ᠡᠨᠡ ᠵᠢᠯ᠎ᠠᠴᠠ ᠨᠠᠭᠠᠰᠢ᠂ ᠮᠠᠨ᠎ᠤ ᠤᠷᠤᠨ ᠤᠯᠤᠰ᠎ᠤᠨ ᠱᠢᠨ᠎ᠠ ᠰᠠᠭᠤᠷᠢ ᠲᠦᠬᠦᠬᠡᠷᠦᠮᠵᠢ᠎ᠶ᠋ᠢᠨ ᠪᠦᠲᠦᠬᠡᠨ ᠪᠠᠢᠭᠤᠯᠤᠯᠳᠠ᠎ᠶ᠋ᠢᠨ ᠪᠠᠢᠯᠳᠤᠬᠤ ᠪᠤᠳᠤᠯᠭ᠎ᠠ᠎ᠶ᠋ᠢ ᠬᠦᠨᠵᠡᠬᠡᠢ ᠲᠤᠭᠤᠱᠢᠯᠠᠭᠤᠯᠵᠦ᠍᠂ 5G ᠤᠨ ᠬᠦᠭ᠌ᠵᠢᠯᠳᠡ᠎ᠶ᠋ᠢ ᠲᠦᠷᠬᠡᠳᠭᠡᠨ ᠠᠬᠢᠭᠤᠯᠵᠦ᠍᠂ ᠠᠵᠦ᠍ ᠦᠢᠯᠡᠰ᠎ᠤᠨ ᠬᠦᠭ᠌ᠵᠢᠯᠳᠡ᠎ᠪᠠᠷ ᠭᠤᠤᠯᠳᠠᠯᠭ᠎ᠠ ᠪᠤᠯᠭᠠᠨ᠂ ᠬᠡᠷᠡᠭ᠌ᠯᠡᠯᠳᠡ᠎ᠶ᠋ᠢᠨ ᠲᠤᠷᠱᠢᠯᠳᠡ᠎ᠶ᠋ᠢᠨ ᠴᠡᠭ᠎ᠢᠶᠠᠷ ᠱᠢᠪᠲᠤᠯᠤᠯᠳᠠ ᠪᠤᠯᠭᠠᠵᠦ᠍᠂ 5G ᠠᠵᠦ᠍ ᠦᠢᠯᠡᠰ᠎ᠤᠨ ᠠᠮᠢ ᠠᠬᠤᠢ᠎ᠶ᠋ᠢᠨ ᠱᠢᠰᠲ᠋ᠧᠮ᠎ᠢ ᠢᠳᠡᠪᠬᠢᠳᠡᠢ ᠴᠤᠬ᠍ᠴᠠᠯᠠᠵᠦ᠍᠂ ᠠᠵᠢᠯ ᠲᠦᠷᠦᠯ᠎ᠤᠨ ᠠᠭᠤᠰᠤᠯᠴᠠᠭ᠎ᠠ᠂ ᠱᠢᠨ᠎ᠠ᠎ᠶ᠋ᠢ ᠡᠬᠦᠳᠬᠦ᠌ ᠬᠦᠭ᠌ᠵᠢᠯᠳᠡ ᠵᠡᠷᠬᠡ ᠲᠠᠯ᠎ᠠ᠎ᠪᠠᠷ ᠢᠳᠡᠪᠬᠢᠳᠡᠢ ᠠᠬᠢᠴᠠ᠎ᠲᠠᠢ ᠪᠤᠯᠤᠬ᠍ᠰᠠᠨ ᠪᠠᠢᠨ᠎ᠠ᠃
ᠤᠷᠳᠤᠰ ᠬᠤᠳᠠ ᠲᠤᠮᠳᠠᠳᠤ ᠤᠯᠤᠰ᠎ᠤᠨ ᠴᠠᠬᠢᠯᠭᠠᠨ ᠬᠤᠯᠪᠤᠭ᠎ᠠ ᠺᠤᠮᠫᠠᠨᠢ᠎ᠲᠠᠢ ᠬᠠᠮᠳᠤᠷᠠᠯᠴᠠᠵᠦ᠍᠂ ᠨᠡᠬᠦᠷᠡᠰᠤ᠎ᠪᠠᠷ ᠴᠠᠬᠢᠯᠭᠠᠨ ᠭᠠᠷᠭᠠᠬᠤ ᠦᠷᠳᠡᠭᠡ᠎ᠪᠠᠷ ᠰᠠᠭᠤᠷᠢ ᠲᠠᠪᠴᠠᠩ ᠪᠤᠯᠭᠠᠨ᠂ 5G ᠰᠦᠯᠵᠢᠶᠡᠨ᠎ᠤ ᠮᠡᠷᠬᠡᠵᠢᠯ ᠪᠠ ᠠᠵᠦ᠍ ᠦᠢᠯᠡᠳᠪᠦᠷᠢ᠎ᠶ᠋ᠢᠨ ᠡᠵᠡᠮᠳᠡᠯ ᠱᠢᠰᠲ᠋ᠧᠮ᠎ᠢ ᠤᠶᠠᠯᠳᠤᠭᠤᠯᠬᠤ᠎ᠪᠠᠷ ᠲᠠᠮᠵᠢᠨ᠂ ᠨᠡᠬᠦᠷᠡᠰᠤ᠎ᠪᠠᠷ ᠴᠠᠬᠢᠯᠭᠠᠨ ᠭᠠᠷᠭᠠᠬᠤ ᠪᠤᠳᠤᠯᠢᠶᠠᠨᠳᠠᠢ ᠤᠷᠴᠢᠨ᠎ᠳᠤ᠂ ᠪᠦᠬᠦᠨ᠎ᠢ ᠪᠦᠷᠬᠦᠭ᠌ᠰᠡᠨ ᠪᠠᠷᠠᠭ᠎ᠠ᠎ᠶ᠋ᠢᠨ ᠰᠦᠯᠵᠢᠶ᠎ᠠ᠎ᠶ᠋ᠢ ᠴᠤᠬ᠍ᠴᠠᠯᠠᠵᠦ᠍᠂ ᠤᠶᠤᠨᠴᠢ ᠴᠠᠬᠢᠯᠭᠠᠨ ᠡᠵᠡᠮᠳᠡᠯ᠎ᠤᠨ ᠮᠡᠷᠬᠡᠵᠢᠯ᠎ᠢ ᠬᠦᠨᠵᠡᠬᠡᠢ ᠰᠤᠳᠤᠯᠤᠨ ᠨᠡᠬᠡᠬᠡᠵᠦ᠍ ᠬᠡᠷᠡᠭ᠌ᠯᠡᠨ᠂ ᠴᠠᠬᠢᠯᠭᠠᠨ ᠭᠠᠷᠭᠠᠬᠤ ᠠᠵᠦ᠍ ᠠᠬᠤᠢ᠍ᠢᠯᠠᠯ᠎ᠢ ᠬᠠᠮᠢᠶᠠᠷᠤᠨ ᠡᠵᠡᠮᠳᠡᠬᠦ᠂ ᠠᠵᠢᠯᠯᠠᠬᠤ᠂ ᠠᠮᠤᠷ ᠲᠦᠪᠱᠢᠨ᠎ᠤ ᠬᠢᠨᠠᠯᠳᠠ ᠲᠠᠯᠪᠢᠬᠤ᠂ ᠵᠠᠳᠠᠯᠤᠯᠳᠠ ᠬᠢᠬᠦ᠂ ᠰᠠᠭᠠᠳ᠎ᠢ ᠤᠨᠤᠱᠢᠯᠠᠬᠤ ᠵᠡᠷᠬᠡ ᠤᠶᠤᠨᠴᠢᠯᠠᠯᠳᠠ᠎ᠶ᠋ᠢᠨ ᠬᠡᠮᠵᠢᠶ᠎ᠠ᠎ᠶ᠋ᠢ ᠲᠠᠰᠤᠷᠠᠯᠳᠠ ᠦᠬᠡᠢ ᠲᠡᠭᠡᠭ᠌ᠰᠢᠯᠡᠬᠦᠯᠵᠦ᠍᠂ ᠨᠡᠬᠦᠷᠡᠰᠤ᠎ᠪᠠᠷ ᠴᠠᠬᠢᠯᠭᠠᠨ ᠭᠠᠷᠭᠠᠬᠤ ᠤᠶᠤᠨᠴᠢ᠂ ᠱᠢᠨ᠎ᠠ᠎ᠶ᠋ᠢ ᠡᠬᠦᠳᠬᠦ᠌ ᠬᠠᠮᠢᠶᠠᠷᠤᠯᠳᠠ ᠠᠵᠢᠯᠯᠠᠭᠠᠨ᠎ᠤ ᠵᠠᠬ᠍ᠪᠤᠷ᠎ᠢ ᠲᠠᠰᠤᠷᠠᠯᠳᠠ ᠦᠬᠡᠢ ᠲᠡᠬᠦᠯᠳᠡᠷᠵᠢᠬᠦᠯᠵᠦ᠍᠂ 5G ᠮᠡᠷᠬᠡᠵᠢᠯ᠎ᠤᠨ ᠬᠡᠷᠡᠭ᠌ᠯᠡᠯᠳᠡ᠎ᠶ᠋ᠢ ᠨᠡᠬᠦᠷᠡᠰᠤ᠎ᠪᠠᠷ ᠴᠠᠬᠢᠯᠭᠠᠨ ᠭᠠᠷᠭᠠᠬᠤ ᠠᠦ᠋ᠲ᠋ᠣ᠋ ᠡᠵᠡᠮᠳᠡᠯ᠎ᠤᠨ ᠬᠦᠷᠢᠶ᠎ᠠ ᠴᠠᠷᠠᠭ᠎ᠠ᠎ᠳᠤ ᠬᠠᠮᠢᠶ᠎ᠠ ᠪᠦᠬᠦᠢ ᠭᠤᠤᠯᠯᠠᠬ᠍ᠴᠢ ᠮᠡᠷᠬᠡᠵᠢᠯ᠎ᠤᠨ ᠱᠢᠪᠲᠤᠯᠤᠯᠳᠠ ᠭᠠᠷᠭᠠᠬᠤ᠎ᠪᠠᠷ ᠴᠢᠷᠮᠠᠢᠵᠦ᠍ ᠪᠠᠢᠨ᠎ᠠ᠃ ᠬᠦᠬᠡᠬᠤᠳᠠ᠎ᠶ᠋ᠢᠨ ᠵᠢᠮᠳᠤ ᠲᠡᠮᠦᠷ ᠵᠠᠮ᠎ᠤᠨ ᠵᠠᠮ ᠬᠠᠷᠢᠯᠴᠠᠭᠠᠨ᠎ᠤ ᠬᠢᠵᠠᠭᠠᠷᠳᠤ ᠺᠤᠮᠫᠠᠨᠢ ᠪᠤᠯᠤᠨ ᠲᠤᠮᠳᠠᠳᠤ ᠤᠯᠤᠰ᠎ᠤᠨ ᠱᠢᠯᠵᠢᠬᠡ ᠬᠤᠯᠪᠤᠭ᠎ᠠ ᠺᠤᠮᠫᠠᠨᠢ ᠬᠠᠮᠳᠤᠷᠠᠨ᠂ 5G ᠰᠦᠯᠵᠢᠶ᠎ᠠ᠎ᠶ᠋ᠢᠨ ᠬᠤᠷᠳᠤᠴᠠ ᠲᠦᠷᠬᠡᠨ᠂ ᠪᠠᠭ᠍ᠳᠠᠭᠠᠮᠵᠢ ᠶᠡᠭᠡ ᠵᠡᠷᠬᠡ ᠤᠨᠴᠠᠯᠢᠬ᠎ᠢ ᠠᠱᠢᠬ᠍ᠯᠠᠵᠦ᠍᠂ 5G ᠵᠢᠮᠳᠤ ᠲᠡᠮᠦᠷ ᠵᠠᠮ᠎ᠤᠨ ᠰᠠᠭᠤᠷᠢ ᠰᠦᠯᠵᠢᠶ᠎ᠠ᠎ᠶ᠋ᠢ ᠴᠤᠬ᠍ᠴᠠᠯᠠᠨ᠂ ᠴᠢᠮᠡᠭᠡ ᠬᠤᠯᠪᠤᠭᠠᠨ᠎ᠤ ᠴᠢᠨᠠᠷ ᠴᠢᠨᠰᠠᠭ᠎ᠠ᠎ᠶ᠋ᠢ ᠲᠡᠭᠡᠭ᠌ᠰᠢᠯᠡᠬᠦᠯᠦᠨ᠂ ᠵᠢᠮᠳᠤ ᠲᠡᠮᠦᠷ ᠵᠠᠮ᠎ᠤᠨ ᠦᠷᠳᠡᠭᠡᠨ᠎ᠳᠤ ᠠᠶᠠᠨᠴᠢᠳ ᠤᠯᠠᠨ ᠪᠠᠢᠬᠤ ᠪᠠᠢᠳᠠᠯ᠎ᠳᠤ ᠲᠦᠷᠬᠡᠨ ᠬᠤᠷᠳᠤᠴᠠ᠎ᠪᠠᠷ ᠰᠦᠯᠵᠢᠶᠡᠨ᠎ᠳᠤ ᠭᠠᠷᠬᠤ᠂ ᠱᠢᠯᠵᠢᠬᠡ ᠲᠤᠭᠠᠴᠠᠭ᠎ᠠ ᠬᠢᠬᠦ᠂ 4K ᠲᠡᠬᠡᠳᠤ ᠲᠤᠳᠤᠷᠠᠴᠠ᠎ᠳᠤ ᠸᠢᠳᠢᠣ᠋ ᠤᠳᠠᠰᠤ ᠨᠡᠪᠲᠡᠷᠡᠬᠦ᠌ ᠵᠡᠷᠬᠡ᠎ᠶ᠋ᠢ ᠪᠡᠶᠡᠯᠡᠬᠦᠯᠵᠦ᠍᠂ ᠬᠦᠬᠡᠬᠤᠳᠠ᠎ᠶ᠋ᠢᠨ ᠵᠢᠮᠳᠤ ᠲᠡᠮᠦᠷ ᠵᠠᠮ᠎ᠤᠨ ᠬᠠᠮᠢᠶᠠᠷᠤᠯᠳᠠ᠎ᠶ᠋ᠢᠨ ᠲᠦᠪᠱᠢᠨ ᠪᠠ ᠦᠢᠯᠡᠴᠢᠯᠡᠬᠡᠨ᠎ᠤ ᠴᠢᠨᠠᠷ ᠴᠢᠨᠰᠠᠭ᠎ᠠ᠎ᠶ᠋ᠢ ᠪᠦᠬᠦ᠌ ᠲᠠᠯ᠎ᠠ᠎ᠪᠠᠷ ᠲᠡᠭᠡᠭ᠌ᠰᠢᠯᠡᠬᠦᠯᠬᠦ᠌᠎ᠳᠤ ᠬᠦᠴᠦᠨ ᠨᠡᠮᠡᠷᠢᠯᠡᠭ᠌ᠰᠡᠨ ᠪᠠᠢᠨ᠎ᠠ᠃
ᠦᠪᠦᠷ ᠮᠤᠩᠭᠤᠯ᠎ᠤᠨ ᠬᠢᠳᠠᠳ ᠡᠮᠨᠡᠯᠬᠡ᠎ᠶ᠋ᠢᠨ ᠬᠤᠷᠢᠶ᠎ᠠ ᠪᠠ ᠲᠤᠮᠳᠠᠳᠤ ᠤᠯᠤᠰ᠎ᠤᠨ ᠨᠢᠬᠡᠳᠦᠭ᠌ᠰᠡᠨ ᠬᠤᠯᠪᠤᠭ᠎ᠠ ᠺᠤᠮᠫᠠᠨᠢ ᠬᠠᠮᠳᠤᠷᠠᠨ᠂ 5G ᠮᠡᠷᠬᠡᠵᠢᠯ᠎ᠢ ᠠᠯᠤᠰ᠎ᠠᠴᠠ ᠪᠤᠯᠵᠤᠨ ᠳ᠋ᠤᠭᠠᠷᠯᠠᠬᠤ᠂ ᠠᠯᠤᠰ᠎ᠠᠴᠠ ᠠᠰᠠᠭᠤᠨ ᠯᠠᠪᠯᠠᠬᠤ᠂ ᠠᠯᠤᠰ᠎ᠠᠴᠠ ᠬᠠᠮᠳᠤᠷᠠᠨ ᠤᠨᠤᠱᠢᠯᠠᠬᠤ᠂ ᠠᠯᠤᠰ᠎ᠠᠴᠠ ᠠᠨᠠᠭᠠᠬᠤ ᠤᠬᠠᠭᠠᠨ᠎ᠤ ᠵᠢᠭᠠᠨ ᠰᠤᠷᠭᠠᠯᠳᠠ ᠭᠢᠭᠦ᠌᠂ ᠠᠯᠤᠰ᠎ᠠᠴᠠ ᠬᠠᠮᠵᠢᠨ ᠲᠤᠰᠠᠯᠠᠬᠤ ᠵᠡᠷᠬᠡ ᠨᠡᠢᠳᠡᠯᠢᠭ ᠬᠡᠷᠡᠭ᠌ᠯᠡᠯᠳᠡ᠎ᠳᠤ ᠠᠭᠤᠰᠭᠠᠨ ᠤᠷᠤᠭᠤᠯᠵᠦ᠍᠂ ᠪᠦᠬᠦ᠌ ᠤᠷᠤᠨ᠎ᠤ ᠠᠩᠬᠠᠳᠠᠬ᠍ᠴᠢ 5G ᠠᠯᠤᠰ ᠡᠵᠡᠮᠱᠢᠯ᠎ᠳᠤ ᠡᠮᠴᠢᠯᠡᠬᠡᠨ᠎ᠤ ᠲᠠᠪᠴᠠᠩ᠎ᠢ ᠴᠤᠬ᠍ᠴᠠᠯᠠᠵᠦ᠍᠂ ᠡᠮᠴᠢᠯᠡᠭᠡ ᠪᠠ ᠵᠢᠭᠠᠨ ᠰᠤᠷᠭᠠᠯᠳᠠ᠂ ᠲᠤᠭᠤᠷᠢᠨ ᠦᠵᠡᠬᠦ᠌ ᠳ᠋ᠤ ᠲᠦᠬᠦᠮ ᠦᠬᠡᠢ ᠪᠠᠢᠬ᠍ᠰᠠᠨ ᠠᠰᠠᠭᠤᠳᠠᠯ᠎ᠢ ᠪᠦᠲᠦᠮᠵᠢᠳᠡᠢ ᠱᠢᠢᠳᠪᠦᠷᠢᠯᠡᠵᠦ᠍᠂ ᠮᠠᠨ᠎ᠤ ᠤᠷᠤᠨ᠎ᠤ ᠡᠮᠴᠢᠯᠡᠬᠡᠨ᠎ᠤ ᠲᠤᠭᠠᠴᠢᠯᠠᠬ᠍ᠰᠠᠨ ᠲᠦᠪᠱᠢᠨ᠎ᠢ ᠲᠦᠢᠯ᠎ᠤᠨ ᠶᠡᠭᠡ᠎ᠪᠠᠷ ᠲᠡᠭᠡᠭ᠌ᠰᠢᠯᠡᠬᠦᠯᠦᠭ᠌ᠰᠡᠨ ᠪᠠᠢᠨ᠎ᠠ᠃ ᠡᠬᠦᠨ᠎ᠠᠴᠠ ᠭᠠᠳᠠᠨ᠎ᠠ᠂ ᠤᠷᠳᠤᠰ ᠬᠤᠳᠠ ᠪᠠ ᠲᠤᠮᠳᠠᠳᠤ ᠤᠯᠤᠰ᠎ᠤᠨ ᠱᠢᠯᠵᠢᠬᠡ ᠬᠤᠯᠪᠤᠭ᠎ᠠ ᠺᠤᠮᠫᠠᠨᠢ ᠬᠠᠮᠳᠤᠷᠠᠵᠦ᠍᠂ ᠮᠠᠨ᠎ᠤ ᠤᠯᠤᠰ᠎ᠤᠨ ᠪᠠᠷᠠᠭᠤᠨ ᠤᠷᠤᠨ᠎ᠤ ᠲᠦᠷᠦᠬᠦᠦ ᠵᠤᠷᠪᠤᠰ ᠬᠦᠷᠢᠶᠡᠯᠡᠩ ᠲᠤᠭᠤᠷᠢᠬ᠎ᠤᠨ ᠪᠤᠰᠤ ᠬᠤᠳᠠ᠎ᠶ᠋ᠢᠨ ᠶᠠᠪᠤᠳᠠᠯ᠎ᠤᠨ ᠵᠠᠮ᠎ᠳᠠᠬᠢ 5G ᠠᠦ᠋ᠲ᠋ᠣᠴᠢᠯᠠᠨ ᠵᠢᠯᠤᠭᠤᠳᠭᠤ ᠨᠡᠢᠳᠡ᠎ᠶ᠋ᠢᠨ ᠴᠢᠷᠭᠡᠤᠯ ᠮᠠᠱᠢᠨ ᠲᠡᠷᠬᠡ᠎ᠶ᠋ᠢ ᠱᠢᠯᠭᠠᠨ ᠲᠤᠷᠱᠢᠬᠤ ᠲᠦᠷᠦᠯ ᠵᠦᠢᠯ᠎ᠢ ᠡᠬᠢᠯᠡᠬᠦᠯᠵᠦ᠍᠂ 5G ᠰᠠᠭᠤᠷᠢ ᠦᠷᠳᠡᠭᠡ᠎ᠶ᠋ᠢ 21 ᠪᠦᠲᠦᠬᠡᠨ ᠪᠠᠢᠭᠤᠯᠵᠦ᠍ ᠱᠢᠯᠭᠠᠨ ᠲᠤᠷᠱᠢᠬᠤ ᠮᠠᠱᠢᠨ ᠲᠡᠷᠬᠡᠨ᠎ᠤ ᠮᠡᠷᠬᠡᠵᠢᠯ᠎ᠤᠨ ᠬᠡᠷᠡᠭ᠌ᠴᠡᠭᠡ ᠱᠠᠭᠠᠷᠳᠠᠯᠭ᠎ᠠ᠎ᠶ᠋ᠢ ᠬᠠᠩᠭᠠᠨ ᠪᠠᠳᠤᠯᠠᠵᠦ᠍᠂ ᠨᠡᠢᠳᠡ᠎ᠶ᠋ᠢᠨ ᠴᠢᠷᠬᠡᠤᠯ ᠮᠠᠱᠢᠨ ᠲᠡᠷᠬᠡ᠎ᠶ᠋ᠢ ᠴᠠᠬ ᠲᠤᠬᠠᠢᠳᠤᠨᠢ ᠲᠤᠬᠢᠷᠠᠭᠤᠯᠬᠤ᠂ ᠸᠢᠳᠢᠣ᠋᠎ᠶ᠋ᠢ ᠲᠦᠷᠬᠡᠨ᠎ᠢᠶᠠᠷ ᠬᠠᠷᠢᠭᠤ ᠲᠠᠮᠵᠢᠭᠤᠯᠬᠤ᠎ᠶ᠋ᠢ ᠬᠠᠮᠤᠬ᠎ᠤᠨ ᠶᠡᠭᠡ ᠬᠡᠮᠵᠢᠶ᠎ᠠ᠎ᠪᠠᠷ ᠪᠠᠳᠤᠯᠠᠵᠦ᠍᠂ ᠠᠦ᠋ᠲ᠋ᠤᠴᠢᠯᠠᠨ ᠵᠢᠯᠤᠭᠤᠳᠭᠤ᠎ᠶ᠋ᠢ ᠨᠡᠩ ᠯᠠᠪᠳᠠᠭᠤᠨ᠂ ᠠᠮᠤᠷ ᠲᠦᠪᠱᠢᠨ᠂ ᠦᠨᠳᠦᠷ ᠪᠦᠲᠦᠮᠵᠢᠳᠡᠢ ᠪᠠᠢᠬᠤ᠎ᠶ᠋ᠢ ᠪᠠᠳᠤᠯᠠᠬ᠍ᠰᠠᠨ ᠪᠠᠢᠨ᠎ᠠ᠃ ᠲᠤᠰ ᠲᠦᠷᠦᠯ ᠵᠦᠢᠯ ᠨᠤᠳᠤᠬ᠍ᠰᠢᠬᠤᠶ᠋ᠢ ᠲᠠᠭᠠᠯᠳᠤᠵᠦ᠍᠂ ᠤᠷᠳᠤᠰ ᠬᠤᠳᠠ᠎ᠶ᠋ᠢᠨ ᠲᠡᠬᠡᠳᠤ ᠱᠢᠨ᠎ᠠ ᠮᠡᠷᠬᠡᠵᠢᠯ᠎ᠤᠨ ᠠᠵᠦ᠍ ᠦᠢᠯᠡᠰ᠎ᠢ ᠲᠦᠷᠬᠡᠳᠭᠡᠨ ᠪᠠᠢᠷᠢᠱᠢᠭᠤᠯᠬᠤ ᠵᠢᠴᠢ ᠢᠷᠡᠬᠡᠳᠦᠢ᠎ᠳᠤ ᠨᠡᠩ ᠤᠯᠠᠨ ᠱᠢᠨ᠎ᠠ ᠮᠡᠷᠬᠡᠵᠢᠯ᠎ᠤᠨ ᠠᠵᠦ᠍ ᠦᠢᠯᠡᠰ᠎ᠤᠨ ᠬᠦᠭ᠌ᠵᠢᠯᠳᠡ᠎ᠶ᠋ᠢ ᠠᠭᠢᠭᠤᠯᠬᠤ᠎ᠳᠤ ᠢᠳᠡᠪᠬᠢ ᠦᠢᠯᠡᠳᠦᠯ ᠦᠵᠡᠬᠦᠯᠬᠦ᠌ ᠪᠤᠯᠤᠨ᠎ᠠ᠃