ᠨᠡᠢᠰᠯᠡᠯ ᠬᠤᠲᠠ᠎ᠶ᠋ᠢᠨ ᠬᠠᠪᠰᠤᠷᠤᠯᠭ᠎ᠠ᠎ᠶ᠋ᠢ ᠤᠯᠵᠦ᠍ ᠵᠠᠬᠢᠶᠠᠯᠠᠭ᠎ᠠ᠎ᠪᠠᠷ ᠲᠠᠷᠢᠬᠤ ᠪᠤᠯᠤᠭ᠍ᠰᠠᠨ ᠲᠦᠮᠦᠰᠦᠨ ᠲᠠᠷᠢᠶᠠᠴᠢᠳ
2020-06-26 21:24:44
ᠵᠣᠬᠢᠶᠠᠭ᠍ᠴᠢ᠄
ᠱᠢᠨᠬᠤᠸᠠ ᠬᠤᠷᠢᠶᠠᠨ᠎ᠤ ᠰᠤᠷᠪᠤᠯᠵᠢᠯᠠᠭ᠍ᠴᠢ ᠴᠧᠨ ᠱᠢᠦᠢ ᠯᠢ ᠹᠠᠩ ᠤᠷᠢᠬᠠᠨ
ᠣᠩᠱᠢᠭ᠍ᠰᠠᠨ ᠣᠳᠠᠭ᠎ᠠ᠄
★★★☆☆

《ᠤᠳᠤ ᠲᠥᠮᠥᠰᠥ᠍ ᠲᠠᠷᠢᠬᠤ᠎ᠳᠤ ᠵᠣᠪᠠᠭ᠍ᠤ ᠬᠡᠷᠡᠭ ᠦᠭᠡᠢ ᠪᠤᠯᠵᠠᠢ》᠃ ᠨᠠᠰᠦ ᠳᠦᠴᠢ ᠭᠠᠷᠤᠭ᠍ᠰᠠᠠ ᠬᠤ᠌ ᠭᠦᠸᠧ ᠵᠦ᠍ ᠪᠣᠯ ᠥᠪᠥᠷ ᠮᠣᠩᠭᠤᠯ᠎ᠤᠨ ᠤᠯᠠᠭᠠᠨᠴᠠᠪ ᠬᠤᠳᠠ᠎ᠶ᠋ᠢᠨ ᠴᠠᠬᠠᠷ ᠪᠠᠷᠠᠭᠤᠨ ᠭᠠᠷᠤᠨ ᠡᠮᠦᠨᠡᠲᠦ ᠬᠤᠱᠢᠭᠤᠨ᠎ᠤ ᠸᠠᠩ ᠠᠢ ᠲᠣᠰᠭᠤᠨ᠎ᠤ ᠲᠠᠷᠢᠮᠠᠯ᠎ᠤᠨ ᠲᠤᠮᠤ ᠡᠷᠦᠬᠡ ᠪᠣᠯᠤᠨ᠎ᠠ᠃

6 ᠵᠢᠯ᠎ᠤᠨ ᠡᠮᠦᠨ᠎ᠡ᠂ ᠬᠤ᠌ ᠭᠦᠸᠧ ᠵᠦ᠍ ᠵᠡᠷᠭᠡᠯᠡᠳᠡᠭᠡ ᠬᠤᠱᠢᠭᠤ᠎ᠠᠴᠠ ᠸᠠᠩ ᠠᠶ ᠲᠣᠰᠭᠤᠨ᠎ᠳᠤ ᠢᠷᠡᠵᠦ᠍᠂ ᠭᠠᠵᠠᠷ ᠱᠢᠷᠤᠢ᠎ᠶ᠋ᠢᠨ ᠡᠵᠡᠩᠨᠡᠯᠳᠡ᠎ᠶ᠋ᠢᠨ ᠡᠷᠬᠡ᠎ᠶ᠋ᠢ ᠭᠦᠢᠯᠭᠡᠭᠡᠬᠦ᠌᠎ᠪᠠᠷ ᠳᠠᠮᠵᠢᠨ 600 ᠮᠦ᠍ ᠬᠠᠭᠤᠷᠠᠶ ᠲᠠᠷᠢᠶ᠎ᠠ ᠲᠦᠷᠢᠶᠡᠰᠦᠯᠡᠵᠦ᠍ ᠲᠥᠮᠥᠰᠥ᠍ ᠲᠠᠷᠢᠪᠠ᠃

ᠤᠯᠠᠭᠠᠨᠴᠠᠪ ᠬᠤᠲᠠ᠎ᠶ᠋ᠢᠨ ᠠᠭᠤᠷ ᠠᠮᠢᠰᠭᠤᠯ ᠬᠦᠢᠲᠡᠨ ᠰᠡᠷᠢᠭᠦᠨ᠂ ᠬᠦᠷᠦᠰᠦ ᠱᠢᠷᠣᠶ ᠲᠠᠴᠢᠷ ᠨᠢᠮᠭᠡᠨ᠂ ᠠᠮᠢ ᠠᠬᠤᠢ᠎ᠶ᠋ᠢᠨ ᠣᠷᠴᠢᠨ ᠲᠣᠭᠤᠷᠢᠨ ᠬᠡᠪᠡᠷᠡᠭ᠂ ᠠᠮᠤ ᠪᠤᠳᠠᠭᠠᠨ᠎ᠤ ᠤᠨᠠᠯᠲᠠ ᠳᠣᠣᠷ᠎ᠠ ᠮᠥᠷᠲᠡᠭᠡᠨ ᠲᠣᠭ᠍ᠲᠠᠭᠤᠨ ᠪᠤᠰᠤ ᠪᠠᠢᠵᠤ᠂ ᠣᠨᠴᠠ ᠶᠠᠳᠠᠭᠤ ᠬᠦᠴᠢᠷᠳᠡᠯᠲᠡᠢ ᠬᠥᠮᠦᠨ ᠠᠮᠠ ᠨᠢᠭᠡ ᠦᠶ᠎ᠡ ᠥᠪᠥᠷ ᠮᠣᠩᠭᠤᠯ᠎ᠤᠨ 46.2% ᠎ᠢ ᠡᠵᠡᠯᠡᠪᠡ᠃ ᠣᠨᠴᠠᠭᠠᠶ ᠠᠭᠤᠷ ᠠᠮᠢᠰᠭᠤᠯ ᠪᠣᠯᠤᠨ ᠬᠥᠷᠥᠰᠥ᠍ ᠱᠢᠷᠣᠶ᠎ᠶ᠋ᠢᠨ ᠨᠥᠬᠦᠴᠡᠯ᠎ᠨᠢ ᠬᠠᠷᠢᠨ ᠠᠵᠢᠯ ᠲᠥᠷᠥᠯ᠎ᠤᠨ᠎ᠬᠢᠨ᠎ᠤ ᠤᠯᠠᠨ᠎ᠢᠶᠠᠷ᠎ᠢᠶᠠᠨ ᠮᠡᠳᠡᠷᠡᠭ᠌ᠰᠡᠨ ᠲᠥᠮᠥᠰᠥ᠎ᠶ᠋ᠢᠨ ᠠᠵᠤ ᠦᠶᠯᠡᠰ᠎ᠤᠨ ᠠᠯᠲᠠᠨ ᠤᠷᠤᠨ ᠪᠦᠰᠡ᠎ᠶ᠋ᠢ ᠪᠤᠢ ᠪᠤᠯᠭᠠᠵᠤ᠂ ᠣᠳᠣᠬᠠᠨ᠎ᠳᠤ ᠤᠯᠠᠭᠠᠨᠴᠠᠪ ᠬᠤᠲᠠ᠎ᠶ᠋ᠢᠨ ᠵᠢᠯ ᠪᠦᠷᠢ᠎ᠶ᠋ᠢᠨ ᠱᠢᠨ᠎ᠡ ᠰᠣᠷᠭᠤᠭ ᠲᠥᠮᠥᠰᠥ᠎ᠶ᠋ᠢᠨ ᠶᠡᠷᠦᠩᠬᠡᠶ ᠤᠨᠠᠯᠲᠠ᠎ᠨᠢ ᠪᠠᠷᠤᠭ 450 ᠲᠦᠮᠡᠨ ᠲᠣᠨ᠎ᠳᠤ ᠬᠦᠷᠴᠦ᠍᠂ 《ᠳᠤᠮᠳᠠᠳᠤ ᠤᠯᠤᠰ᠎ᠤᠨ ᠲᠥᠮᠥᠰᠥ᠎ᠶ᠋ᠢᠨ ᠬᠤᠲᠠ》 ᠬᠡᠮᠡᠭ᠌ᠳᠡᠪᠡ᠃

ᠡᠨᠡ ᠵᠢᠯ᠎ᠤᠨ 6 ᠰᠠᠷ᠎ᠠ᠎ᠶ᠋ᠢᠨ ᠳᠤᠮᠳᠠᠴᠢ᠎ᠪᠠᠷ᠂ ᠰᠤᠷᠪᠤᠯᠵᠢᠯᠠᠭ᠍ᠴᠢ ᠪᠡᠭᠡᠵᠢᠩ᠎ᠠᠴᠠ ᠲᠦᠷᠭᠡᠨ᠎ᠤ ᠲᠡᠮᠦᠷ ᠵᠠᠮ᠎ᠢᠶᠠᠷ 1 ᠴᠠᠭ ᠭᠠᠷᠤᠶ ᠠᠶᠠᠯᠠᠭᠠᠳ ᠤᠯᠠᠭᠠᠨᠴᠠᠪ ᠬᠤᠲᠠ᠎ᠳᠤ ᠬᠦᠷᠦᠭ᠌ᠰᠡᠨ᠎ᠤ ᠳᠠᠷᠠᠭ᠎ᠠ᠂ ᠮᠠᠱᠢᠨ ᠲᠡᠷᠭᠡ ᠰᠣᠯᠢᠵᠤ ᠸᠠᠩ ᠠᠶ ᠲᠣᠰᠭᠤᠨ᠎ᠳᠤ ᠬᠦᠷᠴᠡᠶ᠃ ᠤᠯᠤᠰ᠎ᠤᠨ ᠵᠠᠮ᠎ᠠᠴᠠ ᠪᠠᠭᠤᠮᠠᠭ᠍ᠴᠠ ᠬᠦᠳᠦᠯ ᠳᠤᠪᠤᠴᠠᠭ᠎ᠢᠶᠠᠷ ᠲᠠᠷᠢᠬ᠍ᠰᠠᠨ ᠲᠥᠮᠥᠰᠥ᠎ᠶ᠋ᠢᠨ ᠵᠥᠭᠡᠯᠡᠨ ᠨᠠᠬᠢᠶ᠎ᠠ ᠰᠠᠯᠬᠢᠨ᠎ᠳᠤ ᠨᠠᠢᠭᠤᠵᠤ᠂ ᠬᠠᠷ᠎ᠠ ᠥᠩᠭᠡᠲᠡᠶ ᠳᠤᠰᠤᠯᠭᠠᠨ ᠤᠰᠤᠯᠠᠬᠤ ᠬᠤᠭᠤᠯᠠᠶ ᠲᠠᠷᠢᠶᠠᠨ ᠲᠤᠮᠲᠠ ᠬᠦᠨᠳᠡᠯᠢᠰᠦᠨ᠎ᠡ᠃

ᠰᠤᠷᠪᠤᠯᠵᠢᠯᠠᠭ᠍ᠴᠢ ᠬᠤ᠌ ᠭᠦᠸᠧ ᠵᠦ᠍᠎ᠲᠠᠢ ᠠᠭᠤᠯᠵᠠᠬᠤ ᠦᠶ᠎ᠠ᠎ᠳᠤ᠂ ᠰᠠᠯᠬᠢᠨ᠎ᠳᠤ ᠪᠤᠷᠤᠯᠠᠭ᠍ᠰᠠᠨ ᠴᠢᠷᠠᠢ᠎ᠲᠠᠢ ᠲᠡᠷᠡᠪᠡᠷ ᠶᠠᠭ ᠲᠠᠷᠢᠶᠠᠨ ᠭᠠᠵᠠᠷ᠎ᠤᠨ ᠦᠵᠦᠭᠦᠷ ᠳᠥᠭᠦᠮᠬᠡᠨ ᠪᠠᠷᠢᠭ᠍ᠰᠠᠠ ᠱᠢᠪᠠᠷ ᠪᠠᠢᠱᠢᠩ᠎ᠤᠨ ᠡᠮᠦᠨ᠎ᠡ ᠲᠣᠮᠣ ᠬᠡᠯᠪᠡᠷᠢ᠎ᠶ᠋ᠢᠨ ᠲᠠᠷᠢᠶᠠᠯᠠᠩ᠎ᠳᠤ ᠬᠡᠷᠡᠭ᠌ᠯᠡᠬᠦ᠌ ᠮᠠᠱᠢᠨ᠎ᠢᠶᠠᠨ ᠴᠡᠪᠡᠷᠯᠡᠵᠦ᠍ ᠪᠠᠢᠯ᠎ᠠ᠃

《ᠲᠠᠷᠢᠶᠠᠴᠢᠳ ᠲᠠᠷᠢᠶ᠎ᠠ ᠲᠠᠷᠢᠬᠤ᠎ᠳᠤ ᠤᠤᠯ᠎ᠨᠢ ᠪᠠᠲᠤᠯᠠᠭ᠎ᠠ ᠦᠭᠡᠢ ᠪᠠᠢᠵᠠᠢ᠂ ᠡᠯᠪᠡᠭ ᠬᠤᠷᠢᠶᠠᠯᠲᠠ ᠣᠯᠴᠢᠬᠠᠭᠠᠳ ᠪᠣᠷᠣᠯᠠᠭᠤᠯᠬᠤ ᠵᠡᠮ ᠤᠢ᠍ᠭᠡᠢ᠂ ᠡᠯᠪᠡᠭ ᠬᠤᠷᠢᠶᠠᠯᠲᠠ ᠤᠯᠬᠤ ᠤᠢ᠍ᠭᠡᠢ ᠪᠣᠯ ᠭᠠᠷᠤᠯᠳᠠ ᠦᠭᠡᠢ ᠪᠤᠯᠵᠦ᠍᠂ ᠶᠠᠭᠠᠬᠢᠵᠤ ᠲᠠᠷᠢᠭ᠍ᠰᠠᠨ ᠴᠤ᠌ ᠪᠦᠷ ᠠᠱᠢᠭ ᠤᠯᠵᠠᠪᠤᠷᠢ ᠦᠭᠡᠢ ᠪᠠᠢᠬ᠍ᠰᠠᠨ ᠶᠤᠮ》 ᠭᠡᠵᠦ᠍ ᠬᠤ᠌ ᠭᠦᠸᠧ ᠵᠦ᠍ ᠲᠤᠬᠠᠶ᠎ᠶ᠋ᠢᠨ ᠦᠶ᠎ᠡ᠎ᠪᠠᠨ ᠡᠷᠭᠢᠴᠡᠭᠦᠯᠵᠦ᠍᠂ 《ᠬᠡᠷᠪᠡ ᠪᠡᠭᠡᠵᠢᠩ᠎ᠤᠨ ᠬᠠᠪᠰᠤᠷᠤᠯᠭ᠎ᠠ ᠳᠡᠮᠵᠢᠯᠭᠡ ᠪᠠᠢᠬᠤ ᠦᠭᠡᠢ ᠪᠣᠯ ᠪᠢ ᠠᠯᠢ ᠡᠷᠲᠡ ᠭᠠᠳᠠᠭ᠍ᠰᠢ ᠭᠠᠷᠴᠤ᠌ ᠬᠥᠯᠥᠰᠥᠨ ᠠᠵᠢᠯ ᠬᠢᠭ᠌ᠰᠡᠨ ᠪᠠᠢᠬ᠎ᠠ》 ᠭᠡᠪᠡ᠃

ᠣᠢᠷ᠎ᠠ᠎ᠶ᠋ᠢᠨ ᠵᠢᠯ᠎ᠤᠳ᠎ᠲᠤ᠌᠂ ᠪᠡᠭᠡᠵᠢᠩ ᠥᠪᠥᠷ ᠮᠣᠩᠭᠤᠯ᠎ᠤᠨ ᠠᠵᠢᠯ ᠲᠥᠷᠥᠯ᠎ᠢᠶᠠᠷ ᠬᠠᠪᠰᠤᠷᠤᠨ ᠲᠡᠳᠬᠦᠬᠦ᠌ ᠠᠵᠢᠯᠯᠠᠭ᠎ᠠ ᠲᠠᠰᠤᠷᠠᠯᠲᠠ ᠥᠬᠡᠶ ᠭᠦᠨᠵᠡᠭᠡᠢᠷᠡᠬᠦ᠌᠎ᠶ᠋ᠢ ᠳᠠᠭᠠᠯᠳᠤᠨ᠂ ᠬᠡᠷᠬᠢᠨ ᠶᠠᠳᠠᠭᠤ ᠬᠦᠴᠢᠷᠳᠡᠯᠲᠡᠶ ᠣᠯᠠᠨ ᠲᠦᠮᠡᠨ᠎ᠢ ᠲᠤᠭ᠍ᠳᠠᠭᠤᠨ᠎ᠢᠶᠠᠷ ᠶᠠᠳᠠᠭᠤ᠎ᠠᠴᠠ ᠠᠩᠭᠢᠵᠢᠷᠠᠭᠤᠯᠬᠤ ᠭᠡᠳᠡᠭ᠎ᠨᠢ ᠪᠡᠭᠡᠵᠢᠩ᠎ᠠᠴᠠ ᠢᠷᠡᠭ᠌ᠰᠡᠨ ᠠᠵᠢᠯ ᠲᠥᠷᠥᠯ᠎ᠢᠶᠠᠷ ᠬᠠᠪᠰᠤᠷᠤᠨ ᠲᠡᠳᠬᠦᠬᠦ᠌ ᠺᠠᠳ᠋ᠷ᠎ᠤᠨ ᠲᠡᠷᠢᠭᠦᠨ ᠴᠢᠬᠤᠯᠠ ᠠᠵᠢᠯ ᠪᠣᠯᠪᠠ᠃ 2016 ᠣᠨ᠎ᠳᠤ᠂ ᠪᠡᠭᠡᠵᠢᠩ᠎ᠳᠤ ᠲᠤᠱᠢᠶᠠᠯ ᠬᠠᠪᠰᠤᠷᠭᠠᠭ᠍ᠰᠠᠨ ᠺᠠᠳ᠋ᠷ᠎ᠤᠨ ᠲᠠᠨᠢᠯᠴᠠᠭᠤᠯᠭ᠎ᠠ᠎ᠪᠠᠷ᠂ ᠪᠡᠭᠡᠵᠢᠩ᠎ᠤᠨ ᠺᠠᠢᠳᠠ ᠾᠧᠩ ᠶᠧ ᠲᠠᠷᠢᠶᠠᠯᠠᠩ᠎ᠤᠨ ᠮᠡᠷᠭᠡᠵᠢᠯ᠎ᠤᠨ ᠨᠡᠭᠡᠭᠡᠨ ᠬᠥᠭ᠌ᠵᠢᠭᠦᠯᠦᠯᠲᠡ᠎ᠶ᠋ᠢᠨ ᠬᠢᠵᠠᠭᠠᠷᠲᠤ ᠺᠣᠮᠫᠠᠨᠢ ᠤᠯᠠᠭᠠᠨᠴᠠᠪ ᠬᠤᠳᠠ᠎ᠶ᠋ᠢᠨ ᠪᠡᠭᠡᠵᠢᠩ ᠥᠪᠥᠷ ᠮᠣᠩᠭᠤᠯ᠎ᠤᠨ ᠬᠠᠮᠲᠤᠷᠠᠯᠴᠠᠭᠠᠨ᠎ᠤ ᠠᠵᠤ ᠦᠢᠯᠡᠰ᠎ᠤᠨ ᠬᠦᠷᠢᠶᠡᠯᠡᠩ᠎ᠳᠤ ᠢᠷᠡᠵᠤ ᠰᠠᠭᠤᠷᠢᠱᠢᠵᠤ᠂ ᠲᠥᠮᠥᠰᠥ᠎ᠪᠠᠷ ᠭᠤᠤᠯ ᠪᠤᠯᠭᠠᠨ ᠠᠵᠢᠯ᠎ᠢᠶᠠᠨ ᠡᠬᠢᠯᠡᠭᠦᠯᠪᠡ᠃

ᠬᠦᠷᠢᠶᠡᠯᠡᠩ ᠲᠣᠭᠤᠷᠢᠭ᠎ᠲᠤ ᠪᠠᠢᠷᠢᠯᠠᠭ᠎ᠠ ᠺᠠᠢᠳᠠ ᠺᠣᠮᠫᠠᠨᠢ᠎ᠶ᠋ᠢᠨ 300 ᠭᠠᠷᠤᠶ ᠮᠧᠲᠷ ᠤᠷᠲᠤ ᠦᠶᠯᠡᠳᠪᠦᠷᠢᠯᠡᠯ᠎ᠤᠨ ᠱᠤᠭᠤᠮ ᠳᠡᠭᠡᠷ᠎ᠡ ᠤᠶᠤᠨᠴᠢᠯᠠᠭ᠍ᠰᠠᠨ᠂ ᠠᠦ᠋ᠲ᠋ᠣᠴᠢᠯᠠᠭ᠍ᠰᠠᠨ ᠲᠣᠨᠣᠭ᠍ᠯᠠᠯ ᠨᠢᠳᠦ ᠭᠢᠯᠠᠰᠤᠮ᠎ᠠ ᠪᠠᠢᠵᠤ᠂ ᠳᠣᠤᠷ᠎ᠠ ᠳᠤᠯᠠᠭᠠᠨ᠎ᠤ ᠲᠣᠰᠣᠨ ᠬᠠᠯᠠᠭᠠᠭᠤᠷ᠎ᠤᠨ ᠲᠥᠬᠦᠭᠡᠷᠦᠮᠵᠢ ᠳᠡᠭᠡᠷ᠎ᠡ ᠡᠯ᠎ᠡ ᠲᠣᠰᠭᠤᠨ᠎ᠤ ᠨᠡᠷ᠎ᠡ᠎ᠶ᠋ᠢ ᠨᠠᠭᠠᠭ᠍ᠰᠠᠨ᠎ᠢ ᠰᠤᠷᠪᠤᠯᠵᠢᠯᠠᠬ᠍ᠴᠢ ᠤᠯᠵᠤ ᠬᠠᠷᠠᠪᠠ᠃

ᠪᠡᠭᠡᠵᠢᠩ ᠬᠤᠲᠠ᠎ᠠᠴᠠ ᠢᠷᠡᠭ᠌ᠰᠡᠡ ᠲᠤᠱᠢᠶᠠᠯ ᠬᠠᠪᠰᠤᠷᠭᠠᠭ᠍ᠰᠠᠨ ᠺᠠᠳ᠋ᠷ᠂ ᠴᠠᠬᠠᠷ ᠪᠠᠷᠠᠭᠤᠨ ᠭᠠᠷᠤᠨ ᠡᠮᠦᠨᠡᠲᠦ ᠬᠤᠱᠢᠭᠤᠨ᠎ᠤ ᠳᠡᠳ᠋ ᠬᠤᠱᠢᠭᠤ ᠳᠠᠷᠤᠭ᠎ᠠ ᠸᠧᠶ ᠸᠧᠨ ᠲᠦᠩ᠂ 2019 ᠣᠨ᠎ᠳᠤ ᠪᠡᠭᠡᠵᠢᠩ ᠬᠤᠲᠠ 2960 ᠲᠦᠮᠡᠨ ᠲᠥᠭᠦᠷᠢᠭ ᠪᠦᠬᠦᠢ ᠪᠡᠭᠡᠵᠢᠩ ᠥᠪᠥᠷ ᠮᠣᠩᠭᠤᠯ᠎ᠤᠨ ᠬᠠᠪᠰᠤᠷᠤᠨ ᠲᠡᠳᠬᠦᠬᠦ᠌ ᠪᠠᠯᠠ ᠮᠥᠩᠭᠦ᠌ ᠣᠷᠣᠭᠤᠯᠵᠤ ᠲᠣᠰᠣᠨ ᠬᠠᠯᠠᠭᠠᠭᠤᠷ᠎ᠤᠨ ᠲᠥᠬᠦᠭᠡᠷᠦᠮᠵᠢ ᠬᠤᠳᠠᠯᠳᠤᠨ ᠠᠪᠴᠤ᠌ ᠲᠤᠬᠠᠶ᠎ᠶ᠋ᠢᠨ ᠭᠠᠵᠠᠷ᠎ᠤᠨ 30 ᠶᠠᠳᠠᠭᠤ ᠬᠦᠴᠢᠷᠳᠡᠯᠲᠡᠶ ᠲᠣᠰᠭᠤᠨ᠎ᠤ ᠡᠳ᠋ ᠬᠥᠷᠥᠩᠭᠡ᠎ᠶ᠋ᠢᠨ ᠨᠠᠢᠳᠠᠨ ᠬᠠᠮᠢᠶᠠᠷᠬᠤ ᠵᠦᠢᠯ ᠪᠤᠯᠭᠠᠵᠤ᠂ ᠵᠢᠯ ᠪᠦᠷᠢ 300 ᠭᠠᠷᠤᠶ ᠲᠦᠮᠡᠨ ᠲᠥᠭᠦᠷᠢᠭ᠎ᠤᠨ ᠠᠱᠢᠭ ᠬᠤᠨᠵᠢᠪᠦᠷᠢ᠎ᠶ᠋ᠢ ᠶᠠᠳᠠᠭᠤ ᠬᠦᠴᠢᠷᠳᠡᠯᠲᠡᠶ ᠲᠣᠰᠭᠤᠨ᠎ᠤ ᠬᠠᠮᠲᠤ᠎ᠶ᠋ᠢᠨ ᠠᠵᠤ ᠠᠬᠤᠶ᠎ᠳᠤ ᠬᠡᠷᠡᠭ᠌ᠯᠡᠪᠡ᠃ ᠨᠢᠭᠡ ᠲᠠᠯ᠎ᠠ᠎ᠪᠠᠷ ᠲᠤᠬᠠᠢ᠎ᠶ᠋ᠢᠨ ᠭᠠᠵᠠᠷ᠎ᠤᠨ ᠲᠠᠭᠠᠭᠤᠯᠤᠬ᠍ᠴᠢ ᠠᠵᠤ ᠠᠬᠤᠢᠯᠠᠯ᠎ᠢ 《ᠲᠡᠳᠬᠦᠵᠦ᠍》᠂ ᠨᠦᠭᠦᠭᠡ ᠲᠠᠯ᠎ᠠ᠎ᠪᠠᠷ ᠲᠤᠬᠠᠢ᠎ᠶ᠋ᠢᠨ ᠭᠠᠵᠠᠷ᠎ᠤᠨ ᠬᠠᠮᠤᠭ᠎ᠤᠨ ᠬᠦᠴᠢᠷᠳᠡᠯᠲᠡᠢ ᠶᠠᠳᠠᠭᠤ ᠬᠦᠴᠢᠷᠳᠡᠯᠲᠡᠢ ᠡᠷᠦᠬᠡ᠎ᠶ᠋ᠢ 《ᠡᠷᠭᠦᠵᠦ᠍》 ᠭᠠᠷᠭᠠᠪᠠ ᠭᠡᠪᠡ᠃

ᠠᠯᠢ ᠡᠷᠲᠡ 2013 ᠣᠨ᠎ᠳᠤ᠂ ᠪᠡᠭᠡᠵᠢᠩ ᠥᠪᠥᠷ ᠮᠣᠩᠭᠤᠯ᠎ᠤᠨ ᠬᠠᠮᠲᠤᠷᠠᠯᠴᠠᠭᠠᠨ᠎ᠤ ᠠᠵᠤ ᠦᠢᠯᠡᠰ᠎ᠤᠨ ᠬᠦᠷᠢᠶᠡᠯᠡᠩ ᠨᠢᠭᠡᠨᠲᠡ ᠵᠥᠪᠱᠢᠶᠡᠷᠡᠭ᠌ᠳᠡᠨ ᠪᠠᠢᠭᠤᠯᠤᠭ᠍ᠳᠠᠵᠤ᠂ ᠣᠳᠣᠬᠠᠨ᠎ᠳᠤ ᠨᠢᠭᠡᠨᠲᠡ ᠨᠡᠢᠰᠯᠡᠯ᠎ᠤᠨ ᠪᠤᠰᠤ ᠴᠢᠳᠠᠮᠵᠢ᠎ᠶ᠋ᠢ ᠲᠠᠷᠬᠠᠭᠠᠬᠤ ᠪᠠ ᠪᠡᠭᠡᠵᠢᠩ ᠲᠢᠶᠠᠨᠵᠢᠨ ᠾᠧᠪᠸᠢ᠎ᠶ᠋ᠢᠨ ᠠᠵᠤ ᠦᠢᠯᠡᠰ᠎ᠤᠨ ᠱᠢᠯᠵᠢᠯᠲᠡ᠎ᠶ᠋ᠢ ᠬᠦᠯᠢᠶᠡᠨ ᠠᠪᠬᠤ ᠵᠢᠱ᠌ᠢᠶ᠎ᠡ ᠦᠵᠡᠭᠦᠯᠬᠦ᠌ ᠬᠦᠷᠢᠶᠡᠯᠡᠩ ᠲᠣᠭᠤᠷᠢᠭ ᠪᠣᠯᠵᠠᠢ᠃ 2019 ᠣᠨ᠎ᠳᠤ ᠠᠵᠤ ᠦᠶᠯᠡᠳᠪᠦᠷᠢ᠎ᠶ᠋ᠢᠨ ᠦᠶᠯᠡᠳᠬᠦᠨ᠎ᠤ ᠶᠡᠷᠦᠩᠬᠡᠶ ᠥᠷᠲᠡᠭ 163 ᠳ᠋ᠦᠩᠱᠢᠭᠤᠷ ᠲᠥᠭᠦᠷᠢᠭ᠎ᠲᠤ ᠬᠦᠷᠴᠦ᠍᠂ ᠨᠡᠢᠲᠡ 181 ᠠᠵᠤ ᠠᠬᠤᠢᠯᠠᠯ ᠠᠳᠡ ᠰᠠᠭᠤᠷᠢᠱᠢᠪᠠ᠃

《ᠨᠡᠢᠰᠯᠡᠯ᠎ᠠᠴᠠ 〈ᠲᠥᠮᠥᠰᠥ᠎ᠶ᠋ᠢᠨ ᠬᠤᠳᠠ〉 ᠎ᠳᠤ ᠢᠷᠡᠵᠦ᠍᠂ ᠬᠤᠶᠠᠷ ᠭᠠᠵᠠᠷ᠎ᠤᠨ ᠡᠬᠢ ᠪᠠᠶᠠᠯᠢᠭ᠎ᠤᠨ ᠳᠠᠪᠠᠭᠤᠯᠢᠭ᠎ᠢᠶᠠᠨ ᠬᠠᠷᠢᠯᠴᠠᠨ ᠨᠥᠬᠦᠪᠥᠷᠢᠯᠡᠬᠦ᠌᠎ᠶ᠋ᠢ ᠪᠡᠶᠡᠯᠡᠭᠦᠯᠪᠡ》᠃ ᠥᠪᠥᠷ ᠮᠣᠩᠭᠤᠯ᠎ᠤᠨ ᠱᠦ᠍ ᠳ᠋ᠦ᠋ ᠺᠠᠢᠶᠳᠠ ᠺᠣᠮᠫᠠᠨᠢ᠎ᠶ᠋ᠢᠨ ᠳᠡᠳ᠋ ᠶᠡᠷᠦᠩᠬᠡᠶ ᠳᠠᠭᠠᠭᠠᠮᠠᠯ ᠸᠠᠩ ᠭᠦᠸᠧ ᠫᠢᠩ᠂ ᠣᠳᠣ ᠺᠠᠢᠳᠠ᠎ᠶ᠋ᠢᠨ ᠨᠢᠭᠡᠳᠦᠭᠡᠷ ᠬᠤᠭᠤᠴᠠᠭᠠᠨ᠎ᠤ ᠲᠥᠮᠥᠰᠥᠨ ᠵᠦᠰᠦᠮ ᠪᠣᠯᠪᠠᠰᠤᠷᠠᠭᠤᠯᠬᠤ ᠦᠶᠯᠡᠳᠪᠦᠷᠢ ᠨᠢᠭᠡᠨᠲᠡ ᠠᠱᠢᠬ᠍ᠯᠠᠯᠲᠠ᠎ᠳᠤ ᠣᠷᠣᠵᠤ᠂ ᠨᠢᠳᠤᠨᠤᠨ 7 ᠲᠦᠮᠡᠨ ᠲᠣᠨ ᠲᠥᠮᠥᠰᠥ᠍ ᠬᠤᠳᠠᠯᠳᠤᠨ ᠠᠪᠴᠦ᠍᠂ ᠨᠢᠳᠤᠨᠤᠨ᠎ᠤ ᠵᠢᠯ᠎ᠤᠨ ᠰᠡᠬᠦᠯᠴᠢ ᠪᠣᠯᠲᠠᠯ᠎ᠠ ᠨᠡᠢᠲᠡ 4343 ᠲᠠᠩᠰᠠᠯᠠᠵᠤ ᠺᠠᠷᠲᠯᠠᠭ᠍ᠰᠠᠨ ᠶᠠᠳᠠᠭᠤ ᠬᠦᠴᠢᠷᠳᠡᠯᠲᠡᠶ ᠡᠷᠦᠬᠡ᠎ᠶ᠋ᠢ ᠳᠠᠢᠴᠢᠯᠠᠪᠠ ᠭᠡᠪᠡ᠃

ᠥᠩᠭᠡᠷᠡᠭ᠌ᠰᠡᠨ᠎ᠤ 《ᠨᠤᠲᠤᠭ᠎ᠤᠨ ᠲᠦᠮᠦᠰᠦ》 ᠤᠳᠤ 《ᠠᠯᠳᠠᠨ ᠲᠦᠮᠦᠰᠦ》 ᠪᠤᠯᠵᠤ ᠬᠤᠪᠢᠷᠠᠵᠠᠶ᠃ 《ᠤᠳᠤ ᠭᠠᠷ᠎ᠲᠤ ᠺᠠᠢᠳᠠ᠎ᠶ᠋ᠢᠨ ᠶᠡᠭᠡ ᠵᠠᠬᠢᠶᠠᠯᠠᠭ᠎ᠠ᠎ᠲᠠᠢ ᠪᠤᠯᠵᠤ᠂ ᠤᠰᠤ ᠰᠦᠷᠴᠢᠬᠦ᠌ ᠂ ᠡᠪᠡᠰᠦ ᠠᠷᠢᠯᠭᠠᠬᠤ᠂ ᠵᠣᠭᠤᠰ ᠵᠠᠷᠤᠬᠤ᠎ᠳᠤ ᠴᠦ᠍ ᠵᠤᠷᠢᠭ ᠶᠡᠭᠡᠳᠠᠢ ᠪᠤᠯᠵᠠᠢ》 ᠭᠡᠵᠤ ᠬᠤ᠌ ᠭᠦᠸᠧ ᠵᠦ᠍ ᠶᠠᠷᠢᠵᠤ ᠪᠠᠢᠨ᠎ᠠ᠂ ᠡᠨᠡ ᠵᠢᠯ ᠲᠡᠷᠡ ᠺᠠᠢᠳᠡ ᠺᠣᠮᠫᠠᠨᠢ᠎ᠲᠠᠢ ᠨᠢᠭᠡᠳᠦᠭᠡᠷ ᠳᠡᠰ᠎ᠤᠨ ᠲᠥᠮᠥᠰᠥ᠍ ᠪᠤᠢᠵᠢᠭᠤᠯᠬᠤ ᠰᠠᠭᠤᠷᠢᠨ᠎ᠤ ᠵᠠᠬᠢᠶᠠᠯᠠᠭ᠎ᠠ᠎ᠶ᠋ᠢᠨ ᠬᠠᠭᠤᠳᠠᠰᠤ ᠲᠣᠭ᠍ᠲᠠᠵᠤ᠂ ᠵᠢᠩ ᠪᠦᠷᠢ᠎ᠳᠡᠭᠡᠨ 0.75 ᠲᠥᠭᠦᠷᠢᠭ᠎ᠤᠨ ᠬᠠᠮᠠᠭᠠᠯᠠᠯᠲᠠ᠎ᠶ᠋ᠢᠨ ᠦᠨ᠎ᠡ᠎ᠪᠠᠷ ᠬᠤᠳᠠᠯᠳᠤᠨ ᠠᠪᠬᠤ ᠶᠤᠮ ᠪᠠᠢᠨ᠎ᠠ᠃ ᠺᠣᠮᠫᠠᠨᠢ ᠪᠠᠰᠠ ᠮᠡᠷᠭᠡᠵᠢᠯ᠎ᠤᠨ ᠠᠵᠢᠯᠲᠠᠨ ᠲᠣᠮᠢᠯᠠᠨ ᠲᠠᠷᠢᠶᠠᠨ ᠭᠠᠵᠠᠷ᠎ᠲᠤ ᠤᠴᠢᠵᠤ ᠵᠢᠯᠣᠭᠤᠳᠤᠭᠤᠯᠪᠠ᠃ 《ᠲᠠᠷᠢᠶ᠎ᠠ ᠲᠠᠷᠢᠬᠤ᠂ ᠤᠰᠤᠯᠠᠬᠤ᠂ ᠪᠣᠷᠳᠣᠭᠤᠷ ᠣᠷᠣᠭᠤᠯᠬᠤ᠎ᠶ᠋ᠢ ᠪᠦᠷ ᠮᠧᠬᠠᠨᠢᠭ᠎ᠢᠶᠠᠷ ᠬᠢᠵᠤ᠂ ᠲᠠᠷᠢᠶ᠎ᠠ ᠲᠠᠷᠢᠬᠤ᠎ᠳᠤ ᠤᠤᠯ᠎ᠠᠴᠠ ᠬᠤᠯᠠ ᠨᠠᠷᠢᠯᠢᠭ ᠪᠣᠯᠵᠠᠶ》 ᠭᠡᠵᠤ ᠲᠡᠷᠡ ᠬᠡᠯᠡᠨ᠎ᠡ᠃

ᠸᠠᠩ ᠠᠶ ᠲᠣᠰᠭᠤᠨ᠎ᠤ ᠨᠠᠮ᠎ᠤᠨ ᠡᠭᠦᠷ᠎ᠤᠨ ᠱᠦᠵᠢ ᠮᠧᠩ ᠳ᠋ᠦᠸᠧ᠂ ᠬᠤ᠌ ᠭᠦᠸᠧ ᠵᠦ᠍ ᠱᠢᠭ ᠡᠢᠮᠦᠷᠭᠦᠤ ᠲᠠᠷᠢᠮᠡᠯ᠎ᠤᠨ ᠲᠣᠮᠣ ᠡᠷᠦᠬᠡ ᠭᠠᠵᠠᠷ ᠱᠢᠷᠣᠶ᠎ᠶ᠋ᠢᠨ ᠲᠦᠷᠢᠶᠡᠰᠦᠨ ᠮᠥᠩᠭᠦ᠎ᠶ᠋ᠢᠨ ᠠᠱᠢᠭ ᠣᠷᠣᠯᠭ᠎ᠠ᠎ᠶ᠋ᠢ ᠠᠪᠴᠢᠷᠠᠭ᠍ᠰᠠᠨ᠎ᠢᠶᠠᠷ ᠪᠠᠷᠠᠬᠤ ᠦᠭᠡᠶ ᠨᠠᠩ ᠴᠤ᠌ ᠶᠠᠳᠠᠭᠤ ᠬᠦᠴᠢᠷᠳᠡᠯᠲᠡᠶ ᠡᠷᠦᠬᠡ᠎ᠳᠤ ᠠᠵᠢᠯ ᠣᠯᠭᠤᠬᠤ᠎ᠶ᠋ᠢ ᠠᠬᠢᠭᠤᠯᠵᠤ᠂ ᠲᠣᠰᠭᠤᠨ᠎ᠤ ᠠᠷᠠᠳ ᠲᠣᠰ ᠭᠠᠵᠠᠷ᠎ᠲᠠᠭᠠᠨ ᠬᠦᠴᠦ᠍ ᠶᠠᠪᠤᠪᠠᠯ ᠡᠳᠦᠷ ᠪᠦᠷᠢ 150 ᠲᠥᠭᠦᠷᠢᠭ ᠣᠷᠴᠢᠮ ᠣᠯᠤᠨ᠎ᠠ ᠭᠡᠪᠡ᠃

《ᠲᠥᠮᠥᠰᠥ᠍ ᠭᠡᠷᠴᠢᠪᠡᠯ ᠡᠳᠦᠷ᠎ᠲᠤ 100 ᠲᠥᠭᠦᠷᠢᠭ᠂ ᠡᠨᠡ ᠵᠢᠯ ᠲᠥᠮᠥᠰᠥ᠍ ᠭᠡᠷᠴᠢᠵᠤ 3600 ᠲᠥᠭᠦᠷᠢᠭ ᠤᠯᠵᠠᠢ》 ᠭᠡᠵᠤ ᠲᠣᠰᠭᠤᠨ᠎ᠤ ᠠᠷᠠᠳ ᠳ᠋ᠤᠸᠠᠨ ᠱᠢᠤ ᠵᠧᠨ ᠰᠤᠷᠪᠤᠯᠵᠢᠯᠠᠭ᠍ᠴᠢ᠎ᠳᠤ ᠦᠪᠡᠷ᠎ᠤᠨ᠎ᠢᠶᠠᠨ ᠳᠠᠩᠰᠠ᠎ᠶ᠋ᠢ ᠪᠣᠳᠣᠵᠤ ᠥᠭ᠌ᠪᠡ᠃ ᠬᠡᠳᠦ᠋ᠢᠪᠡᠷ ᠶᠠᠳᠠᠭᠤ᠎ᠠᠴᠠ ᠠᠩᠭᠢᠵᠢᠷᠠᠭ᠍ᠰᠠᠨ ᠪᠣᠯᠪᠠᠴᠤ᠌ 65 ᠨᠠᠰᠤᠲᠠᠢ ᠳ᠋ᠤᠸᠠᠨ ᠱᠢᠤ ᠵᠧᠨ ᠬᠦᠨᠳᠦ ᠠᠵᠢᠯ᠎ᠢ ᠬᠢᠵᠦ᠍ ᠳᠡᠢᠯᠬᠦ᠌ ᠦᠭᠡᠢ ᠪᠣᠯᠵᠠᠢ᠃ 《ᠤᠤᠯ᠎ᠨᠢ ᠶᠠᠳᠠᠭᠤᠷᠠᠭᠠᠳ ᠠᠷᠭ᠎ᠠ ᠥᠬᠡᠶ᠂ ᠴᠢᠳᠠᠪᠦᠷᠢ ᠦᠭᠡᠢ ᠪᠠᠢᠭᠠᠳ ᠰᠠᠶᠢ ᠬᠡᠷ᠎ᠲᠡᠭᠡᠨ ᠲᠠᠷᠢᠶ᠎ᠠ ᠳᠠᠷᠢᠵᠤ ᠪᠠᠢᠭ᠍ᠰᠠᠨ᠂ ᠣᠲᠣ ᠬᠡᠷ᠎ᠲᠡᠭᠡᠨ ᠲᠥᠮᠥᠰᠥ᠍ ᠳᠠᠷᠢᠭᠠᠳ ᠶᠡᠭᠡ ᠵᠤᠭᠤᠰ ᠤᠯᠵᠤ ᠲᠡᠢᠯᠦᠨ᠎ᠡ》 ᠭᠡᠨ᠎ᠠ᠃

《ᠠᠵᠤ ᠦᠢᠯᠡᠰ᠎ᠢᠶᠠᠷ ᠬᠠᠪᠰᠤᠷᠤᠨ ᠲᠡᠳᠬᠦᠬᠦ᠌᠎ᠶ᠋ᠢᠨ ᠭᠤᠤᠯᠳᠠᠯᠭ᠎ᠠ᠎ᠨᠢ ᠲᠤᠬᠠᠶ᠎ᠶ᠋ᠢᠨ ᠭᠠᠵᠠᠷ ᠣᠷᠣᠨ᠎ᠤ ᠪᠠᠢᠳᠠᠯ᠎ᠳᠤᠨᠢ ᠳᠣᠭᠢᠷᠠᠭᠤᠯᠬᠤ᠎ᠳᠤ ᠪᠣᠶ᠃ ᠪᠡᠭᠡᠵᠢᠩ ᠬᠤᠲᠠ᠎ᠠᠴᠠ ᠢᠷᠡᠭ᠌ᠰᠡᠡ ᠲᠤᠱᠢᠶᠠᠯ ᠡᠭᠦᠷᠭᠡᠯᠡᠭ᠌ᠰᠡᠡ ᠺᠠᠳ᠋ᠷ᠂ ᠤᠯᠠᠭᠠᠨᠴᠠᠪ ᠬᠤᠲᠠ᠎ᠶ᠋ᠢᠨ ᠳᠡᠳ᠋ ᠳᠠᠷᠤᠭ᠎ᠠ ᠵᠧᠩ ᠱᠢᠶᠣᠤ ᠪᠥᠸᠧ᠂ ᠠᠵᠤ ᠦᠶᠯᠡᠰ᠎ᠢᠶᠠᠷ ᠶᠠᠳᠠᠭᠤ᠎ᠶ᠋ᠢ ᠲᠡᠳᠬᠦᠬᠦ᠌᠎ᠳᠤ ᠨᠢᠭᠡ ᠲᠠᠯ᠎ᠡ᠎ᠨᠢ ᠵᠠᠬ᠎ᠠ ᠳᠡᠯᠭᠡᠭᠦᠷ᠎ᠲᠠᠢ ᠬᠤᠯᠪᠣᠯᠳᠤᠵᠤ᠂ ᠨᠦᠭᠦᠭᠡ ᠲᠠᠯ᠎ᠡ᠎ᠨᠢ ᠶᠠᠳᠠᠭᠤ ᠬᠦᠴᠢᠷᠳᠡᠯᠲᠡᠶ ᠡᠷᠦᠬᠡ᠎ᠲᠠᠢ ᠬᠤᠯᠪᠣᠯᠳᠤᠵᠤ ᠪᠠᠢᠨ᠎ᠠ᠂ ᠬᠡᠷᠬᠢᠨ ᠳᠠᠪᠠᠭᠤᠯᠢᠭ ᠲᠠᠯ᠎ᠠ᠎ᠪᠠᠷ᠎ᠢᠶᠠᠨ ᠬᠠᠷᠢᠯᠴᠠᠨ ᠨᠥᠬᠦᠪᠥᠷᠢᠯᠡᠵᠦ᠍᠂ ᠬᠤᠶᠠᠷ ᠲᠠᠯ᠎ᠠ᠎ᠪᠠᠷ᠎ᠢᠶᠠᠨ ᠬᠠᠮᠲᠤ᠎ᠪᠠᠷ ᠠᠱᠢᠭ ᠭᠥᠷᠳᠡᠬᠦ᠌᠎ᠶ᠋ᠢ ᠪᠡᠶᠡᠯᠡᠭᠦᠯᠬᠦ᠌᠎ᠳᠤ᠂ ᠵᠠᠩᠭᠢᠯᠠᠭ᠎ᠠ᠎ᠨᠢ ᠣᠷᠣᠭᠤᠯᠵᠤ ᠠᠪᠴᠢᠷᠠᠭ᠍ᠰᠠᠨ ᠠᠵᠤ ᠠᠬᠤᠢᠯᠠᠯ᠎ᠢ ᠪᠣᠳᠠᠲᠠᠢᠵᠢᠭᠤᠯᠵᠤ᠂ ᠬᠥᠭ᠌ᠵᠢᠭᠦᠯᠵᠦ᠍᠂ ᠳᠠᠢᠴᠢᠯᠠᠵᠤ ᠴᠢᠳᠠᠬᠤ᠎ᠳᠤ ᠪᠠᠢᠨ᠎ᠠ ᠭᠡᠵᠤ ᠬᠡᠯᠡᠨ᠎ᠡ᠃

2019 ᠣᠨ᠎ᠳᠤ᠂ ᠤᠯᠠᠭᠠᠨᠴᠠᠪ ᠬᠤᠲᠠ᠎ᠶ᠋ᠢᠨ ᠥᠩᠭᠡᠷᠡᠭ᠌ᠰᠡᠨ᠎ᠤ ᠤᠯᠤᠰ᠎ᠤᠨ ᠲᠠᠰ᠎ᠤᠨ 8 ᠶᠠᠳᠠᠭᠤ ᠬᠦᠴᠢᠷᠳᠡᠯᠲᠡᠶ ᠬᠤᠱᠢᠭᠤ ᠱᠢᠶᠠᠨ ᠪᠡᠭᠡᠵᠢᠩ᠎ᠤᠨ 35 ᠠᠵᠤ ᠠᠬᠤᠢᠯᠠᠯ᠎ᠢ ᠤᠷᠤᠭᠤᠯᠤᠨ ᠠᠪᠴᠢᠷᠠᠵᠤ ᠨᠤᠲᠤᠭ᠍ᠰᠢᠭᠤᠯᠵᠤ᠂ 8.77 ᠳ᠋ᠦᠩᠱᠢᠭᠤᠷ ᠲᠥᠭᠦᠷᠢᠭ᠎ᠤᠨ ᠪᠠᠯᠠ ᠣᠷᠣᠭᠤᠯᠤᠯᠲᠠ᠎ᠶ᠋ᠢ ᠨᠠᠢᠳᠠᠪᠤᠷᠢᠵᠢᠭᠤᠯᠪᠠ; ᠬᠤᠶᠠᠷ ᠲᠠᠯ᠎ᠠ᠎ᠪᠠᠷ᠎ᠢᠶᠠᠨ 11 ᠠᠵᠤ ᠦᠢᠯᠡᠰ᠎ᠤᠨ ᠬᠦᠷᠢᠶᠡᠯᠡᠩ ᠲᠣᠭᠤᠷᠢᠭ᠎ᠢ ᠬᠠᠮᠲᠤ᠎ᠪᠠᠷ ᠪᠠᠢᠭᠤᠯᠵᠤ᠂ ᠨᠢᠳᠤᠨᠤᠨ ᠵᠢᠯ᠎ᠤᠨ ᠭᠦᠷᠢᠶᠡᠯᠡᠩ᠎ᠳᠤ ᠤᠷᠤᠭ᠍ᠰᠠᠨ 184 ᠠᠵᠤ ᠠᠬᠤᠢᠯᠠᠯ ᠪᠠᠢᠵᠤ᠂ 4.96 ᠳ᠋ᠦᠩᠱᠢᠭᠤᠷ ᠲᠥᠭᠦᠷᠢᠭ᠎ᠤᠨ ᠪᠠᠯᠠ ᠣᠷᠣᠭᠤᠯᠤᠯᠲᠠ᠎ᠶ᠋ᠢ ᠨᠠᠢᠳᠠᠪᠤᠷᠢᠵᠢᠭᠤᠯᠪᠠ᠃

ᠵᠠᠬᠢᠶᠠᠯᠠᠭ᠎ᠠ᠎ᠶ᠋ᠢᠨ ᠬᠠᠭᠤᠳᠠᠰᠤ᠎ᠲᠠᠢ᠂ ᠬᠥᠳᠡᠯᠮᠦᠷᠢ ᠬᠦᠴᠦᠨ᠎ᠲᠠᠢ᠂ ᠮᠡᠷᠭᠡᠵᠢᠯ᠎ᠲᠠᠢ ᠁ ᠪᠦᠬᠦ᠌ ᠲᠠᠯ᠎ᠠ᠎ᠶ᠋ᠢᠨ ᠪᠠᠲᠤᠯᠠᠭ᠎ᠠ᠎ᠲᠠᠢ ᠪᠣᠯᠤᠭ᠍ᠰᠠᠨ ᠪᠤᠯᠬᠤᠷ᠂ ᠡᠨᠡ ᠵᠢᠯ ᠬᠤ᠌ ᠭᠦᠸᠧ ᠵᠦ᠍ ᠲᠥᠮᠥᠰᠥ᠍ ᠲᠠᠷᠢᠬᠤ ᠮᠠᠱᠢᠨ᠂ ᠬᠤᠷᠢᠶᠠᠬᠤ ᠮᠠᠱᠢᠨ᠂ ᠲᠷᠠᠺᠲ᠋ᠣᠷ ᠵᠡᠷᠭᠡ ᠲᠠᠷᠢᠶᠠᠯᠠᠩ᠎ᠤᠨ ᠬᠡᠷᠡᠭ᠌ᠯᠡᠭᠡᠨ᠎ᠤ 6 ᠮᠧᠬᠠᠨᠢᠭ ᠬᠤᠳᠠᠯᠳᠤᠨ ᠠᠪᠤᠭ᠍ᠰᠠᠠ ᠠᠵᠢ᠃

(ᠱᠢᠨᠬᠤᠸᠠ ᠬᠤᠷᠢᠶᠠᠨ᠎ᠤ ᠭᠦᠭᠡᠬᠤᠳᠡ᠎ᠶ᠋ᠢᠨ 6 ᠰᠠᠷ᠎ᠠ᠎ᠶ᠋ᠢᠨ 22 ᠎ᠤᠨ ᠴᠠᠬᠢᠯᠭᠠᠨ ᠮᠡᠳᠡᠭᠡ᠎ᠠᠴᠠ)

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号