ᠣᠢᠷ᠎ᠠ᠎ᠳᠤ᠂ ᠬᠦᠯᠦᠨ ᠪᠤᠢᠷ ᠬᠤᠳᠠ᠎ᠶ᠋ᠢᠨ ᠬᠠᠢᠯᠠᠷ᠎ᠤᠨ ᠠᠷᠠᠳ᠎ᠤᠨ ᠱᠢᠭᠦᠬᠦ᠌ ᠬᠤᠷᠢᠶ᠎ᠠ ᠬᠠᠢᠯᠠᠷ ᠤᠷᠤᠨ᠎ᠤ ᠠᠩᠬᠠᠳᠠᠬ᠍ᠴᠢ 《ᠲᠤᠰᠭᠤᠨ᠎ᠤ ᠡᠵᠡᠷᠭᠡᠭ᠌ᠴᠢ》 ᠶ᠋ᠢᠨ ᠲᠦᠷᠦᠯ᠎ᠤᠨ ᠬᠠᠷᠬᠢᠰ ᠬᠦᠴᠦᠨ᠎ᠤ ᠶᠠᠯᠠᠳᠤ ᠡᠪᠰᠡᠯ ᠪᠦᠯᠦᠭ᠎ᠤᠨ ᠬᠡᠷᠡᠭ᠎ᠤᠨ ᠱᠢᠭᠦᠨ ᠲᠠᠰᠤᠯᠤᠯᠳᠠ᠎ᠶ᠋ᠢ ᠨᠡᠢᠳᠡᠯᠡᠪᠡ᠃ ᠡᠢᠨ ᠬᠦ᠌ ᠯᠢ ᠤᠪᠤᠬ᠍ᠳᠤ᠂ ᠱᠢᠶᠠ ᠤᠪᠤᠬ᠍ᠳᠤ᠂ ᠯᠢ ᠤᠪᠤᠬ᠍ᠳᠤ᠎ᠪᠠᠷ ᠲᠤᠯᠤᠭᠠᠢᠯᠠᠭᠤᠯᠤᠬ᠍ᠰᠠᠨ 19 ᠬᠠᠢᠯᠠᠷ ᠲᠤᠭᠤᠷᠢᠬ᠎ᠤᠨ ᠬᠠᠭ ᠪᠠᠯᠭᠠᠰᠤᠨ᠎ᠤ ᠵᠠᠷᠢᠮᠳᠠᠢ ᠲᠤᠰᠭᠤᠨ᠎ᠳᠤ ᠡᠬᠦᠷᠯᠡᠨ ᠤᠷᠤᠩᠨᠠᠵᠤ ᠪᠠᠢᠬ᠍ᠰᠠᠨ ᠬᠠᠷᠬᠢᠰ ᠬᠦᠴᠦᠨ᠎ᠤ ᠶᠠᠯᠠᠳᠣ ᠡᠪᠰᠡᠯ ᠪᠦᠯᠦᠭ᠎ᠢ ᠲᠦᠢᠯᠪᠦᠷᠢᠳᠡᠢ ᠰᠦᠢᠷᠡᠭᠦᠯᠵᠦ᠍᠂ ᠤᠯᠠᠨ ᠲᠦᠮᠡᠨ ᠠᠯᠠᠭ᠎ᠠ ᠲᠠᠱᠢᠨ ᠪᠠᠶᠠᠷᠯᠠᠵᠠᠭᠠᠨ᠎ᠠ᠃
ᠬᠦᠯᠦᠨ ᠪᠤᠢᠷ ᠬᠤᠳᠠ᠎ᠶ᠋ᠢᠨ ᠬᠠᠢᠯᠠᠷ ᠳᠣᠭᠤᠷᠢᠭ᠎ᠤᠨ ᠳᠣᠳᠣᠭᠠᠳᠣ᠎ᠶ᠋ᠢ ᠬᠠᠮᠠᠭᠠᠯᠠᠬᠤ ᠬᠤᠪᠢᠶᠠᠷᠢ ᠳᠣᠪᠴᠢᠶ᠎ᠠ᠎ᠶ᠋ᠢᠨ ᠲᠠᠩᠨᠠᠨ ᠱᠢᠢᠳᠪᠦᠷᠢᠯᠡᠭ᠌ᠰᠡᠨ ᠯᠢ ᠤᠪᠤᠬ᠍ᠳᠤ ᠵᠡᠷᠬᠡ ᠬᠦᠮᠦᠰ᠎ᠤᠨ ᠬᠠᠷᠬᠢᠰ ᠬᠦᠴᠦᠨ᠎ᠤ ᠶᠠᠯᠠᠳᠤ ᠡᠪᠰᠡᠯ᠎ᠤᠨ ᠰᠦᠪᠡᠭ᠌ᠴᠢ᠎ᠨᠢ ᠤᠯᠠᠨ ᠲᠦᠮᠡᠨ᠎ᠤ ᠢᠯᠡᠴᠢᠯᠡᠨ ᠮᠡᠳᠡᠬᠦᠯᠦᠯᠳᠡ᠎ᠠᠴᠠ ᠢᠷᠡᠯᠳᠡ᠎ᠲᠠᠢ᠂ ᠰᠦᠪᠡᠭ᠌ᠴᠢ᠎ᠶ᠋ᠢ ᠤᠯᠤᠬ᠍ᠰᠠᠨ᠎ᠤ ᠲᠠᠷᠠᠭ᠎ᠠ ᠬᠠᠢᠯᠠᠷ ᠳᠣᠭᠤᠷᠢᠭ᠎ᠤᠨ ᠬᠠᠭ ᠪᠠᠯᠭᠠᠰᠣᠨ᠎ᠤ ᠳᠣᠳᠣᠭᠠᠳᠣ᠎ᠶ᠋ᠢ ᠬᠠᠮᠠᠭᠠᠯᠠᠬᠤ ᠲᠤᠮᠢᠯᠠᠬ᠍ᠰᠠᠨ ᠰᠠᠯᠪᠤᠷᠢ᠎ᠶ᠋ᠢᠨ᠎ᠬᠢᠨ ᠨᠠᠷᠢᠨ ᠨᠢᠮᠪᠠᠢ ᠪᠠᠢᠴᠠᠭᠠᠨ ᠬᠦᠨᠵᠡᠬᠡᠢ ᠠᠭᠤᠳᠠᠯᠬᠤ᠎ᠪᠠᠷ ᠲᠠᠮᠵᠢᠨ᠂ ᠶᠠᠯ᠎ᠠ᠎ᠶ᠋ᠢᠨ ᠰᠡᠵᠢᠭ᠌ᠳᠡᠨ ᠯᠢ ᠤᠪᠤᠬ᠍ᠳᠤ᠂ ᠱᠢᠶᠠ ᠤᠪᠤᠬ᠍ᠳᠤ᠂ ᠯᠢ ᠤᠪᠤᠬ᠍ᠳᠤ ᠵᠡᠷᠬᠡ ᠬᠦᠮᠦᠰ ᠦᠨᠳᠦᠰᠦᠨ ᠱᠠᠳᠤᠨ᠎ᠤ ᠵᠠᠰᠠᠬ᠎ᠤᠨ ᠡᠷᠬᠡ᠎ᠶ᠋ᠢ ᠡᠵᠡᠮᠱᠢᠵᠦ᠍᠂ ᠤᠷᠳᠤ ᠬᠤᠭᠤᠴᠠᠭ᠎ᠠ᠎ᠪᠠᠷ ᠲᠤᠰᠭᠤᠨ᠎ᠤ ᠠᠷᠠᠳ᠎ᠢ ᠴᠤᠬ᠍ᠯᠠᠭᠤᠯᠤᠨ᠂ ᠤᠯᠠᠨ ᠤᠳᠠᠭ᠎ᠠ ᠬᠠᠤᠯᠢ᠎ᠠᠴᠠ ᠵᠦᠷᠢᠴᠡᠭ᠌ᠰᠡᠨ ᠶᠠᠯᠠᠳᠤ ᠠᠵᠢᠯᠯᠠᠭ᠎ᠠ ᠬᠢᠵᠦ᠍᠂ ᠬᠠᠷᠬᠢᠰ ᠬᠦᠴᠦᠨ᠎ᠤ ᠶᠠᠯᠠᠳᠤ ᠡᠪᠰᠡᠯ ᠪᠦᠯᠦᠭ᠎ᠤᠨ ᠨᠡᠢᠳᠡᠯᠢᠭ ᠤᠨᠴᠠᠯᠢᠬ᠎ᠲᠠᠢ ᠪᠠᠢᠬᠤ᠎ᠶ᠋ᠢ ᠣᠯᠵᠣ ᠮᠡᠳᠡᠵᠡᠢ᠃ ᠡᠢᠨ ᠬᠦ᠌ ᠬᠠᠢᠯᠠᠷ ᠳᠣᠭᠤᠷᠢᠭ᠎ᠤᠨ ᠳᠣᠳᠣᠭᠠᠳᠣ᠎ᠶ᠋ᠢ ᠬᠠᠮᠠᠭᠠᠯᠠᠬᠤ ᠬᠤᠪᠢᠶᠠᠷᠢ ᠳᠣᠪᠴᠢᠶ᠎ᠠ ᠳᠣᠰ ᠬᠡᠷᠡᠭ᠎ᠢ ᠲᠡᠭᠡᠳᠦ ᠬᠡᠮᠵᠢᠶ᠎ᠡ᠎ᠪᠠᠷ ᠴᠢᠬᠤᠯᠠᠴᠢᠯᠠᠨ ᠦᠵᠡᠵᠦ᠍᠂ 2019 ᠤᠨ᠎ᠤ 6 ᠰᠠᠷ᠎ᠠ᠎ᠶ᠋ᠢᠨ 8 ᠤ ᠡᠳᠦᠷ ᠲᠤᠰᠭᠠᠢ ᠬᠡᠷᠡᠭ᠎ᠤᠨ ᠲᠤᠭᠤᠢ᠍ᠢᠯᠠᠩ ᠪᠠᠢᠭᠤᠯᠵᠤ᠂ 1 ᠰᠠᠷ᠎ᠠ ᠭᠠᠷᠤᠢ᠎ᠶ᠋ᠢᠨ ᠱᠢᠷᠭᠠᠭᠤ ᠬᠠᠳᠠᠭᠤᠵᠢᠯᠳᠠᠢ ᠬᠡᠷᠡᠴᠢ ᠠᠪᠬᠤ ᠠᠵᠢᠯ᠎ᠢᠶᠠᠷ ᠲᠠᠮᠵᠢᠭᠤᠯᠤᠨ᠂ ᠲᠤᠰ ᠬᠠᠷᠬᠢᠰ ᠬᠦᠴᠦᠨ᠎ᠤ ᠡᠪᠰᠡᠯ ᠪᠦᠯᠦᠭ᠎ᠤᠨ ᠶᠠᠯᠠᠳᠤ ᠠᠵᠢᠯᠯᠠᠭ᠎ᠠ᠎ᠶ᠋ᠢᠨ ᠬᠡᠷᠡᠴᠢ ᠪᠠᠷᠢᠮᠳᠠ᠎ᠶ᠋ᠢ ᠢᠳᠡᠭ ᠢᠳᠡᠭ᠎ᠢᠶᠠᠷ ᠴᠤᠬ᠍ᠯᠠᠭᠤᠯᠵᠤ ᠡᠵᠡᠮᠱᠢᠪᠡ᠃
ᠲᠤᠰᠭᠠᠢ ᠬᠡᠷᠡᠭ᠎ᠤᠨ ᠲᠤᠭᠤᠢ᠍ᠢᠯᠠᠩ᠎ᠤᠨ ᠴᠠᠬ᠍ᠳᠠᠭ᠎ᠠ ᠨᠠᠷ᠎ᠤᠨ ᠲᠠᠩᠨᠠᠨ ᠪᠠᠢᠴᠠᠭᠠᠵᠤ ᠳᠣᠳᠣᠯᠠᠭ᠍ᠰᠠᠨᠢᠶᠠᠷ᠂ ᠲᠤᠰ ᠬᠠᠷᠬᠢᠰ ᠬᠦᠴᠦᠨ᠎ᠤ ᠶᠠᠯᠠᠳᠤ ᠡᠪᠰᠡᠯ ᠪᠦᠯᠦᠭ᠎ᠤᠨ ᠪᠦᠷᠢᠯᠳᠦᠬᠦᠨ ᠠᠮᠢ ᠠᠬᠤᠢ᠎ᠶ᠋ᠢᠨ ᠤᠷᠴᠢᠨ ᠲᠤᠭᠤᠷᠢᠨ᠎ᠢ ᠲᠤᠷ᠎ᠠ᠎ᠪᠠᠷ᠎ᠢᠶᠠᠨ ᠡᠪᠳᠡᠵᠦ᠍ ᠬᠠᠤᠯᠢ ᠪᠤᠰᠤ᠎ᠪᠠᠷ ᠠᠭᠤᠷᠬᠠᠢ ᠨᠡᠭᠡᠭᠡᠭ᠌ᠰᠡᠨ ᠪᠦᠭᠡᠳ ᠠᠯᠪᠠᠳᠠᠨ ᠰᠦᠷᠳᠡᠬᠦᠯᠵᠦ᠍ ᠴᠤᠬᠢᠯᠳᠠ ᠦᠭ᠌ᠬᠦ ᠬᠡᠯᠪᠡᠷᠢ᠎ᠪᠠᠷ ᠢᠯᠡ᠎ᠪᠠᠷ ᠬᠢᠬᠠᠨ ᠮᠦᠯᠵᠢᠵᠦ᠍᠂ ᠦᠳᠦᠬᠡᠨ ᠬᠡᠷᠡᠭ ᠡᠳᠦᠵᠦ᠍᠂ ᠦᠢᠯᠡᠳᠪᠦᠷᠢᠯᠡᠯ ᠡᠵᠡᠩᠨᠡᠯᠳᠡ᠎ᠶ᠋ᠢ ᠡᠪᠳᠡᠬᠦ᠌ ᠵᠡᠷᠬᠡ ᠡᠷᠡᠬᠦᠦ᠎ᠶ᠋ᠢᠨ ᠶᠠᠯᠠᠳᠤ ᠠᠵᠢᠯᠯᠠᠭ᠎ᠠ ᠬᠢᠵᠦ᠍᠂ ᠱᠢᠨᠵᠢ ᠪᠠᠢᠳᠠᠯ᠎ᠨᠢ ᠬᠦᠨᠳᠦ ᠨᠤᠴᠢᠳᠠᠢ ᠪᠠᠢᠵᠤ᠂ ᠨᠡᠢᠬᠡᠮ ᠳᠡᠭᠡᠷ᠎ᠡ ᠲᠦᠢᠯ᠎ᠤᠨ ᠮᠠᠭᠤ ᠮᠠᠭᠤᠬᠠᠢ ᠨᠦᠯᠦᠬᠡ ᠠᠪᠴᠢᠷᠠᠪᠠ᠃
ᠱᠢᠶᠠ ᠤᠪᠤᠬ᠍ᠳᠤ ᠪᠤᠯ ᠵᠠᠷᠢᠮᠳᠠᠢ ᠲᠤᠰᠭᠤᠨ᠎ᠤ ᠲᠤᠰᠭᠤᠨ᠎ᠤ ᠠᠷᠠᠳ᠎ᠤᠨ ᠵᠦᠪᠯᠡᠯ᠎ᠤᠨ ᠡᠷᠬᠢᠯᠡᠭ᠌ᠴᠢ᠂ ᠯᠢ ᠤᠪᠤᠬ᠍ᠳᠤ ᠪᠤᠯ ᠵᠠᠷᠢᠮᠳᠠᠢ ᠲᠤᠰᠭᠤᠨ᠎ᠤ ᠲᠤᠰᠭᠤᠨ᠎ᠤ ᠠᠷᠠᠳ᠎ᠤᠨ ᠲᠦᠯᠦᠬᠡᠯᠡᠭ᠌ᠴᠢ ᠪᠤᠯᠤᠨ᠎ᠠ᠃ ᠯᠢ ᠤᠪᠤᠬ᠍ᠳᠤ ᠦᠷᠬᠦᠯᠵᠢ ᠲᠤᠰᠭᠤᠨ᠎ᠤ ᠠᠷᠠᠳ᠎ᠤᠨ ᠵᠦᠪᠯᠡᠯ᠎ᠤᠨ ᠬᠤᠷᠠᠯ᠎ᠤᠨ ᠡᠮᠬᠢ ᠵᠢᠷᠣᠮ᠎ᠢ ᠰᠠᠮᠠᠭᠤᠷᠠᠭᠤᠯᠵᠤ᠂ ᠤᠯᠠᠨ ᠣᠳᠠᠭ᠎ᠠ ᠲᠦᠷᠦᠬᠦᠯᠡᠨ ᠵᠤᠷᠢᠭᠤᠳᠠ ᠡᠰᠡᠷᠬᠦᠴᠡᠬᠦ᠌ ᠰᠠᠨᠠᠯ ᠭᠠᠷᠭᠠᠬ᠍ᠰᠠᠨ ᠪᠦᠬᠡᠳ ᠲᠤᠰᠭᠤᠨ᠎ᠤ ᠠᠷᠠᠳ᠎ᠤᠨ ᠵᠦᠪᠯᠡᠯ᠎ᠤᠨ ᠡᠷᠬᠢᠯᠡᠭ᠌ᠴᠢ ᠱᠢᠶᠠ ᠤᠪᠤᠬ᠍ᠳᠤ ᠯᠢ ᠤᠪᠤᠬ᠍ᠳᠤ᠎ᠲᠠᠢ ᠠᠮᠢᠰᠭᠤᠭ᠎ᠠ ᠨᠢᠬᠡᠳᠡᠢ ᠪᠤᠯᠤᠬ᠍ᠰᠠᠨ᠎ᠢᠶᠠᠷ᠂ ᠲᠤᠰᠭᠤᠨ᠎ᠤ ᠠᠷᠠᠳ᠎ᠤᠨ ᠵᠦᠪᠯᠡᠯ᠎ᠤᠨ ᠬᠠᠮᠳᠣ᠎ᠶ᠋ᠢᠨ ᠰᠠᠨᠠᠯ ᠦᠷᠬᠦᠯᠵᠢ ᠪᠦᠳᠦᠮᠵᠢᠳᠡᠢ ᠬᠡᠷᠡᠭ᠌ᠵᠢᠭᠦᠯᠦᠭ᠌ᠳᠡᠵᠦ᠍ ᠲᠡᠢᠯᠬᠦ᠌᠎ᠪᠠᠨ ᠪᠣᠯᠢᠪᠠ᠃ ᠡᠭᠦᠨ᠎ᠤ ᠬᠠᠮᠳᠣ ᠯᠢ ᠤᠪᠤᠬ᠍ᠳᠤ᠂ ᠱᠢᠶᠠ ᠤᠪᠤᠬ᠍ᠳᠤ᠂ ᠯᠢ ᠤᠪᠤᠬ᠍ᠳᠤ ᠵᠡᠷᠬᠡ ᠬᠦᠮᠦᠰ ᠤᠢ᠍ᠢᠳᠤ ᠭᠠᠵᠠᠷ᠎ᠢ ᠡᠪᠳᠡᠭ᠌ᠰᠡᠨ ᠬᠡᠬᠦ᠌ ᠱᠢᠯᠳᠠᠬᠢᠶᠠᠷ ᠬᠡᠪ᠎ᠤᠨ ᠶᠤᠰᠤᠭᠠᠷ ᠠᠵᠢᠯᠯᠠᠵᠤ ᠪᠠᠢᠬ᠍ᠰᠠᠨ ᠤᠳᠭᠤᠭᠤᠷ ᠲᠡᠷᠬᠡ᠎ᠶ᠋ᠢ ᠲᠤᠰᠭᠤᠨ᠎ᠤ ᠠᠷᠠᠳ᠎ᠤᠨ ᠵᠦᠪᠯᠡᠯ᠎ᠳᠡᠭᠡᠨ ᠪᠠᠷᠢᠴᠠᠭᠠᠨ᠎ᠳᠤ ᠦᠯᠡᠳᠡᠬᠡᠵᠦ᠍᠂ ᠲᠡᠷᠬᠡᠨ᠎ᠤ ᠡᠵᠡᠨ᠎ᠠᠴᠠ 1.7 ᠲᠦᠮᠡᠨ ᠲᠦᠬᠦᠷᠢᠭ ᠵᠤᠭᠤᠰ ᠬᠢᠨᠠᠨ ᠠᠪᠴᠤ᠌ ᠬᠡᠳᠦᠭᠦᠯᠡ᠎ᠪᠠᠨ ᠬᠤᠪᠢᠶᠠᠯᠴᠠᠪᠠ᠂ ᠬᠡᠳᠦᠷᠡᠳᠡᠯ᠎ᠡ ᠠᠴᠢᠶᠠᠯᠠᠨ ᠲᠤᠷᠭᠠᠭᠤᠯᠢ᠎ᠠᠴᠠ ᠵᠠᠢᠯᠠᠵᠤ ᠲᠤᠰᠭᠤᠨ᠎ᠤ ᠵᠠᠮ᠎ᠢᠶᠠᠷ ᠲᠤᠭᠤᠷᠢᠨ ᠶᠠᠪᠤᠵᠤ ᠪᠠᠢᠬ᠍ᠰᠠᠨ ᠤᠯᠠᠨ ᠠᠴᠢᠶᠠᠨ᠎ᠤ ᠮᠠᠱᠢᠨ᠎ᠤ ᠵᠢᠯᠤᠭᠤᠴᠢ᠎ᠠᠴᠠ ᠵᠣᠭᠤᠰ ᠮᠦᠩᠭᠦ᠌ ᠬᠢᠬᠠᠨ ᠠᠪᠤᠪᠠ᠃ ᠡᠬᠦᠨ᠎ᠠᠴᠠ ᠭᠠᠳᠠᠨ᠎ᠠ ᠭᠤᠤᠯ ᠪᠤᠯᠬᠤ ᠶᠠᠯ᠎ᠠ᠎ᠶ᠋ᠢᠨ ᠰᠡᠵᠢᠭ᠌ᠳᠡᠨ᠎ᠨᠢ ᠪᠠᠰᠠ ᠲᠤᠰᠭᠤᠨ᠎ᠤ ᠠᠷᠠᠳ᠎ᠤᠨ ᠠᠱᠢᠬ ᠳᠣᠰᠠ᠎ᠶ᠋ᠢ ᠬᠠᠮᠠᠭᠠᠯᠠᠬᠤ ᠨᠡᠷ᠎ᠡ᠎ᠪᠠᠷ 100 ᠭᠠᠷᠤᠢ ᠲᠤᠰᠭᠤᠨ᠎ᠤ ᠠᠷᠠᠳ᠎ᠢ ᠦᠳᠦᠬᠡᠨ ᠴᠠᠬᠢᠯᠭᠠᠨ ᠬᠦᠷᠬᠡᠵᠦ᠍ ᠬᠤᠪᠢᠰᠭᠠᠬᠤ ᠺᠤᠮᠫᠠᠨᠢ᠎ᠶ᠋ᠢᠨ ᠬᠡᠪ᠎ᠤᠨ ᠠᠵᠢᠯ᠎ᠢ ᠬᠠᠷᠱᠢᠯᠠᠵᠤ᠂ 19 ᠡᠳᠦᠷ ᠪᠠᠷᠢᠯᠭ᠎ᠠ᠎ᠶ᠋ᠢᠨ ᠠᠵᠢᠯ᠎ᠨᠢ ᠶᠠᠪᠣᠭ᠍ᠳᠠᠵᠣ ᠳᠡᠢᠯᠦᠭ᠌ᠰᠡᠨ ᠦᠭᠡᠢ᠂ ᠮᠦᠨ ᠬᠠᠤᠯᠢ ᠪᠤᠰᠤ᠎ᠪᠠᠷ ᠠᠭᠤᠷᠬᠠᠢ ᠨᠡᠭᠡᠭᠡᠬᠦ᠌ ᠵᠡᠷᠬᠡ ᠤᠯᠠᠨ ᠣᠳᠠᠭ᠎ᠠ᠎ᠶ᠋ᠢᠨ ᠬᠠᠤᠯᠢ᠎ᠠᠴᠠ ᠵᠦᠷᠢᠴᠡᠭ᠌ᠰᠡᠨ ᠶᠠᠯᠠᠳᠤ ᠠᠵᠢᠯᠯᠠᠭ᠎ᠠ᠎ᠳᠤ ᠤᠷᠤᠯᠴᠠᠵᠤ ᠬᠠᠷ᠎ᠠ ᠠᠱᠢᠬ ᠤᠯᠵᠤ᠂ ᠠᠮᠢ ᠠᠬᠤᠢ᠎ᠶ᠋ᠢᠨ ᠤᠷᠴᠢᠨ ᠲᠤᠭᠤᠷᠢᠨ᠎ᠢ ᠬᠦᠨᠳᠦ ᠨᠤᠴᠢᠳᠠᠢ ᠬᠤᠬᠢᠷᠠᠭᠤᠯᠪᠠ᠃
2019 ᠤᠨ᠎ᠤ 7 ᠰᠠᠷ᠎ᠠ᠎ᠶ᠋ᠢᠨ 17 ᠤ ᠡᠳᠦᠷ᠂ ᠲᠤᠰᠭᠠᠢ ᠬᠡᠷᠡᠭ᠎ᠤᠨ ᠲᠤᠭᠤᠢ᠍ᠢᠯᠠᠩ᠎ᠤᠨ᠎ᠬᠢᠨ ᠬᠡᠷᠡᠴᠢ ᠪᠠᠷᠢᠮᠳᠠ᠎ᠶ᠋ᠢ ᠬᠦᠢᠴᠡᠳ ᠡᠵᠡᠮᠱᠢᠭ᠌ᠰᠡᠨ᠎ᠤ ᠰᠠᠭᠤᠷᠢ ᠳᠡᠭᠡᠷ᠎ᠡ᠂ ᠰᠦᠨᠢ ᠳᠦᠯᠢ᠎ᠪᠠᠷ ᠵᠠᠷᠢᠮᠳᠠᠢ ᠲᠤᠰᠭᠤᠨ᠎ᠳᠤ ᠬᠦᠷᠴᠦ᠍ ᠶᠠᠯ᠎ᠠ᠎ᠶ᠋ᠢᠨ ᠰᠡᠵᠢᠭ᠌ᠳᠡᠨ ᠯᠢ ᠤᠪᠤᠬ᠍ᠳᠤ᠂ ᠱᠢᠶᠠ ᠤᠪᠤᠬ᠍ᠳᠤ ᠨᠠᠷ᠎ᠢ ᠨᠢᠬᠡ ᠯᠡ ᠲᠡᠭᠡᠷ᠎ᠡ ᠪᠠᠷᠢᠪᠴᠢᠯᠠᠪᠠ᠃
ᠱᠢᠭᠦᠨ ᠪᠠᠢᠴᠠᠭᠠᠯᠳᠠ᠎ᠳᠤ᠂ ᠶᠠᠯ᠎ᠠ᠎ᠶ᠋ᠢᠨ ᠰᠡᠵᠢᠭ᠌ᠳᠡᠨ ᠯᠢ ᠤᠪᠤᠬ᠍ᠳᠤ᠂ ᠱᠢᠶᠠ ᠤᠪᠤᠬ᠍ᠳᠤ᠂ ᠯᠢ ᠤᠪᠤᠬ᠍ᠳᠤ ᠨᠠᠷ ᠬᠠᠤᠯᠢ᠎ᠠᠴᠠ ᠵᠦᠷᠢᠴᠡᠭ᠌ᠰᠡᠨ ᠶᠠᠯᠠᠳᠤ ᠠᠵᠢᠯᠯᠠᠭ᠎ᠠ᠎ᠪᠠᠨ ᠦᠨᠡᠨ ᠮᠦᠨᠢᠶᠠᠷᠨᠢ ᠦᠴᠢᠭ᠌ᠯᠡᠨ ᠲᠤᠱᠢᠶᠠᠵᠠᠢ᠃ ᠡᠨᠡ ᠵᠢᠯ᠎ᠤᠨ 1 ᠰᠠᠷ᠎ᠠ᠎ᠶ᠋ᠢᠨ 14 ᠤ ᠡᠳᠦᠷ᠂ ᠬᠠᠢᠯᠠᠷ ᠲᠤᠭᠤᠷᠢᠬ᠎ᠤᠨ ᠠᠷᠠᠳ᠎ᠤᠨ ᠱᠢᠬᠦᠬᠦ᠌ ᠬᠤᠷᠢᠶ᠎ᠠ ᠯᠢ ᠤᠪᠤᠬ᠍ᠳᠤ᠂ ᠱᠢᠶᠠ ᠤᠪᠤᠬ᠍ᠳᠤ᠂ ᠯᠢ ᠤᠪᠤᠬ᠍ᠳᠤ ᠵᠡᠷᠬᠡ ᠬᠦᠮᠦᠰ᠎ᠢ ᠬᠠᠤᠯᠢ ᠶᠤᠰᠤᠭᠠᠷ ᠭᠤᠷᠪᠠᠨ ᠵᠢᠯ᠎ᠤᠨ ᠭᠠᠳᠠᠨ᠎ᠠ ᠬᠤᠶᠠᠷ ᠰᠠᠷ᠎ᠠ᠎ᠠᠴᠠ ᠠᠷᠪᠠᠨ ᠨᠢᠬᠡᠨ ᠰᠠᠷ᠎ᠠ ᠬᠦᠷᠳᠡᠯᠡᠬᠢ ᠠᠳᠠᠯᠢ ᠪᠤᠰᠤ᠎ᠶ᠋ᠢᠨ ᠬᠤᠭᠤᠴᠠᠭ᠎ᠠ᠎ᠲᠠᠢ ᠬᠤᠷᠢᠬᠤ ᠡᠷᠡᠭᠦᠦ᠎ᠪᠠᠷ ᠱᠢᠢᠳᠭᠡᠭ᠌ᠰᠡᠨ ᠪᠦᠬᠡᠳ ᠵᠤᠭᠤᠰ᠎ᠢᠶᠠᠷ ᠲᠣᠷᠭᠠᠵᠠᠢ᠃