ᠲᠦᠷᠦᠬᠦᠬᠡᠨ᠎ᠳᠤ ᠠᠷᠪᠠᠰ᠎ᠤᠨ ᠨᠤᠤᠯᠤᠭᠤᠷ᠎ᠤᠨ ᠴᠠᠭᠠᠨ ᠢᠮᠠᠭᠠᠨ᠎ᠤ ᠮᠢᠬ᠎ᠠ ᠪᠤᠯᠤᠨ ᠵᠠᠯᠠᠨ ᠠᠢᠯ᠎ᠤᠨ ᠬᠠᠷ᠎ᠠ ᠲᠡᠯᠳᠡᠤ ᠡᠧᠦ᠋ᠷᠤᠫᠠ ᠲᠢᠪ᠎ᠤᠨ ᠤᠯᠤᠰ᠎ᠤᠳ᠎ᠤᠨ ᠬᠤᠯᠪᠤᠭᠠᠨ᠎ᠤ ᠬᠠᠮᠠᠭᠠᠯᠠᠯᠳᠠ᠎ᠶ᠋ᠢ ᠤᠯᠤᠬ᠍ᠰᠠᠨ ᠪᠦᠬᠦᠳᠡ ᠨᠠᠢᠷᠠᠮᠳᠠᠬᠤ ᠲᠤᠮᠳᠠᠳᠤ ᠠᠷᠠᠳ ᠤᠯᠤᠰ᠎ᠤᠨ ᠭᠠᠵᠠᠷ ᠵᠦᠢ᠎ᠶ᠋ᠢᠨ ᠢᠯᠡᠷᠬᠡᠢᠯᠡᠯᠳᠤ ᠪᠦᠳᠦᠭᠡᠭ᠌ᠳᠡᠭᠦᠨ᠎ᠢᠶᠠᠷ ᠲᠤᠭ᠍ᠳᠠᠭᠠᠬ᠍ᠳᠠᠵᠤ᠂ ᠡᠧᠦ᠋ᠷᠤᠫᠠ ᠲᠢᠪ᠎ᠤᠨ ᠵᠠᠬ᠎ᠠ ᠲᠡᠯᠬᠡᠬᠦᠷ᠎ᠲᠤ ᠰᠠᠭᠠᠳ ᠦᠬᠡᠢ ᠪᠤᠷᠤᠯᠠᠭᠤᠯᠤᠬ᠍ᠳᠠᠬᠤ 《ᠱᠢᠵᠢᠷ ᠠᠯᠳᠠᠨ ᠦᠨᠡᠮᠯᠡᠯ》 ᠢ ᠭᠠᠷᠳᠠᠪᠠ᠃ ᠡᠨᠡ᠎ᠨᠢ ᠲᠠᠯ᠎ᠠ ᠨᠤᠳᠤᠭ᠎ᠤᠨ ᠤᠨᠴᠠᠯᠢᠭ᠍ᠳᠤ ᠭᠠᠷᠤᠯᠳᠠ — ᠮᠠᠨ᠎ᠤ ᠤᠷᠤᠨ᠎ᠤ ᠭᠠᠵᠠᠷ ᠵᠦᠢ᠎ᠶ᠋ᠢᠨ ᠢᠯᠡᠷᠬᠡᠢᠯᠡᠯᠳᠤ ᠪᠦᠳᠦᠭᠡᠭ᠌ᠳᠡᠭᠦᠨ ᠠᠩᠬ᠎ᠠ ᠤᠳᠠᠭ᠎ᠠ ᠡᠧᠦ᠋ᠷᠤᠫᠠ ᠲᠢᠪ᠎ᠤᠨ ᠤᠯᠤᠰ᠎ᠤᠳ᠎ᠤᠨ ᠬᠤᠯᠪᠤᠭᠠᠨ᠎ᠤ ᠬᠠᠮᠠᠭᠠᠯᠠᠯᠳᠠ᠎ᠶ᠋ᠢ ᠤᠯᠵᠦ᠍ ᠪᠠᠢᠭ᠎ᠠ ᠶᠠᠪᠤᠳᠠᠯ ᠪᠤᠯᠤᠨ᠎ᠠ᠃
ᠤᠳᠤᠬ ᠬᠤᠱᠢᠭᠤᠨ᠎ᠤ ᠠᠷᠪᠠᠰ᠎ᠤᠨ ᠨᠤᠤᠯᠤᠭᠤᠷ᠎ᠤᠨ ᠴᠠᠭᠠᠨ ᠢᠮᠠᠭ᠎ᠠ ᠪᠤᠯ ᠮᠢᠬ᠎ᠠ ᠨᠤᠤᠯᠤᠭᠤᠷ᠎ᠤᠨ ᠬᠤᠤᠰ ᠬᠡᠷᠡᠭ᠌ᠴᠡᠭᠡ᠎ᠲᠠᠢ ᠲᠡᠯᠡᠬᠡᠢ᠎ᠶ᠋ᠢᠨ ᠬᠤᠪᠤᠷ ᠱᠢᠯᠢᠳᠡᠭ ᠮᠠᠯ᠎ᠤᠨ ᠡᠬᠦᠯᠳᠡᠷ ᠪᠠᠢᠵᠤ᠂ ᠮᠠᠨ᠎ᠤ ᠤᠯᠤᠰ᠎ᠤᠨ 20 ᠱᠢᠯᠢᠳᠡᠭ ᠮᠠᠯ᠎ᠤᠨ ᠡᠬᠦᠯᠳᠡᠷ᠎ᠤᠨ ᠨᠢᠬᠡ ᠪᠤᠯᠬᠤ ᠪᠦᠬᠡᠳ ᠮᠠᠨ᠎ᠤ ᠤᠯᠤᠰ᠎ᠤᠨ ᠠᠮᠢᠳᠠᠨ᠎ᠤ ᠤᠳᠤᠮᠱᠢᠯ᠎ᠤᠨ ᠡᠬᠢ ᠪᠠᠶᠠᠯᠢᠬ᠎ᠤᠨ ᠨᠢᠬᠡᠳᠦᠬᠡᠷ ᠲᠡᠰ᠎ᠤᠨ ᠬᠠᠮᠠᠭᠠᠯᠠᠯᠳᠠ᠎ᠲᠠᠢ ᠡᠬᠦᠯᠳᠡᠷ ᠪᠤᠯᠤᠨ᠎ᠠ᠃ ᠠᠷᠪᠠᠰ᠎ᠤᠨ ᠨᠤᠤᠯᠤᠭᠤᠷ᠎ᠤᠨ ᠴᠠᠭᠠᠨ ᠢᠮᠠᠭᠠᠨ᠎ᠤ ᠮᠢᠬ᠎ᠠ 2014 ᠤᠨ᠎ᠳᠤ ᠤᠯᠤᠰ᠎ᠤᠨ ᠭᠠᠵᠠᠷ ᠵᠦᠢ᠎ᠶ᠋ᠢᠨ ᠢᠯᠡᠷᠬᠡᠢᠯᠡᠯᠳᠤ ᠪᠦᠳᠦᠭᠡᠭ᠌ᠳᠡᠭᠦᠨ ᠪᠤᠯᠵᠤ᠂ ᠨᠢᠳᠤᠨᠤᠨ ᠤᠳᠤᠬ ᠬᠤᠱᠢᠭᠤᠨ᠎ᠤ ᠠᠷᠪᠠᠰ᠎ᠤᠨ ᠨᠤᠤᠯᠤᠭᠤᠷ᠎ᠤᠨ ᠴᠠᠭᠠᠨ ᠢᠮᠠᠭᠠᠨ᠎ᠤ ᠲᠤᠭ᠎ᠠ 145 ᠲᠦᠮᠡ᠎ᠳᠤ ᠬᠦᠷᠴᠠᠢ᠃ ᠤᠢ᠍ᠢᠷ᠎ᠠ᠎ᠶ᠋ᠢᠨ ᠵᠢᠯ᠎ᠳᠤ ᠤᠳᠤᠬ ᠬᠤᠱᠢᠭᠤ ᠠᠷᠪᠠᠰ᠎ᠤᠨ ᠨᠤᠤᠯᠤᠭᠤᠷ᠎ᠤᠨ ᠴᠠᠭᠠᠨ ᠢᠮᠠᠭᠠᠨ᠎ᠤ ᠡᠬᠦᠯᠳᠡᠷ᠎ᠢ ᠬᠠᠮᠠᠭᠠᠯᠠᠬᠤ ᠠᠵᠢᠯ᠎ᠢ ᠴᠢᠬᠤᠯᠠᠴᠢᠯᠠᠨ ᠠᠳᠭᠤᠵᠦ᠍᠂ ᠠᠷᠪᠠᠰ᠎ᠤᠨ ᠨᠤᠤᠯᠤᠭᠤᠷ᠎ᠤᠨ ᠴᠠᠭᠠᠨ ᠢᠮᠠᠭᠠᠨ᠎ᠤ ᠬᠠᠮᠠᠭᠠᠯᠠᠯᠳᠠ᠎ᠶ᠋ᠢᠨ ᠤᠷᠤᠨ ᠭᠠᠷᠭᠠᠨ ᠠᠷᠪᠠᠰ᠎ᠤᠨ ᠨᠤᠤᠯᠤᠭᠤᠷ᠎ᠤᠨ ᠴᠠᠭᠠᠨ ᠢᠮᠠᠭ᠎ᠠ ᠮᠠᠯᠵᠢᠵᠤ ᠪᠠᠢᠭ᠎ᠠ ᠡᠷᠦᠬᠡ᠎ᠳᠤ ᠨᠦᠬᠦᠪᠦᠷᠢ ᠤᠯᠭᠤᠬᠤ ᠲᠦᠷᠦ᠎ᠶ᠋ᠢᠨ ᠪᠤᠳᠤᠯᠭ᠎ᠠ᠎ᠶ᠋ᠢ ᠬᠡᠷᠡᠭ᠌ᠵᠢᠬᠦᠯᠵᠦ᠍ ᠪᠤᠢ᠂ ᠤᠨᠴᠠᠭᠠᠢᠯᠠᠨ ᠡᠨᠡ ᠵᠢᠯ ᠤᠷᠳᠤᠰ ᠬᠤᠳᠠ ᠪᠤᠯᠤᠨ ᠤᠳᠤᠬ ᠬᠤᠱᠢᠭᠤ ᠬᠤᠶᠠᠷ ᠱᠠᠳᠤᠨ᠎ᠤ ᠡᠳ᠋᠎ᠤᠨ ᠵᠠᠰᠠᠬ᠎ᠠᠴᠠ ᠨᠡᠢᠳᠡ 7556 ᠲᠦᠮᠡᠨ ᠲᠦᠬᠦᠷᠢᠭ ᠭᠠᠷᠭᠠᠨ ᠠᠷᠪᠠᠰ᠎ᠤᠨ ᠨᠤᠤᠯᠤᠭᠤᠷ᠎ᠤᠨ ᠴᠠᠭᠠᠨ ᠢᠮᠠᠭᠠᠨ᠎ᠤ ᠠᠵᠦ᠍ ᠦᠢᠯᠡᠰ᠎ᠤᠨ ᠬᠦᠭ᠌ᠵᠢᠯᠳᠡ᠎ᠶ᠋ᠢ ᠲᠠᠮᠵᠢᠪᠡ᠃ ᠤᠳᠤᠬ ᠬᠤᠱᠢᠭᠤ 《ᠺᠤᠮᠫᠠᠨᠢ + ᠲᠤᠰᠭᠠᠢ ᠬᠤᠷᠱᠢᠶ᠎ᠠ + ᠮᠠᠯᠵᠢᠬᠤ ᠡᠷᠦᠬᠡ》 ᠶ᠋ᠢᠨ ᠵᠠᠬ᠍ᠪᠤᠷ᠎ᠢᠶᠠᠷ ᠠᠵᠦ᠍ ᠠᠬᠤᠢ᠍ᠢᠯᠠᠯ ᠪᠠ ᠮᠠᠯᠵᠢᠬᠤ ᠡᠷᠦᠬᠡ ᠬᠠᠮᠳᠤ᠎ᠪᠠᠷ ᠠᠱᠢᠬ ᠬᠦᠷᠳᠡᠬᠦ᠌ ᠵᠠᠮ᠎ᠢᠶᠠᠷ ᠵᠠᠮᠨᠠᠵᠦ᠍᠂ ᠠᠷᠪᠠᠰ᠎ᠤᠨ ᠨᠤᠤᠯᠤᠭᠤᠷ᠎ᠤᠨ ᠴᠠᠭᠠᠨ ᠢᠮᠠᠭᠠᠨ᠎ᠤ ᠮᠢᠬ᠎ᠠ᠎ᠶ᠋ᠢᠨ ᠶᠠᠰᠤ ᠴᠢᠨᠠᠷ᠎ᠢ ᠬᠠᠮᠤᠬ᠎ᠤᠨ ᠶᠡᠭᠡ ᠬᠡᠮᠵᠢᠶ᠎ᠠ᠎ᠪᠠᠷ ᠪᠠᠳᠤᠯᠠᠨ ᠠᠵᠤ ᠠᠬᠤᠢ ᠪᠠ ᠨᠡᠢᠬᠡᠮ᠎ᠤᠨ ᠦᠷ᠎ᠠ ᠠᠱᠢᠭ᠎ᠢ ᠲᠠᠬᠡᠭ᠌ᠰᠢᠯᠡᠬᠦᠯᠵᠤ ᠪᠤᠢ᠃ ᠤᠷᠳᠤᠰ᠎ᠤᠨ ᠲᠢᠶᠠᠨ᠎ᠲᠠᠢ ᠸᠠᠨ ᠱᠢᠨ ᠺᠤᠮᠫᠠᠨᠢ᠎ᠪᠠᠷ ᠵᠢᠱ᠌ᠢᠶᠡᠯᠡᠪᠡᠯ᠂ ᠲᠤᠰ ᠺᠤᠮᠫᠠᠨᠢ ᠵᠠᠬᠢᠶᠠᠯᠠᠭ᠎ᠠ᠎ᠶ᠋ᠢᠨ ᠬᠡᠯᠪᠡᠷᠢ᠎ᠪᠠᠷ ᠪᠡᠬᠡᠵᠢᠩ᠂ ᠱᠠᠩᠬᠠᠢ᠂ ᠰᠧᠴᠤᠧᠠᠨ ᠵᠡᠷᠬᠡ ᠭᠠᠵᠠᠷ ᠤᠷᠤᠨ᠎ᠳᠤ ᠵᠢᠯ᠎ᠳᠤ 6 ᠲᠦᠮᠡ ᠭᠠᠷᠤᠢ ᠠᠷᠪᠠᠰ᠎ᠤᠨ ᠨᠤᠤᠯᠤᠭᠤᠷ᠎ᠤᠨ ᠴᠠᠭᠠᠨ ᠢᠮᠠᠭ᠎ᠠ ᠪᠤᠷᠤᠯᠠᠭᠤᠯᠵᠦ᠍᠂ ᠲᠤᠬᠠᠢ᠎ᠶ᠋ᠢᠨ ᠭᠠᠵᠠᠷ᠎ᠤᠨ ᠮᠠᠯᠴᠢᠳ᠎ᠲᠤ ᠵᠢᠯ ᠪᠦᠷᠢ 1800 ᠲᠦᠮᠡ ᠭᠠᠷᠤᠢ ᠲᠦᠬᠦᠷᠢᠭ᠎ᠤᠨ ᠠᠱᠢᠭ ᠤᠯᠭᠤᠵᠤ ᠪᠠᠢᠨ᠎ᠠ᠃
ᠵᠠᠯᠠᠨ ᠠᠢᠯ᠎ᠤᠨ ᠬᠠᠷ᠎ᠠ ᠲᠡᠯᠳᠡᠤ ᠵᠤᠵᠠᠭᠠᠨ ᠲᠡᠯᠪᠢ᠎ᠲᠠᠢ᠂ ᠭᠤᠶᠤ ᠠᠮᠳᠠ᠎ᠲᠠᠢ᠂ ᠴᠢᠨᠠᠷ ᠰᠠᠢᠨ ᠪᠠᠢᠳᠠᠭ᠎ᠢᠶᠠᠷ᠎ᠢᠶᠠᠨ ᠨᠠᠷᠠ ᠠᠯᠳᠠᠷᠱᠢᠵᠦ᠍᠂ 2009 ᠤᠨ᠎ᠳᠤ ᠤᠯᠤᠰ᠎ᠤᠨ ᠭᠠᠵᠠᠷ ᠵᠦᠢ᠎ᠶ᠋ᠢᠨ ᠢᠯᠡᠷᠬᠡᠢᠯᠡᠯᠳᠤ ᠪᠦᠳᠦᠭᠡᠭ᠌ᠳᠡᠭᠦᠨ ᠪᠤᠯᠵᠤ᠂ 2019 ᠤᠨ᠎ᠳᠤ ᠲᠦᠷᠪᠡᠳᠦᠬᠡᠷ ᠪᠦᠯᠦᠭ᠎ᠤᠨ ᠪᠦᠬᠦ᠌ ᠤᠯᠤᠰ᠎ᠤᠨ ᠨᠡᠷᠡᠳᠤ ᠱᠢᠯᠢᠳᠡᠭ ᠬᠦᠳᠡᠭᠡ ᠠᠵᠤ ᠠᠬᠤᠢ᠎ᠶ᠋ᠢᠨ ᠪᠦᠲᠦᠭᠡᠭ᠌ᠳᠡᠬᠦᠨ ᠪᠤᠯᠵᠤ᠂ ᠤᠳᠤ ᠵᠠᠯᠠᠨ ᠠᠢᠯ᠎ᠤᠨ ᠬᠠᠷ᠎ᠠ ᠲᠡᠯᠳᠡᠤ᠎ᠶ᠋ᠢᠨ ᠲᠦᠷᠦᠯ ᠲᠡᠮᠳᠡᠭ᠎ᠤᠨ ᠦᠷᠳᠡᠭ ᠨᠢᠬᠡᠨᠳᠡ 7 ᠳ᠋ᠦᠩᠱᠢᠭᠤᠷ ᠲᠦᠬᠦᠷᠢᠭ᠎ᠢ ᠲᠠᠪᠠᠪᠠ᠃ ᠤᠢ᠍ᠢᠷ᠎ᠠ᠎ᠶ᠋ᠢᠨ ᠵᠢᠯ᠎ᠳᠤ ᠵᠠᠯᠨᠨ ᠠᠢᠯ ᠬᠤᠳᠠ ᠬᠠᠷ᠎ᠠ ᠲᠡᠯᠳᠡᠤ᠎ᠶ᠋ᠢᠨ ᠠᠵᠦ᠍ ᠦᠢᠯᠡᠰ᠎ᠢ ᠲᠡᠮᠵᠢᠬᠦ᠌ ᠬᠦᠴᠦᠨ ᠪᠦᠬᠦᠢ ᠲᠦᠷᠦ᠎ᠶ᠋ᠢᠨ ᠪᠤᠳᠤᠯᠭ᠎ᠠ᠎ᠨᠤᠭᠤᠳ᠎ᠢ ᠲᠤᠭ᠍ᠳᠠᠭᠠᠨ ᠬᠡᠷᠡᠭ᠌ᠵᠢᠬᠦᠯᠵᠤ᠂ ᠨᠦᠬᠦᠪᠦᠷᠢ ᠤᠯᠭᠤᠬᠤ᠂ ᠮᠡᠷᠬᠡᠵᠢᠯ᠎ᠤᠨ ᠵᠢᠯᠤᠭᠤᠳᠤᠯᠭ᠎ᠠ ᠬᠢᠬᠦ᠌ ᠵᠡᠷᠬᠡ ᠤᠯᠠᠨ ᠲᠠᠯ᠎ᠠ᠎ᠪᠠᠷ ᠲᠠᠮᠵᠢᠯᠬᠡ ᠦᠵᠡᠬᠦᠯᠬᠦ᠌᠎ᠪᠠᠷ ᠲᠠᠮᠵᠢᠨ ᠬᠠᠷ᠎ᠠ ᠲᠡᠯᠳᠡᠤ᠎ᠶ᠋ᠢᠨ ᠠᠵᠦ᠍ ᠦᠢᠯᠡᠰ᠎ᠢ ᠬᠦᠴᠦᠯᠡᠨ ᠬᠦᠭ᠌ᠵᠢᠬᠦᠯᠵᠦ᠍᠂ ᠬᠠᠷ᠎ᠠ ᠲᠡᠯᠳᠡᠤ᠎ᠶ᠋ᠢᠨ ᠪᠠᠺᠲ᠋ᠧᠷᠢ᠎ᠶ᠋ᠢ ᠰᠤᠳᠤᠯᠤᠨ ᠪᠤᠢᠵᠢᠭᠤᠯᠬᠤ᠂ ᠲᠠᠷᠢᠵᠤ ᠤᠷᠭᠤᠭᠤᠯᠬᠤ᠂ ᠡᠳ᠋ᠱᠢᠬᠦᠯᠦᠨ ᠪᠤᠯᠪᠠᠰᠤᠷᠠᠭᠤᠯᠬᠤ᠎ᠶ᠋ᠢ ᠪᠠᠭ᠍ᠳᠠᠭᠠᠬ᠍ᠰᠠᠨ ᠬᠠᠷ᠎ᠠ ᠲᠡᠯᠳᠡᠤ᠎ᠶ᠋ᠢᠨ ᠪᠦᠷᠢᠨ ᠲᠦᠬᠦᠷ ᠠᠵᠦ᠍ ᠦᠢᠯᠡᠰ᠎ᠤᠨ ᠬᠡᠯᠬᠢᠶ᠎ᠠ᠎ᠶ᠋ᠢ ᠴᠤᠬ᠍ᠴᠠᠯᠠᠪᠠ᠃ ᠵᠠᠯᠠᠨ ᠠᠢᠯ᠎ᠤᠨ ᠬᠠᠷ᠎ᠠ ᠲᠡᠯᠳᠡᠤ ᠵᠢᠴᠢ ᠱᠢᠷᠢᠰ ᠪᠦᠲᠦᠭᠡᠭ᠌ᠳᠡᠬᠦᠨ᠎ᠨᠢ ᠪᠡᠬᠡᠵᠢᠩ᠂ ᠱᠠᠩᠬᠠᠢ᠂ ᠭᠤᠧᠠᠩᠵᠧᠤ᠂ ᠬᠠᠷᠪᠢᠨ ᠵᠡᠷᠬᠡ ᠤᠯᠤᠰ᠎ᠤᠨ ᠲᠤᠳᠤᠭᠠᠳᠤ᠎ᠶ᠋ᠢᠨ ᠲᠤᠮᠤ ᠬᠤᠳᠠ᠎ᠪᠠᠷ ᠪᠤᠷᠤᠯᠠᠭᠤᠯᠤᠭ᠍ᠳᠠᠵᠤ ᠪᠠᠢᠬᠤ᠎ᠪᠠᠷ ᠪᠠᠷᠠᠬᠤ ᠦᠬᠡᠢ ᠺᠤᠷᠢᠶᠠ᠂ ᠶᠠᠫᠤᠨ ᠵᠡᠷᠬᠡ ᠬᠠᠷᠢ ᠤᠯᠤᠰ᠎ᠲᠤ ᠴᠦ᠍ ᠪᠤᠷᠤᠯᠠᠭᠤᠯᠭ᠎ᠠ ᠰᠠᠢᠳᠠᠢ ᠪᠠᠢᠵᠦ᠍᠂ ᠲᠤᠬᠠᠢ᠎ᠶ᠋ᠢᠨ ᠭᠠᠵᠠᠷ᠎ᠤᠨ ᠲᠠᠷᠢᠶᠠᠴᠢᠤᠨ᠎ᠤᠨ ᠤᠷᠤᠯᠭ᠎ᠠ᠎ᠪᠠᠨ ᠨᠡᠮᠡᠭ᠌ᠳᠡᠬᠦᠯᠵᠦ᠍ ᠪᠠᠶᠠᠵᠢᠨ ᠴᠢᠨᠡᠬᠡᠯᠢᠭ᠌ᠵᠢᠬᠦ᠌ ᠲᠤᠯᠭᠠᠭᠤᠷᠢ ᠠᠵᠤ ᠦᠢᠯᠡᠰ ᠪᠤᠯᠵᠠᠢ᠃
ᠮᠠᠨ᠎ᠤ ᠤᠷᠤᠨ ᠡᠬᠢ ᠪᠠᠶᠠᠯᠢᠬ᠎ᠤᠨ ᠤᠨᠴᠠᠯᠢᠭ ᠲᠠᠪᠠᠭᠤᠯᠢᠭ᠎ᠲᠠᠭᠠᠨ ᠰᠠᠭᠤᠷᠢᠯᠠᠨ᠂ ᠤᠷᠤᠨ ᠨᠤᠳᠤᠬ᠎ᠤᠨ ᠦᠪᠡᠷᠮᠢᠴᠡ ᠤᠨᠴᠠᠯᠢᠭ ᠪᠠ ᠢᠯᠡ ᠲᠤᠳᠤ ᠲᠠᠪᠠᠭᠤᠯᠢᠭ᠎ᠲᠠᠢ ᠮᠠᠯ᠎ᠤᠨ ᠠᠱᠢᠭ ᠱᠢᠮ᠎ᠠ ᠲᠠᠷᠢᠶᠠᠯᠠᠩ᠎ᠤᠨ ᠪᠦᠳᠦᠬᠡᠭ᠌ᠳᠡᠬᠦᠨ᠎ᠤ ᠲᠦᠷᠦᠯ ᠲᠡᠮᠳᠡᠭ᠎ᠤᠨ ᠦᠨ᠎ᠠ ᠦᠷᠳᠡᠭ᠎ᠢ ᠲᠠᠰᠤᠷᠠᠯᠳᠠ ᠦᠬᠡᠢ ᠠᠭᠤᠳᠠᠯᠤᠨ ᠪᠠᠳᠠᠷᠠᠭᠤᠯᠵᠤ᠂ ᠭᠠᠵᠠᠷ ᠵᠦᠢ᠎ᠶ᠋ᠢᠨ ᠢᠯᠡᠷᠬᠡᠢᠯᠡᠯᠳᠤ ᠪᠦᠳᠦᠭᠡᠭ᠌ᠳᠡᠭᠦᠨ᠎ᠢ ᠪᠤᠢᠵᠢᠭᠤᠯᠵᠤ ᠬᠠᠮᠠᠭᠠᠯᠠᠬᠤ ᠪᠠ ᠬᠢᠨᠠᠨ ᠬᠠᠮᠢᠶᠠᠷᠬᠤ ᠵᠡᠷᠬᠡ ᠠᠵᠢᠯ᠎ᠢ ᠪᠦᠲᠦᠮᠵᠢᠳᠡᠢ ᠦᠷᠨᠢᠬᠦᠯᠤᠨ᠂ ᠲᠠᠯ᠎ᠠ ᠨᠤᠳᠤᠭ᠎ᠤᠨ ᠤᠨᠴᠠᠯᠢᠭ᠍ᠳᠤ ᠭᠠᠷᠤᠯᠳᠠ᠎ᠶ᠋ᠢᠨ᠎ᠢᠶᠠᠨ ᠨᠠᠷ᠎ᠡ ᠨᠦᠯᠦᠬᠡ᠎ᠶ᠋ᠢ ᠦᠷᠬᠡᠳᠭᠡᠨ ᠦᠷᠢᠰᠦᠯᠳᠦᠬᠦ᠌ ᠬᠦᠴᠦᠨ᠎ᠢ᠎ᠨᠢ ᠲᠠᠬᠡᠭ᠌ᠰᠢᠯᠡᠬᠦᠯᠵᠤ ᠪᠤᠢ᠃ ᠤᠳᠤ ᠮᠠᠨ᠎ᠤ ᠤᠷᠤᠨ᠎ᠳᠤ 157 ᠭᠠᠵᠠᠷ ᠵᠦᠢ᠎ᠶ᠋ᠢᠨ ᠢᠯᠡᠷᠬᠡᠢᠯᠡᠯᠳᠤ ᠲᠠᠸᠠᠷ᠎ᠤᠨ ᠲᠡᠮᠳᠡᠭ᠎ᠲᠠᠢ ᠪᠤᠯᠵᠤ᠂ 28 ᠵᠦᠢᠯ᠎ᠤᠨ ᠪᠦᠳᠦᠬᠡᠭ᠌ᠳᠡᠬᠦᠨ᠎ᠨᠢ ᠭᠠᠵᠠᠷ ᠵᠦᠢ᠎ᠶ᠋ᠢᠨ ᠢᠯᠡᠷᠬᠡᠢᠯᠡᠯ᠎ᠤᠨ ᠬᠠᠮᠠᠭᠠᠯᠠᠯᠳᠠ᠎ᠳᠤ ᠤᠷᠤᠪᠠ᠃ 《ᠲᠤᠮᠳᠠᠳᠤ ᠡᠧᠦ᠋ᠷᠤᠫᠠ᠎ᠶ᠋ᠢᠨ ᠭᠠᠵᠠᠷ ᠵᠦᠢ᠎ᠶ᠋ᠢᠨ ᠢᠯᠡᠷᠬᠡᠢᠯᠡᠯ᠎ᠤᠨ ᠵᠦᠪᠳᠡᠯᠴᠡᠬᠡᠷᠢ ᠦᠨᠳᠦᠰᠦᠯᠡᠪᠡᠯ᠂ ᠠᠷᠪᠠᠰ᠎ᠤᠨ ᠨᠤᠤᠯᠤᠭᠤᠷ᠎ᠤᠨ ᠴᠠᠭᠠᠨ ᠢᠮᠠᠭᠠᠨ᠎ᠤ ᠮᠢᠬ᠎ᠠ ᠪᠤᠯᠤᠨ ᠵᠠᠯᠠᠨ ᠠᠢᠯ᠎ᠤᠨ ᠬᠠᠷ᠎ᠠ ᠲᠡᠯᠳᠡᠤ ᠡᠧᠦ᠋ᠷᠤᠫᠠ ᠲᠢᠪ᠎ᠤᠨ ᠤᠯᠤᠰ᠎ᠤᠳ᠎ᠤᠨ ᠬᠤᠯᠪᠤᠭᠠᠨ᠎ᠤ ᠬᠠᠮᠠᠭᠠᠯᠠᠯᠳᠠ᠎ᠶ᠋ᠢ ᠤᠯᠤᠭ᠍ᠰᠠᠨ ᠭᠠᠵᠠᠷ ᠵᠦᠢ᠎ᠶ᠋ᠢᠨ ᠢᠯᠡᠷᠬᠡᠢᠯᠡᠯᠳᠤ ᠪᠦᠳᠦᠭᠡᠭ᠌ᠳᠡᠭᠦᠨ ᠪᠤᠯᠵᠤ᠂ ᠡᠧᠦ᠋ᠷᠤᠫᠠ ᠲᠢᠪ᠎ᠤᠨ ᠵᠠᠬ᠎ᠠ ᠲᠡᠯᠬᠡᠬᠦᠷ᠎ᠲᠤ ᠰᠠᠭᠠᠳ ᠦᠬᠡᠢ ᠪᠤᠷᠤᠯᠠᠭᠤᠯᠤᠬ᠍ᠳᠠᠬᠤ ᠪᠤᠯᠵᠠᠢ᠃ ᠡᠨᠡ᠎ᠨᠢ ᠮᠠᠨ᠎ᠤ ᠤᠷᠤᠨ᠎ᠤ ᠤᠬᠢ ᠱᠢᠯᠢᠳᠡᠭ ᠤᠨᠴᠠᠯᠢᠬ᠍ᠳᠤ ᠭᠠᠷᠤᠯᠳᠠ᠎ᠶ᠋ᠢ ᠲᠠᠯᠠᠬᠡᠢ᠎ᠶ᠋ᠢᠨ ᠵᠠᠬ᠎ᠠ ᠲᠡᠯᠬᠡᠬᠦᠷ᠎ᠲᠤ ᠠᠯᠳᠠᠷᠱᠢᠭᠤᠯᠬᠤ ᠴᠢᠬᠤᠯᠠ ᠶᠡᠭᠡ ᠤᠳᠭ᠎ᠠ ᠠᠭᠤᠯᠭ᠎ᠠ᠎ᠲᠠᠢ ᠶᠤᠮ》 ᠬᠡᠵᠦ᠍ ᠦᠪᠡᠷᠳᠡᠭᠡᠨ ᠵᠠᠰᠠᠬᠤ ᠤᠷᠤᠨ᠎ᠤ ᠵᠠᠬ᠎ᠠ ᠲᠡᠯᠬᠡᠬᠦᠷ᠎ᠤᠨ ᠬᠢᠨᠠᠯᠳᠡ ᠬᠠᠮᠢᠶᠠᠷᠤᠯᠳᠠ᠎ᠶ᠋ᠢᠨ ᠲᠤᠪᠴᠢᠶᠠᠨ᠎ᠤ ᠮᠡᠳᠡᠯᠬᠡ᠎ᠶ᠋ᠢᠨ ᠦᠮᠴᠢᠯᠡᠯ᠎ᠤᠨ ᠡᠷᠬᠡ᠎ᠶ᠋ᠢᠨ ᠬᠦᠭ᠌ᠵᠢᠬᠦᠯᠦᠯᠳᠡ᠎ᠶ᠋ᠢᠨ ᠭᠠᠵᠠᠷ᠎ᠤᠨ ᠲᠡᠳ᠋ ᠲᠠᠷᠤᠭ᠎ᠠ ᠶᠠᠨ ᠵᠦ᠍ ᠯᠢᠨ ᠲᠠᠨᠢᠯᠴᠠᠭᠤᠯᠤᠨ ᠶᠠᠷᠢᠨ᠎ᠠ᠃