ᠴᠢᠯᠠᠭᠤᠨ ᠳᠡᠭᠡᠷᠡᠬᠢ ᠤᠷᠠᠨ ᠵᠢᠷᠤᠭ
2020-07-18 12:46:37
ᠵᠣᠬᠢᠶᠠᠭ᠍ᠴᠢ᠄
ᠢᠦᠢ ᠬᠠᠢ ᠳ᠋ᠥᠩ ᠬᠤᠤ ᠪᠢᠶᠤᠤ
ᠣᠩᠱᠢᠭ᠍ᠰᠠᠨ ᠣᠳᠠᠭ᠎ᠠ᠄
★★★☆☆

 ᠦᠩᠭᠡ ᠪᠤᠳᠤᠭ᠎ᠨᠢ ᠢᠯᠭᠠᠷᠠᠨ ᠦᠨᠡᠬᠡᠷ ᠬᠠᠴᠢᠨ ᠰᠠᠢᠬᠠᠨ ᠴᠢᠯᠠᠭᠤᠨ ᠵᠢᠷᠤᠭ᠎ᠤᠳ ᠪᠠᠢᠯ᠎ᠠ᠃ ᠦᠬᠠᠢ ᠬᠤᠳᠠ᠎ᠶ᠋ᠢᠨ ᠬᠠᠢᠷᠤᠪ᠎ᠤᠨ ᠲᠤᠬᠤᠢ ᠲᠤᠭᠤᠷᠢᠭ᠎ᠤᠨ ᠤᠷᠠᠨ ᠪᠢᠴᠢᠯᠭᠡ ᠤᠷᠠᠨ ᠵᠢᠷᠤᠭ᠎ᠤᠨ ᠬᠦᠷᠢᠶᠡᠯᠡᠩ᠎ᠤᠨ ᠳᠠᠷᠤᠭ᠎ᠠ ᠯᠦ᠍ ᠲᠢᠩ᠎ᠤᠨ ᠦᠵᠦᠭ ᠪᠢᠷ᠎ᠤᠨ ᠷᠢᠳᠢ ᠱᠢᠳᠢ᠎ᠪᠠᠷ ᠬᠠᠳᠤᠨ ᠭᠤᠤᠯ᠎ᠤᠨ ᠡᠭᠡᠯ ᠵᠢᠷ᠎ᠤᠨ ᠪᠦᠳᠦᠭᠦᠯᠢᠭ ᠴᠢᠯᠠᠭᠤ᠎ᠨᠤᠭᠤᠳ᠎ᠨᠢ ᠵᠦᠢᠯ ᠪᠦᠷᠢ᠎ᠶ᠋ᠢᠨ ᠦᠩᠭᠡ᠎ᠪᠠᠷ ᠪᠤᠳᠤᠭ᠍ᠳᠠᠵᠤ᠂ ᠶᠠᠭ ᠯᠠ ᠠᠮᠢᠯᠠᠭ᠍ᠰᠠᠨ ᠡᠷᠳᠡᠨᠢ ᠮᠡᠳᠦ ᠪᠤᠯᠵᠠᠢ᠃ ᠲᠦᠷᠦᠭᠦᠬᠡᠨ᠂ ᠰᠤᠷᠪᠤᠯᠵᠢᠯᠠᠭ᠍ᠴᠢ ᠬᠠᠢᠷᠤᠪ᠎ᠤᠨ ᠲᠤᠬᠤᠢ ᠲᠤᠭᠤᠷᠢᠭ᠎ᠤᠨ ᠰᠠᠢᠬᠠᠬᠤᠰᠤ ᠲᠤᠰᠭᠤᠨ᠎ᠳᠤ ᠪᠠᠢᠷᠢᠯᠠᠭ᠎ᠠ ᠬᠠᠳᠤᠨ ᠭᠤᠤᠯ᠎ᠤᠨ ᠴᠢᠯᠠᠭᠤᠨ᠎ᠤ ᠪᠤᠳᠤᠭ᠍ᠳᠤ ᠵᠢᠷᠤᠭ᠎ᠤᠨ ᠲᠠᠰᠤᠭ᠎ᠲᠤ ᠤᠷᠤᠬᠤ᠎ᠳᠤ ᠦᠩᠭᠡᠯᠡᠵᠤ ᠪᠤᠳᠤᠭ᠍ᠰᠠᠨ ᠬᠠᠳᠤᠨ ᠭᠤᠤᠯ᠎ᠤᠨ ᠴᠢᠯᠠᠭᠤ᠎ᠨᠤᠭᠤᠳ ᠬᠠᠷᠠᠭᠠᠨ᠎ᠳᠤ ᠳᠤᠳᠤᠷᠠᠵᠦ᠍ ᠭᠠᠢᠬᠠᠰᠢ ᠠᠯᠳᠠᠭᠤᠯᠤᠮ᠎ᠠ ᠭᠤᠢᠳᠠ ᠰᠠᠢᠬᠠᠨ ᠬᠠᠷᠠᠭ᠍ᠳᠠᠵᠤ ᠪᠠᠢᠯ᠎ᠠ᠃
 
 未标题-2.jpg

ᠦᠪᠦᠷ ᠮᠤᠩᠭᠤᠯ᠎ᠤᠨ ᠪᠠᠭ᠍ᠰᠢ᠎ᠶ᠋ᠢᠨ ᠶᠡᠭᠡ ᠰᠤᠷᠭᠠᠭᠤᠯᠢ᠎ᠶ᠋ᠢᠨ ᠤᠷᠠᠨ ᠵᠢᠷᠤᠭ᠎ᠤᠨ ᠳᠡᠭᠡᠳᠤ ᠰᠤᠷᠭᠠᠭᠤᠯᠢ᠎ᠠᠴᠠ ᠲᠡᠭᠦᠰᠦᠭ᠌ᠰᠡᠨ ᠯᠦ᠍ ᠲᠢᠩ ᠪᠤᠯ ᠬᠠᠳᠤᠨ ᠭᠤᠤᠯ᠎ᠤᠨ ᠬᠦᠪᠡᠭᠡᠨ᠎ᠳᠤ ᠲᠦᠷᠦᠵᠤ ᠦᠰᠦᠭ᠌ᠰᠡᠨ ᠬᠦᠮᠦᠨ ᠠᠵᠢ᠃ 2016 ᠤᠨ᠎ᠳᠤ᠂ ᠨᠢᠭᠡᠨ ᠤᠳᠠᠭ᠎ᠠ᠎ᠶ᠋ᠢᠨ ᠭᠡᠨᠡᠳᠳᠡ᠎ᠶ᠋ᠢᠨ ᠳᠤᠬᠢᠶᠠᠯᠳᠤᠯ᠎ᠢᠶᠠᠷ᠂ ᠬᠠᠳᠤᠨ ᠭᠤᠤᠯ᠎ᠤᠨ ᠴᠢᠯᠠᠭᠤᠨ ᠳᠡᠭᠡᠷ᠎ᠠ ᠵᠢᠷᠤᠭ ᠵᠢᠷᠤᠬᠤ᠎ᠨᠢ ᠶᠡᠷᠦ᠍ ᠪᠤᠰᠤ᠎ᠶ᠋ᠢᠨ ᠰᠠᠢᠬᠠᠨ ᠪᠠᠢᠳᠠᠭ᠎ᠢ ᠲᠡᠷᠡ ᠤᠯᠵᠤ ᠮᠡᠳᠡᠪᠡ᠃ ᠲᠡᠷᠡ ᠦᠶ᠎ᠠ᠎ᠠᠴᠠ ᠲᠡᠷᠡ ᠬᠠᠳᠤᠨ ᠭᠤᠤᠯ᠎ᠤᠨ ᠬᠦᠪᠡᠭᠡ᠎ᠠᠴᠠ ᠶᠠᠩᠵᠤ ᠪᠦᠷᠢ᠎ᠶ᠋ᠢᠨ ᠴᠢᠯᠠᠭᠤ ᠡᠷᠢᠵᠤ᠂ ᠰᠤᠷᠤᠭ᠍ᠰᠠᠨ ᠡᠷᠳᠡᠮ᠎ᠢᠶᠠᠨ ᠠᠱᠢᠭ᠍ᠯᠠᠨ ᠴᠢᠯᠠᠭᠤᠨ ᠳᠡᠭᠡᠷ᠎ᠠ ᠦᠩᠭᠡ ᠪᠤᠳᠤᠭ ᠤᠷᠤᠭᠤᠯᠤᠨ ᠵᠢᠷᠤᠭ ᠵᠢᠷᠤᠵᠤ ᠡᠬᠢᠯᠡᠵᠠᠢ᠃ ᠲᠡᠭᠦᠨ᠎ᠤ ᠪᠢᠷ᠎ᠤᠨ ᠦᠵᠦᠭᠦᠷ ᠳᠤᠤᠷ᠎ᠠ᠂ ᠶᠠᠩᠵᠤ ᠪᠦᠷᠢ᠎ᠶ᠋ᠢᠨ ᠬᠡᠯᠪᠡᠷᠢ᠎ᠲᠠᠢ ᠪᠦᠳᠦᠭᠦᠯᠢᠭ ᠴᠢᠯᠠᠭᠤ᠎ᠨᠤᠭᠤᠳ᠎ᠨᠢ ᠬᠠᠴᠢᠨ ᠰᠤᠨᠢᠷᠬᠠᠯᠳᠠᠢ ᠤᠷᠠᠨ ᠪᠦᠲᠦᠭᠡᠯ᠎ᠤᠳ ᠪᠤᠯᠵᠤ ᠬᠤᠪᠢᠷᠠᠪᠠ᠃

3 ᠵᠢᠯ ᠭᠠᠷᠤᠢ᠎ᠶ᠋ᠢᠨ ᠬᠤᠭᠤᠴᠠᠭᠠᠨ᠎ᠳᠤ᠂ ᠯᠦ᠍ ᠲᠢᠩ ᠤᠷᠢᠳ ᠬᠤᠵᠢᠳ 《ᠡᠨᠡᠷᠢᠯᠳᠤ ᠭᠤᠤᠯ᠎ᠤᠨ ᠦᠯᠢᠭᠡᠷ》 《ᠡᠮᠦᠨᠡᠳᠤ᠎ᠶ᠋ᠢᠨ ᠳᠤᠯᠠᠭᠠᠨ ᠰᠠᠯᠬᠢ》 《ᠨᠠᠮᠤᠷ᠎ᠤᠨ ᠵᠦᠭᠡᠯᠡᠨ ᠰᠠᠯᠬᠢ》 ᠵᠡᠷᠭᠡ 40 ᠭᠠᠷᠤᠢ ᠬᠠᠳᠤᠨ ᠭᠤᠤᠯ᠎ᠤᠨ ᠴᠢᠯᠠᠭᠤᠨ᠎ᠤ ᠪᠤᠳᠤᠭ᠍ᠳᠤ ᠵᠢᠷᠤᠭ᠎ᠤᠨ ᠪᠦᠲᠦᠭᠡᠯ᠎ᠢ ᠵᠤᠬᠢᠶᠠᠵᠠᠢ᠃ ᠲᠡᠭᠦᠨ᠎ᠤ ᠪᠦᠲᠦᠭᠡᠯ ᠨᠢᠭᠡᠪᠦᠷᠢ᠎ᠠᠴᠠ ᠬᠠᠳᠤᠨ ᠭᠤᠤᠯ᠎ᠢᠶᠠᠨ ᠬᠠᠢᠷᠠᠯᠠᠬᠤ ᠰᠡᠳᠭᠢᠯᠭᠡ ᠤᠨᠳᠤᠷᠴᠤ᠌ ᠪᠠᠢᠳᠠᠭ᠃ 《ᠬᠠᠷᠠᠬᠠᠨ ᠪᠠᠭ᠎ᠠ᠎ᠠᠴᠠ᠎ᠪᠠᠨ ᠬᠠᠳᠤᠨ ᠭᠤᠤᠯ᠎ᠤᠨ ᠬᠦᠪᠡᠭᠡᠨ᠎ᠳᠤ ᠦᠰᠴᠤ᠌᠂ 〈ᠬᠠᠳᠤᠨ ᠡᠵᠢ〉 ᠎ᠶ᠋ᠢᠨ ᠳᠦᠷᠢ ᠳᠦᠷᠬᠦ᠌᠎ᠨᠢ ᠮᠢᠨᠦ᠍ ᠡᠭᠦᠳᠦᠨ ᠪᠦᠳᠦᠭᠡᠬᠦ᠌ ᠤᠩᠭᠤᠨ ᠰᠡᠷᠡᠯ᠎ᠢ ᠰᠡᠷᠡᠭᠡᠪᠡ᠃ ᠡᠳᠡᠭᠡᠷ ᠶᠠᠩᠵᠤ ᠪᠦᠷᠢ᠎ᠶ᠋ᠢᠨ ᠬᠡᠯᠪᠡᠷᠢ᠎ᠲᠠᠢ ᠬᠠᠳᠤᠨ ᠭᠤᠤᠯ᠎ᠤᠨ ᠴᠢᠯᠠᠭᠤ᠎ᠨᠤᠭᠤᠳ᠎ᠢ ᠦᠵᠡᠬᠦ᠌᠎ᠳᠤ ᠠᠯᠢ᠎ᠨᠢ ᠴᠤ᠌ ᠦᠪᠡᠷ᠎ᠤᠨ ᠦᠯᠢᠭᠡᠷ᠎ᠲᠠᠢ ᠶᠤᠮ ᠱᠢᠭ᠋ ᠰᠠᠨᠠᠬ᠍ᠳᠠᠭᠤᠯᠤᠨ᠎ᠠ᠂ ᠪᠢ ᠵᠢᠷᠤᠭ ᠵᠢᠷᠤᠬᠤ᠎ᠪᠠᠷ ᠳᠠᠮᠵᠢᠨ ᠬᠠᠳᠤᠨ ᠭᠤᠤᠯ᠎ᠤᠨ ᠠᠴᠢ ᠡᠨᠡᠷᠢᠯ᠎ᠢ ᠢᠯᠡᠳᠭᠡᠶ᠎ᠠ ᠭᠡᠵᠤ ᠪᠤᠳᠤᠵᠤ ᠪᠠᠢᠨ᠎ᠠ》 ᠭᠡᠵᠤ ᠯᠦ᠍ ᠲᠢᠩ ᠬᠡᠯᠡᠵᠦ᠍ ᠪᠠᠢᠯ᠎ᠠ᠃ 
 
未标题-3.jpg 

2018 ᠤᠨ᠎ᠳᠤ ᠯᠦ᠍ ᠲᠢᠩ᠎ᠤᠨ ᠬᠠᠳᠤᠨ ᠭᠤᠤᠯ᠎ᠤᠨ ᠴᠢᠯᠠᠭᠤᠨ᠎ᠤ ᠵᠢᠷᠤᠭ 《ᠡᠨᠡᠷᠢᠯᠳᠤ ᠭᠤᠤᠯ᠎ᠤᠨ ᠦᠯᠢᠭᠡᠷ》 ᠎ᠨᠢ ᠦᠬᠠᠢ ᠬᠤᠳᠠ᠎ᠶ᠋ᠢᠨ ᠲᠦᠯᠦᠭᠡᠯᠡᠭ᠌ᠴᠢ ᠪᠦᠳᠦᠭᠡᠯ᠎ᠢᠶᠠᠷ ᠮᠦᠨ ᠵᠢᠯ᠎ᠤᠨ ᠱᠧᠨᠵᠧᠨ᠎ᠤ ᠤᠯᠠᠨ ᠤᠯᠤᠰ᠎ᠤᠨ ᠰᠤᠶᠤᠯ᠎ᠤᠨ ᠦᠵᠡᠰᠭᠦᠯᠡᠩ᠎ᠳᠤ ᠤᠷᠤᠯᠴᠠᠵᠤ᠂ 2019 ᠤᠨ᠎ᠳᠤ ᠦᠪᠡᠷᠳᠡᠭᠡᠨ ᠵᠠᠰᠠᠬᠤ ᠤᠷᠤᠨ᠎ᠢ ᠲᠦᠯᠦᠭᠡᠯᠡᠨ ᠪᠡᠭᠡᠵᠢᠩ᠎ᠤᠨ ᠰᠤᠶᠤᠯ᠎ᠤᠨ ᠦᠵᠡᠰᠭᠦᠯᠡᠩ᠎ᠳᠤ ᠤᠷᠤᠯᠴᠠᠵᠤ ᠤᠯᠠᠨ ᠤᠯᠤᠰ᠎ᠤᠨ ᠨᠦᠬᠦᠷᠰᠡᠭ ᠬᠦᠮᠦᠰ ᠪᠠ ᠤᠯᠤᠰ᠎ᠤᠨ ᠳᠤᠳᠤᠭᠠᠳᠤ᠎ᠶ᠋ᠢᠨ ᠤᠷᠠᠯᠢᠭ᠍ᠴᠢᠳ᠎ᠤᠨ ᠮᠠᠭ᠍ᠳᠠᠭᠠᠯ᠎ᠢ ᠤᠯᠤᠭ᠍ᠰᠠᠨ᠎ᠨᠢ ᠯᠦ᠍ ᠲᠢᠩ᠎ᠤᠨ ᠬᠠᠳᠤᠨ ᠭᠤᠤᠯ᠎ᠤᠨ ᠴᠢᠯᠠᠭᠤᠨ᠎ᠤ ᠵᠢᠷᠤᠭ ᠵᠢᠷᠤᠬᠤ ᠤᠷᠠᠯᠢᠭ᠎ᠤᠨ ᠵᠠᠮ᠎ᠢ ᠨᠡᠩ ᠪᠠᠳᠤᠳᠭᠠᠪᠠ᠃ ᠬᠠᠳᠤᠨ ᠭᠤᠤᠯ᠎ᠤᠨ ᠴᠢᠯᠠᠭᠤᠨ᠎ᠤ ᠵᠢᠷᠤᠭ ᠵᠢᠷᠤᠵᠤ ᠪᠦᠲᠦᠭᠡᠬᠦ᠌᠎ᠪᠠᠨ ᠦᠷᠭᠦᠯᠵᠢᠯᠡᠨ ᠪᠠᠷᠢᠮᠳᠠᠯᠠᠵᠤ᠂ ᠬᠠᠳᠤᠨ ᠭᠤᠤᠯ᠎ᠤᠨ ᠰᠤᠶᠤᠯ᠎ᠢ ᠪᠠᠳᠠᠷᠠᠭᠤᠯᠵᠤ᠂ ᠬᠠᠳᠤᠨ ᠭᠤᠤᠯ᠎ᠤᠨ ᠦᠯᠢᠭᠡᠷ᠎ᠢ ᠰᠠᠢᠳᠤᠷ ᠶᠠᠷᠢᠨ᠎ᠠ ᠭᠡᠵᠤ ᠯᠦ᠍ ᠲᠢᠩ ᠢᠯᠡᠳᠭᠡᠵᠦ᠍ ᠪᠠᠢᠯ᠎ᠠ᠃

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号