ᠲᠠᠢᠪᠤᠰᠧ ᠬᠤᠱᠢᠭᠤᠨ᠎ᠤ ᠪᠤᠣᠴᠠᠩ ᠪᠠᠯᠭᠠᠰᠦ᠎ᠶ᠋ᠢ ᠦᠩᠭᠡᠷᠡᠵᠦ᠍᠂ ᠵᠡᠬᠦᠨ ᠡᠮᠦᠨᠡᠰᠢ 7.5 ᠺᠢᠯᠦᠮᠧᠲᠷ ᠠᠶᠠᠯᠠᠪᠠᠯ᠂ ᠨᠢᠭᠡᠨ ᠳᠠᠭᠤᠷᠢᠶᠠᠮᠠᠯ ᠡᠷᠲᠡᠨ᠎ᠤ ᠬᠤᠲᠠ᠎ᠶ᠋ᠢᠨ ᠡᠬᠦᠳᠡ ᠬᠦᠮᠦᠰ᠎ᠤᠨ ᠠᠩᠬᠠᠷᠤᠯ᠎ᠢ ᠲᠠᠲᠠᠬᠤ᠎ᠶ᠋ᠢᠨ ᠵᠡᠷᠭᠡ᠎ᠳᠤ 《ᠬᠡᠷᠡᠮᠳᠦ ᠲᠤᠰᠭᠤᠨ》 ᠭᠡᠬᠦ᠌ ᠬᠤᠶᠠᠷ ᠦᠰᠦᠭ ᠬᠠᠷᠠᠭᠠᠨ᠎ᠳᠤ ᠴᠢᠨᠢ ᠲᠤᠳᠣᠷᠠᠬᠤ ᠪᠣᠯᠣᠨ᠎ᠡ᠃
ᠡᠨᠡ ᠬᠦ᠌ ᠳᠠᠭᠤᠷᠢᠶᠠᠮᠠᠯ ᠡᠷᠲᠡᠨ᠎ᠤ 《ᠬᠤᠲᠠ᠎ᠶ᠋ᠢᠨ ᠡᠬᠦᠳᠡ》 ᠶ᠋ᠢ ᠦᠩᠭᠡᠷᠡᠪᠡᠯ᠂ ᠮᠤᠳᠤᠨ ᠰᠡᠬᠦᠳᠡᠷ᠎ᠤᠨ ᠳᠣᠮᠳᠠᠭᠤᠷ ᠱᠦᠢᠨᠢ ᠵᠠᠮ ᠵᠤᠷᠠᠢᠵᠦ᠍᠂ ᠨᠠᠮᠤᠭ ᠭᠠᠵᠠᠷ᠎ᠤᠨ ᠴᠡᠴᠡᠷᠯᠢᠭ᠎ᠲᠠᠬᠢ ᠰᠡᠷᠢᠬᠦᠨ ᠲᠠᠬ᠍ᠳᠦ᠂ ᠵᠦᠭᠡᠯᠡᠨ ᠵᠦᠯᠭᠡ ᠵᠡᠷᠭᠡ᠎ᠨᠢ ᠬᠦᠳᠡᠭᠡ ᠨᠣᠳᠤᠭ᠎ᠤᠨ ᠭᠤᠢᠳᠠ ᠦᠵᠡᠮᠵᠢ᠎ᠶ᠋ᠢ ᠪᠦᠷᠢᠳᠦᠭᠦᠯᠵᠦ᠍᠂ ᠵᠠᠮ ᠳᠠᠭᠠᠥ᠎ᠳᠤ ᠵᠢᠭ᠌ᠳᠡᠷᠡᠬᠦ᠌ ᠰᠠᠷᠠᠭᠤᠯ ᠠᠭᠤᠳᠠᠮ ᠠᠷᠠᠳ᠎ᠤᠨ ᠰᠠᠭᠤᠴᠠ᠂ ᠬᠤᠶᠠᠷ ᠳᠠᠪᠬᠤᠷᠯᠢᠭ ᠠᠰᠠᠷ᠂ ᠲᠦᠷᠪᠡᠯᠡᠭ᠌ᠰᠡᠨ ᠬᠦᠷᠢᠶ᠎ᠡ᠎ᠨᠢ ᠬᠡᠷᠡᠮᠳᠦ ᠲᠤᠰᠭᠤᠨ᠎ᠤ ᠱᠢᠨ᠎ᠡ ᠳᠦᠷᠬᠦ᠌᠎ᠶ᠋ᠢ ᠬᠦᠮᠦᠰ᠎ᠲᠤ ᠭᠠᠢᠬᠠᠭᠤᠯᠣᠨᠠ᠃
8 ᠵᠢᠯ᠎ᠤᠨ ᠡᠮᠦᠨᠡᠬᠢ ᠬᠡᠷᠡᠮᠳᠦ ᠲᠤᠰᠭᠤᠨ ᠭᠡᠵᠦ᠍ ᠲᠠᠢᠪᠤᠰᠧ ᠬᠤᠱᠢᠭᠤᠨ᠎ᠤ ᠬᠠᠮᠤᠭ᠎ᠤᠨ ᠶᠠᠳᠠᠭᠤ ᠬᠦᠴᠢᠷᠳᠡᠯᠲᠡᠢ ᠲᠤᠰᠭᠤᠨ᠎ᠤ ᠨᠢᠭᠡ ᠪᠠᠢᠵᠠᠢ᠂ ᠱᠢᠷᠤᠢ᠎ᠶ᠋ᠢᠨ ᠵᠠᠮ᠂ ᠱᠢᠪᠠᠷ ᠪᠠᠢᠱᠢᠩ᠂ ᠡᠪᠳᠡᠷᠬᠡᠢ ᠨᠠᠪᠳᠠᠷᠬᠠᠢ ᠬᠦᠷᠢᠶ᠎ᠡ ᠬᠠᠱᠢᠶ᠎ᠠ᠂ ᠶᠠᠳᠠᠭᠤ ᠬᠦᠴᠢᠷᠳᠡᠯ᠎ᠲᠠᠢ ᠬᠦᠮᠦᠨ ᠠᠮᠠ ᠤᠯᠠᠨ᠎ᠢᠶᠠᠷ᠎ᠢᠶᠠᠨ ᠪᠣᠰᠣᠳ᠎ᠠᠴᠠ ᠤᠨᠴᠠᠯᠠᠬ᠍ᠳᠠᠵᠦ᠍᠂ ᠶᠠᠳᠠᠭᠤᠷᠠᠯ᠎ᠤᠨ ᠨᠤᠷᠮ᠎ᠠ᠎ᠨᠢ ᠮᠠᠰᠢ ᠦᠨᠳᠦᠷ ᠪᠠᠢᠵᠠᠢ᠃ ᠲᠤᠬᠠᠢ᠎ᠶ᠋ᠢᠨ ᠦᠶ᠎ᠡ᠎ᠳᠤ᠂ ᠲᠤᠰᠭᠤᠨ᠎ᠤ ᠬᠦᠳᠡᠯᠮᠦᠷᠢ ᠬᠦᠴᠦ᠎ᠶ᠋ᠢᠨ ᠤᠯᠠᠩᠬᠢ᠎ᠨᠢ ᠭᠠᠳᠠᠨ᠎ᠠ ᠭᠠᠵᠠᠷ ᠬᠦᠴᠦᠨ᠎ᠤ ᠠᠵᠢᠯ ᠬᠢᠵᠦ᠍ ᠪᠠᠢᠵᠠᠢ᠂ ᠭᠡᠪᠡᠴᠦ᠍ ᠸᠠᠩ ᠸᠧᠨ ᠴᠧᠩ ᠦᠪᠡᠷ᠎ᠤᠨ 18 ᠵᠢᠯ ᠬᠤᠷᠠᠮᠳᠤᠭᠤᠯᠣᠭ᠍ᠰᠠᠨ ᠪᠡᠯᠡ ᠮᠦᠩᠬᠦ᠌᠎ᠪᠠᠨ ᠠᠪᠴᠦ᠍ ᠨᠤᠲᠤᠭ᠎ᠲᠠᠭᠠᠨ ᠪᠣᠴᠠᠵᠠᠢ᠃
ᠴᠢᠯᠠᠭᠤᠨ ᠮᠠᠲ᠋ᠧᠷᠢᠶᠠᠯ᠎ᠤᠨ ᠦᠢᠯᠡᠳᠪᠦᠷᠢ ᠪᠠᠢᠭᠤᠯᠣᠨ᠎ᠠ᠂ ᠲᠡᠵᠢᠭᠡᠨ ᠦᠷᠡᠵᠢᠬᠦᠯᠬᠦ᠌ ᠬᠤᠷᠱᠢᠶ᠎ᠠ ᠡᠷᠬᠢᠯᠡᠨ᠎ᠠ ᠁ ᠨᠤᠲᠤᠭ᠎ᠲᠠᠭᠠᠨ ᠪᠣᠴᠠᠭ᠍ᠰᠠᠨ᠎ᠤ ᠳᠠᠷᠠᠭ᠎ᠠ ᠸᠠᠩ ᠸᠧᠨ ᠴᠧᠩ ᠳᠠᠬᠢᠨᠳᠠ ᠬᠡᠷᠡᠮᠳᠦ ᠲᠤᠰᠭᠤᠨ᠎ᠤ ᠲᠤᠰᠭᠤᠨ᠎ᠤ ᠠᠷᠠᠳ᠎ᠤᠨ ᠵᠦᠪᠯᠡᠯ᠎ᠤᠨ ᠬᠤᠭᠤᠴᠠᠭ᠎ᠠ ᠰᠤᠯᠢᠬᠤ ᠰᠤᠩᠭᠤᠭᠤᠯᠢ ᠳᠡᠭᠡᠷ᠎ᠡ ᠲᠤᠰᠭᠤᠨ᠎ᠤ ᠠᠷᠠᠳ᠎ᠤᠨ ᠵᠦᠪᠯᠡᠯ᠎ᠤᠨ ᠡᠷᠬᠢᠯᠡᠭ᠌ᠴᠢ᠎ᠪᠠᠷ ᠰᠤᠩᠭᠤᠬ᠍ᠳᠠᠪᠠ᠃ 《ᠦᠩᠭᠡᠷᠡᠭ᠌ᠰᠡᠨ᠎ᠳᠤ ᠴᠦ᠍ ᠤᠯᠠᠨ᠎ᠢᠶᠠᠷ᠎ᠢᠶᠠᠨ ᠨᠠᠮᠠᠶ᠋ᠢ ᠳᠣᠰᠭᠤᠨ᠎ᠤ ᠠᠷᠠᠳ᠎ᠤᠨ ᠵᠦᠪᠯᠡᠯ᠎ᠤᠨ ᠡᠷᠬᠢᠯᠡᠭ᠌ᠴᠢ᠎ᠪᠠᠷ ᠰᠤᠩᠭᠤᠵᠦ᠍ ᠦᠩᠭᠡᠷᠡᠵᠡᠢ᠂ ᠬᠡᠲᠡᠯ᠎ᠡ ᠲᠡᠷᠡ ᠦᠶ᠎ᠡ᠎ᠳᠤ ᠦᠨᠡᠭᠡᠷ ᠲᠤᠰᠭᠤᠨ᠎ᠤ ᠺᠠᠳ᠋ᠷ ᠪᠤᠯᠬᠤ᠎ᠶ᠋ᠢ ᠰᠠᠨᠠᠵᠦ᠍ ᠦᠩᠭᠡᠷᠡᠭᠡ ᠦᠬᠡᠢ᠂ ᠦᠪᠡᠷ᠎ᠢᠶᠠᠨ ᠰᠠᠢᠨ ᠠᠮᠢᠳᠤᠷᠠᠪᠡᠯ ᠪᠤᠯᠴᠢᠬᠠᠨ᠎ᠠ ᠭᠡᠵᠦ᠍ ᠪᠤᠳᠤᠵᠦ᠍ ᠪᠠᠢᠵᠠᠢ᠂ ᠬᠡᠲᠡᠯ᠎ᠡ ᠰᠡᠬᠦᠯᠡᠷ᠎ᠨᠢ ᠤᠯᠠᠨ᠎ᠢᠶᠠᠷ᠎ᠢᠶᠠᠨ ᠨᠠᠮᠠᠶ᠋ᠢ ᠢᠩᠬᠢᠵᠦ᠍ ᠢᠲᠡᠬᠡᠵᠦ᠍ ᠪᠠᠢᠬᠤ ᠶᠤᠮ ᠴᠢᠨᠢ ᠪᠢ ᠤᠯᠠᠨ᠎ᠢᠶᠠᠨ ᠳᠠᠭᠠᠭᠤᠯᠵᠦ᠍ ᠴᠢᠷᠮᠠᠢᠨ ᠠᠵᠢᠯᠯᠠᠶ᠎ᠠ ᠭᠡᠵᠦ᠍ ᠪᠤᠲᠤᠭ᠍ᠰᠠᠨ》 ᠭᠡᠵᠦ᠍ ᠸᠠᠩ ᠸᠧᠨ ᠴᠧᠩ ᠢᠨᠢᠶᠡᠮᠰᠦᠭ᠌ᠯᠡᠨ ᠬᠡᠯᠡᠨ᠎ᠡ᠃
ᠸᠠᠩ ᠸᠧᠨ ᠴᠧᠩ ᠲᠤᠰᠭᠤᠨ᠎ᠤ ᠠᠷᠠᠳ᠎ᠤᠨ ᠵᠦᠪᠯᠡᠯ᠎ᠤᠨ ᠡᠷᠬᠢᠯᠡᠭ᠌ᠴᠢ ᠪᠤᠯᠤᠬ᠍ᠰᠠᠨ᠎ᠤ ᠳᠠᠷᠠᠭ᠎ᠠ ᠭᠤᠷᠪᠠᠨ ᠵᠦᠢᠯ᠎ᠤᠨ ᠠᠵᠢᠯ᠎ᠢ ᠰᠠᠢᠲᠤᠷ ᠬᠢᠵᠦ᠍᠂ ᠬᠡᠷᠡᠮᠳᠦ ᠲᠤᠰᠭᠤᠨ᠎ᠢ ᠪᠠᠶᠠᠵᠢᠭᠤᠯᠬᠤ ᠰᠠᠢᠨ ᠰᠠᠭᠤᠷᠢ᠎ᠶ᠋ᠢ ᠳᠠᠯᠪᠢᠵᠠᠢ᠃ ᠤᠯᠠᠨ ᠵᠢᠯ᠎ᠤᠨ ᠲᠤᠷᠰᠢ᠂ ᠰᠤᠷᠭᠠᠭᠤᠯᠢ ᠱᠢᠯᠭᠠᠭᠤᠯᠬᠤ᠂ ᠤᠷᠤᠭ᠍ᠯᠠᠵᠣ ᠬᠤᠷᠢᠮᠯᠠᠬᠤ᠂ ᠱᠢᠨ᠎ᠡ᠎ᠪᠠᠷ ᠲᠦᠷᠦᠬᠦ᠂ ᠡᠪᠡᠳᠴᠢᠨ᠎ᠢᠶᠠᠷ ᠨᠠᠰᠦ ᠪᠠᠷᠠᠬᠤ ᠵᠡᠷᠭᠡ ᠱᠢᠯᠲᠠᠭᠠᠨ᠎ᠠᠴᠠ ᠪᠤᠯᠵᠦ᠍ ᠬᠡᠷᠡᠮᠳᠦ ᠲᠤᠰᠭᠤᠨ᠎ᠤ ᠭᠠᠵᠠᠷ ᠱᠢᠷᠤᠢ᠎ᠶ᠋ᠢᠨ ᠦᠮᠴᠢᠯᠡᠬᠦ᠌ ᠡᠷᠭᠡ᠎ᠶ᠋ᠢᠨ ᠵᠦᠷᠢᠴᠡᠯ ᠤᠯᠠᠨ ᠪᠠᠢᠵᠠᠢ᠃
ᠸᠠᠩ ᠸᠧᠨ ᠴᠧᠩ ᠡᠨᠡ ᠪᠠᠢᠳᠠᠯ ᠳᠤᠤᠷ᠎ᠠ ᠲᠤᠰᠭᠤᠨ᠎ᠤ ᠠᠷᠠᠳ᠎ᠤᠨ ᠶᠡᠭᠡ ᠬᠤᠷᠠᠯ ᠳᠡᠭᠡᠷ᠎ᠡ ᠪᠡᠶ᠎ᠡ᠎ᠪᠠᠷ᠎ᠢᠶᠠᠨ ᠦᠯᠢᠭᠡᠷ ᠵᠢᠱ᠌ᠢᠶ᠎ᠡ ᠦᠵᠡᠭᠦᠯᠵᠦ᠍᠂ ᠡᠷᠭᠡ ᠲᠡᠭ᠌ᠰᠢ ᠲᠦᠪ ᠭᠤᠤᠯᠴᠢ ᠪᠠᠢᠬᠤ ᠵᠠᠷᠴᠢᠮ᠎ᠢᠶᠠᠷ᠂ ᠭᠠᠵᠠᠷ ᠱᠢᠷᠤᠢ᠎ᠶ᠋ᠢᠨ ᠦᠮᠴᠢᠯᠡᠬᠦ᠌ ᠡᠷᠭᠡ᠎ᠶ᠋ᠢ ᠳᠤᠳᠤᠷᠬᠠᠢᠯᠠᠵᠣ᠂ ᠲᠤᠰᠭᠤᠨ᠎ᠤ ᠭᠠᠵᠠᠷ ᠱᠢᠷᠤᠢ᠎ᠪᠠᠨ ᠳᠠᠬᠢᠨ ᠬᠤᠪᠢᠶᠠᠷᠯᠠᠵᠦ᠍᠂ ᠤᠯᠠᠨ᠎ᠤ ᠬᠦᠷᠢᠶᠡᠯᠡᠯ᠎ᠢ ᠤᠯᠵᠠᠢ᠃ ᠡᠬᠦᠨ᠎ᠤ ᠳᠠᠷᠠᠭ᠎ᠠ ᠸᠠᠩ ᠸᠧᠨ ᠴᠧᠩ ᠲᠤᠰᠭᠤᠨ᠎ᠤ ᠠᠷᠠᠳ᠎ᠢᠶᠠᠨ ᠳᠠᠭᠠᠭᠤᠯᠵᠦ᠍᠂ ᠦᠩᠭᠡᠷᠡᠭ᠌ᠰᠡᠨ᠎ᠤ ᠬᠠᠶᠠᠬ᠍ᠳᠠᠮᠠᠯ ᠨᠦᠭᠡ᠎ᠶ᠋ᠢ ᠪᠦᠭ᠌ᠯᠡᠨ ᠲᠡᠭ᠌ᠰᠢᠯᠡᠵᠦ᠍᠂ 80 ᠰᠠᠭᠤᠷᠢ ᠫᠧᠩ ᠰᠠᠷᠠᠪᠴᠢ ᠪᠠᠢᠭᠤᠯᠵᠦ᠍᠂ ᠤᠷᠴᠢᠨ ᠲᠤᠭᠤᠷᠢᠨ᠎ᠢᠶᠠᠨ ᠵᠠᠰᠠᠭ᠍ᠰᠠᠨ᠎ᠢᠶᠠᠷ ᠪᠠᠷᠠᠬᠤ ᠦᠬᠡᠢ ᠡᠨᠡᠬᠦ᠌ ᠬᠡᠰᠡᠭ ᠭᠠᠵᠠᠷ᠎ᠢᠶᠠᠨ ᠭᠠᠳᠠᠬ᠍ᠰᠢ ᠲᠦᠷᠢᠶᠡᠰᠦᠯᠡᠵᠦ᠍᠂ ᠲᠤᠰᠭᠤᠨ᠎ᠤ ᠤᠯᠠᠨ ᠲᠦᠮᠡᠨ᠎ᠳᠡᠭᠡᠨ ᠵᠢᠯ ᠪᠦᠷᠢ 16 ᠲᠦᠮᠡᠨ ᠲᠦᠬᠦᠷᠢᠭ᠎ᠤᠨ ᠤᠷᠤᠯᠭ᠎ᠠ ᠡᠬᠦᠳᠦᠨ ᠦᠭ᠌ᠴᠡᠢ᠃
ᠡᠬᠦᠨ᠎ᠤ ᠵᠡᠷᠭᠡ᠎ᠪᠡᠷ᠂ ᠲᠡᠷᠡ ᠲᠠᠢᠪᠤᠰᠧ ᠬᠤᠱᠢᠭᠤᠨ᠎ᠤ ᠴᠠᠩ ᠴᠢ ᠬᠤᠩ ᠲᠡᠵᠢᠭᠡᠨ ᠦᠷᠡᠵᠢᠬᠦᠯᠬᠦ᠌ ᠬᠤᠷᠱᠢᠶ᠎ᠠ ᠪᠠᠢᠭᠤᠯᠵᠦ᠍᠂ ᠮᠢᠬᠠᠨ᠎ᠤ ᠦᠬᠡᠷ ᠳᠡᠵᠢᠭᠡᠬᠦ᠌ ᠪᠠ ᠬᠠᠲᠠᠭᠠᠬ᠍ᠰᠠᠨ ᠪᠣᠷᠴᠠ ᠡᠳ᠋ᠱᠢᠬᠦᠯᠬᠦ᠌᠎ᠪᠠᠷ ᠭᠤᠤᠯ ᠪᠤᠯᠭᠠᠵᠦ᠍᠂ ᠦᠢᠯᠡᠳᠪᠦᠷᠢᠯᠡᠭ᠌ᠰᠡᠨ ᠪᠣᠷᠴᠠ᠎ᠶ᠋ᠢᠨ ᠬᠢᠨᠢ ᠪᠤᠷᠤᠯᠠᠭᠤᠯᠭ᠎ᠠ ᠳᠣᠩ ᠰᠠᠢᠨ ᠪᠠᠢᠪᠠ᠃ ᠬᠤᠷᠱᠢᠶ᠎ᠠ᠎ᠶ᠋ᠢᠨ ᠳᠠᠭᠠᠭᠤᠯᠭ᠎ᠠ᠎ᠪᠠᠷ᠂ ᠬᠡᠷᠡᠮᠲᠦ ᠲᠤᠰᠭᠤᠨ᠎ᠳᠤ ᠨᠢᠭᠡ ᠪᠦᠯᠦᠭ ᠲᠡᠵᠢᠭᠡᠪᠦᠷᠢ᠎ᠶ᠋ᠢᠨ ᠳᠤᠮᠤ ᠡᠷᠦᠬᠡ ᠴᠣᠯᠭᠤᠷᠠᠨ ᠭᠠᠷᠴᠣ᠂ ᠮᠠᠯᠴᠢᠨ ᠲᠠᠷᠢᠶᠠᠴᠢᠨ᠎ᠤ ᠤᠷᠤᠯᠭ᠎ᠠ᠎ᠶ᠋ᠢᠨ ᠨᠡᠮᠡᠭ᠌ᠳᠡᠯ᠎ᠢ ᠪᠦᠲᠦᠮᠵᠢᠲᠡᠢ ᠠᠬᠢᠭᠤᠯᠬᠤ᠎ᠶ᠋ᠢᠨ ᠬᠠᠮᠳᠦ ᠲᠤᠰᠭᠤᠨ᠎ᠤ 114 ᠡᠷᠦᠬᠡ 340 ᠬᠦᠮᠦᠨ᠎ᠢ ᠬᠤᠷᠱᠢᠶ᠎ᠠ᠎ᠳᠠᠭᠠᠨ ᠤᠷᠤᠭᠤᠯᠵᠦ᠍᠂ ᠬᠦᠮᠦᠨ ᠪᠦᠷᠢ᠎ᠶ᠋ᠢᠨ ᠵᠢᠯ ᠳᠣᠮᠳᠠᠴᠢ᠎ᠶ᠋ᠢᠨ ᠤᠷᠤᠯᠭ᠎ᠠ᠎ᠨᠢ 4000 ᠭᠠᠷᠤᠢ ᠲᠦᠬᠦᠷᠢᠭ᠎ᠲᠤ ᠬᠦᠷᠴᠡᠢ᠃
ᠠᠵᠦ᠍ ᠦᠢᠯᠡᠰ᠎ᠤᠨ ᠲᠤᠯᠭᠠᠭᠤᠷᠢᠯᠠᠯ᠎ᠲᠠᠢ ᠪᠤᠯᠤᠬ᠍ᠰᠠᠨ᠎ᠤ ᠳᠠᠷᠠᠭ᠎ᠠ᠂ ᠸᠠᠩ ᠸᠧᠨ ᠴᠧᠩ ᠲᠤᠰᠭᠤᠨ᠎ᠤ ᠠᠷᠠᠳ᠎ᠢᠶᠠᠨ ᠳᠠᠭᠠᠭᠤᠯᠣᠨ ᠨᠤᠷᠠᠬᠤ ᠠᠶᠤᠯᠲᠠᠢ ᠬᠡᠷ ᠪᠠᠢᠱᠢᠩ᠎ᠢᠶᠠᠨ ᠵᠠᠰᠠᠨ ᠱᠢᠨᠡᠳᠭᠡᠵᠦ᠍᠂ ᠵᠠᠮ ᠵᠠᠰᠠᠬᠤ᠂ ᠵᠠᠮ᠎ᠤᠨ ᠳ᠋ᠧᠩ ᠤᠬ᠍ᠰᠠᠷᠠᠬᠤ᠂ ᠴᠡᠴᠡᠷᠯᠢᠭ ᠪᠠᠢᠭᠤᠯᠬᠤ ᠵᠡᠷᠭᠡ ᠲᠦᠷᠦᠯ ᠵᠦᠢᠯ᠎ᠳᠤ ᠨᠡᠢᠲᠡ 2100 ᠲᠦᠮᠡᠨ ᠲᠦᠬᠦᠷᠢᠭ ᠪᠡᠯᠡ ᠤᠷᠤᠭᠤᠯᠵᠦ᠍᠂ ᠰᠤᠶᠤᠯ ᠲᠠᠮᠢᠷ᠎ᠤᠨ ᠲᠠᠯᠠᠪᠤᠷ᠂ ᠰᠤᠶᠤᠯ᠎ᠤᠨ ᠠᠵᠢᠯᠯᠠᠭ᠎ᠠ᠎ᠶ᠋ᠢᠨ ᠲᠠᠰᠤᠭ᠂ ᠡᠷᠡᠬᠦᠯ ᠬᠠᠮᠠᠭᠠᠯᠠᠯ᠎ᠤᠨ ᠲᠠᠰᠤᠭ᠂ ᠨᠡᠢᠲᠡ᠎ᠶ᠋ᠢᠨ ᠵᠤᠷᠯᠤᠩ ᠁ ᠵᠡᠷᠭᠡ᠎ᠶ᠋ᠢ ᠪᠠᠢᠭᠤᠯᠵᠣ᠂ ᠤᠬᠤᠷᠬᠠᠨ ᠬᠡᠳᠦᠨ ᠵᠢᠯ᠎ᠳᠤ ᠬᠡᠷᠡᠮᠳᠦ ᠲᠤᠰᠭᠤᠨ᠎ᠤ ᠲᠦᠷᠢ ᠲᠦᠷᠬᠦ᠌ ᠴᠣ᠌ ᠱᠢᠨ᠎ᠡ᠎ᠪᠠᠷ ᠰᠣᠯᠢᠭ᠍ᠳᠠᠪᠠ᠃
ᠤᠢ᠍ᠢᠷ᠎ᠠ᠎ᠶ᠋ᠢᠨ ᠬᠤᠶᠠᠷ ᠵᠢᠯ᠎ᠳᠤ᠂ ᠠᠷᠠᠯᠵᠢᠶᠡᠨ᠎ᠤ ᠠᠵᠠ ᠲᠤᠬᠢᠶᠠᠯ᠎ᠢ ᠠᠨᠳᠠᠳᠠᠭ ᠦᠬᠡᠢ ᠸᠠᠩ ᠸᠧᠨ ᠴᠧᠩ ᠵᠢᠭᠤᠯᠴᠢᠯᠠᠯ᠎ᠤᠨ ᠦᠢᠯᠡᠰ᠎ᠲᠤ ᠠᠩᠬᠠᠷᠤᠯ᠎ᠢᠶᠠᠨ ᠬᠠᠨᠳᠤᠭᠤᠯᠵᠠᠢ᠃ ᠤᠳᠤᠬᠠᠨ᠎ᠳᠤ ᠬᠡᠷᠡᠮᠳᠦ ᠲᠤᠰᠭᠤᠨ᠎ᠢᠶᠠᠷ ᠬᠦᠷᠪᠡᠯ᠂ ᠬᠡᠰᠡᠭ᠌ᠷᠡᠨ ᠬᠠᠷᠠᠬ᠍ᠳᠠᠬᠤ ᠴᠠᠨ᠎ᠠ ᠴᠡᠴᠡᠭ᠂ ᠨᠤᠮᠢᠨ ᠨᠤᠭᠤᠭᠠᠨ ᠵᠦᠯᠭᠡ᠂ ᠲᠡᠷᠢ ᠲᠡᠭ᠌ᠰᠢ ᠲᠤᠰᠭᠤᠨ᠎ᠤ ᠠᠷᠠᠳ᠎ᠤᠨ ᠰᠠᠭᠤᠴᠠ ᠬᠦᠷᠦᠭ᠌ᠰᠡᠨ ᠪᠣᠯᠭᠠᠨ᠎ᠤ ᠪᠠᠭ᠍ᠠᠷᠬᠠᠯ᠎ᠢ ᠳᠠᠳᠠᠨ᠎ᠠ᠂ 《ᠬᠡᠷᠪᠡ ᠱᠢᠨ᠎ᠡ ᠲᠢᠲᠢᠮᠯᠢᠭ ᠠᠭᠤᠰᠭᠢᠨ ᠦᠷᠪᠢᠰᠦᠯ᠎ᠳᠤ ᠨᠦᠯᠦᠭᠡᠯᠡᠭ᠌ᠳᠡᠭ᠌ᠰᠡᠨ ᠦᠬᠡᠢ ᠪᠤᠯ ᠡᠨᠡ ᠦᠶ᠎ᠡ᠎ᠳᠤ ᠮᠠᠨ᠎ᠤ ᠲᠤᠰᠭᠤᠨ᠎ᠳᠤ ᠨᠢᠭᠡ ᠴᠤ᠌ ᠰᠤᠯᠠ ᠬᠡᠷ ᠪᠠᠢᠬᠤ ᠦᠬᠡᠢ》 ᠭᠡᠵᠦ᠍ ᠲᠤᠰᠭᠤᠨ᠎ᠤ ᠠᠷᠠᠳ ᠵᠠᠩ ᠡᠤ ᠬᠡᠯᠡᠨ᠎ᠡ᠃ ᠬᠡᠳᠦᠨ ᠵᠢᠯ᠎ᠤᠨ ᠴᠢᠷᠮᠠᠢᠯᠭ᠎ᠠ᠎ᠪᠠᠷ ᠳᠠᠮᠵᠢᠨ᠂ ᠬᠡᠷᠡᠮᠳᠦ ᠲᠤᠰᠭᠤᠨ ᠨᠢᠬᠡᠨᠲᠡ ᠨᠠᠮᠤᠭ ᠭᠠᠵᠠᠷ᠎ᠤᠨ ᠴᠡᠴᠡᠷᠯᠢᠭ᠂ ᠲᠠᠷᠢᠶᠠᠴᠢᠨ ᠠᠢᠯ᠎ᠤᠨ ᠪᠠᠭᠤᠳᠠᠯ᠂ ᠬᠤᠷᠠᠯ᠎ᠤᠨ ᠲᠦᠪ ᠵᠡᠷᠭᠡ᠎ᠶ᠋ᠢ ᠪᠦᠲᠦᠭᠡᠨ ᠪᠠᠢᠭᠤᠯᠵᠠᠢ᠃ 2016 ᠤᠨ᠎ᠳᠤ ᠸᠠᠩ ᠸᠧᠨ ᠴᠧᠩ᠎ᠤᠨ ᠳᠠᠭᠠᠭᠤᠯᠭ᠎ᠠ᠎ᠪᠠᠷ᠂ ᠬᠡᠷᠡᠮᠳᠦ ᠲᠤᠰᠭᠤᠨ 3.3 ᠲᠦᠮᠡᠨ ᠲᠡᠭ᠌ᠰᠢ ᠲᠦᠷᠪᠡᠯᠵᠢᠨ ᠮᠧᠲᠷ ᠢᠳᠡᠱᠢᠨ ᠨᠤᠭᠤᠭᠠᠨ᠎ᠤ ᠠᠷᠠᠯᠵᠢᠶᠠᠨ᠎ᠤ ᠵᠠᠬ᠎ᠠ ᠳᠡᠯᠬᠡᠬᠦᠷ᠂ 350 ᠭᠠᠷᠤᠢ ᠮᠦ᠍ ᠴᠢᠬᠢ ᠪᠤᠢᠵᠢᠭᠤᠯᠬᠤ ᠰᠠᠭᠤᠷᠢᠨ ᠪᠠᠢᠭᠤᠯᠵᠦ᠍᠂ ᠵᠢᠯ᠎ᠤᠨ ᠭᠠᠲᠠᠬ᠍ᠰᠢ ᠭᠠᠷᠭᠠᠵᠣ ᠪᠠᠢᠭ᠎ᠠ ᠡᠯ᠎ᠡ ᠵᠦᠢᠯ᠎ᠤᠨ ᠴᠢᠬᠢ ᠮᠤᠲᠦ᠎ᠨᠢ 120 ᠭᠠᠷᠤᠢ ᠲᠦᠮᠡᠨ ᠰᠠᠭᠤᠷᠢ᠎ᠳᠤ ᠬᠦᠷᠴᠣ ᠪᠣᠢ᠃
ᠸᠠᠩ ᠸᠧᠨ ᠴᠧᠩ ᠪᠠᠰᠠ ᠲᠠᠢᠪᠤᠰᠧ ᠬᠤᠱᠢᠭᠤᠨ᠎ᠤ ᠠᠩᠬᠠᠳᠠᠬ᠍ᠴᠢ ᠬᠢᠳᠠᠳ ᠡᠮ᠎ᠤᠨ ᠮᠠᠲ᠋ᠧᠷᠢᠶᠠᠯ᠎ᠤᠨ ᠨᠡᠢᠬᠡᠮᠯᠢᠭ — ᠲᠠᠢᠪᠤᠰᠧ ᠬᠤᠱᠢᠭᠤᠨ᠎ᠤ ᠬᠢᠲᠠᠳ ᠡᠮ᠎ᠤᠨ ᠮᠠᠲ᠋ᠧᠷᠢᠶᠠᠯ᠎ᠤᠨ ᠨᠡᠢᠬᠡᠮᠯᠢᠭ ᠪᠠ ᠲᠠᠷᠢᠶᠠᠴᠢᠨ᠎ᠤ ᠲᠤᠰᠭᠠᠢ ᠬᠤᠷᠱᠢᠶ᠎ᠠ ᠪᠠᠢᠭᠤᠯᠵᠦ᠍᠂ ᠬᠤᠷᠱᠢᠶ᠎ᠠ + ᠰᠠᠭᠤᠷᠢᠨ + ᠲᠠᠷᠢᠶᠠᠯᠠᠬᠤ ᠡᠷᠦᠬᠡ᠎ᠶ᠋ᠢᠨ ᠵᠠᠬ᠍ᠪᠤᠷ᠎ᠢ ᠬᠡᠷᠡᠭ᠌ᠵᠢᠬᠦᠯᠵᠦ᠍᠂ ᠵᠢᠯ ᠪᠦᠷᠢ 1 ᠲᠦᠮᠡᠨ ᠬᠦᠮᠦᠨ ᠤᠳᠠᠭ᠎ᠠ᠎ᠶ᠋ᠢᠨ ᠠᠵᠢᠯ᠎ᠤᠨ ᠪᠠᠢᠷᠢ ᠬᠠᠩᠭᠠᠵᠦ᠍ ᠲᠡᠢᠯᠬᠦ᠌ ᠪᠤᠯᠵᠦ᠍᠂ 50 ᠭᠠᠷᠤᠢ ᠶᠠᠳᠠᠭᠤ ᠬᠦᠴᠢᠷᠳᠡᠯ᠎ᠲᠠᠢ ᠡᠷᠦᠭᠡ᠎ᠶ᠋ᠢᠨ ᠤᠷᠤᠯᠭ᠎ᠠ᠎ᠶ᠋ᠢᠨ ᠨᠡᠮᠡᠭ᠌ᠳᠡᠯ᠎ᠢ ᠲᠠᠢᠴᠢᠯᠠᠪᠠ᠃ ᠤᠳᠤᠬᠠᠨ ᠪᠤᠯᠲᠠᠯ᠎ᠠ᠂ ᠬᠡᠷᠡᠮᠳᠦ ᠲᠤᠰᠭᠤᠨ᠎ᠤ ᠶᠠᠳᠠᠭᠤ ᠬᠦᠴᠢᠳᠡᠯᠳᠡᠢ ᠡᠷᠦᠬᠡ ᠪᠦᠬᠦᠨ᠎ᠢᠶᠠᠷ᠎ᠢᠶᠠᠨ ᠶᠠᠳᠠᠭᠤ᠎ᠠᠴᠠ᠎ᠪᠠᠨ ᠠᠩᠬᠢᠵᠢᠷᠠᠵᠦ᠍᠂ ᠬᠦᠮᠦᠨ ᠪᠦᠷᠢ᠎ᠶ᠋ᠢᠨ ᠵᠢᠯ ᠳᠣᠮᠳᠠᠴᠢ᠎ᠶ᠋ᠢᠨ ᠤᠷᠤᠯᠭ᠎ᠠ᠎ᠨᠢ ᠤᠤᠯ᠎ᠤᠨ 2000 ᠲᠦᠬᠦᠷᠢᠭ᠎ᠠᠴᠠ᠎ᠪᠠᠨ ᠤᠳᠤ 18000 ᠲᠦᠬᠦᠷᠢᠭ ᠪᠣᠯᠵᠣ ᠨᠡᠮᠡᠭ᠌ᠳᠡᠵᠡᠢ᠃
2012 ᠤᠨ᠎ᠳᠤ ᠲᠤᠰᠭᠤᠨ᠎ᠤ ᠠᠷᠠᠳ᠎ᠤᠨ ᠵᠦᠪᠯᠡᠯ᠎ᠤᠨ ᠡᠷᠬᠢᠯᠡᠭ᠌ᠴᠢ᠎ᠶ᠋ᠢᠨ ᠲᠤᠱᠢᠶᠠᠯ᠎ᠢ ᠬᠠᠷᠢᠭᠤᠴᠠᠭ᠍ᠰᠠᠨ ᠸᠠᠩ ᠸᠧᠨ ᠴᠧᠩ ᠣᠳᠣ ᠲᠤᠰᠭᠤᠨ᠎ᠤ᠎ᠪᠠᠨ ᠨᠠᠮ᠎ᠤᠨ ᠡᠬᠦᠷ᠎ᠤᠨ ᠱᠦᠵᠢ ᠪᠠ ᠲᠤᠰᠭᠤᠨ᠎ᠤ ᠠᠷᠠᠳ᠎ᠤᠨ ᠵᠦᠪᠯᠡᠯ᠎ᠤᠨ ᠡᠷᠬᠢᠯᠡᠭ᠌ᠴᠢ᠎ᠶ᠋ᠢᠨ ᠲᠤᠱᠢᠶᠠᠯ᠎ᠢ ᠬᠠᠮᠳᠦ᠎ᠳᠤᠨᠢ ᠬᠠᠷᠢᠭᠤᠴᠠᠵᠣ᠂ ᠠᠵᠢᠯ ᠡᠬᠦᠷᠭᠡ᠎ᠨᠢ ᠬᠦᠨᠳᠦᠷᠦᠭ᠌ᠰᠡᠨ ᠴᠤ᠌ ᠠᠵᠢᠯᠯᠠᠬᠤ ᠡᠷᠴᠢ ᠵᠤᠷᠢᠭ᠎ᠨᠢ ᠪᠠᠭᠤᠷᠠᠭ᠍ᠰᠠᠨ ᠦᠭᠡᠢ ᠦᠷᠬᠦᠯᠵᠢᠯᠡᠨ ᠴᠢᠷᠮᠠᠢᠨ ᠠᠵᠢᠯᠯᠠᠨ᠎ᠠ᠃ 《ᠴᠢᠨᠡᠬᠡᠯᠢᠭ ᠨᠡᠢᠬᠡᠮ᠎ᠢ ᠪᠦᠬᠦ᠌ ᠲᠡᠯ᠎ᠡ᠎ᠪᠠᠷ ᠪᠡᠶᠡᠯᠡᠬᠦᠯᠬᠦ᠌ ᠱᠢᠢᠳᠪᠦᠷᠢᠳᠦ ᠢᠯᠠᠯᠲᠠ᠎ᠶ᠋ᠢ ᠲᠡᠮᠡᠴᠡᠨ ᠤᠯᠬᠤ ᠵᠠᠮ ᠳᠡᠭᠡᠷ᠎ᠡ ᠬᠡᠷᠡᠮᠳᠦ᠎ᠶ᠋ᠢᠨ ᠬᠦᠮᠦᠰ᠎ᠢ ᠨᠢᠭᠡ᠎ᠶ᠋ᠢ ᠴᠤ᠌ ᠤᠷᠬᠢᠬ᠍ᠳᠠᠭᠤᠯᠬᠤ ᠦᠬᠡᠢ》 ᠭᠡᠵᠦ᠍ ᠸᠠᠩ ᠸᠧᠨ ᠴᠧᠩ ᠬᠡᠯᠡᠨ᠎ᠡ᠃