ᠰᠡᠴᠡᠩᠭᠤᠸ᠎ᠠ ᠪᠤᠯ ᠵᠠᠷᠤᠳ ᠬᠤᠱᠢᠭᠤᠨ᠎ᠤ ᠠᠷᠤ ᠬᠦᠨᠳᠡᠯᠡᠨ ᠪᠠᠯᠭᠠᠰᠤ᠎ᠶ᠋ᠢᠨ ᠬᠤᠢᠳᠤ ᠰᠠᠯᠠᠭ᠎ᠠ ᠭᠠᠴᠠᠭᠠᠨ᠎ᠤ ᠮᠠᠩᠭᠢᠷᠳᠤ ᠠᠢᠯ᠎ᠤᠨ ᠡᠪ ᠬᠠᠮᠳᠤ ᠨᠠᠮ᠎ᠤᠨ ᠭᠡᠱᠢᠭᠦᠨ ᠪᠤᠯᠤᠨ᠎ᠠ᠃ 2013 ᠤᠨ᠎ᠳᠤ ᠵᠠᠷᠤᠳ ᠬᠤᠱᠢᠭᠤ ᠠᠷᠤ ᠬᠦᠨᠳᠡᠯᠡᠨ ᠪᠠᠯᠭᠠᠰᠤᠨ᠎ᠤ ᠬᠤᠢᠳᠤ ᠬᠡᠰᠡᠭ᠎ᠤᠨ 9 ᠭᠠᠴᠠᠭ᠎ᠠ ᠲᠤᠰᠭᠤᠨ᠎ᠤ ᠠᠷᠠᠳ᠎ᠢ ᠪᠦᠬᠦᠨ᠎ᠢ ᠬᠤᠱᠢᠭᠤᠨ ᠲᠦᠪ ᠯᠦᠪᠸᠢ ᠪᠠᠯᠭᠠᠰᠤᠨ᠎ᠳᠤ ᠨᠡᠭᠦᠯᠭᠡᠨ ᠠᠪᠴᠢᠷᠠᠪᠠ᠃ ᠠᠵᠢᠯᠴᠢ ᠬᠦᠳᠡᠯᠮᠦᠷᠢᠴᠢ ᠰᠡᠴᠡᠩᠭᠤᠸ᠎ᠠ ᠵᠥᠬᠡᠷ ᠰᠠᠭᠤᠵᠤ ᠡᠳᠦᠷ ᠦᠩᠬᠡᠷᠡᠬᠦᠯᠥᠭ᠌ᠰᠡᠨ ᠦᠬᠡᠢ᠂ ᠦᠪᠡᠷ᠎ᠤᠨ ᠲᠤᠷ᠎ᠠ ᠪᠠᠬ᠎ᠠ᠎ᠪᠠᠨ ᠪᠠᠳᠠᠷᠠᠭᠤᠯᠵᠤ ᠮᠤᠩᠭᠤᠯ ᠬᠤᠪᠴᠠᠰᠤ ᠵᠠᠰᠠᠯ᠎ᠢᠶᠠᠨ ᠤᠯᠠᠮᠵᠢᠯᠠᠯᠳᠤ ᠠᠷᠭ᠎ᠠ᠎ᠪᠠᠷ ᠤᠶᠤᠵᠤ ᠬᠠᠳᠭᠤᠨ ᠪᠤᠷᠤᠯᠠᠭᠤᠯᠵᠤ ᠡᠬᠢᠯᠡᠯ᠎ᠡ᠃
ᠰᠡᠴᠡᠩᠭᠤᠸ᠎ᠠ᠎ᠶ᠋ᠢᠨ ᠲᠠᠭᠠᠭᠤᠯᠭ᠎ᠠ ᠪᠠ ᠨᠦᠯᠦᠭᠡ᠎ᠪᠠᠷ ᠤᠳᠤ ᠯᠦᠪᠸᠢ ᠪᠠᠯᠭᠠᠰᠤᠨ᠎ᠳᠤ 130 ᠭᠠᠷᠤᠢ ᠮᠠᠯᠴᠢᠨ ᠤᠯᠠᠮᠵᠢᠯᠠᠯᠳᠤ ᠮᠤᠩᠭᠤᠯ ᠤᠶᠤᠳᠠᠯ ᠭᠠᠷᠳᠠᠵᠤ ᠪᠠᠢᠭ᠎ᠠ ᠪᠦᠬᠡᠳ 20 ᠭᠠᠷᠤᠢ᠎ᠨᠢ ᠨᠡᠯᠢᠶᠡᠳ ᠪᠤᠯᠪᠠᠰᠤᠷᠠᠩᠭᠤᠢ ᠮᠡᠷᠭᠡᠵᠢᠯ᠎ᠲᠠᠢ ᠪᠤᠯᠵᠤ᠂ ᠬᠦᠮᠦᠨ ᠲᠤᠮᠳᠠᠴᠢ᠎ᠪᠠᠷ ᠵᠢᠯ᠎ᠤᠨ 5 ᠲᠦᠮᠡᠨ ᠲᠦᠭᠦᠷᠢᠭ᠎ᠤᠨ ᠤᠷᠤᠯᠭ᠎ᠠ᠎ᠲᠠᠢ ᠪᠤᠯᠵᠤ᠂ ᠪᠦᠬᠦ᠌ ᠬᠤᠱᠢᠭᠤᠨ᠎ᠤ ᠤᠨᠢᠠ ᠲᠡᠬᠡᠷ᠎ᠠ᠎ᠨᠢ ᠶᠠᠳᠠᠭᠤ᠎ᠠᠴᠠ ᠠᠩᠬᠢᠵᠢᠷᠠᠭᠤᠯᠬᠤ ᠠᠵᠢᠯ᠎ᠢ ᠠᠬᠢᠯᠳᠠ᠎ᠲᠠᠢ ᠪᠤᠯᠤᠭ᠍ᠰᠠᠨ ᠪᠠᠢᠨ᠎ᠠ᠃
ᠮᠤᠩᠭᠤᠯ ᠬᠤᠪᠴᠠᠰᠤ ᠤᠶᠤᠬᠤ ᠭᠠᠵᠠᠷ ᠡᠷᠬᠢᠯᠡᠭ᠌ᠰᠡᠨᠤ ᠬᠤᠪᠢ᠎ᠳᠤ ᠵᠠᠷᠤᠳ ᠮᠤᠩᠭᠤᠯ ᠬᠤᠪᠴᠠᠰᠤ ᠵᠠᠰᠠᠯ᠎ᠤᠨ ᠰᠤᠶᠤᠯ᠎ᠢᠶᠠᠨ ᠪᠦᠷᠢᠨ ᠪᠦᠳᠦᠨᠢᠶᠠᠷᠨᠢ ᠦᠪᠯᠡᠨ ᠤᠯᠠᠮᠵᠢᠯᠠᠬᠤ ᠪᠤᠯ ᠰᠡᠴᠡᠩᠭᠤᠸ᠎ᠠ᠎ᠶ᠋ᠢᠨ ᠬᠦᠰᠡᠯ ᠵᠤᠷᠢᠯᠳᠠ ᠪᠤᠯᠬᠤ ᠶᠤᠮ᠃ ᠲᠡᠷᠡ ᠬᠡᠳᠦᠨ ᠡᠭᠡᠴᠢ ᠲᠡᠭᠦᠤᠲᠠᠢ᠎ᠪᠠᠨ ᠵᠢᠷᠬᠢᠶ᠎ᠠ᠎ᠠᠴᠠ ᠮᠤᠩᠭᠤᠯ ᠦᠨᠳᠦᠰᠦᠳᠡᠨ᠎ᠤ ᠬᠤᠪᠴᠠᠰᠤ ᠵᠠᠰᠠᠯ ᠪᠠ ᠡᠳ᠋ᠯᠡᠯ ᠬᠡᠷᠡᠭ᠌ᠰᠡᠯᠤᠳᠢ ᠨᠠᠷᠢᠨ ᠬᠢᠨᠠᠮᠠᠭᠠᠢ ᠡᠷᠢᠨ ᠴᠤᠭ᠍ᠯᠠᠭᠤᠯᠵᠤ᠂ ᠤᠶᠤᠳᠠᠯᠴᠢᠨ ᠡᠵᠢ ᠪᠠ ᠠᠪᠠᠭ᠎ᠠ ᠡᠵᠢ᠎ᠠᠴᠠ᠎ᠪᠠᠨ ᠤᠯᠠᠮᠵᠢᠯᠠᠯᠳᠤ ᠴᠢᠬᠢᠪᠴᠢ᠂ ᠬᠠᠪᠳᠠᠭ᠎ᠠ᠂ ᠵᠡᠭᠦᠪᠴᠢ ᠵᠡᠷᠭᠡ ᠵᠠᠷᠤᠳ ᠮᠤᠩᠭᠤᠯᠴᠤᠳ᠎ᠤᠨ ᠨᠢᠭᠡᠨᠳᠡ ᠭᠡᠭᠡᠭ᠌ᠳᠡᠭ᠌ᠰᠡᠨ ᠪᠤᠶᠤ ᠭᠡᠭᠡᠭ᠌ᠳᠡᠭᠦ᠌ ᠱᠢᠬᠠᠭ᠍ᠰᠠᠨ 18 ᠵᠦᠢᠯ᠎ᠤᠨ ᠡᠳ᠋ᠯᠡᠯ ᠵᠠᠰᠠᠯ᠎ᠢ ᠶᠠᠭᠠᠬᠢᠵᠤ ᠡᠰᠭᠡᠵᠦ᠍ ᠤᠶᠤᠬᠤ ᠪᠠ ᠡᠳ᠋ᠯᠡᠵᠦ᠍ ᠬᠡᠷᠡᠭ᠌ᠯᠡᠬᠦ᠌ ᠠᠷᠭ᠎ᠠ᠎ᠨᠤᠭᠤᠳ᠎ᠢ ᠰᠤᠷᠴᠤ᠌ ᠲᠡᠯᠬᠡᠷᠡᠬᠦᠯᠬᠦ᠌᠎ᠶ᠋ᠢᠨ ᠲᠠᠭᠠᠤ ᠦᠪᠡᠷ᠎ᠢᠶᠠᠨ ᠪᠠᠰᠠ ᠠᠷᠤ ᠬᠦᠨᠳᠡᠯᠡᠨ᠂ ᠪᠠᠶᠠᠷᠳᠤᠬᠤᠱᠢᠭᠤ ᠵᠡᠷᠭᠡ ᠭᠠᠵᠠᠷ᠎ᠢᠶᠠᠷ ᠤᠯᠠᠨ ᠤᠳᠠᠭ᠎ᠠ ᠬᠦᠷᠴᠦ᠍ ᠨᠤᠳᠤᠭ ᠤᠰᠤᠨ᠎ᠤ ᠨᠡᠷᠡᠳᠦ ᠤᠷᠠᠨ ᠤᠶᠤᠳᠠᠯᠴᠢᠨᠢ ᠬᠠᠢᠨ ᠰᠤᠷᠪᠤᠯᠵᠢᠯᠠᠵᠤ ᠤᠯᠠᠮᠵᠢᠯᠠᠯᠳᠤ ᠤᠶᠤᠳᠠᠯ᠎ᠤᠨ ᠤᠷ᠎ᠠ ᠲᠡᠮ᠎ᠢ ᠡᠵᠡᠮᠱᠢᠭ᠌ᠰᠡᠨ ᠪᠠᠢᠨ᠎ᠠ᠃ ᠲᠡᠷᠡ ᠪᠠᠰᠠ ᠨᠠᠩ ᠤᠯᠠᠨ ᠬᠦᠮᠤᠨ᠎ᠳᠤ ᠮᠤᠩᠭᠤᠯ ᠦᠨᠳᠦᠰᠦᠳᠡᠨ᠎ᠤ᠎ᠪᠠᠨ ᠭᠠᠢᠬᠠᠮᠱᠢᠭ᠍ᠳᠤ ᠰᠤᠶᠤᠯ᠎ᠢ ᠤᠯᠠᠮ ᠢᠯᠡᠭᠦᠤ ᠲᠠᠨᠢᠭᠤᠯᠤᠨ ᠤᠢᠯᠠᠭᠠᠭᠤᠯᠵᠤ ᠲᠡᠯᠭᠡᠷᠡᠭᠦᠯᠦᠨ ᠬᠦᠭ᠌ᠵᠢᠭᠦᠯᠭᠦᠶ᠋ᠢᠨ ᠲᠦᠯᠦᠭᠡ 2016 ᠤᠨ᠎ᠤ 7 ᠰᠠᠷ᠎ᠠ᠎ᠳᠤ ᠬᠤᠪᠢ᠎ᠪᠠᠷ᠎ᠢᠶᠠᠨ 5 ᠲᠦᠮᠡᠨ ᠲᠦᠭᠦᠷᠢᠭ ᠭᠠᠷᠭᠠᠵᠤ᠂ 《ᠭᠤᠸ᠎ᠠ ᠮᠤᠩᠭᠤᠯ ᠬᠤᠪᠴᠠᠰᠤ ᠵᠠᠰᠠᠯ᠎ᠤᠨ ᠦᠵᠡᠭᠦᠯᠭᠡ》 ᠡᠷᠬᠢᠯᠡᠵᠦ᠍ ᠦᠪᠡᠷ᠎ᠤᠨ ᠤᠶᠤᠵᠤ ᠤᠷᠠᠯᠠᠭ᠍ᠰᠠᠨ᠂ ᠡᠷᠢᠵᠦ᠍ ᠴᠤᠭ᠍ᠯᠠᠭᠤᠯᠤᠭ᠍ᠰᠠᠨ ᠪᠤᠢ ᠪᠦᠬᠦᠢ ᠪᠦᠳᠦᠭᠡᠯ᠎ᠤᠳ᠎ᠢᠶᠠᠨ ᠲᠡᠯᠭᠡᠨ ᠦᠵᠡᠭᠦᠯᠵᠦ᠍᠂ ᠪᠠᠯᠭᠠᠰᠤᠨ᠎ᠤ ᠡᠮᠡᠭ᠌ᠳᠡᠢᠴᠦᠳ᠎ᠤᠨ ᠰᠤᠷᠴᠤ᠌ ᠮᠥᠷᠳᠡᠬᠦ᠌᠎ᠳᠤ ᠲᠦᠬᠦᠮ ᠦᠵᠡᠬᠦᠯᠥᠭ᠌ᠰᠡᠨ ᠪᠦᠬᠡᠳ ᠬᠤᠪᠴᠠᠰᠤ ᠵᠠᠰᠠᠯ᠎ᠤᠨ ᠤᠷᠤᠯᠳᠤᠭᠠᠨ᠂ ᠲᠡᠭᠡᠰᠦ ᠲᠠᠮᠤᠬᠤ ᠤᠷᠤᠯᠳᠤᠭᠠᠨ ᠪᠠ ᠮᠤᠩᠭᠤᠯ ᠱᠢᠳᠠᠷᠡᠶ᠋ᠢᠨ ᠤᠷᠤᠯᠳᠤᠭᠠᠨ ᠡᠷᠬᠢᠯᠠᠠ ᠱᠠᠩᠨᠠᠠ ᠬᠦᠬᠢᠬᠦᠯᠵᠡᠢ᠃

ᠵᠢᠷᠤᠭ ᠪᠤᠯ ᠰᠠᠴᠠᠩᠭᠤᠸᠠ (ᠵᠡᠬᠦᠨᠳᠡᠬᠢ) ᠤᠶᠤᠳᠠᠯ᠎ᠤᠨ ᠭᠠᠵᠠᠷ᠎ᠲᠠᠭᠠᠨ ᠠᠵᠢᠯᠯᠠᠵᠤ ᠪᠠᠢᠭ᠎ᠠ᠎ᠨᠢ᠃
ᠪᠠᠯᠭᠠᠰᠤᠨ᠎ᠳᠤ ᠨᠠᠬᠦᠠ ᠱᠢᠯᠵᠢᠭ᠌ᠰᠡᠨ ᠮᠠᠯᠴᠢᠳ᠎ᠤᠨ ᠰᠤᠶᠤᠯ ᠤᠷᠠᠯᠢᠭ᠎ᠤᠨ ᠠᠮᠢᠳᠤᠷᠠᠯ᠎ᠢ ᠪᠠᠶᠠᠯᠢᠭ᠍ᠵᠢᠭᠤᠯᠬᠤ᠎ᠶ᠋ᠢᠨ ᠲᠦᠯᠦᠭᠡ ᠰᠡᠴᠡᠩᠭᠤᠸ᠎ᠠ ᠪᠠᠰᠠ ᠡᠭᠡᠴᠢ ᠲᠡᠭᠦᠤ ᠨᠠᠷ᠎ᠢᠶᠠᠨ ᠵᠤᠬᠢᠶᠠᠨ ᠪᠠᠢᠭᠤᠯᠤᠠ 《ᠭᠤᠶᠤᠬᠠᠨ》 ᠮᠤᠩᠭᠤᠯ ᠦᠨᠳᠦᠰᠦᠳᠡᠨ᠎ᠤ ᠬᠤᠪᠴᠠᠰᠤ ᠵᠠᠰᠠᠯ᠎ᠤᠨ ᠮᠤᠳᠧᠯ᠎ᠤᠨ ᠠᠩᠬᠢ ᠪᠠᠢᠭᠤᠯᠵᠤ᠂ ᠦᠪᠦᠷ ᠮᠤᠩᠭᠤᠯ᠎ᠤᠨ ᠲᠧᠯᠸᠢᠰ ᠬᠤᠷᠢᠶᠠᠠ᠎ᠤ ᠮᠤᠩᠭᠤᠯ ᠰᠤᠪᠠᠭ᠎ᠤᠨ ᠴᠠᠭᠠᠨ ᠰᠠᠷ᠎ᠠ᠎ᠶ᠋ᠢᠨ ᠦᠳᠡᠱᠢᠯᠡᠭᠡ᠎ᠳᠤ 3 ᠤᠳᠠᠭ᠎ᠠ ᠤᠷᠤᠯᠴᠠᠵᠤ᠂ ᠬᠤᠳᠠ᠎ᠶ᠋ᠢᠨ ᠲᠡᠰ᠎ᠤᠨ ᠤᠷᠠᠨ ᠰᠠᠢᠬᠠᠨ᠎ᠤ ᠠᠵᠢᠯᠯᠠᠭ᠎ᠠ᠎ᠳᠤ ᠤᠯᠠᠨᠳᠠ ᠤᠷᠤᠯᠴᠠᠵᠤ ᠱᠢᠯᠢᠳᠡᠭ ᠰᠠᠢᠨ ᠬᠢᠷᠢ ᠪᠦᠳᠦᠮᠵᠢ ᠤᠯᠤᠭ᠍ᠰᠠᠨ ᠪᠠᠢᠨ᠎ᠠ᠃
ᠤᠷᠴᠢᠮ᠎ᠤᠨ ᠠᠷᠪᠠᠭᠠᠳ ᠵᠢᠯ᠎ᠳᠤ ᠰᠡᠴᠡᠩᠭᠤᠸ᠎ᠠ ᠵᠢᠯ ᠪᠤᠯᠭᠠᠨ ᠬᠤᠱᠢᠭᠤᠠ᠎ᠤ ᠮᠤᠩᠭᠤᠯ ᠰᠤᠷᠭᠠᠭᠤᠯᠢ᠎ᠶ᠋ᠢᠨ ᠠᠮᠢᠳᠤᠷᠠᠯ ᠬᠦᠴᠢᠷᠳᠠᠯᠳᠡᠢ 3 ᠰᠤᠷᠤᠭ᠍ᠴᠢ᠎ᠶ᠋ᠢ ᠵᠤᠭᠤᠰ ᠮᠦᠩᠭᠦ᠎ᠪᠠᠷ ᠲᠤᠰᠠᠯᠠᠳᠠᠭ᠃ 2016 ᠤᠨ᠎ᠳᠤ 18 ᠨᠠᠰᠤᠳᠠᠢ ᠬᠡᠤᠬᠡᠨ ᠰᠤᠷᠤᠭ᠍ᠴᠢ ᠯᠢ ᠶᠤᠸᠠᠨ ᠶᠤᠸᠠᠨ ᠬᠠᠷ᠎ᠠ ᠪᠦᠭᠡᠷ᠎ᠡ᠎ᠶ᠋ᠢᠨ ᠦᠷᠪᠢᠰᠦᠯ᠎ᠳᠤ ᠨᠡᠷᠪᠡᠭ᠌ᠳᠡᠭ᠌ᠰᠡᠨ ᠴᠢᠮᠡᠭᠡ᠎ᠶ᠋ᠢ ᠰᠤᠨᠤᠰᠤᠭᠠᠳ 4200 ᠲᠦᠭᠦᠷᠢᠭ᠎ᠢᠶᠠᠷ ᠲᠤᠰᠠᠯᠠᠵᠤ᠂ ᠤᠳᠤ ᠪᠤᠯᠳᠠᠯ᠎ᠠ ᠱᠢᠨᠡᠯᠡᠬᠦ᠌ ᠪᠤᠯᠭᠠᠨ ᠯᠢ ᠶᠤᠸᠠᠨ ᠶᠤᠸᠠᠨ᠎ᠤ ᠭᠡᠷ᠎ᠲᠤ ᠬᠦᠷᠴᠦ᠍ ᠪᠤᠯᠭᠤᠭᠠᠨ ᠦᠵᠡᠭ᠌ᠰᠡᠭᠡᠷ᠃ ᠪᠠᠰᠠ ᠦᠯᠵᠡᠢᠮᠦᠷᠡᠨ ᠰᠤᠮᠤᠨ᠎ᠤ ᠠᠯᠳᠠᠩᠬᠤᠸᠠᠷ᠂ ᠭᠡᠷᠴᠢᠯᠠᠭᠤ ᠰᠤᠮᠤᠨ᠎ᠤ ᠰᠡᠴᠡᠨᠳᠦ ᠵᠡᠷᠭᠡ ᠤᠯᠠᠨ ᠬᠦᠮᠦᠠᠢ ᠲᠤᠰᠠᠯᠠᠵᠠᠢ᠃
ᠰᠠᠴᠠᠩᠭᠤᠸᠠ᠄ 《ᠤᠳᠤ ᠠᠮᠢᠳᠤᠷᠠᠯ ᠰᠠᠢᠵᠢᠷᠠᠭ᠍ᠰᠠᠨ᠂ ᠬᠤᠪᠴᠠᠰᠤ ᠤᠶᠤᠭᠠᠳ ᠤᠯᠤᠭ᠍ᠰᠠᠠ ᠵᠤᠭᠤᠰ᠎ᠢᠶᠠᠷ᠎ᠢᠶᠠᠨ ᠪᠠᠷᠤᠭ ᠯᠡ ᠤᠯᠠᠩᠬᠢᠶ᠋ᠢᠨᠢ ᠠᠮᠢᠳᠤᠷᠠᠯ ᠬᠦᠴᠢᠷᠳᠠᠯᠳᠡᠢ ᠡᠷᠦᠬᠡ ᠪᠠ ᠡᠪᠡᠳᠴᠢᠨ ᠠᠷᠬᠠᠭ᠎ᠲᠠᠢ ᠬᠦᠮᠦᠰ᠎ᠢ ᠲᠤᠰᠠᠯᠠᠨ ᠲᠡᠮᠵᠢᠵᠦ᠍ ᠪᠠᠢᠨ᠎ᠠ》 ᠭᠡᠵᠦ᠍ ᠪᠠᠢᠯ᠎ᠠ᠃
ᠤᠢᠷ᠎ᠠ᠎ᠶ᠋ᠢᠨ ᠵᠢᠯ ᠰᠡᠴᠡᠩᠭᠤᠸ᠎ᠠ ᠤᠷᠤᠨ᠎ᠤ ᠲᠡᠰ᠎ᠤᠨ 《ᠬᠠᠮᠤᠭ ᠭᠤᠶᠤ ᠭᠡᠷ ᠪᠦᠯᠢ》᠂ ᠬᠤᠳᠠ᠎ᠶ᠋ᠢᠨ ᠲᠡᠰ᠎ᠤᠨ 《〈5 · 1〉 ᠤ ᠬᠦᠳᠡᠯᠮᠦᠷᠢ᠎ᠶ᠋ᠢᠨ ᠵᠢᠱ᠌ᠢᠶᠡᠴᠢ》᠂ 《ᠬᠠᠮᠤᠭ ᠭᠤᠶᠤ ᠡᠮᠡᠭ᠌ᠳᠡᠢ》᠂ ᠬᠤᠳᠠ᠎ᠶ᠋ᠢᠨ ᠲᠡᠰ᠎ᠤᠨ ᠮᠤᠩᠭᠤᠯ ᠤᠶᠤᠳᠠᠯ ᠬᠠᠳᠭᠤᠮᠠᠯ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠤᠯᠠᠮᠵᠢᠯᠠᠭ᠍ᠴᠢ ᠵᠡᠷᠭᠡ ᠤᠯᠠᠨ ᠠᠷᠪᠢᠠ ᠢᠷᠠᠭᠤ ᠠᠯᠳᠠᠷ᠎ᠢ ᠬᠦᠷᠳᠡᠵᠦ᠍᠂ ᠮᠤᠩᠭᠤᠯ ᠲᠡᠷᠯᠢᠭᠤᠨᠢᠶᠠᠨ ᠠᠭᠤᠵᠢᠮ ᠡᠩᠭᠡᠷᠢ ᠱᠠᠩᠨᠠᠯ᠎ᠤᠨ ᠤᠳᠤᠳ᠎ᠢᠶᠠᠷ ᠮᠢᠯᠢᠶᠠᠯᠭᠠᠵᠥ᠍ ᠶᠠᠪᠤᠨ᠎ᠠ᠃
2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄tn@mgyxw.net 蒙ICP备10000005号