10250 ᠲᠦᠮᠡᠨ ᠮᠦ᠍ ᠠᠮᠤ ᠪᠤᠳᠠᠭ᠎ᠠ ᠲᠠᠷᠢᠬᠤ ᠡᠭᠦᠷᠭᠡ᠎ᠪᠠᠨ ᠲᠠᠪᠠᠭᠤᠯᠤᠨ ᠪᠡᠶᠡᠯᠡᠭᠦᠯᠵᠤ᠂ 97% ᠎ᠠᠴᠠ ᠳᠡᠭᠡᠭ᠌ᠰᠢᠬᠢ ᠲᠠᠷᠢᠶ᠎ᠠ ᠲᠦᠮᠦᠰᠦ᠎ᠶ᠋ᠢᠨ ᠰᠠᠢᠨ ᠤᠷᠭᠤᠯᠲᠠ᠎ᠶ᠋ᠢ ᠪᠠᠲᠤᠯᠠᠯ᠎ᠠ -- ᠮᠠᠨ᠎ᠤ ᠣᠷᠣᠨ ᠪᠦᠬᠦ᠌ ᠵᠢᠯ᠎ᠤᠨ ᠠᠮᠤ ᠪᠤᠳᠠᠭᠠᠨ᠎ᠤ ᠡᠯᠪᠡᠭ ᠬᠤᠷᠢᠶᠠᠯᠲᠠ᠎ᠳᠠᠭᠠᠨ ᠪᠠᠲᠤ ᠰᠠᠭᠤᠷᠢ᠎ᠶ᠋ᠢ ᠲᠠᠯᠪᠢᠪᠠ
2020-07-12 09:51:55
ᠵᠣᠬᠢᠶᠠᠭ᠍ᠴᠢ᠄
ᠪᠤᠤ ᠨᠠᠷᠠᠨᠳᠤᠶᠠᠭ᠎ᠠ
ᠣᠩᠱᠢᠭ᠍ᠰᠠᠨ ᠣᠳᠠᠭ᠎ᠠ᠄
★★★☆☆

ᠡᠨᠡ ᠵᠢᠯ᠎ᠠᠴᠠ ᠨᠠᠭᠠᠰᠢ᠂ ᠤᠷᠤᠨ ᠲᠠᠶᠠᠭᠠᠷ᠎ᠢᠶᠠᠨ ᠱᠢᠨ᠎ᠠ ᠲᠢᠳᠢᠮᠯᠢᠭ ᠠᠭᠤᠰᠭᠢᠨ ᠦᠷᠪᠢᠰᠤᠯ᠎ᠤᠨ ᠬᠢᠵᠢᠭ᠎ᠤᠨ ᠪᠠᠢᠳᠠᠯ᠎ᠠᠴᠠ ᠪᠤᠯᠤᠭ᠍ᠰᠠᠨ ᠨᠦᠯᠦᠭᠡ᠎ᠶ᠋ᠢ ᠢᠯᠠᠨ ᠲᠠᠪᠠᠵᠤ᠂ 《ᠵᠢᠷᠭᠤᠭ᠎ᠠ᠎ᠶ᠋ᠢ ᠪᠠᠳᠤᠯᠠᠬᠤ》 ᠡᠭᠦᠷᠭᠡ᠎ᠶ᠋ᠢ ᠪᠦᠬᠦ᠌ ᠲᠠᠯ᠎ᠠ᠎ᠪᠠᠷ ᠨᠠᠢᠳᠠᠪᠤᠷᠢᠵᠢᠭᠤᠯᠤᠨ᠂ ᠬᠦᠴᠦᠳᠡᠢ ᠠᠷᠭ᠎ᠠ ᠬᠡᠮᠵᠢᠶ᠎ᠠ ᠠᠪᠴᠤ᠌ ᠬᠠᠪᠤᠷ᠎ᠤᠨ ᠲᠠᠷᠢᠶᠠᠯᠠᠭ᠎ᠠ᠎ᠶ᠋ᠢᠨ ᠤᠷᠤᠭ᠍ᠰᠢᠳᠠᠢ ᠶᠠᠪᠤᠭ᠍ᠳᠠᠬᠤ᠎ᠶ᠋ᠢ ᠪᠠᠳᠤᠯᠠᠵᠤ᠂ ᠪᠦᠬᠦ᠌ ᠵᠢᠯ᠎ᠤᠨ ᠲᠠᠷᠢᠶ᠎ᠠ ᠲᠦᠮᠦᠰᠤ᠎ᠶ᠋ᠢᠨ ᠡᠯᠪᠡᠭ ᠬᠤᠷᠢᠶᠠᠯᠳᠠ᠎ᠳᠤ ᠪᠠᠳᠤ ᠰᠠᠭᠤᠷᠢ᠎ᠶ᠋ᠢ ᠲᠠᠯᠪᠢᠭ᠍ᠰᠠᠨ ᠪᠠᠢᠨ᠎ᠠ᠃

ᠠᠮᠤ ᠪᠤᠳᠠᠭᠠᠨ᠎ᠤ ᠦᠢᠯᠡᠳᠪᠦᠷᠢᠯᠡᠯ᠎ᠤᠨ ᠬᠠᠷᠠᠯᠳᠠ ᠡᠭᠦᠷᠭᠡ᠎ᠶ᠋ᠢ ᠪᠤᠳᠠᠳᠠᠢᠵᠢᠭᠤᠯᠵᠤ᠂ ᠠᠮᠤ ᠪᠤᠳᠠᠭ᠎ᠠ ᠲᠠᠷᠢᠬᠤ ᠲᠠᠯᠠᠪᠠᠢ᠎ᠪᠠᠨ ᠪᠠᠭᠠᠰᠭᠠᠬᠤ ᠦᠬᠡᠢ ᠪᠠᠢᠬᠤ᠎ᠶ᠋ᠢ ᠪᠠᠳᠤᠯᠠᠪᠠ᠃ ᠡᠨᠡ ᠵᠢᠯ ᠮᠠᠨ᠎ᠤ ᠤᠷᠤᠨ ᠤᠯᠤᠰ᠎ᠠᠴᠠ ᠪᠠᠭᠤᠯᠭᠠᠭ᠍ᠰᠠᠨ 10250 ᠲᠦᠮᠡᠨ ᠮᠦ᠍ ᠠᠮᠤ ᠪᠤᠳᠠᠭ᠎ᠠ ᠲᠠᠷᠢᠬᠤ ᠡᠭᠦᠷᠭᠡ᠎ᠪᠠᠨ ᠲᠠᠪᠠᠭᠤᠯᠤᠨ ᠪᠡᠶᠡᠯᠡᠭᠦᠯᠵᠤ᠂ ᠤᠳᠤᠬᠠᠨ᠎ᠳᠤ ᠪᠦᠬᠦ᠌ ᠤᠷᠤᠨ᠎ᠤ ᠲᠠᠷᠢᠮᠠᠯ᠎ᠤᠨ ᠶᠡᠷᠦᠩᠬᠡᠢ ᠲᠠᠯᠠᠪᠠᠢ᠂ ᠠᠮᠤ ᠪᠤᠳᠠᠭᠠᠨ᠎ᠤ ᠲᠠᠷᠢᠮᠠᠯ᠎ᠤᠨ ᠲᠠᠯᠠᠪᠠᠢ ᠲᠤᠰ ᠪᠦᠷᠢ 13635 ᠲᠦᠮᠡᠨ ᠮᠦ᠍ ᠪᠠ 10915 ᠲᠦᠮᠡᠨ ᠮᠦ᠍᠎ᠳᠤ ᠬᠦᠷᠴᠦ᠍᠂ ᠨᠢᠳᠤᠨᠤᠨ᠎ᠤ ᠠᠳᠠᠯᠢ ᠬᠤᠭᠤᠴᠠᠭ᠎ᠠ᠎ᠶ᠋ᠢᠨ᠎ᠬᠢ᠎ᠠᠴᠠ ᠲᠤᠰ ᠪᠦᠷᠢ 1.7% ᠪᠠ 2.4% ᠎ᠪᠠᠷ ᠨᠡᠮᠡᠭ᠌ᠳᠡᠭ᠌ᠰᠡᠨ ᠪᠠᠢᠨ᠎ᠠ᠃ ᠦᠪᠡᠷᠳᠡᠭᠡᠨ ᠵᠠᠰᠭᠠᠤ ᠤᠷᠤᠨ᠎ᠤ ᠨᠠᠮ᠎ᠤᠨ ᠬᠤᠷᠢᠶ᠎ᠠ᠂ ᠵᠠᠰᠠᠭ᠎ᠤᠨ ᠤᠷᠳᠤᠨ᠎ᠠᠴᠠ ᠠᠮᠤ ᠪᠤᠳᠠᠭ᠎ᠠ ᠲᠠᠷᠢᠬᠤ ᠠᠵᠢᠯ᠎ᠢ ᠲᠡᠭᠡᠳᠦ ᠬᠡᠮᠵᠢᠶ᠎ᠠ᠎ᠪᠠᠷ ᠴᠢᠬᠤᠯᠠᠴᠢᠯᠠᠵᠤ᠂ ᠤᠯᠤᠰ᠎ᠠᠴᠠ ᠪᠠᠭᠤᠯᠭᠠᠭ᠍ᠰᠠᠨ ᠠᠮᠤ ᠪᠤᠳᠠᠭ᠎ᠠ ᠲᠠᠷᠢᠬᠤ ᠭᠦᠢᠴᠡᠳᠭᠡᠬᠦ᠌ ᠲᠤᠭ᠎ᠠ᠎ᠶ᠋ᠢ ᠡᠯ᠎ᠠ ᠠᠢᠮᠠᠭ ᠬᠤᠳᠠ ᠬᠦᠷᠳᠡᠯ᠎ᠠ ᠨᠠᠢᠳᠠᠪᠤᠷᠢᠵᠢᠭᠤᠯᠤᠨ ᠬᠠᠷᠢᠭᠤᠴᠠᠯᠭ᠎ᠠ᠎ᠶ᠋ᠢ ᠱᠠᠳᠤ ᠱᠠᠳᠤ᠎ᠪᠠᠷ ᠪᠤᠳᠠᠳᠠᠢᠵᠢᠭᠤᠯᠵᠤ᠂ ᠠᠮᠤ ᠪᠤᠳᠠᠭ᠎ᠠ ᠲᠠᠷᠢᠬᠤ ᠲᠠᠯᠠᠪᠠᠢ᠎ᠶ᠋ᠢ ᠨᠡᠮᠡᠭ᠌ᠳᠡᠭᠦᠯᠬᠦ᠌᠎ᠠᠴᠠ ᠪᠢᠰᠢ ᠪᠠᠭᠠᠰᠭᠠᠬᠤ ᠦᠭᠡᠢ ᠪᠠᠢᠬᠤ᠎ᠶ᠋ᠢ ᠦᠨᠡᠨ ᠭᠦ᠌ ᠪᠠᠳᠤᠯᠠᠵᠠᠢ᠃ ᠡᠯ᠎ᠠ ᠱᠠᠳᠤᠨ᠎ᠤ ᠮᠠᠯ ᠠᠵᠤ ᠠᠬᠤᠢ ᠲᠠᠷᠢᠶᠠᠯᠠᠩ᠎ᠤᠨ ᠰᠠᠯᠠᠭ᠎ᠠ ᠮᠦᠴᠢᠷ᠎ᠤᠨ᠎ᠬᠢᠨ ᠡᠷᠳᠡ᠎ᠠᠴᠠ ᠲᠤᠬᠢᠷᠠᠭᠤᠯᠤᠨ ᠡᠷᠳᠡ᠎ᠠᠴᠠ ᠪᠠᠢᠷᠢᠯᠠᠭᠤᠯᠵᠤ ᠡᠷᠳᠡ ᠬᠦᠳᠡᠯᠦᠯᠴᠡᠨ᠂ ᠲᠠᠷᠢᠶᠠᠯᠠᠩ ᠦᠢᠯᠡᠳᠪᠤᠷᠢᠯᠡᠯ᠎ᠢ ᠲᠡᠮᠵᠢᠵᠦ᠍ ᠮᠠᠯᠴᠢᠨ ᠲᠠᠷᠢᠶᠠᠴᠢᠳ᠎ᠲᠤ ᠠᠱᠢᠭ ᠬᠦᠷᠳᠡᠭᠡᠬᠦ᠌ ᠡᠯ᠎ᠠ ᠵᠦᠢᠯ᠎ᠤᠨ ᠲᠦᠷᠦ᠎ᠶ᠋ᠢᠨ ᠪᠤᠳᠤᠯᠭ᠎ᠠ᠎ᠶ᠋ᠢ ᠦᠷᠭᠦᠯᠵᠢᠯᠡᠨ ᠲᠤᠭ᠍ᠳᠠᠭᠤᠨ᠎ᠢᠶᠠᠷ ᠨᠠᠢᠳᠠᠪᠤᠷᠢᠵᠢᠭᠤᠯᠵᠤ᠂ ᠬᠠᠪᠤᠷ᠎ᠤᠨ ᠲᠠᠷᠢᠶᠠᠯᠠᠭ᠎ᠠ᠎ᠠᠴᠠ ᠡᠮᠦᠨ᠎ᠠ ᠡᠷᠳᠡᠨᠢ ᠱᠢᠰᠢ᠂ ᠱᠢᠷ᠎ᠠ ᠪᠤᠷᠴᠠᠭ ᠪᠠ ᠲᠦᠮᠦᠰᠦ ᠲᠠᠷᠢᠬᠤ ᠨᠦᠬᠦᠪᠦᠷᠢ ᠪᠤᠯᠤᠨ ᠲᠠᠷᠢᠶᠠᠨ ᠭᠠᠵᠠᠷ᠎ᠤᠨ ᠱᠢᠮ᠎ᠠ ᠬᠦᠴᠦ᠎ᠶ᠋ᠢ ᠬᠠᠮᠠᠭᠠᠯᠠᠬᠤ ᠨᠦᠬᠦᠪᠦᠷᠢ ᠵᠡᠷᠭᠡ ᠡᠯ᠎ᠠ ᠲᠦᠷᠦᠯ᠎ᠤᠨ ᠪᠡᠯᠡ ᠮᠦᠩᠭᠦ᠎ᠶ᠋ᠢ ᠨᠡᠢᠳᠡ 146 ᠳ᠋ᠦᠩᠱᠢᠭᠤᠷ ᠲᠦᠭᠦᠷᠢᠭ ᠪᠠᠭᠤᠯᠭᠠᠪᠠ᠃ ᠡᠭᠦᠨ᠎ᠤ ᠬᠠᠮᠳᠤ ᠲᠦᠷᠦ᠎ᠶ᠋ᠢᠨ ᠪᠤᠳᠤᠯᠭ᠎ᠠ᠎ᠶ᠋ᠢᠨ ᠤᠬᠠᠭᠤᠯᠭ᠎ᠠ᠎ᠶ᠋ᠢ ᠴᠢᠩᠭᠠᠳᠭᠠᠨ᠂ ᠮᠠᠯᠴᠢᠨ ᠲᠠᠷᠢᠶᠠᠴᠢᠳ᠎ᠤᠨ ᠠᠮᠤ ᠪᠤᠳᠠᠭ᠎ᠠ ᠲᠠᠷᠢᠵᠤ ᠤᠷᠤᠯᠭ᠎ᠠ᠎ᠪᠠᠨ ᠨᠡᠮᠡᠭ᠌ᠳᠡᠭᠦᠯᠬᠦ᠌ ᠢᠳᠡᠭᠡᠯ ᠵᠤᠷᠢᠭ᠎ᠢ ᠤᠯᠠᠮ ᠬᠦᠪᠴᠢᠯᠡᠵᠠᠢ᠃

ᠠᠮᠤ ᠪᠤᠳᠠᠭᠠᠨ᠎ᠤ ᠭᠤᠤᠯ ᠭᠠᠷᠤᠯᠳᠠ᠎ᠶ᠋ᠢᠨ ᠤᠷᠤᠨ᠎ᠤ᠎ᠬᠢᠨ ᠠᠱᠢᠭ᠍ᠳᠠᠢ ᠨᠦᠬᠦᠴᠡᠯ᠎ᠢ ᠠᠯᠳᠠᠯ ᠦᠬᠡᠢ ᠠᠱᠢᠬ᠍ᠯᠠᠵᠤ᠂ ᠲᠠᠷᠢᠶ᠎ᠠ ᠲᠦᠮᠦᠰᠤ᠎ᠶ᠋ᠢᠨ ᠤᠷᠭᠤᠯᠳᠠ᠎ᠶ᠋ᠢ ᠪᠠᠳᠤᠯᠠᠪᠠ᠃ ᠬᠠᠪᠤᠷ᠎ᠤᠨ ᠲᠠᠷᠢᠶᠠᠯᠠᠭ᠎ᠠ᠎ᠶ᠋ᠢᠨ ᠬᠤᠭᠤᠴᠠᠭᠠᠨ᠎ᠳᠤ ᠮᠠᠨ᠎ᠤ ᠤᠷᠤᠨ᠎ᠤ ᠲᠠᠷᠢᠶᠠᠯᠠᠬᠤ ᠤᠷᠤᠨ᠎ᠤ ᠶᠡᠷᠦᠩᠬᠡᠢ ᠲᠤᠯᠠᠭᠠᠨ᠎ᠤ ᠬᠡᠮᠵᠢᠶ᠎ᠠ ᠲᠤᠬᠢᠷᠠᠮᠵᠢᠳᠠᠢ᠂ ᠭᠠᠵᠠᠷ ᠭᠡᠰᠦᠭ᠌ᠰᠡᠨ᠎ᠨᠢ ᠨᠡᠯᠢᠶᠡᠳ ᠲᠦᠷᠭᠡᠨ᠂ ᠬᠤᠷ᠎ᠠ ᠲᠤᠨᠳᠠᠰᠤ ᠢᠯᠡᠷᠭᠡᠢ ᠰᠠᠢᠨ ᠪᠠᠢᠵᠤ᠂ ᠲᠤᠬᠢᠷᠠᠮᠵᠢᠳᠠᠢ ᠴᠠᠭ᠎ᠲᠤ ᠵᠤᠬᠢᠰᠳᠠᠢ ᠴᠢᠬᠢᠭ᠎ᠤᠨ ᠪᠠᠢᠳᠠᠯ ᠲᠤᠤᠷ᠎ᠠ ᠲᠠᠷᠢᠭ᠍ᠰᠠᠨ ᠲᠠᠷᠢᠮᠠᠯ᠎ᠤᠨ ᠲᠠᠯᠠᠪᠠᠢ᠎ᠨᠢ ᠡᠩ᠎ᠤᠨ ᠵᠢᠯ᠎ᠤᠨ᠎ᠬᠢ᠎ᠠᠴᠠ ᠶᠡᠭᠡ ᠬᠡᠮᠵᠢᠶ᠎ᠠ᠎ᠪᠠᠷ ᠨᠡᠮᠡᠭ᠌ᠳᠡᠪᠠ᠃ ᠠᠮᠤ ᠪᠤᠳᠠᠭᠠᠨ᠎ᠤ ᠭᠤᠤᠯ ᠭᠠᠷᠤᠯᠳᠠ᠎ᠶ᠋ᠢᠨ ᠤᠷᠤᠨ᠎ᠤ ᠨᠢᠭᠡᠳᠦᠭᠡᠷ ᠪᠠ ᠬᠤᠶᠠᠳᠤᠭᠠᠷ ᠲᠦᠷᠦᠯ᠎ᠤᠨ ᠴᠢᠬᠢᠭ᠎ᠲᠠᠢ ᠲᠠᠷᠢᠶᠠᠨ ᠭᠠᠵᠠᠷ᠎ᠤᠨ ᠲᠠᠯᠠᠪᠠᠢ᠎ᠨᠢ ᠪᠦᠬᠦ᠌ ᠲᠠᠷᠢᠶᠠᠨ ᠭᠠᠵᠠᠷ᠎ᠤᠨ ᠲᠠᠯᠠᠪᠠᠢ᠎ᠶ᠋ᠢᠨ 80% ᠎ᠶ᠋ᠢ ᠲᠠᠪᠠᠵᠤ᠂ ᠴᠢᠬᠢ ᠪᠠᠷᠢᠬᠤ᠎ᠳᠤ ᠠᠱᠢᠭ᠍ᠳᠠᠢ ᠨᠦᠬᠦᠴᠡᠯ ᠪᠤᠯᠵᠠᠢ᠃ ᠤᠳᠤᠬᠠᠨ᠎ᠳᠤ ᠪᠦᠬᠦ᠌ ᠤᠷᠤᠨ᠎ᠤ ᠲᠠᠷᠢᠶ᠎ᠠ ᠲᠦᠮᠦᠰᠤ᠎ᠶ᠋ᠢᠨ ᠤᠷᠭᠤᠯᠳᠠ ᠰᠠᠢᠨ ᠪᠠᠢᠵᠤ᠂ ᠨᠢᠭᠡᠳᠦᠭᠡᠷ ᠪᠠ ᠬᠤᠶᠠᠳᠤᠭᠠᠷ ᠲᠦᠷᠦᠯ᠎ᠤᠨ ᠤᠷᠭᠤᠯᠳᠠ᠎ᠲᠠᠢ ᠲᠠᠷᠢᠶ᠎ᠠ ᠲᠦᠮᠦᠰᠤ 97% ᠎ᠠᠴᠠ ᠲᠡᠭᠡᠭ᠌ᠰᠢ᠎ᠶ᠋ᠢ ᠡᠵᠡᠯᠡᠵᠦ᠍ ᠪᠤᠢ᠃ ᠡᠬᠦᠨ᠎ᠠᠴᠠ ᠭᠠᠳᠠᠨ᠎ᠠ ᠡᠯ᠎ᠠ ᠭᠠᠵᠠᠷ᠎ᠤᠨ ᠲᠠᠷᠢᠶᠠᠯᠠᠩ᠎ᠤᠨ ᠰᠠᠯᠠᠭ᠎ᠠ ᠮᠦᠴᠢᠷ᠎ᠤᠨ᠎ᠬᠢᠨ ᠲᠠᠷᠢᠮᠠᠯ᠎ᠤᠨ ᠦᠢᠯᠡᠰ᠎ᠤᠨ ᠮᠡᠳᠡᠯᠬᠡ ᠮᠡᠷᠭᠡᠵᠢᠯ᠎ᠤᠨ ᠰᠦᠯᠵᠢᠶᠡᠨ᠎ᠤ ᠬᠢᠴᠢᠶᠡᠯ᠂ ᠪᠢᠴᠢᠯ ᠸᠢᠳᠢᠣ᠋᠂ ᠰᠦᠯᠵᠢᠶᠡᠨ ᠲᠡᠭᠡᠷᠡᠬᠢ ᠲᠠᠢᠯᠤᠮᠵᠢ ᠵᠡᠷᠭᠡ ᠠᠷᠭ᠎ᠠ ᠬᠡᠯᠪᠡᠷᠢ᠎ᠪᠠᠷ ᠲᠠᠮᠵᠢᠨ ᠦᠷᠬᠡᠨ ᠤᠯᠠᠨ ᠮᠠᠯᠴᠢᠨ ᠲᠠᠷᠢᠶᠠᠴᠢᠨ᠎ᠢ ᠵᠢᠯᠤᠭᠤᠳᠴᠤ᠌᠂ ᠲᠠᠷᠢᠶᠠᠯᠠᠩ ᠦᠢᠯᠡᠳᠪᠦᠷᠢᠯᠡᠯ᠎ᠤᠨ ᠤᠷᠤᠭ᠍ᠰᠢᠳᠠᠢ ᠶᠠᠪᠤᠭ᠍ᠳᠠᠬᠤ᠎ᠶ᠋ᠢ ᠪᠠᠳᠤᠯᠠᠬᠤ᠎ᠳᠤ ᠬᠦᠴᠦᠨ ᠬᠠᠩᠭᠠᠭ᠍ᠰᠠᠨ ᠪᠠᠢᠨ᠎ᠠ᠃

ᠭᠤᠤᠯᠳᠠᠯᠭ᠎ᠠ᠎ᠲᠠᠢ ᠲᠦᠷᠦᠯ ᠵᠦᠢᠯ᠎ᠤᠨ ᠪᠦᠳᠦᠬᠡᠨ ᠪᠠᠢᠭᠤᠯᠤᠯᠳᠠ᠎ᠶ᠋ᠢ ᠡᠷᠴᠢᠮᠳᠠᠢ ᠠᠳᠭᠤᠵᠤ᠂ ᠲᠠᠷᠢᠶᠠᠯᠠᠩ ᠦᠢᠯᠡᠳᠪᠤᠷᠢᠯᠡᠯ᠎ᠤᠨ ᠰᠠᠭᠤᠷᠢ᠎ᠶ᠋ᠢ ᠪᠠᠬᠢᠵᠢᠬᠦᠯᠪᠠ᠃ ᠮᠠᠨ᠎ᠤ ᠤᠷᠤᠨ 《ᠲᠠᠷᠢᠶᠠᠨ ᠭᠠᠵᠠᠷ᠎ᠤᠨ ᠠᠮᠤ ᠪᠤᠳᠠᠭᠠᠨ᠎ᠤ ᠦᠢᠯᠡᠳᠪᠤᠷᠢᠯᠡᠯ᠎ᠤᠨ ᠴᠢᠳᠠᠪᠤᠷᠢ᠎ᠶ᠋ᠢ ᠪᠠᠳᠤᠯᠠᠵᠤ ᠮᠡᠷᠬᠡᠵᠢᠯ᠎ᠢᠶᠠᠷ ᠠᠮᠤ ᠪᠤᠳᠠᠭᠠᠨ᠎ᠤ ᠤᠨᠠᠯᠳᠠ᠎ᠶ᠋ᠢ ᠨᠡᠮᠡᠭ᠌ᠳᠡᠬᠦᠯᠬᠦ᠌》 ᠪᠠᠢᠯᠳᠤᠬᠤ ᠪᠤᠳᠤᠯᠭ᠎ᠠ᠎ᠶ᠋ᠢ ᠭᠦᠨᠵᠡᠭᠡᠢ ᠬᠡᠷᠡᠭ᠌ᠵᠢᠭᠦᠯᠵᠦ᠍᠂ ᠡᠨᠡ ᠵᠢᠯ 800 ᠲᠦᠮᠡᠨ ᠮᠦ᠍᠎ᠶ᠋ᠢᠨ ᠦᠨᠳᠦᠷ ᠪᠠᠷᠢᠮᠵᠢᠶᠠᠳᠤ ᠲᠠᠷᠢᠶᠠᠨ ᠭᠠᠵᠠᠷ᠎ᠤᠨ ᠪᠦᠳᠦᠭᠡᠨ ᠪᠠᠢᠭᠤᠯᠤᠯᠳᠠ᠎ᠶ᠋ᠢ ᠶᠡᠭᠡ᠎ᠪᠠᠷ ᠠᠬᠢᠭᠤᠯᠪᠠ᠃ ᠲᠦᠩᠯᠢᠶᠤᠤ ᠬᠤᠳᠠ᠎ᠶ᠋ᠢᠨ ᠺᠠᠢᠯᠤ ᠱᠢᠶᠠᠨ᠎ᠤ 50 ᠲᠦᠮᠡᠨ ᠮᠦ᠍᠂ ᠬᠤᠷᠴᠢᠨ ᠲᠤᠭᠤᠷᠢᠭ᠎ᠤᠨ 20 ᠲᠦᠮᠡᠨ ᠮᠦ᠍ ᠪᠤᠯᠤᠨ ᠬᠤᠷᠴᠢᠨ ᠵᠡᠭᠦᠨ ᠭᠠᠷᠤᠨ ᠲᠤᠮᠳᠠᠳᠤ ᠬᠤᠱᠢᠭᠤᠨ᠎ᠤ 40 ᠲᠦᠮᠡᠨ ᠮᠦ᠍᠎ᠶ᠋ᠢᠨ ᠲᠦᠪᠯᠡᠷᠡᠨ ᠵᠠᠯᠭᠠᠯᠳᠤᠭ᠍ᠰᠠᠨ ᠦᠨᠳᠦᠷ ᠦᠷ᠎ᠠ ᠠᠱᠢᠭ᠍ᠳᠠᠢ ᠤᠰᠤ ᠠᠷᠪᠢᠯᠠᠨ ᠤᠰᠤᠯᠠᠬᠤ ᠦᠨᠳᠦᠷ ᠪᠠᠷᠢᠮᠵᠢᠶᠠᠳᠤ ᠲᠠᠷᠢᠶᠠᠨ ᠭᠠᠵᠠᠷ᠎ᠢ ᠪᠦᠬᠦᠨ᠎ᠢ ᠪᠦᠳᠦᠭᠡᠨ ᠪᠠᠢᠭᠤᠯᠵᠤ ᠲᠠᠭᠤᠰᠭᠠᠭ᠍ᠰᠠᠨ ᠪᠦᠭᠡᠳ ᠬᠠᠪᠤᠷ᠎ᠤᠨ ᠲᠠᠷᠢᠶᠠᠯᠠᠭ᠎ᠠ᠎ᠳᠤ ᠤᠷᠤᠭᠤᠯᠵᠦ᠍᠂ ᠲᠠᠷᠢᠭ᠍ᠰᠠᠨ ᠡᠷᠳᠡᠨᠢ ᠱᠢᠰᠢ ᠪᠠ ᠪᠤᠭᠤᠳᠠᠢ ᠵᠡᠷᠭᠡ ᠲᠠᠷᠢᠮᠠᠯ᠎ᠤᠨ ᠤᠷᠭᠤᠴᠠ᠎ᠨᠢ ᠮᠠᠰᠢ ᠰᠠᠢᠨ ᠪᠠᠢᠨ᠎ᠠ᠃ ᠡᠬᠦᠨ᠎ᠤ ᠬᠠᠮᠳᠤ ᠪᠠᠰᠠ 12.2 ᠲᠦᠮᠡᠨ ᠮᠦ᠍᠎ᠶ᠋ᠢᠨ ᠬᠤᠵᠢᠷᠯᠢᠭ ᠲᠠᠷᠢᠶᠠᠨ ᠭᠠᠵᠠᠷ᠎ᠢ ᠰᠠᠢᠵᠢᠷᠠᠭᠤᠯᠬᠤ ᠲᠦᠷᠦᠯ ᠵᠦᠢᠯ᠂ 500 ᠲᠦᠮᠡᠨ ᠮᠦ᠍᠎ᠠᠴᠠ ᠲᠡᠭᠡᠭ᠌ᠰᠢᠬᠢ ᠲᠠᠷᠢᠶᠠᠨ ᠭᠠᠵᠠᠷ᠎ᠤᠨ ᠶᠠᠰᠤ ᠴᠢᠨᠠᠷ᠎ᠢ ᠲᠡᠭᠡᠭ᠌ᠰᠢᠯᠡᠭᠦᠯᠬᠦ᠌ ᠲᠦᠷᠦᠯ ᠵᠦᠢᠯ᠂ 700 ᠲᠦᠮᠡᠨ ᠮᠦ᠍᠎ᠶ᠋ᠢᠨ ᠵᠡᠭᠦᠨ ᠬᠤᠢᠳᠤ᠎ᠶ᠋ᠢᠨ ᠬᠠᠷ᠎ᠠ ᠬᠦᠷᠦᠰᠦ᠎ᠶ᠋ᠢ ᠬᠠᠮᠠᠭᠠᠯᠠᠬᠤ ᠴᠢᠨᠠᠷᠳᠠᠢ ᠲᠠᠷᠢᠶᠠᠯᠠᠭ᠎ᠠ᠎ᠶ᠋ᠢᠨ ᠲᠦᠷᠦᠯ ᠵᠦᠢᠯ ᠵᠡᠷᠭᠡ ᠴᠢᠬᠤᠯᠠ ᠶᠡᠭᠡ ᠲᠦᠷᠦᠯ ᠵᠦᠢᠯ᠎ᠤᠳ᠎ᠢ ᠴᠢᠨᠠᠷ ᠰᠠᠢᠳᠠᠢ ᠦᠷᠨᠢᠭᠦᠯᠵᠦ᠍᠂ ᠲᠠᠷᠢᠶᠠᠯᠠᠩ ᠦᠢᠯᠡᠳᠪᠦᠷᠢᠯᠡᠯ᠎ᠤᠨ ᠰᠠᠭᠤᠷᠢ᠎ᠶ᠋ᠢ ᠪᠠᠬᠢᠵᠢᠭᠦᠯᠪᠠ᠃

ᠤᠢ᠍ᠢᠯᠠᠭᠠᠭ᠍ᠰᠠᠨ᠎ᠢᠶᠠᠷ᠂ ᠤᠢ᠍ᠢᠷ᠎ᠠ᠎ᠳᠤ ᠦᠪᠡᠷᠳᠡᠭᠡᠨ ᠵᠠᠰᠠᠬᠤ ᠤᠷᠤᠨ᠎ᠤ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠭᠤᠨ ᠮᠠᠯᠵᠢᠬᠤ ᠤᠷᠤᠨ᠎ᠤ ᠲᠢᠩᠭᠢᠮ᠎ᠠᠴᠠ ᠤᠯᠠᠨ ᠠᠵᠢᠯ᠎ᠤᠨ ᠲᠤᠭᠤᠢ᠍ᠢᠯᠠᠩ ᠲᠤᠮᠢᠯᠠᠵᠤ᠂ ᠡᠯ᠎ᠠ ᠭᠠᠵᠠᠷ᠎ᠤᠨ ᠲᠠᠷᠢᠶ᠎ᠠ ᠲᠦᠮᠦᠰᠤ᠎ᠶ᠋ᠢᠨ ᠠᠷᠠᠴᠢᠯᠠᠭ᠎ᠠ ᠬᠠᠮᠢᠶᠠᠷᠤᠯᠳᠠ᠂ ᠡᠪᠡᠳᠴᠢᠨ ᠬᠤᠷᠤᠬᠠᠢ᠎ᠶ᠋ᠢᠨ ᠬᠦᠨᠦᠭᠡᠯ᠎ᠢ ᠰᠡᠷᠭᠡᠢᠯᠡᠨ ᠵᠠᠰᠠᠬᠤ᠂ ᠭᠠᠮᠱᠢᠭ᠎ᠢ ᠰᠡᠷᠭᠡᠢᠯᠡᠨ ᠭᠠᠮᠱᠢᠭ᠎ᠤᠨ ᠬᠤᠬᠢᠷᠠᠯ᠎ᠢ ᠪᠠᠭᠠᠰᠭᠠᠬᠤ᠂ ᠭᠤᠤᠯᠳᠠᠯᠭ᠎ᠠ᠎ᠲᠠᠢ ᠲᠦᠷᠦᠯ ᠵᠦᠢᠯ᠎ᠤᠨ ᠪᠦᠳᠦᠭᠡᠨ ᠪᠠᠢᠭᠤᠯᠬᠤ ᠵᠡᠷᠭᠡ ᠠᠵᠢᠯ᠎ᠢ ᠬᠢᠨᠠᠨ ᠵᠢᠯᠤᠭᠤᠳᠴᠤ᠌᠂ ᠡᠨᠡ ᠵᠢᠯ᠎ᠤᠨ ᠠᠮᠤ ᠪᠤᠳᠠᠭᠠᠨ᠎ᠤ ᠡᠯᠪᠡᠭ ᠬᠤᠷᠢᠶᠠᠯᠳᠠ᠎ᠶ᠋ᠢ ᠪᠦᠬᠦ᠌ ᠬᠦᠴᠦᠨ᠎ᠢᠶᠠᠷ ᠪᠠᠳᠤᠯᠠᠵᠤ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠼᠠᠢ ᠬᠤᠩ
ᠦᠪᠦᠷ ᠮᠤᠩᠭᠤᠯ᠎ᠤᠨ ᠡᠳᠦᠷ᠎ᠤᠨ ᠰᠤᠨᠢᠨ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号