ᠤᠳᠭᠤᠨᠪᠠᠭᠠᠲᠤᠷ᠄ ᠭᠠᠴᠠᠭᠠᠨ᠎ᠤ ᠠᠷᠠᠳ᠎ᠢᠶᠠᠨ ᠳᠠᠭᠠᠭᠤᠯᠤᠨ ᠲᠡᠮᠡᠭᠡ ᠲᠡᠵᠢᠭᠡᠵᠦ᠍ ᠪᠠᠶᠠᠵᠢᠯ᠎ᠤᠨ ᠵᠠᠮ᠎ᠢᠶᠠᠷ ᠤᠷᠤᠭ᠍ᠰᠢᠯᠠᠨ᠎ᠠ
2020-07-15 09:59:00
ᠵᠣᠬᠢᠶᠠᠭ᠍ᠴᠢ᠄
ᠯᠢᠦ ᠬᠤᠩ ᠵᠠᠩ
ᠣᠩᠱᠢᠭ᠍ᠰᠠᠨ ᠣᠳᠠᠭ᠎ᠠ᠄
★★★☆☆

ᠨᠠᠷᠠ ᠮᠠᠨᠳᠤᠬᠤ ᠦᠶ᠎ᠡ᠎ᠪᠠᠷ ᠠᠯᠠᠱᠠ ᠪᠠᠷᠠᠭᠤᠨ ᠬᠤᠱᠢᠭᠤᠨ᠎ᠤ ᠠᠯᠳ᠋ᠬᠠᠣᠪᠣᠭ᠎ᠠ ᠪᠠᠯᠭᠠᠰᠤᠨ᠎ᠤ ᠭᠤᠷᠪᠠᠨ ᠲᠤᠯᠭ᠎ᠠ ᠭᠠᠴᠠᠭᠠᠨ᠎ᠤ ᠮᠠᠯᠴᠢᠨ ᠤᠳᠭᠤᠨᠪᠠᠭᠠᠲᠤᠷ ᠢᠡᠭ᠌ᠬᠡ᠎ᠪᠠᠨ ᠰᠠᠭᠠᠵᠤ᠂ ᠲᠡᠮᠡᠭᠡ᠎ᠪᠠᠨ ᠪᠤᠷᠲᠤᠬᠤ᠎ᠪᠠᠷ᠎ᠪᠠᠷ ᠶᠠᠭᠠᠷᠠᠵᠤ ᠡᠬᠢᠯᠡᠪᠡ᠃ 《ᠲᠡᠮᠡᠭᠡ ᠮᠢᠨᠢ ᠮᠢᠨᠦ᠍ ᠡᠷᠳᠡᠨᠢ ᠱᠢᠤ ᠳ᠋ᠡ᠂ ᠡᠨᠡ ᠵᠢᠯ ᠪᠢ 30 ᠭᠠᠷᠤᠶ ᠪᠣᠲᠣᠭᠤ ᠲᠤᠰᠴᠤ᠌᠂ ᠨᠢᠭᠡ ᠡᠳᠦᠷ ᠢᠩᠭᠡᠨ᠎ᠠᠴᠠ᠎ᠪᠠᠨ 20 ᠭᠠᠷᠤᠶ ᠵᠢᠩ ᠰᠦ ᠰᠠᠭᠠᠳᠠᠭ᠂ ᠵᠠᠰᠠᠭ᠎ᠤᠨ ᠣᠷᠳᠣᠨ ᠪᠠ ᠶᠠᠳᠠᠭᠤ᠎ᠶ᠋ᠢ ᠲᠡᠳᠬᠦᠬᠦ᠌ ᠰᠠᠯᠠᠭ᠎ᠠ ᠮᠥᠴᠢᠷ᠎ᠠᠴᠠ ᠮᠢᠨᠤ ᠲᠡᠮᠡᠭᠡ ᠲᠡᠵᠢᠭᠡᠬᠦ᠌ ᠠᠵᠤ ᠦᠢᠯᠡᠰ᠎ᠢᠶᠠᠨ ᠬᠥᠭ᠌ᠵᠢᠭᠦᠯᠬᠦ᠌᠎ᠳᠤ ᠮᠠᠰᠢ ᠶᠡᠭᠡ ᠬᠠᠪᠰᠤᠷᠤᠯᠭ᠎ᠠ ᠳᠡᠮᠵᠢᠯᠭᠡ ᠦᠵᠡᠭᠦᠯᠦᠭ᠌ᠰᠡᠨ ᠱᠢᠦ!》 ᠭᠡᠵᠦ᠍ ᠤᠳᠭᠤᠨᠪᠠᠭᠠᠲᠤᠷ ᠬᠡᠯᠡᠨ᠎ᠡ᠃

《ᠮᠠᠨ᠎ᠤ ᠬᠡᠷ 4 ᠬᠥᠮᠦᠨ ᠠᠮᠠ᠎ᠲᠠᠢ᠂ ᠡᠨᠡ ᠵᠢᠯ ᠥᠪᠡᠷ᠎ᠤᠨ ᠲᠡᠮᠡᠭᠡ ᠲᠡᠵᠢᠭᠡᠭ᠌ᠰᠡᠨ ᠣᠷᠣᠯᠭ᠎ᠠ᠎ᠠᠴᠠ ᠭᠠᠳᠠᠨ᠎ᠠ ᠤᠯᠤᠰ᠎ᠠᠴᠠ ᠣᠯᠭᠤᠭ᠍ᠰᠠᠨ ᠬᠦᠮᠦᠨ ᠪᠦᠷᠢ ᠵᠢᠯ᠎ᠳᠤ 1.5 ᠲᠦᠮᠡᠨ ᠲᠦᠭᠦᠷᠢᠭ᠎ᠤᠨ ᠨᠡᠢᠲᠡ᠎ᠶ᠋ᠢᠨ ᠠᠰᠠᠷᠠᠮᠵᠢ᠎ᠶ᠋ᠢᠨ ᠣᠶ᠎ᠶ᠋ᠢᠨ ᠨᠥᠬᠦᠪᠥᠷᠢ᠎ᠶ᠋ᠢ ᠨᠡᠮᠡᠪᠡᠯ ᠡᠨᠡ ᠵᠢᠯ᠎ᠤᠨ ᠬᠥᠮᠦᠨ ᠳᠤᠮᠳᠠᠴᠢ᠎ᠶ᠋ᠢᠨ ᠣᠷᠣᠯᠭ᠎ᠠ 5 ᠲᠦᠮᠡᠨ ᠲᠥᠭᠦᠷᠢᠭ᠎ᠢ ᠳᠠᠪᠠᠵᠤ᠂ ᠪᠦᠬᠦ᠌ ᠭᠡᠷ᠎ᠢᠶᠠᠷ᠎ᠢᠶᠠᠨ ᠳᠠᠷᠤᠶ 20 ᠲᠦᠮᠡᠨ ᠲᠥᠭᠦᠷᠢᠭ᠎ᠤᠨ ᠣᠷᠣᠯᠭ᠎ᠠ᠎ᠲᠠᠢ ᠪᠣᠯᠤᠨ᠎ᠠ》 ᠭᠡᠵᠦ᠍ ᠣᠳᠣ᠎ᠶ᠋ᠢᠨ ᠵᠣᠯ ᠵᠢᠷᠭᠠᠯᠲᠤ ᠠᠮᠢᠳᠤᠷᠠᠯ᠎ᠢᠶᠠᠨ ᠶᠠᠷᠢᠬᠤ᠎ᠪᠠᠷ᠂ ᠣᠳᠭᠤᠨᠪᠠᠭᠠᠲᠤᠷ ᠨᠢᠭᠤᠷ ᠳᠦᠭᠦᠷᠡᠩ ᠢᠨᠢᠶᠡᠲᠦ᠎ᠲᠠᠢ ᠪᠠᠢᠯ᠎ᠠ᠃ ᠡᠨᠡ ᠵᠢᠯ 33 ᠨᠠᠰᠤᠲᠠᠶ ᠤᠳᠭᠤᠨᠪᠠᠭᠠᠲᠤᠷ ᠪᠣᠯ ᠭᠠᠴᠠᠭᠠᠨ᠎ᠤ᠎ᠪᠠᠨ ᠨᠠᠮ᠎ᠤᠨ ᠡᠭᠦᠷ᠎ᠤᠨ ᠤᠬᠠᠭᠤᠯᠬᠤ ᠭᠡᠱᠢᠭᠦᠨ ᠶᠤᠮ᠃ ᠭᠡᠲᠡᠯ᠎ᠡ ᠬᠡᠳᠦᠨ ᠵᠢᠯ᠎ᠤᠨ ᠡᠮᠦᠨ᠎ᠡ᠂ ᠲᠡᠷᠡ ᠬᠠᠷᠢᠨ ᠨᠢᠭᠡᠨ ᠶᠠᠳᠠᠭᠤ ᠬᠦᠴᠢᠷᠳᠡᠯᠲᠡᠶ ᠡᠷᠦᠬᠡ ᠪᠠᠢᠭ᠍ᠰᠠᠨ ᠪᠢᠯᠡ᠃

ᠬᠠᠷᠠᠬᠠᠨ ᠪᠠᠭ᠎ᠠ᠎ᠠᠴᠠ᠎ᠪᠠᠨ ᠭᠤᠷᠪᠠᠨ ᠲᠤᠯᠭ᠎ᠠ ᠭᠠᠴᠠᠭ᠎ᠠ᠎ᠳᠤ ᠥᠰᠦᠭ᠌ᠰᠡᠨ ᠤᠳᠭᠤᠨᠪᠠᠭᠠᠲᠤᠷ ᠲᠡᠮᠡᠭᠡ ᠲᠡᠵᠢᠭᠡᠬᠦ᠌᠎ᠳᠤ ᠶᠡᠭᠡ ᠲᠤᠷᠱᠢᠯᠭ᠎ᠠ᠎ᠲᠠᠢ᠂ 2010 ᠣᠨ᠎ᠳᠤ ᠶᠡᠭᠡ ᠰᠤᠷᠭᠠᠭᠤᠯᠢ ᠲᠡᠭᠦᠰᠦᠭ᠌ᠰᠡᠨ᠎ᠤ ᠳᠠᠷᠠᠭ᠎ᠠ ᠨᠤᠲᠤᠭ᠎ᠲᠠᠭᠠᠨ ᠬᠠᠷᠢᠵᠤ ᠲᠡᠮᠡᠭᠡ ᠲᠡᠵᠢᠭᠡᠪᠡ᠃ ᠲᠡᠷᠡ ᠢᠩᠭᠡᠨ ᠰᠦ ᠪᠣᠷᠣᠯᠠᠭᠤᠯᠬᠤ ᠠᠷᠭ᠎ᠠ ᠵᠠᠮ᠎ᠢ ᠣᠢᠯᠠᠭᠠᠬᠤ ᠦᠭᠡᠢ ᠮᠥᠷᠲᠡᠭᠡᠨ ᠪᠡᠯᠡ ᠮᠥᠩᠭᠦ᠌ ᠳᠤᠲᠠᠮᠠᠭ᠎ᠠᠴᠠ ᠲᠡᠮᠡᠭᠡ ᠲᠡᠵᠢᠭᠡᠬᠦ᠌ ᠦᠢᠯᠡᠰ᠎ᠨᠢ ᠬᠦᠴᠢᠷ ᠲᠦᠪᠡᠭ᠎ᠲᠠᠢ ᠪᠠᠢᠯ᠎ᠠ᠃ 2014 ᠣᠨ᠎ᠳᠤ ᠲᠡᠷᠡ ᠳᠠᠩᠰᠠᠯᠠᠵᠤ ᠺᠠᠷᠳ᠋ᠯᠠᠭ᠍ᠰᠠᠨ ᠶᠠᠳᠠᠭᠤ ᠬᠦᠴᠢᠷᠳᠡᠯᠲᠡᠶ ᠡᠷᠦᠬᠡ᠎ᠪᠠᠷ ᠦᠨᠡᠯᠡᠭ᠌ᠳᠡᠵᠦ᠍᠂ ᠲᠡᠭᠦᠨ᠎ᠤ ᠲᠡᠮᠡᠭᠡ ᠲᠡᠵᠢᠭᠡᠬᠦ᠌ ᠠᠵᠤ ᠦᠢᠯᠡᠰ᠎ᠤᠨ ᠬᠦᠴᠢᠷᠳᠡᠯ᠎ᠢ ᠱᠢᠢᠳᠪᠦᠷᠢᠯᠡᠬᠦ᠌᠎ᠶ᠋ᠢᠨ ᠲᠥᠯᠥᠭᠡ ᠭᠠᠴᠠᠭᠠᠨ᠎ᠤ ᠬᠤᠶᠠᠷ ᠵᠥᠪᠯᠡᠯ ᠪᠣᠯᠤᠨ ᠲᠤᠰᠭᠤᠨ᠎ᠳᠤ ᠰᠠᠭᠤᠭ᠎ᠠ ᠠᠵᠢᠯᠯᠠᠬᠤ ᠠᠩᠭᠢ᠎ᠶ᠋ᠢᠨ᠎ᠬᠢᠨ ᠣᠯᠠᠨ ᠤᠳᠠᠭ᠎ᠠ ᠭᠡᠷ᠎ᠲᠤᠨᠢ ᠬᠦᠷᠴᠦ᠍᠂ ᠦᠢᠯᠡᠳᠪᠦᠷᠢᠯᠡᠯ ᠡᠵᠡᠩᠨᠡᠯᠲᠡ᠎ᠶ᠋ᠢᠨ ᠪᠠᠢᠳᠠᠯ᠎ᠢ᠎ᠨᠢ ᠣᠢᠯᠠᠭᠠᠵᠤ᠂ ᠲᠡᠭᠦᠨ᠎ᠢ ᠬᠠᠪᠰᠤᠷᠤᠨ ᠵᠢᠭᠡᠯᠡᠯᠭᠡ᠎ᠶ᠋ᠢᠨ ᠮᠦᠩᠭᠦ᠌ ᠭᠤᠶᠤᠴᠢᠯᠠᠵᠤ ᠦᠭ᠌ᠪᠡ᠃

ᠵᠠᠰᠠᠭ᠎ᠤᠨ ᠣᠷᠳᠣᠨ᠎ᠤ ᠬᠠᠪᠰᠤᠷᠤᠯᠭ᠎ᠠ᠎ᠪᠠᠷ᠂ ᠠᠵᠢᠯᠴᠢ ᠬᠥᠳᠡᠯᠮᠦᠷᠢᠴᠢ ᠤᠳᠭᠤᠨᠪᠠᠭᠠᠲᠤᠷ ᠶᠡᠷᠦᠨᠢ ᠲᠩᠷᠢ ᠭᠡᠭᠡᠷᠡᠬᠦ᠌᠎ᠠᠴᠠ ᠡᠮᠦᠨ᠎ᠡ ᠪᠣᠰᠴᠤ᠌᠂ ᠡᠳᠦᠷ ᠪᠦᠷᠢ ᠲᠡᠮᠡᠭᠡᠨ ᠰᠦᠷᠦᠭ᠎ᠲᠡᠭᠡᠨ ᠴᠠᠭ ᠲᠤᠬᠠᠶ᠎ᠳᠤᠨᠢ ᠲᠡᠵᠢᠭᠡᠯ ᠪᠤᠷᠳᠤᠭᠤᠷ ᠨᠥᠬᠦᠪᠥᠷᠢᠯᠡᠨ᠂ ᠤᠰᠤᠯᠠᠵᠤ᠂ ᠲᠠᠷᠭᠤ ᠬᠦᠴᠦ᠎ᠶ᠋ᠢ᠎ᠨᠢ ᠪᠠᠢᠴᠠᠭᠠᠵᠤ ᠠᠯᠢᠪᠠ ᠪᠦᠬᠦᠨ᠎ᠢ ᠪᠦᠷ ᠡᠮᠬᠢ ᠴᠡᠭ᠌ᠴᠡ᠎ᠲᠠᠢ ᠲᠣᠬᠢᠷᠠᠭᠤᠯᠲᠠᠬ ᠪᠠᠢᠯ᠎ᠠ᠃ ᠶᠠᠭ ᠡᠨᠡ ᠦᠶ᠎ᠡ᠎ᠳᠤ ᠠᠯᠠᠱᠠ ᠪᠠᠷᠠᠭᠤᠨ ᠬᠤᠱᠢᠭᠤ ᠲᠡᠮᠡᠭᠡᠨ᠎ᠤ ᠠᠵᠤ ᠦᠢᠯᠡᠰ᠎ᠤᠨ ᠬᠥᠭ᠌ᠵᠢᠯᠲᠡ᠎ᠶ᠋ᠢ ᠵᠣᠷᠢᠭ᠍ᠵᠢᠭᠤᠯᠬᠤ ᠠᠯᠢ ᠣᠯᠠᠨ ᠲᠥᠷᠥ᠎ᠶ᠋ᠢᠨ ᠪᠣᠳᠣᠯᠭ᠎ᠠ᠎ᠶ᠋ᠢ ᠬᠡᠷᠡᠭ᠌ᠵᠢᠭᠦᠯᠬᠦ᠌᠎ᠶ᠋ᠢ ᠳᠠᠭᠠᠯᠳᠤᠨ᠂ ᠲᠣᠰ ᠬᠤᠱᠢᠭᠤᠨ᠎ᠤ ᠢᠩᠭᠡᠨ ᠰᠦ ᠦᠢᠯᠡᠳᠪᠦᠷᠢᠯᠡᠬᠦ᠌ ᠠᠵᠤ ᠠᠬᠤᠢᠯᠠᠯ ᠴᠦ᠍ ᠬᠦᠭ᠌ᠵᠢᠵᠦ᠍ ᠡᠬᠢᠯᠡᠯ᠎ᠡ᠃ 2017 ᠣᠨ᠎ᠳᠤ᠂ ᠤᠳᠭᠤᠨᠪᠠᠭᠠᠲᠤᠷ ᠲᠣᠭ᠍ᠲᠠᠭᠤᠨ᠎ᠢᠶᠠᠷ ᠶᠠᠳᠠᠭᠤ᠎ᠠᠴᠠ ᠠᠩᠭᠢᠵᠢᠷᠠᠪᠠ᠃ 2019 ᠣᠨ᠎ᠳᠤ᠂ ᠲᠡᠷᠡ 600 ᠲᠡᠭ᠌ᠰᠢ ᠳᠥᠷᠪᠡᠯᠵᠢᠨ ᠮᠧᠲᠷ᠎ᠤᠨ ᠲᠡᠮᠡᠭᠡᠨ ᠬᠠᠱᠢᠶ᠎ᠠ ᠪᠠᠷᠢᠵᠤ ᠲᠡᠵᠢᠭᠡᠨ ᠦᠷᠡᠵᠢᠭᠦᠯᠬᠦ᠌ ᠬᠡᠪᠴᠢᠶ᠎ᠡ᠎ᠪᠠᠨ ᠥᠷᠭᠡᠳᠭᠡᠵᠦ᠍᠂ ᠡᠭᠦᠨ᠎ᠳᠤ ᠵᠠᠰᠠᠭ᠎ᠤᠨ ᠣᠷᠳᠣᠨ᠎ᠠᠴᠠ ᠲᠡᠭᠦᠨ᠎ᠳᠤ 12 ᠲᠦᠮᠡᠨ ᠲᠥᠭᠦᠷᠢᠭ᠎ᠤᠨ ᠨᠥᠬᠦᠪᠥᠷᠢ ᠥᠭ᠌ᠴᠡᠶ᠃ ᠤᠳᠤ ᠪᠤᠯᠬᠤ᠎ᠳᠤ᠂ ᠲᠡᠭᠦᠨ᠎ᠤ ᠭᠡᠷ᠎ᠤᠨ ᠵᠢᠯ ᠪᠦᠷᠢ᠎ᠶ᠋ᠢᠨ ᠢᠩᠭᠡᠨ ᠰᠦ᠎ᠪᠠᠨ ᠬᠤᠳᠠᠯᠳᠤᠭ᠍ᠰᠠᠨ ᠣᠷᠣᠯᠭ᠎ᠠ᠎ᠨᠢ ᠳᠠᠷᠤᠢ 8 ᠲᠦᠮᠡᠨ ᠲᠥᠭᠦᠷᠢᠭ᠎ᠲᠤ ᠬᠦᠷᠴᠦ᠍ ᠪᠠᠢᠨ᠎ᠠ᠃

《ᠪᠢ ᠥᠪᠡᠷ᠎ᠢᠶᠠᠨ ᠶᠠᠳᠠᠭᠤ᠎ᠠᠴᠠ ᠠᠩᠭᠢᠵᠢᠷᠠᠨ ᠪᠠᠶᠠᠵᠢᠯ᠎ᠠ᠂ ᠭᠡᠪᠡᠴᠦ᠍ ᠥᠪᠡᠷ᠎ᠢᠶᠠᠨ ᠪᠠᠶᠠᠵᠢᠬᠤ᠎ᠨᠢ ᠪᠠᠶᠠᠵᠢᠭ᠍ᠰᠠᠨ᠎ᠳᠤ ᠲᠣᠭᠠᠴᠠᠭ᠍ᠳᠠᠬᠤ ᠦᠭᠡᠢ᠂ ᠵᠥᠪᠬᠡᠨ ᠪᠦᠬᠦ᠌ ᠭᠠᠴᠠᠭᠠᠨ᠎ᠤ ᠶᠠᠳᠠᠭᠤ ᠮᠠᠯᠴᠢᠳ᠎ᠢᠶᠠᠨ ᠶᠠᠳᠠᠭᠤ᠎ᠠᠴᠠ ᠠᠩᠭᠢᠵᠢᠷᠠᠭᠤᠯᠤᠨ ᠪᠠᠶᠠᠵᠢᠭᠤᠯᠪᠠᠯ ᠰᠠᠶᠢ ᠪᠠᠶᠠᠵᠢᠭ᠍ᠰᠠᠨ᠎ᠳᠤ ᠲᠣᠭᠠᠴᠠᠭ᠍ᠳᠠᠨ᠎ᠠ!》 ᠭᠡᠵᠦ᠍ ᠤᠳᠭᠤᠨᠪᠠᠭᠠᠲᠤᠷ ᠶᠠᠷᠢᠨ᠎ᠠ᠃ ᠤᠳᠭᠤᠨᠪᠠᠭᠠᠲᠤᠷ ᠣᠯᠠᠨ ᠵᠢᠯ ᠲᠡᠮᠡᠭᠡ ᠲᠡᠵᠢᠭᠡᠭ᠌ᠰᠡᠨ ᠪᠠᠶᠠᠯᠢᠭ ᠲᠤᠷᠱᠢᠯᠭ᠎ᠠ᠎ᠲᠠᠢ ᠳᠠᠪᠠᠭᠤᠯᠢᠭ᠎ᠢᠶᠠᠷ᠎ᠢᠶᠠᠨ ᠮᠠᠯᠴᠢᠳ᠎ᠤᠨ ᠲᠡᠮᠡᠭᠡ ᠲᠡᠵᠢᠭᠡᠬᠦ᠌ ᠬᠠᠪᠰᠤᠷᠤᠨ ᠵᠢᠯᠣᠭᠤᠳᠤᠭ᠍ᠴᠢ ᠪᠣᠯᠪᠠ᠃ ᠲᠡᠷᠡ ᠲᠡᠮᠡᠭᠡ ᠲᠡᠵᠢᠭᠡᠭ᠌ᠰᠡᠨ ᠳᠠᠪᠠᠭᠤᠯᠢᠭ᠎ᠢᠶᠠᠨ ᠪᠠᠳᠠᠷᠠᠭᠤᠯᠤᠨ ᠶᠠᠳᠠᠭᠤ ᠬᠦᠴᠢᠷᠳᠡᠯᠲᠡᠶ ᠡᠷᠦᠬᠡ ᠵᠢᠴᠢ ᠭᠠᠴᠠᠭ᠎ᠠ᠎ᠶ᠋ᠢᠨ ᠲᠡᠮᠡᠭᠡᠴᠢᠨ ᠡᠷᠦᠬᠡ᠎ᠳᠤ ᠬᠦᠷᠴᠦ᠍᠂ ᠲᠡᠮᠡᠭᠡ ᠲᠡᠵᠢᠭᠡᠭ᠌ᠰᠡᠨ ᠲᠤᠷᠱᠢᠯᠭ᠎ᠠ᠎ᠪᠠᠨ ᠢᠳᠡᠪᠬᠢᠲᠡᠢ ᠬᠤᠪᠢᠶᠠᠯᠴᠠᠨ᠂ ᠱᠢᠨᠵᠢᠯᠡᠬᠦ᠌ ᠤᠬᠠᠭᠠᠨᠴᠢ᠎ᠪᠠᠷ ᠲᠡᠵᠢᠭᠡᠨ ᠦᠷᠡᠵᠢᠭᠦᠯᠬᠦ᠌ ᠠᠷᠭ᠎ᠠ᠎ᠶ᠋ᠢ ᠤᠯᠠᠮᠵᠢᠯᠠᠵᠤ᠂ ᠭᠠᠴᠠᠭ᠎ᠠ᠎ᠶ᠋ᠢᠨ ᠲᠡᠮᠡᠭᠡᠴᠢᠨ ᠡᠷᠦᠬᠡ᠎ᠶ᠋ᠢ ᠵᠢᠯᠣᠭᠤᠳᠤᠨ ᠱᠢᠨᠵᠢᠯᠡᠬᠦ᠌ ᠤᠬᠠᠭᠠᠨᠴᠢ᠎ᠪᠠᠷ ᠲᠡᠵᠢᠭᠡᠨ ᠦᠷᠡᠵᠢᠭᠦᠯᠬᠦ᠌ ᠬᠥᠭ᠌ᠵᠢᠯᠲᠡ᠎ᠶ᠋ᠢᠨ ᠱᠢᠨ᠎ᠡ ᠵᠠᠮ᠎ᠢᠶᠠᠷ ᠵᠠᠮᠨᠠᠭᠤᠯᠬᠤ᠎ᠶ᠋ᠢᠨ ᠬᠠᠮᠲᠤ ᠭᠠᠴᠠᠭᠠᠨ᠎ᠤ ᠤᠳᠤᠷᠢᠳᠤᠯᠭ᠎ᠠ᠎ᠳᠤ ᠲᠡᠮᠡᠭᠡᠨ ᠰᠣᠶᠣᠯ᠎ᠤᠨ ᠬᠥᠭ᠌ᠵᠢᠯᠲᠡ᠎ᠪᠠᠷ ᠲᠡᠮᠡᠭᠡ ᠲᠡᠵᠢᠭᠡᠬᠦ᠌ ᠠᠵᠤ ᠦᠢᠯᠡᠰ᠎ᠤᠨ ᠬᠥᠭ᠌ᠵᠢᠯᠲᠡ᠎ᠶ᠋ᠢ ᠳᠠᠢᠴᠢᠯᠠᠬᠤ ᠰᠡᠳᠭᠢᠴᠡ᠎ᠶ᠋ᠢ ᠳᠤᠷᠠᠳᠤᠭ᠍ᠰᠠᠨ ᠪᠠᠢᠨ᠎ᠠ᠃

ᠲᠡᠷᠡ ᠭᠠᠴᠠᠭᠠᠨ᠎ᠤ ᠬᠤᠶᠠᠷ ᠵᠥᠪᠯᠡᠯ᠎ᠤᠨ ᠤᠳᠤᠷᠢᠳᠭᠤ ᠪᠠᠭ᠎ᠲᠠᠢ᠎ᠪᠠᠨ ᠬᠠᠮᠲᠤ ᠭᠠᠴᠠᠭᠠᠨ᠎ᠤ᠎ᠪᠠᠨ ᠥᠨᠢ ᠤᠳᠠᠭᠠᠨ ᠲᠡᠮᠡᠭᠡ ᠲᠡᠵᠢᠭᠡᠭ᠌ᠰᠡᠨ ᠲᠡᠦᠬᠡ᠎ᠲᠠᠢ ᠤᠶᠠᠯᠳᠤᠭᠤᠯᠤᠨ᠂ ᠲᠡᠮᠡᠭᠡᠨ ᠪᠥᠮᠪᠦᠭᠡ᠎ᠶ᠋ᠢᠨ ᠲᠠᠮᠢᠷ᠎ᠤᠨ ᠲᠥᠷᠥᠯ ᠵᠦᠢᠯ᠎ᠢ ᠣᠷᠣᠭᠤᠯᠤᠨ ᠠᠪᠴᠢᠷᠠᠵᠤ᠂ ᠠᠯᠠᠱᠠ ᠪᠠᠷᠠᠭᠤᠨ ᠬᠤᠱᠢᠭᠤᠨ᠎ᠤ ᠠᠩᠬᠠᠳᠠᠭ᠍ᠴᠢ ᠲᠡᠮᠡᠭᠡᠨ ᠪᠥᠮᠪᠦᠭᠡ᠎ᠶ᠋ᠢᠨ ᠨᠡᠢᠭᠡᠮᠯᠢᠭ᠎ᠢ ᠪᠠᠢᠭᠤᠯᠤᠨ᠂ ᠪᠠᠷᠢᠮᠵᠢᠶᠠᠵᠢᠭ᠍ᠰᠠᠨ ᠲᠡᠮᠡᠭᠡᠨ ᠪᠥᠮᠪᠥᠭᠡᠨ ᠲᠠᠯᠠᠪᠠᠢ ᠪᠠᠢᠭᠤᠯᠵᠤ᠂ ᠭᠠᠴᠠᠭᠠᠨ᠎ᠤ ᠵᠠᠯᠠᠭᠤ ᠮᠠᠯᠴᠢᠳ᠎ᠢ ᠵᠣᠬᠢᠶᠠᠨ ᠪᠠᠢᠭᠤᠯᠤᠨ ᠲᠡᠮᠡᠭᠡᠨ ᠪᠥᠮᠪᠥᠭᠡᠨ ᠠᠩᠭᠢ ᠪᠠᠢᠭᠤᠯᠤᠨ᠂ ᠪᠠᠰᠠ ᠭᠠᠳᠠᠨ᠎ᠠ᠎ᠠᠴᠠ ᠲᠤᠰᠭᠠᠶ ᠮᠡᠷᠭᠡᠵᠢᠯᠲᠡᠨ ᠤᠷᠢᠵᠤ ᠲᠡᠮᠡᠭᠡᠨ ᠪᠥᠮᠪᠥᠭᠡᠨ ᠠᠩᠭᠢ᠎ᠳᠤ ᠨᠠᠷᠢᠨ ᠬᠢᠨᠠᠮᠠᠭᠠᠢ ᠪᠣᠯᠪᠠᠰᠤᠷᠠᠯ ᠬᠢᠯᠭᠡᠵᠦ᠍᠂ ᠭᠠᠳᠠᠭ᠍ᠰᠢ ᠶᠠᠪᠤᠵᠤ ᠤᠷᠤᠯᠳᠤᠭᠠᠨ᠎ᠳᠤ ᠣᠷᠣᠯᠴᠠᠭᠤᠯᠤᠨ᠂ ᠪᠠᠰᠠ ᠲᠤᠰ ᠭᠠᠵᠠᠷ᠎ᠲᠠᠭᠠᠨ ᠲᠡᠮᠡᠭᠡᠨ ᠰᠣᠶᠣᠯ᠎ᠤᠨ ᠨᠠᠢᠷ ᠵᠡᠷᠭᠡ ᠥᠪᠡᠷ᠎ᠲᠡᠭᠡᠨ ᠡᠷᠬᠢᠯᠡᠭ᠌ᠰᠡᠨ ᠰᠣᠶᠣᠯ ᠲᠠᠮᠢᠷ᠎ᠤᠨ ᠬᠥᠳᠡᠯᠭᠡᠭᠡᠨ ᠦᠷᠨᠢᠭᠦᠯᠦᠭ᠌ᠰᠡᠨ ᠪᠠᠢᠨ᠎ᠠ᠃ ᠣᠳᠣᠬᠠᠨ᠎ᠳᠤ᠂ ᠭᠠᠴᠠᠭᠠᠨ᠎ᠤ ᠲᠡᠮᠡᠭᠡᠨ ᠪᠥᠮᠪᠥᠭᠡᠨ ᠠᠩᠭᠢ᠎ᠨᠢ ᠪᠥᠬᠦ᠌ ᠬᠤᠱᠢᠭᠤᠨ᠎ᠳᠤ ᠨᠡᠷ᠎ᠡ ᠠᠯᠳᠠᠷᠱᠢᠵᠤ᠂ ᠭᠠᠴᠠᠭᠠᠨ᠎ᠤ ᠥᠪᠡᠷ᠎ᠲᠡᠭᠡᠨ ᠡᠷᠭᠢᠯᠡᠭ᠌ᠰᠡᠨ ᠲᠡᠮᠡᠭᠡᠨ ᠰᠣᠶᠣᠯ᠎ᠤᠨ ᠨᠠᠢᠷ᠎ᠨᠢ ᠴᠦ᠍ ᠬᠤᠯᠠ ᠣᠢᠷ᠎ᠠ᠎ᠳᠤ ᠠᠯᠳᠠᠷᠱᠢᠭ᠍ᠰᠠᠨ ᠰᠣᠶᠣᠯ ᠲᠠᠮᠢᠷ᠎ᠤᠨ ᠦᠪᠡᠳᠡᠭ᠌ᠰᠢ ᠴᠤᠭ᠍ᠯᠠᠭᠠᠨ ᠪᠣᠯᠤᠭ᠍ᠰᠠᠨ ᠪᠠᠢᠨ᠎ᠠ᠃

ᠣᠳᠭᠤᠨᠪᠠᠭᠠᠲᠤᠷ ᠪᠤᠯᠤᠨ ᠭᠠᠴᠠᠭ᠎ᠠ᠎ᠶ᠋ᠢᠨ᠎ᠬᠢᠨ᠎ᠤ ᠴᠢᠷᠮᠠᠢᠯᠭ᠎ᠠ᠎ᠪᠠᠷ ᠣᠯᠠᠨ ᠲᠦᠮᠡᠨ᠎ᠤ ᠲᠡᠮᠡᠭᠡᠨ᠎ᠤ ᠠᠵᠤ ᠦᠶᠯᠡᠰ᠎ᠢ ᠬᠥᠭ᠌ᠵᠢᠭᠦᠯᠬᠦ᠌ ᠢᠳᠡᠪᠬᠢᠵᠢᠯ ᠶᠠᠪᠤᠬᠤ ᠲᠤᠲᠤᠮ ᠳᠡᠭᠡᠭ᠌ᠰᠢᠯᠡᠵᠦ᠍᠂ ᠲᠡᠵᠢᠭᠡᠨ ᠦᠷᠡᠵᠢᠭᠦᠯᠬᠦ᠌ ᠬᠡᠪ ᠵᠠᠭ᠍ᠪᠤᠷ᠎ᠨᠢ ᠴᠦ᠍ ᠤᠯᠠᠮᠵᠢᠯᠠᠯᠲᠤ ᠰᠤᠯᠠ ᠲᠡᠵᠢᠭᠡᠬᠦ᠌ ᠬᠡᠯᠪᠡᠷᠢ᠎ᠠᠴᠠ ᠣᠳᠣ᠎ᠶ᠋ᠢᠨ 《ᠨᠠᠮ᠎ᠤᠨ ᠡᠭᠦᠷ + ᠬᠤᠷᠱᠢᠶ᠎ᠠ + ᠮᠠᠯᠴᠢᠨ ᠲᠠᠷᠢᠶᠠᠴᠢᠨ》 ᠎ᠤ ᠣᠳᠣᠬᠢᠴᠢᠯᠠᠭ᠍ᠰᠠᠨ ᠱᠢᠨᠵᠢᠯᠡᠬᠦ᠌ ᠤᠬᠠᠭᠠᠨᠴᠢ ᠲᠡᠵᠢᠭᠡᠨ ᠦᠷᠡᠵᠢᠭᠦᠯᠬᠦ᠌ ᠬᠡᠪ ᠵᠠᠭ᠍ᠪᠤᠷ ᠪᠣᠯᠤᠨ ᠬᠤᠪᠢᠷᠠᠵᠤ᠂ ᠭᠠᠴᠠᠭᠠᠨ᠎ᠤ ᠶᠠᠳᠠᠭᠤ ᠬᠦᠴᠢᠷᠳᠡᠯᠲᠡᠢ ᠡᠷᠦᠬᠡ ᠲᠡᠮᠡᠭᠡᠨ᠎ᠤ ᠠᠵᠤ ᠦᠢᠯᠡᠰ᠎ᠲᠤ ᠲᠦᠱᠢᠭ᠌ᠯᠡᠨ ᠪᠦᠬᠦᠨ᠎ᠢᠶᠠᠷ᠎ᠢᠶᠠᠨ ᠶᠠᠳᠠᠭᠤ᠎ᠠᠴᠠ ᠠᠩᠭᠢᠵᠢᠷᠠᠭ᠍ᠰᠠᠨ ᠪᠠᠢᠨ᠎ᠠ᠃ 2019 ᠣᠨ᠎ᠳᠤ᠂ ᠭᠤᠷᠪᠠᠨ ᠲᠤᠯᠭ᠎ᠠ ᠭᠠᠴᠠᠭᠠᠨ᠎ᠤ ᠬᠠᠮᠲᠤ᠎ᠶ᠋ᠢᠨ ᠠᠵᠤ ᠠᠬᠤᠢ᠎ᠶ᠋ᠢᠨ ᠣᠷᠣᠯᠭ᠎ᠠ 5.08 ᠲᠦᠮᠡᠨ ᠲᠥᠭᠦᠷᠢᠭ ᠨᠡᠮᠡᠭ᠌ᠳᠡᠵᠦ᠍᠂ ᠲᠤᠭ᠍ᠲᠠᠭᠤᠨ᠎ᠢᠶᠠᠷ ᠶᠠᠳᠠᠭᠤ᠎ᠠᠴᠠ ᠠᠩᠭᠢᠵᠢᠷᠠᠭ᠍ᠰᠠᠨ ᠡᠷᠦᠬᠡ᠎ᠶ᠋ᠢᠨ ᠣᠷᠣᠯᠭ᠎ᠠ 2000 ᠲᠥᠭᠦᠷᠢᠭ᠎ᠠᠴᠠ ᠳᠡᠭᠡᠭ᠌ᠰᠢ ᠨᠡᠮᠡᠭ᠌ᠳᠡᠵᠦ᠍᠂ ᠡᠩ᠎ᠤᠨ ᠶᠠᠳᠠᠭᠤ᠎ᠠᠴᠠ ᠠᠩᠭᠢᠵᠢᠷᠠᠭ᠍ᠰᠠᠨ ᠡᠷᠦᠬᠡ᠎ᠶ᠋ᠢᠨ ᠣᠷᠣᠯᠭ᠎ᠠ 1 ᠲᠦᠮᠡᠨ ᠲᠥᠭᠦᠷᠢᠭ᠎ᠠᠴᠠ ᠳᠡᠭᠡᠭ᠌ᠰᠢ ᠨᠡᠮᠡᠭ᠌ᠳᠡᠭ᠌ᠰᠡᠨ ᠪᠠᠢᠨ᠎ᠠ᠃

《ᠤᠳᠤᠬᠠᠨ᠎ᠳᠤ ᠮᠠᠨ᠎ᠤ ᠭᠠᠴᠠᠭ᠎ᠠ ᠨᠢᠭᠡ ᠢᠩᠭᠡᠨ ᠰᠦ ᠪᠣᠯᠪᠠᠰᠤᠷᠠᠭᠤᠯᠬᠤ ᠦᠢᠯᠡᠳᠪᠦᠷᠢ ᠪᠠᠢᠭᠤᠯᠵᠤ᠂ ᠮᠠᠯᠴᠢᠳ ᠰᠦ ᠪᠣᠷᠣᠯᠠᠭᠤᠯᠬᠤ᠂ ᠰᠦ ᠬᠠᠳᠠᠭᠠᠯᠠᠬᠤ᠎ᠳᠤ ᠪᠦᠷ ᠤᠤᠯ᠎ᠤᠨ᠎ᠬᠢ᠎ᠠᠴᠠ ᠬᠤᠯᠠ ᠳᠥᠭᠦᠮ ᠪᠣᠯᠵᠠᠢ᠃ ᠲᠠᠷᠠᠭᠠᠴᠢ᠎ᠪᠠᠷ ᠪᠢᠳᠡ ᠭᠠᠴᠠᠭᠠᠨ᠎ᠤ ᠲᠡᠮᠡᠭᠡᠨ᠎ᠤ ᠠᠵᠤ ᠦᠢᠯᠡᠰ᠎ᠤᠨ ᠬᠥᠭ᠌ᠵᠢᠯᠲᠡ᠎ᠶ᠋ᠢᠨ ᠬᠡᠪᠴᠢᠶ᠎ᠡ᠎ᠪᠠᠨ ᠤᠯᠠᠮ ᠨᠢᠭᠡ ᠠᠯᠬᠤᠮ ᠥᠷᠭᠡᠳᠭᠡᠵᠦ᠍᠂ ᠭᠠᠴᠠᠭᠠᠨ᠎ᠤ ᠮᠠᠯᠴᠢᠨ ᠲᠠᠷᠢᠶᠠᠴᠢᠨ᠎ᠢᠶᠠᠨ ᠳᠠᠭᠠᠭᠤᠯᠤᠨ ᠲᠡᠮᠡᠭᠡ ᠲᠡᠵᠢᠭᠡᠵᠦ᠍ ᠪᠠᠶᠠᠵᠢᠬᠤ ᠳᠠᠷᠳᠠᠩ ᠵᠠᠮ᠎ᠢᠶᠠᠷ ᠦᠷᠭᠦᠯᠵᠢᠯᠡᠨ ᠤᠷᠤᠭ᠍ᠰᠢᠯᠠᠨ᠎ᠠ!》 ᠭᠡᠵᠦ᠍ ᠤᠳᠭᠤᠨᠪᠠᠭᠠᠲᠤᠷ ᠶᠠᠷᠢᠵᠤ ᠪᠠᠢᠯ᠎ᠠ᠃

[ᠰᠤᠷᠪᠤᠯᠵᠢᠯᠠᠭ᠍ᠴᠢ᠎ᠶ᠋ᠢᠨ ᠡᠪᠦᠷ ᠲᠡᠮᠳᠡᠭ᠌ᠯᠡᠯ  ]

6 ᠵᠢᠯ᠎ᠤᠨ ᠡᠮᠦᠨ᠎ᠡ᠂ ᠣᠳᠭᠤᠨᠪᠠᠭᠠᠲᠤᠷ ᠮᠥᠨ ᠯᠡ ᠳᠠᠩᠰᠠᠯᠠᠵᠤ ᠺᠠᠷᠳ᠋ᠯᠠᠭ᠍ᠰᠠᠨ ᠶᠠᠳᠠᠭᠤ ᠬᠦᠴᠢᠷᠳᠡᠯᠲᠡᠶ ᠡᠷᠦᠬᠡ ᠪᠠᠢᠯ᠎ᠠ᠃ 6 ᠵᠢᠯ᠎ᠤᠨ ᠲᠤᠷᠰᠢ᠂ ᠨᠠᠮ᠎ᠤᠨ ᠶᠠᠳᠠᠭᠤ᠎ᠠᠴᠠ ᠠᠩᠭᠢᠵᠢᠷᠠᠭᠤᠯᠬᠤ ᠪᠣᠭᠤᠮᠲᠠ ᠱᠢᠪᠲᠤᠯᠬᠤ ᠰᠠᠢᠨ ᠲᠥᠷᠥ᠎ᠶ᠋ᠢᠨ ᠪᠣᠳᠣᠯᠭ᠎ᠠ᠎ᠶ᠋ᠢᠨ ᠬᠠᠪᠰᠤᠷᠤᠯᠭ᠎ᠠ ᠳᠣᠣᠷ᠎ᠠ᠂ ᠲᠡᠷᠡ ᠥᠪᠡᠷ᠎ᠤᠨ ᠴᠥᠬᠦᠷᠡᠰᠢ ᠦᠭᠡᠢ ᠴᠢᠷᠮᠠᠢᠯᠭ᠎ᠠ᠎ᠪᠠᠷ᠎ᠢᠶᠠᠨ ᠲᠡᠮᠡᠭᠡᠨ᠎ᠤ ᠠᠵᠤ ᠦᠢᠯᠡᠰ᠎ᠢ ᠬᠥᠭ᠌ᠵᠢᠭᠦᠯᠵᠦ᠍᠂ ᠶᠠᠳᠠᠭᠤ᠎ᠠᠴᠠ ᠠᠩᠭᠢᠵᠢᠷᠠᠨ ᠪᠠᠶᠠᠵᠢᠯ᠎ᠤᠨ ᠵᠠᠮ᠎ᠢᠶᠠᠷ ᠵᠠᠮᠨᠠᠪᠠ᠃ ᠠᠵᠢᠯᠴᠢ ᠬᠥᠳᠡᠯᠮᠦᠷᠢᠴᠢ ᠣᠳᠭᠤᠨᠪᠠᠭᠠᠲᠤᠷ ᠦᠪᠡᠷ᠎ᠢᠶᠠᠨ ᠪᠠᠶᠠᠵᠢᠭ᠍ᠰᠠᠨ ᠴᠤ᠌ ᠨᠤᠲᠤᠭ᠎ᠤᠨ ᠬᠦᠮᠦᠰ᠎ᠢᠶᠠᠨ ᠮᠠᠷᠲᠠᠭ᠍ᠰᠠᠨ ᠦᠭᠡᠢ᠂ ᠲᠡᠷᠡ ᠥᠪᠡᠷ᠎ᠤᠨ᠎ᠢᠶᠠᠨ ᠭᠠᠴᠠᠭᠠᠨ᠎ᠤ ᠨᠠᠮ᠎ᠤᠨ ᠡᠭᠦᠷ᠎ᠤᠨ ᠤᠬᠠᠭᠤᠯᠬᠤ ᠭᠡᠱᠢᠭᠦᠨ ᠪᠣᠯᠤᠭ᠍ᠰᠠᠨ ᠡᠭᠦᠷᠭᠡ ᠬᠠᠷᠢᠭᠤᠴᠠᠯᠭ᠎ᠠ ᠪᠣᠯᠤᠨ ᠪᠠᠶᠠᠵᠢᠨ ᠴᠢᠨᠡᠭᠡᠯᠢᠭ᠌ᠵᠢᠬᠦ᠌ ᠳᠠᠭᠠᠭᠤᠯᠤᠭ᠍ᠴᠢ᠎ᠶ᠋ᠢᠨ ᠵᠢᠱ᠌ᠢᠶ᠎ᠡ ᠦᠵᠡᠭᠦᠯᠬᠦ᠌ ᠦᠢᠯᠡᠳᠦᠯ᠎ᠢᠶᠠᠨ ᠭᠦᠢᠴᠡᠳ ᠪᠠᠳᠠᠷᠠᠭᠤᠯᠵᠤ᠂ ᠶᠠᠳᠠᠭᠤ᠎ᠠᠴᠠ ᠠᠩᠭᠢᠵᠢᠷᠠᠭᠤᠯᠬᠤ ᠪᠣᠭᠤᠮᠲᠠ ᠱᠢᠪᠲᠤᠯᠬᠤ ᠲᠥᠷᠥ᠎ᠶ᠋ᠢᠨ ᠪᠣᠳᠣᠯᠭ᠎ᠠ᠎ᠶ᠋ᠢ ᠤᠬᠠᠭᠤᠯᠬᠤ ᠪᠠ ᠭᠠᠴᠠᠭᠠᠨ᠎ᠤ ᠶᠠᠳᠠᠭᠤ ᠬᠦᠴᠢᠷᠳᠡᠯᠲᠡᠶ ᠡᠷᠦᠬᠡ᠎ᠶ᠋ᠢ ᠬᠠᠪᠰᠤᠷᠤᠨ ᠲᠡᠳᠬᠦᠵᠦ᠍ ᠶᠠᠳᠠᠭᠤ᠎ᠠᠴᠠ᠎ᠨᠢ ᠠᠩᠭᠢᠵᠢᠷᠠᠭᠤᠯᠤᠨ ᠪᠠᠶᠠᠵᠢᠭᠤᠯᠬᠤ ᠠᠵᠢᠯ᠎ᠳᠤ ᠣᠷᠣᠯᠴᠠᠨ᠂ ᠶᠠᠳᠠᠭᠤ ᠬᠦᠴᠢᠷᠳᠡᠯᠲᠡᠶ ᠡᠷᠦᠬᠡ᠎ᠶ᠋ᠢ ᠶᠠᠳᠠᠭᠤ᠎ᠠᠴᠠ ᠠᠩᠭᠢᠵᠢᠷᠠᠨ ᠪᠠᠶᠠᠵᠢᠬᠤ ᠰᠠᠷᠠᠭᠤᠯ ᠳᠠᠷᠳᠠᠩ ᠵᠠᠮ᠎ᠢᠶᠠᠷ ᠵᠠᠮᠨᠠᠭᠤᠯᠵᠤ᠂ ᠣᠬᠤᠷᠬᠠᠨ ᠬᠡᠳᠦᠨ ᠵᠢᠯ᠎ᠤᠨ ᠳᠣᠲᠣᠷ᠎ᠠ᠂ ᠭᠠᠴᠠᠭᠠᠨ᠎ᠤ ᠶᠠᠳᠠᠭᠤ ᠬᠦᠴᠢᠷᠳᠡᠯᠲᠡᠶ ᠡᠷᠦᠬᠡ ᠲᠡᠮᠡᠭᠡᠨ᠎ᠤ ᠠᠵᠤ ᠦᠢᠯᠡᠰ᠎ᠢ ᠬᠥᠭ᠌ᠵᠢᠭᠦᠯᠬᠦ᠌᠎ᠳᠤ ᠲᠦᠱᠢᠭ᠌ᠯᠡᠨ ᠪᠦᠬᠦᠨ᠎ᠢᠶᠠᠷ᠎ᠢᠶᠠᠨ ᠶᠠᠳᠠᠭᠤ᠎ᠠᠴᠠ ᠠᠩᠭᠢᠵᠢᠷᠠᠭ᠍ᠰᠠᠨ ᠪᠠᠢᠨ᠎ᠠ᠃

ᠡᠪ ᠬᠠᠮᠲᠤ ᠨᠠᠮ᠎ᠤᠨ ᠭᠡᠱᠢᠭᠦᠨ ᠪᠤᠯᠤᠭ᠍ᠰᠠᠨ᠎ᠤ ᠬᠤᠪᠢ᠎ᠳᠤ ᠣᠳᠣᠬᠠᠨ᠎ᠳᠤ ᠤᠳᠭᠤᠨᠪᠠᠭᠠᠲᠤᠷ ᠮᠥᠨ ᠯᠡ ᠨᠠᠮ᠎ᠤᠨ ᠭᠡᠱᠢᠭᠦᠨ᠎ᠤ ᠬᠤᠱᠢᠭᠤᠴᠢ ᠵᠢᠱ᠌ᠢᠶᠠᠴᠢ ᠦᠢᠯᠡᠳᠦᠯ᠎ᠢᠶᠠᠨ ᠪᠠᠳᠠᠷᠠᠭᠤᠯᠵᠤ᠂ ᠲᠣᠰᠭᠤᠨ᠎ᠤ ᠣᠯᠠᠨ ᠲᠦᠮᠡᠨ᠎ᠢᠶᠠᠨ ᠪᠠᠶᠠᠵᠢᠨ ᠴᠢᠨᠡᠭᠡᠯᠢᠭ᠌ᠵᠢᠬᠦᠯᠬᠦ᠌᠎ᠶ᠋ᠢᠨ ᠲᠥᠯᠥᠭᠡ ᠲᠡᠮᠡᠴᠡᠵᠦ᠍ ᠪᠠᠢᠨ᠎ᠠ᠃ ᠲᠡᠭᠦᠨ᠎ᠤ ᠦᠢᠯᠡ ᠠᠵᠢᠯᠯᠠᠭ᠎ᠠ᠎ᠨᠢ ᠤᠳᠤ ᠦᠶ᠎ᠡ᠎ᠶ᠋ᠢᠨ ᠡᠪ ᠬᠠᠮᠲᠤ ᠨᠠᠮ᠎ᠤᠨ ᠭᠡᠱᠢᠭᠦᠨ᠎ᠤ ᠬᠠᠢᠷ᠎ᠠ ᠰᠡᠳᠭᠢᠯᠭᠡ ᠪᠠ ᠡᠭᠦᠷᠭᠡᠯᠡᠯ᠎ᠢ ᠭᠦᠢᠴᠡᠳ ᠢᠯᠡᠷᠡᠭᠦᠯᠦᠭ᠌ᠰᠡᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠼᠠᠢ ᠬᠤᠩ
ᠦᠪᠦᠷ ᠮᠤᠩᠭᠤᠯ᠎ᠤᠨ ᠡᠳᠦᠷ᠎ᠤᠨ ᠰᠤᠨᠢᠨ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号