3 ᠵᠢᠯ᠎ᠳᠤ 3 ᠬᠠᠮᠳᠣ᠎ᠶ᠋ᠢᠨ ᠠᠵᠣ ᠠᠬᠤᠢ᠍ᠢᠯᠠᠯ ᠪᠣᠰᠭᠠᠬ᠍ᠰᠠᠨ ᠨᠢᠬᠡᠳᠥᠬᠡᠷ ᠱᠥᠵᠢ ᠰᠠᠮᠵᠠᠢᠵᠠᠪ
2020-06-27 11:08:41
ᠵᠣᠬᠢᠶᠠᠭ᠍ᠴᠢ᠄
ᠡᠷᠳᠡᠨᠢᠵᠢᠷᠭᠠᠯ
ᠣᠩᠱᠢᠭ᠍ᠰᠠᠨ ᠣᠳᠠᠭ᠎ᠠ᠄
★★★☆☆

6 ᠰᠠᠷ᠎ᠠ᠎ᠶ᠋ᠢᠨ ᠳᠣᠮᠳᠠᠴᠢ᠎ᠪᠠᠷ᠂ ᠰᠣᠷᠪᠣᠯᠵᠢᠯᠠᠬ᠍ᠴᠢ ᠡᠵᠡᠨ ᠬᠤᠷᠤᠭ᠎ᠠ ᠬᠤᠱᠢᠭᠤᠨ᠎ᠤ ᠰᠣᠪᠣᠷᠭ᠎ᠠ ᠪᠠᠯᠭᠠᠰᠣ᠎ᠶ᠋ᠢᠨ ᠰᠣᠪᠣᠷᠭ᠎ᠠ ᠭᠠᠴᠠᠭ᠎ᠠ᠎ᠶ᠋ᠢᠨ ᠮᠠᠯᠴᠢᠨ ᠪᠥᠷᠢᠨᠵᠢᠷᠭᠠᠯ᠎ᠤᠨ ᠬᠡᠷ᠎ᠲᠤ ᠬᠥᠷᠬᠦ᠌᠎ᠳᠤ᠂ ᠨᠢᠬᠡᠨ ᠵᠠᠯᠠᠭᠤ ᠪᠥᠷᠢᠨᠵᠢᠷᠭᠠᠯ᠎ᠳᠤ 2000 ᠳᠥᠬᠦᠷᠢᠭ᠎ᠤᠨ ᠠᠵᠣ ᠥᠢᠯᠡᠰ᠎ᠢᠶᠠᠷ ᠶᠠᠳᠠᠭᠤ᠎ᠶ᠋ᠢ ᠲᠡᠳᠬᠦᠬᠦ᠌ ᠨᠥᠬᠦᠪᠥᠷᠢ ᠮᠥᠩᠬᠦ᠌ ᠭᠠᠷᠳᠠᠭᠤᠯᠵᠣ ᠪᠠᠢᠬᠤ᠎ᠲᠠᠢ ᠲᠠᠭᠠᠷᠠᠯᠳᠣᠯ᠎ᠠ᠃ ᠡᠨᠡ ᠬᠥᠮᠥᠨ ᠪᠣᠯ ᠲᠠᠷᠣᠢ ᠳᠣᠰ ᠬᠤᠱᠢᠭᠤᠨ᠎ᠤ ᠥᠨᠳᠥᠰᠥᠳᠡᠨ᠎ᠤ ᠬᠡᠷᠡᠭ ᠡᠷᠬᠢᠯᠡᠬᠦ᠌ ᠵᠥᠪᠯᠡᠯ᠎ᠤᠨ ᠺᠠᠳ᠋ᠷ᠂ ᠰᠤᠪᠤᠷᠭ᠎ᠠ ᠭᠠᠴᠠᠭᠠᠨ᠎ᠳᠤ ᠰᠠᠭᠤᠭ᠎ᠠ ᠨᠢᠬᠡᠳᠥᠬᠡᠷ ᠱᠥᠵᠢ ᠰᠠᠮᠵᠠᠢᠵᠠᠪ ᠪᠤᠯᠤᠨ᠎ᠠ᠃
     2016 ᠣᠨ᠎ᠤ 12 ᠰᠠᠷ᠎ᠠ᠎ᠳᠤ᠂ ᠰᠠᠮᠵᠠᠢᠵᠠᠪ ᠲᠡᠬᠡᠳᠥ ᠱᠠᠳᠣᠨ᠎ᠤ ᠳᠣᠮᠢᠯᠠᠯᠳᠠ᠎ᠪᠠᠷ᠂ ᠡᠵᠡ ᠬᠤᠷᠤᠭ᠎ᠠ ᠬᠤᠱᠢᠭᠤᠨ᠎ᠤ ᠰᠣᠪᠣᠷᠭ᠎ᠠ ᠪᠠᠯᠭᠠᠰᠣ᠎ᠶ᠋ᠢᠨ ᠰᠣᠪᠣᠷᠭ᠎ᠠ ᠭᠠᠴᠠᠭᠠᠨ᠎ᠳᠤ ᠰᠠᠭᠤᠭ᠎ᠠ ᠠᠵᠢᠯᠯᠠᠬᠤ ᠠᠩᠬᠢ᠎ᠶ᠋ᠢᠨ ᠲᠠᠷᠤᠭ᠎ᠠ᠂ ᠨᠢᠬᠡᠳᠥᠬᠡᠷ ᠱᠥᠵᠢ᠎ᠶ᠋ᠢᠨ ᠲᠣᠱᠢᠶᠠᠯ᠎ᠢ ᠬᠠᠷᠢᠭᠤᠴᠠᠬ᠍ᠰᠠᠨ ᠪᠠᠢᠪᠠ᠃ ᠲᠡᠷᠡ 《ᠡᠷᠣᠬᠡ᠎ᠳᠤ ᠣᠷᠣᠵᠣ᠂ ᠠᠢᠯ ᠪᠣᠯᠭᠠᠨ᠎ᠤ ᠪᠠᠢᠳᠠᠯ᠎ᠢ ᠣᠢᠯᠠᠭᠠᠵᠣ᠂ ᠬᠡᠷᠡᠭ ᠪᠥᠬᠦᠨ᠎ᠢ ᠰᠡᠳᠭᠢᠯ ᠲᠠᠯᠪᠢᠨ ᠱᠢᠢᠳᠪᠣᠷᠢᠯᠠᠵᠣ》᠂ ᠳᠥᠷᠥ᠎ᠶ᠋ᠢᠨ ᠪᠣᠳᠣᠯᠭ᠎ᠠ᠎ᠶ᠋ᠢ ᠳᠣᠭᠤᠱᠢᠳᠡᠢ ᠰᠠᠢᠬᠠᠨ ᠣᠬᠠᠭᠤᠯᠵᠣ᠂ ᠠᠷᠠᠳ᠎ᠤᠨ ᠬᠥᠰᠡᠯ ᠰᠠᠨᠠᠯ᠎ᠢ ᠬᠥᠯᠢᠶᠡᠵᠣ᠂ ᠬᠠᠮᠳᠣ᠎ᠶ᠋ᠢᠨ ᠠᠵᠣ ᠠᠬᠤᠢ᠍ᠢᠯᠠᠯ ᠪᠠᠢᠭᠤᠯᠬᠤ ᠰᠠᠭᠤᠷᠢ ᠨᠥᠬᠦᠴᠡᠯ᠎ᠢ ᠪᠠᠢᠴᠠᠭᠠᠨ ᠰᠣᠳᠣᠯᠵᠣ᠂ ᠬᠡᠨ ᠨᠢᠬᠡ᠎ᠶ᠋ᠢ ᠴᠥ᠍ ᠣᠷᠬᠢᠬ᠍ᠳᠠᠭᠤᠯᠬᠤ ᠥᠬᠡᠢ᠎ᠪᠠᠷ ᠠᠮᠢᠳᠣᠷᠠᠯ᠎ᠢᠶᠠᠨ ᠵᠥᠪ ᠲᠡᠢᠰᠢ ᠴᠣᠬ᠍ᠴᠠᠯᠠᠬᠤ᠎ᠶ᠋ᠢ ᠰᠣᠷᠳᠠᠯᠴᠢᠯᠠᠬ᠍ᠰᠠᠭᠠᠷ ᠢᠷᠡᠵᠡᠢ᠃
     《ᠰᠠᠮᠵᠠᠢᠵᠠᠪ ᠱᠥᠵᠢ ᠮᠠᠨ᠎ᠤ᠎ᠳᠤ ᠰᠠᠢᠨ ᠢᠷᠠᠨ᠎ᠠ᠂ ᠪᠢ ᠣᠴᠢᠷᠲᠡᠢ ᠪᠣᠯᠪᠠᠯ ᠣᠳᠠᠰᠣ᠎ᠪᠠᠷ ᠬᠠᠷᠢᠯᠴᠠᠳᠠᠬ᠃ ᠥᠨᠣᠳᠣᠷ ᠬᠤᠳᠳᠤᠬ ᠮᠠᠯᠳᠠᠬᠤ 2000 ᠳᠥᠬᠦᠷᠢᠭ᠎ᠤᠨ ᠨᠥᠬᠦᠪᠥᠷᠢ᠎ᠶ᠋ᠢ ᠬᠥᠷᠬᠡᠵᠣ ᠢᠷᠠᠯ᠎ᠠ᠂ ᠪᠢ ᠮᠠᠰᠢ ᠲᠠᠯᠠᠷᠬᠠᠵᠣ ᠪᠠᠢᠨ᠎ᠠ》 ᠬᠡᠵᠣ ᠮᠠᠯᠴᠢᠨ ᠪᠥᠷᠢᠨᠵᠢᠷᠭᠠᠯ ᠰᠡᠳᠭᠢᠯ ᠳᠣᠬ᠍ᠳᠣᠯᠣᠨ ᠬᠡᠯᠡᠨ᠎ᠠ᠃
     ᠭᠠᠴᠠᠭᠠᠨ᠎ᠳᠤ ᠳᠣᠮᠢᠯᠠᠬ᠍ᠰᠠᠨ ᠨᠢᠬᠡᠳᠥᠬᠡᠷ ᠱᠦᠵᠢ ᠪᠣᠯᠣᠬ᠍ᠰᠠᠨ᠎ᠠᠴᠠ ᠨᠠᠭᠠᠱᠢᠬᠢ ᠭᠤᠷᠪᠠᠨ ᠵᠢᠯ᠎ᠤᠨ ᠬᠤᠭᠤᠴᠠᠭᠠᠨ᠎ᠳᠤ ᠲᠠᠷᠨ ᠣᠷᠢᠳ ᠬᠤᠵᠢᠳ ᠡᠵᠡᠨ ᠬᠤᠷᠤᠭ᠎ᠠ ᠬᠤᠱᠢᠭᠤᠨ᠎ᠤ ᠥᠨᠳᠥᠰᠥᠳᠡᠨ᠎ᠤ ᠬᠡᠷᠡᠭ ᠡᠷᠬᠢᠯᠡᠬᠦ᠌ ᠵᠥᠪᠯᠡᠯ᠎ᠤᠨ ᠴᠥᠬᠡᠨ ᠳᠣᠭᠠᠳᠣ ᠥᠨᠳᠥᠰᠥᠳᠡᠨ᠎ᠤ ᠬᠥᠭ᠌ᠵᠢᠯᠳᠡ᠎ᠶ᠋ᠢᠨ ᠪᠡᠯᠠ ᠮᠥᠩᠬᠦ᠌᠎ᠶ᠋ᠢ 90 ᠳᠥᠮᠡᠨ ᠳᠥᠬᠦᠷᠢᠭ ᠭᠤᠶᠣᠴᠢᠯᠠᠨ ᠣᠯᠵᠣ᠂ ᠰᠣᠪᠣᠷᠭ᠎ᠠ ᠭᠠᠴᠠᠭᠠᠨ᠎ᠳᠤ ᠲᠡᠷᠢᠬᠦᠨ᠎ᠤ ᠮᠠᠯ ᠠᠵᠣ ᠠᠬᠤᠢ ᠲᠠᠷᠢᠶᠠᠯᠠᠩ᠎ᠤᠨ ᠥᠢᠯᠡᠳᠪᠣᠷᠢᠯᠠᠯ᠎ᠤᠨ ᠮᠡᠷᠬᠡᠵᠢᠯ᠎ᠤᠨ ᠳᠥᠷᠥᠯ ᠵᠥᠢᠯ᠎ᠢ ᠬᠡᠷᠡᠭ᠌ᠵᠢᠬᠦᠯᠵᠣ᠂ 10 ᠳᠣᠮᠣ ᠬᠡᠯᠪᠡᠷᠢ᠎ᠶ᠋ᠢᠨ ᠲᠠᠷᠢᠶᠠᠯᠠᠩ᠎ᠤᠨ ᠮᠠᠱᠢᠨ ᠳᠥᠬᠦᠬᠡᠷᠥᠮᠵᠢ ᠬᠤᠳᠠᠯᠳᠣᠨ ᠠᠪᠴᠥ᠍᠂ ᠮᠠᠯᠴᠢᠨ ᠲᠠᠷᠢᠶᠠᠴᠢᠨ᠎ᠤ ᠬᠠᠪᠣᠷ᠎ᠤᠨ ᠲᠠᠷᠢᠶᠠᠯᠠᠭ᠎ᠠ ᠪᠠ ᠨᠠᠮᠣᠷ᠎ᠤᠨ ᠬᠤᠷᠢᠶᠠᠯᠳᠠ᠎ᠶ᠋ᠢᠨ ᠬᠤᠭᠤᠴᠠᠭᠠᠨ᠎ᠳᠤ ᠳᠥᠬᠦᠮ ᠥᠵᠡᠬᠦᠯᠥᠭ᠌ᠰᠡᠨ᠎ᠢᠶᠠᠷ ᠪᠠᠷᠠᠬᠤ ᠥᠬᠡᠢ᠂ ᠮᠠᠱᠢᠨ᠎ᠢᠶᠠᠨ ᠭᠠᠳᠠᠬ᠍ᠰᠢ ᠳᠥᠷᠢᠶᠡᠰᠣᠯᠠᠨ᠂ ᠣᠷᠣᠯᠭ᠎ᠠ᠎ᠶ᠋ᠢᠨ ᠮᠥᠩᠬᠦ᠌᠎ᠶ᠋ᠢ᠎ᠨᠢ ᠠᠢᠯ ᠪᠥᠬᠦᠨ᠎ᠳᠤ ᠬᠤᠪᠢᠶᠠᠨ ᠥᠭ᠌ᠬᠦᠭ᠌ᠰᠡᠨ ᠪᠠᠢᠨ᠎ᠠ᠃
     ᠲᠡᠷᠡ ᠬᠤᠱᠢᠭᠤᠨ᠎ᠤ ᠶᠠᠳᠠᠭᠤ᠎ᠶ᠋ᠢ ᠲᠡᠳᠬᠦᠬᠦ᠌ ᠠᠯᠪᠠᠨ ᠬᠡᠷ᠎ᠤᠨ ᠳᠥᠷᠥᠯ ᠵᠥᠢᠯ᠎ᠤᠨ ᠪᠡᠯᠡ ᠮᠥᠩᠬᠦ᠌᠎ᠶ᠋ᠢ 132 ᠳᠥᠮᠡᠨ ᠳᠥᠬᠦᠷᠢᠭ ᠭᠤᠶᠣᠴᠢᠯᠠᠨ ᠣᠯᠵᠣ᠂ ᠳᠣᠰ ᠭᠠᠴᠠᠭ᠎ᠠ᠎ᠳᠤ ᠣᠯᠠᠭᠠᠨ ᠢᠳᠡᠭᠡᠨ ᠡᠳ᠋ᠱᠢᠬᠦᠯᠬᠦ᠌ ᠥᠢᠯᠡᠳᠪᠥᠷᠢ ᠪᠠᠢᠭᠤᠯᠵᠣ ᠥᠭ᠌ᠬᠦᠭ᠌ᠰᠡᠨ ᠪᠠᠢᠨ᠎ᠠ᠃ ᠡᠬᠦᠨ᠎ᠠᠴᠠ ᠭᠠᠳᠠᠨ᠎ᠠ᠂ 《ᠵᠠᠭᠤᠨ ᠠᠵᠣ ᠠᠬᠤᠢ᠍ᠢᠯᠠᠯ ᠵᠠᠭᠤᠨ ᠳᠣᠰᠭᠤᠨ᠎ᠢ ᠲᠡᠮᠵᠢᠬᠦ᠌》 ᠠᠵᠢᠯᠯᠠᠭ᠎ᠠ᠎ᠶ᠋ᠢᠨ ᠠᠵᠠ ᠳᠣᠬᠢᠶᠠᠯ᠎ᠢ ᠠᠱᠢᠬ᠍ᠯᠠᠵᠣ᠂ ᠳ᠋ᠥᠩ ᠯᠢᠶᠡᠨ ᠵᠡᠷᠬᠡ ᠠᠵᠣ ᠠᠬᠤᠢ᠍ᠢᠯᠠᠯ᠎ᠤᠨ 500 ᠳᠥᠮᠡᠨ ᠳᠥᠬᠦᠷᠢᠭ᠎ᠤᠨ ᠬᠠᠪᠰᠣᠷᠣᠨ ᠲᠡᠳᠬᠦᠬᠦ᠌ ᠪᠡᠯᠡ ᠮᠥᠩᠬᠦ᠌᠎ᠶ᠋ᠢ ᠣᠯᠵᠣ᠂ ᠪᠡᠰᠨ ᠬᠤᠱᠢᠭᠤᠨ᠎ᠤ ᠥᠨᠳᠣᠰᠣᠳᠡᠨ᠎ᠤ ᠬᠡᠷᠡᠭ ᠡᠷᠬᠢᠯᠡᠬᠦ᠌ ᠵᠥᠪᠯᠡᠯ᠎ᠤᠨ ᠴᠥᠬᠡᠨ ᠳᠣᠭᠠᠳᠣ ᠥᠨᠳᠥᠰᠥᠳᠡᠨ᠎ᠤ ᠬᠥᠭ᠌ᠵᠢᠯᠳᠡ᠎ᠶ᠋ᠢᠨ ᠪᠡᠯᠡ ᠮᠥᠩᠬᠦ᠌᠎ᠶ᠋ᠢ 110 ᠳᠥᠮᠡᠨ ᠳᠥᠬᠦᠷᠢᠭ ᠭᠤᠶᠣᠴᠢᠯᠠᠨ ᠣᠯᠵᠣ᠂ ᠮᠠᠯᠴᠢᠨ ᠲᠠᠷᠢᠶᠠᠴᠢᠨ᠎ᠤ ᠴᠤᠭ᠍ᠯᠠᠭᠤᠯᠤᠭ᠍ᠰᠠᠨ 20 ᠳᠥᠮᠡᠨ ᠳᠥᠬᠦᠷᠢᠭ᠎ᠤᠨ ᠬᠤᠪᠢ ᠣᠷᠣᠭᠤᠯᠣᠬ᠍ᠰᠠᠨ ᠪᠡᠯᠡ ᠮᠥᠩᠬᠦ᠌᠎ᠲᠠᠢ ᠨᠠᠢᠯᠠᠬᠦᠯᠵᠣ᠂ 630 ᠳᠥᠮᠡᠨ ᠳᠥᠬᠦᠷᠢᠭ᠎ᠢᠶᠠᠷ ᠰᠣᠪᠣᠷᠭ᠎ᠠ ᠲᠠᠯ᠎ᠠ ᠨᠣᠳᠤᠬ᠎ᠤᠨ ᠵᠢᠭᠤᠯᠴᠢᠯᠠᠯ᠎ᠤᠨ ᠣᠷᠣᠨ᠎ᠳᠤ 50 ᠱᠢᠨ᠎ᠠ ᠮᠣᠩᠭᠤᠯ ᠬᠡᠷ ᠪᠣᠰᠭᠠᠵᠣ᠂ ᠵᠢᠯ᠎ᠳᠤ 60 ᠳᠥᠮᠡᠨ ᠳᠥᠬᠦᠷᠢᠭ᠎ᠤᠨ ᠳᠥᠷᠢᠶᠡᠰᠣᠨ ᠮᠥᠩᠬᠦ᠌᠎ᠶ᠋ᠢᠨ ᠠᠱᠢᠬ ᠣᠷᠣᠯᠭ᠎ᠠ ᠣᠯᠵᠣ᠂ ᠮᠠᠯᠴᠢᠨ ᠲᠠᠷᠢᠶᠠᠴᠢᠨ᠎ᠤ ᠣᠷᠣᠯᠭ᠎ᠠ᠎ᠶ᠋ᠢ ᠳᠣᠬ᠍ᠳᠠᠪᠣᠷᠢᠲᠡᠢ ᠪᠣᠯᠭᠠᠵᠣ ᠠᠮᠢᠳᠣᠷᠠᠯ᠎ᠢ᠎ᠨᠢ ᠴᠢᠨᠡᠬᠡᠯᠢᠭ᠌ᠵᠢᠬᠦᠯᠵᠣ ᠪᠠᠢᠨ᠎ᠠ᠃
     《ᠨᠠᠮ ᠵᠠᠰᠠᠬ᠎ᠤᠨ ᠳᠥᠷᠥ᠎ᠶ᠋ᠢᠨ ᠪᠣᠳᠣᠯᠭ᠎ᠠ᠂ ᠮᠠᠯᠴᠢᠨ ᠲᠠᠷᠢᠶᠠᠴᠢᠨ᠎ᠤ ᠥᠪᠡᠷ᠎ᠤᠨ ᠴᠢᠷᠮᠠᠢᠯᠭ᠎ᠠ ᠪᠣᠯ ᠬᠠᠮᠤᠬ᠎ᠤᠨ ᠭᠤᠣᠯ ᠬᠥᠴᠥᠨ ᠪᠣᠯᠣᠨ᠎ᠠ᠂ ᠨᠢᠬᠡᠳᠥᠬᠡᠷ ᠱᠥᠵᠢ ᠪᠣᠯᠣᠬ᠍ᠰᠠᠨ᠎ᠤ ᠬᠤᠪᠢ᠎ᠳᠤ᠂ ᠪᠢ ᠵᠥᠪᠬᠡᠨ ᠲᠦᠷᠦ᠎ᠶ᠋ᠢᠨ ᠪᠤᠳᠤᠯᠭ᠎ᠠ᠎ᠶ᠋ᠢ ᠮᠠᠯᠴᠢᠨ ᠲᠠᠷᠢᠶᠠᠴᠢᠳ᠎ᠲᠤ ᠬᠦᠷᠬᠡᠵᠥ᠍᠂ ᠮᠠᠯᠴᠢᠨ ᠲᠠᠷᠢᠶᠠᠴᠢᠳ᠎ᠲᠤ ᠪᠠᠶᠠᠵᠢᠵᠤ ᠴᠢᠨᠡᠬᠡᠯᠢᠭ᠌ᠵᠢᠬᠦ᠌ ᠠᠷᠭ᠎ᠠ ᠤᠬᠠᠭᠠᠨ ᠭᠠᠷᠭᠠᠵᠤ ᠦᠭ᠌ᠬᠦᠭ᠌ᠰᠡᠨ ᠲᠡᠳᠦᠢ》 ᠬᠡᠵᠣ ᠰᠠᠮᠵᠠᠢᠵᠠᠪ ᠪᠠᠶᠠᠷᠳᠡᠢᠬᠠᠨ ᠬᠡᠯᠡᠵᠣ ᠪᠠᠢᠯ᠎ᠠ᠃
     ᠣᠳᠣ ᠰᠠᠮᠵᠠᠢᠵᠠᠪ ᠬᠥᠳᠡᠭᠡ ᠳᠣᠰᠭᠤᠨ᠎ᠢ ᠬᠥᠭ᠌ᠵᠢᠬᠦᠯᠥᠨ ᠮᠠᠨᠳᠣᠭᠤᠯᠬᠤ ᠪᠠᠢᠯᠳᠣᠬᠤ ᠪᠣᠳᠣᠯᠭ᠎ᠠ᠎ᠶ᠋ᠢᠨ ᠵᠢᠯᠣᠭᠤᠳᠣᠯᠭ᠎ᠠ᠎ᠶ᠋ᠢ ᠵᠥᠪ᠎ᠢᠶᠠᠷ ᠡᠵᠡᠮᠳᠡᠵᠣ᠂ ᠳᠥᠷᠥ᠎ᠶ᠋ᠢᠨ ᠪᠣᠳᠣᠯᠭ᠎ᠠ᠎ᠶ᠋ᠢᠨ ᠪᠡᠯᠡ ᠮᠥᠩᠬᠦ᠌᠎ᠶ᠋ᠢ ᠪᠥᠳᠥᠮᠵᠢᠳᠡᠢ ᠠᠱᠢᠬ᠍ᠯᠠᠵᠣ᠂ ᠭᠠᠴᠠᠭᠠᠨ᠎ᠳᠤ ᠰᠠᠭᠤᠭ᠎ᠠ ᠨᠢᠬᠡᠳᠥᠬᠡᠷ ᠱᠥᠵᠢ᠎ᠶ᠋ᠢᠨ ᠲᠠᠷᠬᠠᠨ ᠡᠬᠦᠷᠬᠡ ᠬᠠᠷᠢᠭᠤᠴᠠᠯᠭ᠎ᠠ᠎ᠪᠠᠨ ᠬᠥᠢᠴᠡᠳᠭᠡᠵᠣ᠂ ᠵᠣᠷᠢᠬ᠍ᠳᠡᠢ ᠴᠢᠷᠮᠠᠢᠨ ᠠᠵᠢᠯᠯᠠᠬ᠍ᠰᠠᠭᠠᠷ ᠁

ᠣᠷᠴᠢᠭᠤᠯᠤᠭ᠍ᠴᠢ᠄
ᠨᠠᠢᠷᠠᠭᠤᠯᠤᠭ᠍ᠴᠢ᠄ ᠼᠠᠢ ᠬᠤᠩ
ᠦᠪᠦᠷ ᠮᠤᠩᠭᠤᠯ᠎ᠤᠨ ᠡᠳᠦᠷ᠎ᠤᠨ ᠰᠤᠨᠢᠨ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号