ᠮᠠᠯᠴᠢᠳ᠎ᠢᠶᠠᠨ ᠬᠡᠰᠡᠨ ᠵᠢᠳᠬᠦᠯ ᠴᠢᠷᠮᠠᠢᠯᠭ᠎ᠠ
2020-08-10 08:25:33
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠨᠣᠳᠤᠭ ᠠᠭᠤᠳᠠᠮ᠂ ᠬᠦᠮᠦᠨ ᠴᠦᠬᠡᠨ᠂ ᠵᠠᠮ ᠬᠠᠷᠢᠯᠴᠠᠭ᠎ᠠ ᠳᠦᠭᠦᠮ ᠦᠭᠡᠢ ᠪᠠᠢᠳᠠᠭ ᠪᠣᠳᠠᠳᠣ ᠪᠠᠢᠳᠠᠯ᠎ᠠᠴᠠ ᠭᠠᠷᠳᠠᠨ ᠤᠯᠠᠭᠠᠴᠢ ᠦᠢᠯᠡᠴᠢᠯᠡᠬᠡᠨ᠎ᠤ ᠦᠷᠳᠡᠭᠡ ᠪᠠᠢᠭᠤᠯᠵᠤ᠂ ᠤᠴᠢᠬᠤ᠎ᠳᠠᠭᠠᠨ ᠮᠠᠯᠴᠢᠳ᠎ᠤᠨ ᠵᠠᠬᠢᠶᠠᠯᠠᠭ᠍ᠰᠠᠨ ᠪᠠᠷᠠᠭ᠎ᠠ ᠲᠠᠸᠠᠷ᠎ᠢ ᠣᠢᠷᠠᠳᠣᠭᠤᠯᠣᠨ ᠦᠭ᠌ᠴᠦ᠂ ᠪᠤᠴᠠᠬᠤ᠎ᠳᠠᠭᠠᠨ ᠱᠢᠨ᠎ᠡ ᠰᠣᠷᠭᠤᠭ ᠮᠠᠯ᠎ᠤᠨ ᠠᠱᠢᠬ ᠱᠢᠮ᠎ᠠ᠎ᠶ᠋ᠢ᠎ᠨᠢ ᠠᠪᠴᠢᠷᠠᠨ ᠵᠠᠬ᠎ᠠ ᠳᠡᠯᠭᠡᠭᠦᠷ᠎ᠲᠤ ᠭᠠᠷᠭᠠᠵᠤ ᠦᠭ᠌ᠬᠦᠨ᠎ᠠ᠃ ᠬᠦᠬᠡᠴᠦ᠍ ᠰᠤᠮᠤ᠎ᠶ᠋ᠢᠨ ᠨᠠᠮ᠎ᠤᠨ ᠬᠤᠷᠢᠶ᠎ᠠ᠂ ᠵᠠᠰᠠᠬ᠎ᠤᠨ ᠤᠷᠳᠤᠨ᠎ᠤ ᠡᠨᠡ ᠬᠦ᠌ ᠮᠠᠯᠴᠢᠳ᠎ᠢᠶᠠᠨ ᠬᠡᠰᠡᠨ ᠵᠢᠳᠬᠦᠯ ᠴᠢᠷᠮᠠᠢᠯᠭ᠎ᠠ ᠦᠨᠡᠯᠡᠬᠦᠱᠢᠳᠡᠢ ᠮᠦᠷᠳᠡᠭᠡᠨ ᠮᠠᠬ᠍ᠳᠠᠭᠤᠱᠢᠳᠠᠢ!

ᠬᠦᠬᠡᠴᠦ᠍ ᠰᠤᠮᠤ ᠤᠯᠠᠭᠠᠴᠢ ᠦᠢᠯᠡᠴᠢᠯᠡᠬᠡᠨ᠎ᠤ ᠦᠷᠳᠡᠭᠡ ᠪᠠᠢᠭᠤᠯᠵᠤ ᠮᠠᠯᠴᠢᠨ ᠲᠦᠮᠡᠨ᠎ᠤ᠎ᠪᠠᠨ ᠦᠢᠯᠡᠳᠪᠤᠷᠢᠯᠡᠯ ᠠᠮᠢᠳᠤᠷᠠᠯ᠎ᠤᠨ ᠦᠪᠡᠷ᠎ᠤᠨ ᠦᠷᠳᠡᠭ᠎ᠢ ᠬᠦᠴᠦᠯᠡᠨ ᠪᠠᠭᠤᠷᠠᠭᠤᠯᠵᠤ ᠪᠠᠢᠭ᠎ᠠ ᠪᠤᠯ ᠠᠷᠠᠳ ᠲᠦᠮᠡᠨ᠎ᠢᠶᠠᠷ ᠭᠤᠣᠯ ᠪᠣᠯᠭᠠᠬᠤ ᠬᠦᠭ᠌ᠵᠢᠯᠳᠡ᠎ᠶ᠋ᠢᠨ ᠦᠵᠡᠯ ᠰᠠᠨᠠᠭ᠎ᠠ᠎ᠶ᠋ᠢ ᠨᠠᠢᠳᠠᠪᠣᠷᠢᠵᠢᠭᠤᠯᠵᠣ᠂ ᠠᠷᠠᠳ ᠲᠦᠮᠡᠨ᠎ᠢ ᠳᠡᠭᠡᠳᠦᠯᠡᠬᠦ᠂ ᠠᠷᠠᠳ ᠲᠦᠮᠡᠨ᠎ᠳᠤ ᠳᠠᠰᠣᠷᠠᠯᠳᠠ ᠦᠭᠡᠢ ᠪᠣᠶᠠᠨ ᠦᠢᠯᠡᠳᠬᠦ᠌ ᠣᠢᠯᠠᠭᠠᠭ᠍ᠳᠠᠬᠤᠨ᠎ᠢ ᠦᠢᠯᠡᠳᠦᠯᠭᠡᠵᠢᠭᠦᠯᠦᠭ᠌ᠰᠡᠨ ᠪᠦᠳᠦᠮᠵᠢᠳᠡᠢ ᠵᠢᠱ᠌ᠢᠶ᠎ᠡ ᠪᠤᠯᠬᠤ ᠶᠤᠮ᠃ ᠡᠨᠡ᠎ᠨᠢ ᠮᠠᠯᠴᠢᠨ ᠲᠦᠮᠡᠨ᠎ᠤ ᠦᠢᠯᠡᠳᠪᠦᠷᠢᠯᠡᠯ ᠠᠮᠢᠳᠣᠷᠠᠯ᠎ᠤᠨ ᠦᠪᠡᠷ᠎ᠤᠨ ᠦᠷᠳᠡᠭ᠎ᠢ ᠪᠠᠭᠤᠷᠠᠭᠤᠯᠬᠤ᠂ ᠱᠢᠨ᠎ᠡ ᠰᠣᠷᠭᠤᠭ ᠮᠠᠯ᠎ᠤᠨ ᠠᠱᠢᠬ ᠱᠢᠮ᠎ᠠ᠎ᠶ᠋ᠢ ᠵᠠᠬ᠎ᠠ ᠲᠡᠯᠬᠡᠬᠦᠷ᠎ᠲᠤ ᠭᠠᠷᠭᠠᠬᠤ᠂ ᠡᠯᠧᠺᠳ᠋ᠷᠤᠨ ᠬᠤᠳᠠᠯᠳᠤᠭ᠎ᠠ᠎ᠶ᠋ᠢ ᠬᠦᠳᠡᠭᠡ ᠪᠠᠭᠤᠯᠭᠠᠬᠤ᠂ ᠲᠦᠷᠬᠡᠨ ᠬᠦᠷᠬᠡᠯᠳᠡ᠎ᠶ᠋ᠢ ᠬᠦᠳᠡᠭᠡ᠎ᠳᠤ ᠪᠦᠷᠬᠦᠭᠦᠯᠬᠦ᠌ ᠵᠡᠷᠬᠡ ᠣᠯᠠᠨ ᠲᠠᠯ᠎ᠠ᠎ᠪᠠᠷ ᠴᠢᠬᠤᠯᠠ ᠦᠢᠯᠡᠳᠤᠯ ᠪᠠᠳᠠᠷᠠᠭᠤᠯᠵᠤ᠂ ᠪᠤᠢᠳᠠ ᠪᠦᠭ᠌ᠯᠡᠬᠦᠤ ᠮᠠᠯᠵᠢᠬᠤ ᠤᠷᠤᠨ᠎ᠳᠤ ᠲᠤᠯᠢᠯᠠᠨ ᠠᠱᠢᠬ᠍ᠯᠠᠬᠤ ᠲᠤᠷᠱᠢᠯᠭ᠎ᠠ ᠬᠠᠩᠭᠠᠭ᠍ᠰᠠᠨ᠎ᠨᠢ ᠮᠠᠷᠭᠤᠰᠢ ᠦᠭᠡᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠼᠠᠢ ᠬᠤᠩ
ᠦᠪᠦᠷ ᠮᠤᠩᠭᠤᠯ᠎ᠤᠨ ᠡᠳᠦᠷ᠎ᠤᠨ ᠰᠤᠨᠢᠨ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号