵᠠᠷ᠎ᠲᠠᠭᠠᠨ
《ᠡᠷᠳᠡᠨ᠎ᠤ ᠰᠤᠷᠪᠤᠯᠵᠢ ᠪᠢᠴᠢᠭ᠎ᠢ ᠬᠤᠷᠢᠶᠠᠨ ᠬᠠᠳᠠᠭᠠᠯᠠᠬᠤ᠎ᠳᠤ ᠬᠦᠴᠦ᠍ ᠬᠦᠯᠦᠰᠦ᠂ ᠵᠤᠭᠤᠰ ᠮᠦᠩᠭᠦ᠌ ᠵᠠᠷᠤᠴᠠᠭᠤᠯᠳᠠᠭ᠃ ᠭᠡᠷᠪᠡ ᠭᠡᠷᠭᠡᠢ᠎ᠶ᠋ᠢᠨ ᠮᠢᠨᠢ ᠲᠡᠮᠵᠢᠯᠭᠡ ᠪᠠᠢᠬᠤ ᠦᠬᠡᠢ ᠪᠤᠯ ᠨᠤᠮ ᠪᠢᠴᠢᠭ᠎ᠤᠨ ᠬᠠᠲᠠᠭᠠᠯᠠᠮᠵᠢ ᠦᠨᠦᠲᠦᠷ᠎ᠤᠨ ᠱᠢᠭ ᠡᠢᠮᠦ᠍ ᠬᠡᠮᠵᠢᠶᠡᠨ᠎ᠳᠤ ᠬᠦᠷᠴᠦ᠍ ᠲᠡᠢᠯᠬᠦ᠌ ᠦᠭᠡᠢ ᠱᠢᠦ》 ᠭᠡᠵᠦ᠍ ᠪᠠᠭᠠᠲᠤᠷ ᠢᠨᠢᠶᠡᠮᠰᠦᠭ᠌ᠯᠡᠨ ᠶᠠᠷᠢᠨ᠎ᠠ᠃ ᠹᠦ᠋ ᠨᠠ ᠶᠢᠩ ᠡᠷᠳᠡᠨ᠎ᠤ ᠨᠤᠮ ᠰᠤᠳᠤᠷ᠎ᠢ ᠬᠢᠮᠠᠭᠠᠲᠠᠨ ᠬᠠᠢᠷᠠᠯᠠᠵᠦ᠍᠂ ᠡᠮᠳᠡᠷᠡᠵᠦ᠍ ᠤᠷᠠᠬ᠍ᠲᠠᠬ᠍ᠰᠠᠨᠢᠨᠢ ᠰᠡᠯᠪᠢᠵᠦ᠍᠂ ᠲᠤᠲᠠᠭ᠍ᠲᠠᠵᠦ᠍ ᠤᠷᠬᠢᠬ᠍ᠲᠠᠬ᠍ᠰᠠᠨᠢᠨᠢ ᠨᠦᠬᠦᠵᠦ᠍᠂ ᠵᠢᠷᠤᠭ ᠰᠡᠭᠦᠳᠡᠷ᠂ ᠪᠢᠴᠢᠭ ᠮᠠᠲ᠋ᠧᠷᠢᠶᠠᠯ᠎ᠢ ᠨᠢᠭᠡ ᠨᠢᠭᠡ ᠨᠢᠭᠤᠷ᠎ᠢᠶᠠᠷ ᠱᠢᠯ ᠬᠠᠢᠷᠴᠠᠭ᠎ᠲᠤ ᠨᠢᠮᠪᠠᠢ ᠬᠢᠵᠦ᠍ ᠬᠤᠷᠢᠶᠠᠳᠠᠭ᠃ 《ᠡᠷᠳᠡᠨ᠎ᠤ ᠰᠤᠷᠪᠤᠯᠵᠢ ᠪᠢᠴᠢᠭ ᠪᠤᠯ ᠦᠨᠳᠦᠰᠦᠳᠡᠨ᠎ᠤ ᠰᠤᠶᠤᠯ ᠰᠤᠳᠤᠯᠭᠠᠨ᠎ᠤ ᠠᠵᠢᠯ᠎ᠤᠨ ᠴᠢᠬᠤᠯᠠ ᠠᠭᠤᠯᠭ᠎ᠠ ᠮᠦᠨ᠂ ᠪᠢᠳᠡ ᠬᠤᠶᠠᠭᠤᠯᠠ ᠴᠦᠬᠡᠨ ᠲᠤᠭᠠᠳᠦ ᠦᠨᠳᠦᠰᠦᠳᠡᠨ᠎ᠤ ᠡᠷᠳᠡᠨ᠎ᠤ ᠨᠤᠮ ᠰᠤᠳᠤᠷ᠎ᠢ ᠴᠤᠭ᠍ᠯᠠᠭᠤᠯᠤᠨ᠂ ᠬᠠᠮᠠᠭᠠᠯᠠᠵᠦ᠍᠂ ᠤᠯᠠᠮᠵᠢᠯᠠᠨ᠂ ᠡᠷᠳᠡᠮ ᠱᠢᠨᠵᠢᠯᠡᠭᠡᠨ᠎ᠳᠤ ᠦᠨᠡᠨ ᠪᠤᠳᠠᠳᠠᠢ ᠪᠦᠭᠡᠳ ᠨᠠᠢᠳᠠᠪᠦᠷᠢᠳᠠᠢ ᠪᠢᠴᠢᠭ ᠮᠠᠲ᠋ᠧᠷᠢᠶᠠᠯ ᠬᠠᠩᠭᠠᠵᠦ᠍᠂ ᠦᠨᠳᠦᠰᠦᠳᠡᠨ᠎ᠤ ᠱᠢᠯᠢᠳᠡᠭ ᠤᠯᠠᠮᠵᠢᠯᠠᠯᠳᠦ ᠰᠤᠶᠤᠯ᠎ᠢ ᠵᠠᠯᠭᠠᠮᠵᠢᠯᠠᠨ ᠪᠠᠳᠠᠷᠠᠭᠤᠯᠬᠤ᠎ᠳᠤ ᠦᠴᠦᠭᠡᠨ ᠴᠦ᠍ ᠭᠡᠰᠡᠨ ᠬᠤᠪᠢ ᠨᠡᠮᠡᠷᠢ᠎ᠪᠠᠨ ᠦᠵᠡᠬᠦᠯᠦᠶ᠎ᠡ ᠯᠡ ᠭᠡᠵᠦ᠍ ᠪᠤᠳᠤᠵᠤ ᠪᠠᠢᠨ᠎ᠠ》 ᠭᠡᠵᠥ᠍ ᠲᠡᠷᠡ ᠪᠤᠳᠤᠯ᠎ᠢᠶᠠᠨ ᠲᠡᠯᠭᠡᠯ᠎ᠡ᠃
ᠤᠲᠤ᠌᠂ ᠪᠠᠭᠠᠲᠤᠷ᠎ᠤᠨ ᠬᠠᠳᠠᠭᠠᠯᠠᠵᠦ᠍ ᠪᠠᠢᠭ᠎ᠠ ᠡᠷᠳᠡᠨ᠎ᠤ ᠨᠤᠮ ᠰᠤᠳᠤᠷᠤᠳᠨᠢ ᠲᠤᠮᠳᠠᠳᠦ ᠤᠯᠤᠰ᠎ᠤᠨ ᠲᠦᠪᠡᠳ ᠰᠤᠳᠤᠯᠤᠯ᠎ᠤᠨ ᠲᠦᠪ᠂ ᠲᠤᠮᠳᠠᠳᠦ ᠤᠯᠤᠰ᠎ᠤᠨ ᠨᠡᠢᠭᠡᠮ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠂ ᠤᠯᠤᠰ᠎ᠤᠨ ᠨᠤᠮ᠎ᠤᠨ ᠰᠠᠩ᠎ᠤᠨ ᠴᠦᠬᠡᠨ ᠲᠤᠭᠠᠳᠦ ᠦᠨᠳᠦᠰᠦᠳᠡᠨ᠎ᠤ ᠡᠷᠳᠡᠨ᠎ᠤ ᠰᠤᠷᠪᠤᠯᠵᠢ ᠪᠢᠴᠢᠭ᠎ᠤᠨ ᠤᠷᠳᠤᠨ᠂ ᠪᠡᠭᠡᠵᠢᠩ ᠶᠡᠭᠡ ᠰᠤᠷᠭᠠᠭᠤᠯᠢ᠂ ᠦᠪᠦᠷ ᠮᠤᠩᠭᠤᠯ᠎ᠤᠨ ᠶᠡᠭᠡ ᠰᠤᠷᠭᠠᠭᠤᠯᠢ ᠵᠡᠷᠭᠡ ᠰᠤᠲᠤᠯᠭᠠᠨ᠎ᠤ ᠪᠠᠢᠭᠤᠯᠤᠮᠵᠢ ᠪᠠ ᠶᠡᠭᠡ ᠲᠡᠭᠡᠲᠦ ᠰᠤᠷᠭᠠᠭᠤᠯᠢ᠎ᠶ᠋ᠢᠨ ᠡᠷᠳᠡᠮ ᠱᠢᠨᠵᠢᠯᠡᠭᠡᠨ᠎ᠤ ᠰᠤᠳᠤᠯᠭᠠᠨ᠎ᠳᠤ ᠤᠯᠳᠠᠰᠢ ᠦᠭᠡᠢ ᠬᠤᠪᠤᠷ ᠮᠠᠲ᠋ᠧᠷᠢᠶᠠᠯ ᠬᠠᠩᠭᠠᠵᠦ᠍ ᠪᠤᠢ᠃ 《ᠪᠢ ᠪᠠᠰᠠ ᠰᠤᠳᠤᠯᠭᠠᠨ ᠬᠢᠵᠦ᠍ ᠪᠠᠢᠭ᠎ᠠ ᠡᠷᠳᠡᠮᠳᠡᠨ ᠪᠠᠭ᠍ᠰᠢ ᠨᠠᠷ᠎ᠠᠴᠠ ᠲᠦᠪᠡᠳ ᠮᠤᠩᠭᠤᠯ ᠡᠷᠳᠡᠨ᠎ᠤ ᠰᠤᠷᠪᠤᠯᠵᠢ ᠪᠢᠴᠢᠭ᠎ᠤᠨ ᠲᠡᠦᠬᠡ ᠰᠤᠶᠤᠯ᠎ᠤᠨ ᠬᠠᠮᠢᠶᠠᠲᠠᠢ ᠮᠡᠳᠡᠯᠭᠡ᠎ᠶ᠋ᠢ ᠰᠤᠷᠤᠯᠴᠠᠵᠥ᠍ ᠪᠤᠢ᠃ ᠬᠤᠵᠢᠮ ᠦᠨᠳᠦᠰᠦᠳᠡᠨ᠎ᠤ ᠱᠢᠯᠢᠳᠡᠭ ᠤᠯᠠᠮᠵᠢᠯᠠᠯᠳᠦ ᠰᠤᠶᠤᠯ᠎ᠢ ᠤᠯᠠᠮᠵᠢᠯᠠᠨ ᠪᠠᠳᠠᠷᠠᠭᠤᠯᠵᠤ᠂ ᠴᠦᠬᠡᠨ ᠲᠤᠭᠠᠳᠦ ᠦᠨᠳᠦᠰᠦᠳᠡᠨ᠎ᠤ ᠡᠷᠳᠡᠨ᠎ᠤ ᠰᠤᠷᠪᠤᠯᠵᠢ ᠪᠢᠴᠢᠭ᠎ᠢ ᠨᠡᠩ ᠰᠠᠢᠲᠦᠷ ᠤᠯᠠᠮᠵᠢᠯᠠᠨ ᠬᠦᠭ᠌ᠵᠢᠬᠦᠯᠬᠦ᠌᠎ᠪᠠᠷ ᠴᠢᠷᠮᠠᠢᠵᠦ᠍᠂ ᠦᠷ᠎ᠡ ᠬᠤᠢᠴᠢᠰ᠎ᠲᠠᠭᠠᠨ ᠡᠳᠡᠭᠡᠷ ᠦᠪ ᠰᠤᠶᠤᠯ᠎ᠢᠶᠠᠨ ᠦᠪᠯᠡᠬᠦᠯᠦᠨ ᠵᠠᠯᠭᠠᠮᠵᠢᠯᠠᠭᠤᠯᠬᠤ᠎ᠶ᠋ᠢ ᠬᠦᠰᠡᠵᠦ᠍ ᠪᠠᠢᠨ᠎ᠠ》 ᠭᠡᠵᠦ᠍ ᠲᠡᠷᠡ ᠲᠠᠨᠢᠯᠴᠠᠭᠤᠯᠵᠥ᠍ ᠪᠢᠯᠠ᠃
2019 ᠤᠨ᠎ᠤ 7 ᠰᠠᠷ᠎ᠠ᠎ᠶ᠋ᠢᠨ 16 ᠤ ᠡᠳᠤᠷ᠂ ᠶᠡᠷᠦᠩᠬᠡᠢ ᠱᠦᠵᠢ ᠰᠢ᠎ᠶ᠋ᠢᠨ ᠫᠢᠩ ᠦᠪᠦᠷ ᠮᠤᠩᠭᠤᠯ᠎ᠳᠤ ᠱᠢᠨᠵᠢᠯᠡᠨ ᠪᠠᠢᠴᠠᠭᠠᠬᠤ᠎ᠳᠠᠭᠠᠨ 《ᠮᠤᠩᠭᠤᠯ ᠡᠷᠳᠡᠨ᠎ᠤ ᠨᠤᠮ ᠰᠤᠳᠤᠷ᠎ᠢ ᠴᠤᠭ᠍ᠯᠠᠭᠤᠯᠬᠤ᠂ ᠡᠮᠬᠢᠳᠭᠡᠬᠦ᠂ ᠬᠠᠮᠠᠭᠠᠯᠠᠬᠤ ᠠᠵᠢᠯ᠎ᠢ ᠴᠢᠩᠭᠠᠳᠭᠠᠬᠤ ᠬᠡᠷᠡᠭ᠌ᠳᠡᠢ》 ᠭᠡᠵᠤ ᠵᠢᠭᠠᠵᠤ ᠭᠠᠷᠭᠠᠨᠨᠰᠡᠨ ᠪᠠᠢᠨ᠎ᠠ᠃ ᠡᠨᠡ᠎ᠨᠢ ᠪᠠᠭᠠᠳᠤᠷ ᠭᠤᠸᠠᠢ᠎ᠶ᠋ᠢᠨ ᠡᠷᠳᠡᠨ᠎ᠤ ᠨᠤᠮ ᠰᠤᠳᠤᠷ ᠴᠤᠭ᠍ᠯᠠᠭᠤᠯᠬᠤ ᠠᠵᠢᠯ᠎ᠳᠤ ᠮᠠᠰᠢ ᠶᠡᠭᠡ ᠵᠤᠷᠢᠭ᠍ᠵᠢᠭᠤᠯᠤᠯ ᠪᠤᠯᠵᠤ᠂ ᠴᠦᠭᠡᠨ ᠲᠤᠭᠠᠳᠦ ᠦᠨᠳᠦᠰᠦᠳᠡᠨ᠎ᠤ ᠦᠪ ᠰᠤᠶᠤᠯ᠎ᠢᠶᠠᠨ ᠤᠯᠠᠮᠵᠢᠯᠠᠨ ᠬᠦᠭ᠌ᠵᠢᠬᠦᠯᠵᠦ᠍᠂ ᠬᠤᠵᠢᠮ᠎ᠤᠨ ᠬᠦᠮᠦᠰ᠎ᠲᠤ ᠦᠪᠯᠡᠬᠦᠯᠦᠨ ᠦᠯᠡᠳᠡᠭᠡᠬᠦ᠌᠎ᠪᠠᠷ ᠤᠯᠠᠮ ᠵᠤᠷᠢᠭ ᠱᠢᠭᠤᠳᠴᠠᠢ᠃ ᠡᠨᠡ ᠵᠢᠯ᠎ᠤᠨ ᠬᠢᠵᠢᠭ᠎ᠤᠨ ᠬᠤᠭᠤᠴᠠᠭᠠᠨ᠎ᠳᠤ ᠲᠤᠮᠳᠠᠳᠦ ᠤᠯᠤᠰ᠎ᠤᠨ ᠲᠦᠪᠡᠳ ᠰᠤᠳᠤᠯᠤᠯ᠎ᠤᠨ ᠲᠦᠪ᠂ ᠲᠤᠮᠳᠠᠳᠦ ᠤᠯᠤᠰ᠎ᠤᠨ ᠨᠡᠢᠭᠡᠮ᠎ᠤᠨ ᠱᠢᠨᠵᠢᠯᠡᠬᠦ᠌ ᠤᠬᠠᠭᠠᠨ᠎ᠤ ᠬᠦ᠍ᠷᠢᠶᠡᠯᠡᠩ ᠵᠢᠴᠢ ᠨᠠᠢ᠍ᠮᠠᠨ ᠮᠤᠵᠢ ᠤᠷᠤᠨ᠎ᠤ ᠮᠤᠩᠭᠤᠯ᠂ ᠲᠦᠪᠡᠳ ᠡᠷᠲᠡᠨ᠎ᠤ ᠰᠤᠷᠪᠤᠯᠵᠢ ᠪᠢᠴᠢᠭ᠎ᠤᠨ ᠰᠤᠲᠤᠯᠭᠠᠨ᠎ᠤ ᠡᠷᠲᠠᠮᠲᠡᠳᠤᠨ ᠰᠠᠨᠠᠭᠤᠯᠭ᠎ᠠ ᠪᠠ ᠲᠠᠮᠵᠢᠯᠭᠡ᠎ᠪᠠᠷ ᠪᠠᠭᠠᠲᠤᠷ ᠭᠤᠸᠠᠢ ᠦᠪᠡᠷ᠎ᠤᠨ ᠨᠤᠮ᠎ᠤᠨ ᠦᠷᠦᠭᠡ᠎ᠪᠠᠨ ᠰᠡᠭᠦᠵᠡᠢ᠃ 《ᠭᠠᠵᠠᠷ ᠳᠣᠣᠷᠠᠬᠢ ᠥᠷᠥᠭᠡ᠎ᠪᠠᠨ ᠨᠤᠮ ᠬᠠᠳᠠᠭᠠᠯᠠᠬᠤ ᠭᠠᠵᠠᠷ ᠪᠤᠯᠭᠠᠬ᠍ᠰᠠᠨ᠎ᠨᠢ ᠡᠷᠲᠡᠨ᠎ᠤ ᠨᠣᠮ ᠪᠢᠴᠢᠭ᠎ᠢ ᠨᠡᠩ ᠰᠠᠢᠲᠦᠷ ᠬᠠᠮᠠᠭᠠᠯᠠᠬᠤ᠎ᠶ᠋ᠢᠨ ᠲᠦᠯᠦᠬᠡ ᠶᠤᠮ᠂ ᠪᠠᠭ᠎ᠠ ᠴᠢᠭᠢᠭ᠎ᠲᠠᠢ᠂ ᠨᠠᠷᠠᠨ᠎ᠤ ᠲᠤᠰᠤᠯᠳᠠ ᠪᠠᠭ᠎ᠠ ᠪᠠᠢᠪᠠᠯ ᠰᠠᠢ ᠡᠷᠲᠡᠨ᠎ᠤ ᠨᠣᠮ ᠪᠢᠴᠢᠭ᠎ᠤᠨ ᠬᠠᠳᠠᠭᠠᠯᠠᠬᠤ ᠬᠤᠭᠤᠴᠠᠭ᠎ᠠ᠎ᠶ᠋ᠢ ᠤᠷᠲᠤᠳᠭᠠᠵᠤ ᠴᠢᠳᠠᠨ᠎ᠠ》 ᠬᠡᠵᠥ᠍ ᠪᠠᠭᠠᠳᠤᠷ ᠡᠷ᠎ᠠ ᠡᠮ᠎ᠠ ᠬᠤᠶᠠᠭᠤᠯᠠ ᠰᠠᠨᠠᠯ ᠨᠢᠭᠡᠳᠠᠢ ᠶᠡᠷᠢᠵᠥ᠍ ᠪᠢᠯᠠ᠃
ᠮᠣᠩᠭᠤᠯ ᠲᠥᠪᠡᠳ ᠰᠤᠷᠪᠤᠯᠵᠢ ᠪᠢᠴᠢᠭ᠎ᠠᠴᠠ ᠭᠠᠳᠠᠨ᠎ᠠ᠂ ᠪᠠᠭᠠᠲᠤᠷ ᠪᠠᠰᠠ ᠲᠠᠩᠰᠠ ᠡᠪᠬᠡᠮᠡᠯ᠎ᠤᠨ ᠲᠤᠯᠭᠤᠷ ᠪᠢᠴᠢᠭ ᠮᠠᠲ᠋ᠧᠷᠢᠶᠠᠯ ᠬᠠᠲᠠᠭᠠᠯᠠᠲᠠᠭ᠃ ᠡᠳᠡᠭᠡᠷ ᠪᠢᠴᠢᠭ ᠮᠠᠲᠧᠷᠢᠶᠠᠯ ᠡᠷᠳᠡᠮᠲᠡᠨ ᠮᠡᠷᠭᠡᠵᠢᠯᠲᠡᠳ᠎ᠲᠤ ᠠᠪᠴᠤ᠌ ᠬᠡᠯᠡᠪᠡᠯ᠂ ᠲᠦᠢᠯ᠎ᠤᠨ ᠡᠷᠬᠢᠮ ᠨᠠᠨᠳᠢᠨ ᠮᠠᠲ᠋ᠧᠷᠢᠶᠠᠯ ᠪᠣᠯᠬᠤ ᠶᠤᠮ᠃ ᠵᠢᠱ᠌ᠢᠶᠡᠯᠡᠪᠡᠯ᠂ ᠲᠡᠤᠬᠡᠨ ᠳᠡᠭᠡᠷᠡᠬᠢ ᠵᠠᠷᠢᠮ ᠭᠠᠵᠠᠷ ᠣᠷᠣᠨ᠎ᠤ ᠬᠤᠪᠢᠶᠠᠷᠢᠯᠠᠯ᠂ ᠭᠠᠵᠠᠷ᠎ᠤᠨ ᠨᠡᠷ᠎ᠡ ᠬᠡᠳᠦ ᠤᠳᠠᠭ᠎ᠠ ᠵᠠᠰᠠᠪᠤᠷᠢ ᠣᠷᠣᠭᠤᠯᠤᠬ᠍ᠰᠠᠨ᠎ᠠᠴᠠ ᠪᠤᠯᠵᠦ᠍ ᠤᠤᠯ ᠨᠡᠷ᠎ᠡ᠎ᠶ᠋ᠢᠨ ᠲᠤᠬᠠᠢ ᠮᠠᠳᠠᠬ᠎ᠲᠠᠢ ᠵᠦᠢᠯᠠᠰ ᠭᠠᠷᠴᠦ᠍ ᠢᠷᠡᠳᠡᠭ᠃ 《ᠡᠨᠡ ᠦᠶ᠎ᠡ᠎ᠳᠤ ᠲᠤᠬᠠᠢ᠎ᠶ᠋ᠢᠨ ᠦᠶ᠎ᠡ᠎ᠶ᠋ᠢᠨ ᠭᠠᠵᠠᠷ᠎ᠤᠨ ᠵᠢᠷᠤᠭ ᠵᠡᠷᠭᠡ᠎ᠶ᠋ᠢ ᠦᠵᠡᠭ᠌ᠰᠡᠭᠡᠷ ᠲᠤᠲᠤᠷᠬᠠᠢ ᠪᠤᠯᠲᠠᠭ ᠪᠤᠯᠬᠤᠷ ᠮᠠᠨ᠎ᠤ ᠡᠨᠡ ᠨᠤᠮ ᠬᠠᠲᠠᠭᠠᠯᠠᠬᠤ ᠭᠠᠵᠠᠷ᠎ᠲᠤ ᠮᠠᠰᠢ ᠤᠯᠠᠨ ᠰᠤᠲᠤᠯᠭᠠᠲᠠᠨ ᠮᠡᠷᠭᠡᠵᠢᠯᠳᠡᠳ ᠢᠷᠡᠵᠦ᠍ ᠯᠠᠪᠯᠠᠯᠲᠠ ᠪᠤᠯᠭᠠᠵᠦ᠍ ᠪᠠᠢᠬ᠍ᠰᠠᠨ》 ᠬᠡᠵᠦ᠍ ᠪᠠᠭᠠᠳᠤᠷ ᠶᠠᠷᠢᠵᠤ ᠪᠠᠢᠪᠠ᠃ ᠲᠡᠬᠦᠨ᠎ᠤ ᠨᠤᠮ ᠬᠠᠲᠠᠭᠠᠯᠠᠬᠤ ᠭᠠᠵᠠᠷ᠎ᠤᠨ ᠬᠠᠭᠤᠴᠢ ᠮᠠᠲ᠋ᠧᠷᠢᠶᠠᠯ᠎ᠢ ᠨᠠᠷᠢᠪᠴᠢᠯᠠᠨ ᠱᠢᠨᠵᠢᠪᠡᠯ᠂ ᠪᠦᠬᠦ᠌ ᠤᠯᠤᠰ᠎ᠤᠨ ᠡᠯ᠎ᠡ ᠭᠠᠵᠠᠷ᠎ᠤᠨ ᠭᠠᠵᠠᠷ᠎ᠤᠨ ᠵᠢᠷᠤᠭ ᠪᠠ ᠲᠡᠬᠦᠨ᠎ᠤ ᠤᠤᠯ ᠡᠬᠢ᠂ ᠵᠠᠰᠠᠭ᠎ᠤᠨ ᠣᠷᠳᠣᠨ᠎ᠤ ᠲᠠᠮᠠᠭ᠎ᠠ᠂ ᠡᠯ᠎ᠡ ᠭᠠᠵᠠᠷ ᠡᠯ᠎ᠡ ᠱᠠᠲᠤᠨ᠎ᠤ ᠠᠯᠪᠠᠨ ᠪᠢᠴᠢᠭ᠂ ᠶᠡᠭᠡ ᠰᠤᠷᠭᠠᠭᠤᠯᠢ᠎ᠳᠤ ᠡᠯᠰᠡᠭ᠌ᠰᠡᠨ ᠮᠡᠳᠡᠭ᠌ᠳᠡᠯ᠎ᠤᠨ ᠪᠢᠴᠢᠭ᠂ ᠬᠤᠳᠠ᠎ᠶ᠋ᠢᠨ ᠪᠦᠳᠦᠭᠡᠨ ᠪᠠᠢᠭᠤᠯᠤᠯᠲᠠ᠎ᠶ᠋ᠢᠨ ᠪᠠᠷᠢᠯᠭ᠎ᠠ᠎ᠶ᠋ᠢᠨ ᠵᠢᠷᠤᠭ ᠲᠥᠯᠥᠪᠯᠡᠭᠡᠨ᠎ᠤ ᠵᠢᠷᠤᠭ᠂ ᠭᠠᠵᠠᠷ ᠱᠢᠷᠣᠢ ᠭᠡᠷ ᠬᠦᠷᠦᠩᠭᠡ᠎ᠶ᠋ᠢᠨ ᠥᠮᠴᠢᠯᠡᠯ᠎ᠤᠨ ᠦᠨᠡᠮᠯᠡᠯ᠂ ᠬᠠᠭᠤᠴᠢᠨ ᠭᠡᠷᠡᠯ ᠵᠢᠷᠤᠭ᠂ ᠵᠠᠬᠢᠳᠠᠯ᠎ᠤᠨ ᠴᠠᠭᠠᠰᠤ᠂ ᠵᠠᠬᠢᠳᠠᠯ᠎ᠤᠨ ᠳᠤᠭ᠍ᠲᠤᠢ᠂ ᠬᠠᠳᠠᠭᠠᠯᠠᠮᠵᠢ᠎ᠶ᠋ᠢᠨ ᠳᠡᠪᠲᠡᠷ᠂ ᠠᠷᠢᠬᠢ ᠲᠠᠮᠠᠬᠢᠨ᠎ᠤ ᠬᠠᠢᠷᠴᠠᠭ ᠵᠡᠷᠭᠡ ᠤᠯᠠᠨ ᠵᠦᠢᠯᠡᠰ ᠬᠠᠳᠠᠭᠠᠯᠠᠬ᠍ᠳᠠᠵᠥ᠍᠂ ᠡᠷᠳᠡᠮᠳᠡᠨ ᠰᠤᠲᠤᠯᠭᠠᠲᠠᠳ᠎ᠲᠤ ᠰᠤᠲᠤᠯᠭᠠᠨ᠎ᠤ ᠪᠠᠷᠢᠮᠲᠠ ᠪᠤᠯᠤᠮᠠᠷ ᠨᠤᠮ ᠰᠤᠲᠤᠷ ᠪᠠᠢᠬᠤ᠎ᠠᠴᠠ ᠭᠠᠲᠠᠨ᠎ᠠ᠂ ᠨᠢᠮᠪᠠᠢᠯᠠᠨ ᠬᠠᠲᠠᠭᠠᠯᠠᠵᠦ᠍ ᠪᠠᠢᠭ᠎ᠠ ᠲᠡᠦᠭᠡ᠎ᠶ᠋ᠢᠨ ᠬᠠᠭᠤᠴᠢᠨ ᠪᠤᠲᠠᠰ᠎ᠨᠢ ᠤᠯᠤᠰ ᠬᠦᠷᠦᠨ᠎ᠤ ᠬᠦᠭ᠌ᠵᠢᠯ ᠲᠠᠪᠱᠢᠯᠲᠠ᠂ ᠨᠡᠢᠬᠡᠮ᠎ᠤᠨ ᠤᠯᠠᠷᠢᠯ ᠬᠤᠪᠢᠷᠠᠯᠲᠠ᠎ᠶ᠋ᠢᠨ ᠠᠮᠢᠲᠤ ᠭᠡᠷᠡᠴᠢ ᠪᠤᠯᠵᠦ᠍ ᠪᠠᠢᠲᠠᠭ᠃
ᠪᠠᠭᠠᠳᠤᠷ ᠭᠤᠸᠠᠢ ᠡᠪᠦᠭᠡ ᠲᠡᠭᠡᠳᠦᠰᠠᠴᠠᠪᠠᠨ ᠤᠯᠠᠮᠵᠢᠯᠠᠵᠤ ᠢᠷᠡᠭ᠌ᠰᠡᠨ ᠡᠷᠳᠡᠨ᠎ᠤ ᠨᠤᠮ ᠰᠤᠳᠤᠷ᠎ᠢ ᠦᠪᠯᠡᠨ ᠬᠠᠳᠠᠭᠠᠯᠠᠬᠤ᠎ᠶ᠋ᠢᠨ ᠵᠡᠷᠭᠡ᠎ᠪᠠᠷ ᠨᠤᠮ ᠰᠤᠲᠤᠷᠢ ᠦᠷᠭᠡᠨ᠎ᠢᠶᠠᠷ ᠴᠤᠭ᠍ᠯᠠᠭᠤᠯᠵᠦ᠍ ᠦᠷ᠎ᠡ ᠬᠤᠢᠴᠢᠰ᠎ᠲᠠᠭᠠᠨ ᠦᠪᠯᠡᠬᠦᠯᠦᠨ ᠤᠯᠠᠮᠵᠢᠯᠠᠭᠤᠯᠤᠨᠠ ᠬᠡᠮᠡᠬᠦ᠌ ᠨᠢᠬᠡ ᠯᠡ ᠵᠤᠷᠢᠭ᠎ᠢᠶᠠᠷ ᠮᠤᠩᠭᠤᠯ ᠲᠦᠪᠡᠳ ᠨᠤᠮ ᠰᠤᠲᠤᠷ᠎ᠤᠨ ᠬᠠᠳᠠᠭᠠᠯᠠᠮᠵᠢ᠎ᠪᠠᠨ ᠲᠠᠰᠤᠷᠠᠯᠳᠠ ᠦᠭᠡᠢ ᠲᠡᠯᠡᠵᠦ᠍ ᠦᠨᠦᠳᠤᠷ᠂ ᠤᠯᠠᠭᠠᠨᠴᠠᠪ ᠴᠠᠭᠠᠱᠢᠯᠠᠭᠠᠳ ᠪᠦᠬᠦ᠌ ᠤᠷᠤᠨ᠎ᠳᠤ ᠴᠤ᠌ ᠨᠠᠷᠠ ᠨᠥᠯᠥᠭᠡ᠎ᠲᠠᠢ ᠪᠤᠯᠵᠠᠢ᠂ ᠪᠠᠭᠠᠲᠦᠷ᠎ᠤᠨ ᠡᠨᠡ ᠬᠦ᠌ ᠤᠷᠤᠯᠲᠤᠯᠭᠠ ᠴᠢᠷᠮᠠᠢᠯᠭ᠎ᠠ᠎ᠠᠴᠠ ᠪᠤᠯᠵᠦ᠍ ᠮᠤᠩᠭᠤᠯ ᠲᠦᠪᠡᠳ ᠰᠤᠷᠪᠤᠯᠵᠢ ᠪᠢᠴᠢᠭ᠂ ᠬᠠᠭᠤᠴᠢᠨ᠎ᠤ ᠡᠳ᠋ ᠪᠤᠲᠠᠰ᠎ᠨᠢ ᠰᠤᠶᠤᠯ᠎ᠤᠨ ᠦᠨ᠎ᠡ ᠴᠡᠨ᠎ᠡ᠎ᠪᠠᠨ ᠤᠯᠠᠮ ᠪᠠᠲᠠᠷᠠᠭᠤᠯᠬᠤ᠎ᠨᠢ ᠯᠠᠪᠲᠠᠢ᠃