ᠬᠦᠬᠡᠴᠦ᠍ ᠰᠤᠮᠤ ᠤᠯᠠᠭᠠᠴᠢ ᠦᠢᠯᠡᠴᠢᠯᠡᠬᠡᠨ᠎ᠤ ᠦᠷᠳᠡᠭᠡ ᠪᠠᠢᠭᠤᠯᠵᠤ ᠮᠠᠯᠴᠢᠨ ᠲᠦᠮᠡᠨ᠎ᠤ᠎ᠪᠠᠨ ᠦᠢᠯᠡᠳᠪᠤᠷᠢᠯᠡᠯ ᠠᠮᠢᠳᠤᠷᠠᠯ᠎ᠤᠨ ᠦᠪᠡᠷ᠎ᠤᠨ ᠦᠷᠳᠡᠭ᠎ᠢ ᠪᠠᠭᠤᠷᠠᠭᠤᠯᠤᠯ᠎ᠠ
2020-08-10 08:23:58
ᠵᠣᠬᠢᠶᠠᠭ᠍ᠴᠢ᠄
ᠪᠤᠤ᠎ᠶ᠋ᠢᠨ ᠱᠠᠨ ᠱᠢᠨᠡᠪᠢᠯᠢᠭ ᠲᠡᠬᠦᠰᠪᠢᠯᠢᠭ ᠬᠦᠰᠡᠯ
ᠣᠩᠱᠢᠭ᠍ᠰᠠᠨ ᠣᠳᠠᠭ᠎ᠠ᠄
★★★☆☆

60 ᠭᠠᠷᠦ᠋ᠢᠬᠠᠨ ᠡᠳᠤᠷ᠎ᠲᠤ 6 ᠲᠦᠮᠡᠨ ᠭᠠᠵᠠᠷ᠎ᠢ ᠡᠪᠬᠡᠵᠤ 600 ᠭᠠᠷᠤᠢ ᠮᠠᠯᠵᠢᠬᠤ ᠡᠷᠦᠬᠡ᠎ᠳᠤ ᠦᠢᠯᠡᠴᠢᠯᠡᠭᠡ ᠬᠠᠩᠭᠠᠪᠠ

ᠭᠤᠪᠢ᠎ᠶ᠋ᠢᠨ ᠭᠦᠨ᠎ᠳᠤ ᠰᠠᠭᠤᠷᠢᠱᠢᠨ ᠠᠮᠢᠳᠣᠷᠠᠭ᠎ᠠ ᠮᠠᠯᠴᠢᠨ ᠲᠦᠮᠨᠨ᠎ᠤ ᠦᠢᠯᠡᠳᠪᠦᠷᠢᠯᠡᠯ ᠠᠮᠢᠳᠣᠷᠠᠯ᠎ᠤᠨ ᠦᠪᠡᠷ᠎ᠤᠨ ᠦᠷᠳᠡᠭ᠎ᠢ ᠬᠡᠷᠬᠢᠨ ᠪᠠᠭᠤᠷᠠᠭᠤᠯᠬᠤ ᠪᠤᠢ? ᠮᠠᠯᠴᠢᠳ᠎ᠤᠨ ᠱᠢᠨ᠎ᠡ ᠰᠣᠷᠭᠤᠭ ᠮᠠᠯ᠎ᠤᠨ ᠠᠱᠢᠬ ᠱᠢᠮ᠎ᠠ᠎ᠶ᠋ᠢ ᠬᠡᠷᠬᠢᠨ ᠴᠠᠭ ᠳᠠᠷᠣᠢ᠎ᠳᠤᠨᠢ ᠵᠠᠬ᠎ᠠ ᠳᠡᠯᠭᠡᠭᠦᠷ᠎ᠲᠤ ᠭᠠᠷᠭᠠᠬᠤ ᠪᠤᠢ? ᠡᠨᠡ ᠪᠤᠯ ᠤᠷᠠᠳ᠎ᠤᠨ ᠬᠤᠢᠳᠤ ᠬᠤᠱᠢᠭᠤᠨ᠎ᠤ ᠬᠦᠬᠡᠴᠦ᠍ ᠰᠤᠮᠤ᠎ᠶ᠋ᠢᠨ ᠨᠠᠮ᠎ᠤᠨ ᠬᠤᠷᠢᠶ᠎ᠠ᠂ ᠵᠠᠰᠠᠬ᠎ᠤᠨ ᠤᠷᠳᠤᠨ᠎ᠤ᠎ᠬᠢᠨ᠎ᠤ ᠢᠮᠠᠭ᠍ᠳᠠ ᠰᠡᠳᠭᠢᠨ ᠪᠣᠳᠣᠯᠬᠢᠯᠠᠭ᠍ᠰᠠᠭᠠᠷ ᠢᠷᠡᠭ᠌ᠰᠡᠨ ᠠᠰᠠᠭᠤᠳᠠᠯ᠎ᠤᠨ ᠨᠢᠭᠡ ᠮᠦᠨ᠃ ᠡᠨᠡ ᠵᠢᠯ᠎ᠤᠨ 4 ᠰᠠᠷ᠎ᠠ᠎ᠶ᠋ᠢᠨ ᠰᠡᠭᠦᠯᠴᠢ᠎ᠪᠠᠷ ᠳᠣᠰ ᠰᠣᠮᠣ ᠬᠡᠰᠡᠭ ᠭᠠᠴᠠᠭ᠎ᠠ᠎ᠶ᠋ᠢᠨ ᠨᠠᠮ᠎ᠤᠨ ᠬᠡᠱᠢᠬᠦᠨ ᠤᠯᠠᠨ ᠲᠦᠮᠡᠨ᠎ᠢ ᠵᠣᠬᠢᠶᠠᠨ ᠪᠠᠢᠭᠤᠯᠣᠨ ᠤᠯᠠᠭᠠᠴᠢ ᠦᠢᠯᠡᠴᠢᠯᠡᠬᠡᠨ᠎ᠤ ᠦᠷᠳᠡᠭᠡ᠎ᠶ᠋ᠢ ᠰᠡᠳᠦᠨ ᠪᠠᠢᠭᠤᠯᠵᠤ᠂ ᠮᠠᠯᠴᠢᠳ᠎ᠤᠨ ᠦᠢᠯᠡᠳᠪᠤᠷᠢᠯᠡᠯ ᠠᠮᠢᠳᠤᠷᠠᠯ᠎ᠤᠨ ᠦᠪᠡᠷ᠎ᠤᠨ ᠦᠷᠳᠡᠭ᠎ᠢ ᠪᠠᠭᠤᠷᠠᠭᠤᠯᠬᠤ᠎ᠶ᠋ᠢᠨ ᠬᠠᠮᠳᠤ ᠱᠢᠨ᠎ᠠ ᠰᠤᠷᠭᠤᠭ ᠮᠠᠯ᠎ᠤᠨ ᠠᠱᠢᠭ ᠱᠢᠮ᠎ᠡ᠎ᠶ᠋ᠢ᠎ᠨᠢ ᠲᠠᠷᠦ᠋ᠢᠬᠠᠨ ᠵᠠᠬ᠎ᠠ ᠳᠡᠯᠭᠡᠭᠦᠷ᠎ᠲᠤ ᠭᠠᠷᠭᠠᠵᠤ ᠦᠭ᠌ᠬᠦᠭ᠌ᠰᠡᠨ᠎ᠠᠴᠠ ᠮᠠᠯᠴᠢᠨ ᠲᠦᠮᠡᠨ᠎ᠤ᠎ᠪᠠᠨ ᠮᠠᠭ᠍ᠳᠠᠭᠠᠯ ᠰᠠᠢᠱᠢᠶᠠᠯ᠎ᠢ ᠬᠦᠷᠳᠡᠯ᠎ᠠ᠃

ᠬᠦᠬᠡᠴᠦ᠍ ᠰᠣᠮᠣ ᠪᠤᠯ ᠪᠠᠶᠠᠨᠨᠠᠭᠤᠷ ᠬᠤᠳᠠ᠎ᠶ᠋ᠢᠨ ᠬᠠᠮᠤᠬ᠎ᠤᠨ ᠲᠤᠮᠤ ᠬᠢᠯᠢ ᠬᠢᠵᠠᠭᠠᠷ᠎ᠤᠨ ᠰᠤᠮᠤ ᠪᠣᠯᠣᠨ᠎ᠠ᠂ ᠪᠦᠬᠦ᠌ ᠰᠣᠮᠣ᠎ᠶ᠋ᠢᠨ 9323 ᠲᠦᠮᠡᠨ ᠲᠡᠭ᠌ᠰᠢ ᠲᠦᠷᠪᠡᠯᠵᠢᠨ ᠺᠢᠯᠦᠮᠧᠳ᠋ᠷ ᠨᠣᠳᠤᠭ ᠳᠡᠪᠢᠰᠭᠡᠷ ᠳᠡᠭᠡᠷ᠎ᠡ 769 ᠡᠷᠦᠬᠡ᠎ᠶ᠋ᠢᠨ 2800 ᠭᠠᠷᠤᠢ ᠬᠦᠮᠦᠨ ᠠᠵᠣ ᠲᠦᠷᠦᠨ ᠠᠮᠢᠳᠤᠷᠠᠵᠣ᠂ ᠨᠣᠳᠤᠭ ᠠᠭᠤᠳᠠᠮ ᠬᠦᠮᠦᠨ ᠴᠦᠬᠡᠨ ᠵᠠᠮ ᠬᠠᠷᠢᠯᠴᠠᠭ᠎ᠠ ᠳᠦᠭᠦᠮ ᠦᠭᠡᠢ ᠪᠠᠢᠬᠤ ᠪᠤᠯ ᠳᠣᠰ ᠰᠣᠮᠣ᠎ᠶ᠋ᠢᠨ ᠬᠠᠮᠤᠭ᠎ᠤᠨ ᠳᠣᠪᠤᠢᠮ᠎ᠠ ᠣᠨᠴᠠᠯᠢᠭ ᠮᠦᠨ᠃ ᠬᠦᠬᠡᠴᠤ᠌ ᠰᠤᠮᠤ᠎ᠶ᠋ᠢᠨ ᠬᠠᠮᠤᠭ᠎ᠤᠨ ᠪᠠᠷᠠᠭᠤᠨ ᠪᠡᠶ᠎ᠡ᠎ᠳᠤ ᠪᠠᠢᠷᠢᠯᠠᠭ᠎ᠠ ᠭᠠᠴᠠᠭ᠎ᠠ᠎ᠨᠢ ᠬᠤᠱᠢᠭᠤᠨ ᠲᠦᠪ ᠪᠠᠶᠠᠨᠪᠤᠯᠠᠬ ᠪᠠᠯᠭᠠᠰᠤ᠎ᠠᠴᠠ 520 ᠭᠠᠵᠠᠷ ᠵᠠᠢᠳᠠᠢ ᠪᠠᠢᠵᠣ᠂ ᠭᠠᠴᠠᠭᠠᠨ᠎ᠤ ᠮᠠᠯᠵᠢᠬᠤ ᠡᠷᠦᠬᠡ ᠪᠦᠷᠢ᠎ᠶ᠋ᠢᠨ ᠵᠢᠯ᠎ᠤᠨ ᠵᠠᠮ᠎ᠤᠨ ᠵᠠᠷᠣᠳᠠᠯ 4 — 5 ᠲᠦᠮᠡᠨ ᠲᠦᠬᠦᠷᠢᠭ᠎ᠲᠤ ᠬᠦᠷᠴᠦ᠍ ᠪᠠᠢᠳᠠᠭ ᠶᠤᠮ᠃

7 ᠰᠠᠷ᠎ᠠ᠎ᠶ᠋ᠢᠨ 2 ᠎ᠤᠨ ᠦᠷᠯᠦᠭᠡ᠎ᠶ᠋ᠢᠨ 7 ᠴᠠᠭ᠎ᠲᠤ᠌᠂ ᠰᠤᠷᠪᠤᠯᠵᠢᠯᠠᠬ᠍ᠴᠢ ᠪᠠᠶᠠᠨᠪᠤᠯᠠᠬ ᠪᠠᠯᠭᠠᠰᠤᠨ᠎ᠳᠠᠬᠢ ᠨᠤᠳᠤᠬ᠎ᠤᠨ ᠪᠠᠷ᠎ᠠ ᠤᠨᠴᠠ ᠭᠠᠷᠤᠯᠳᠠ᠎ᠶ᠋ᠢᠨ ᠬᠠᠮ ᠲᠡᠯᠬᠡᠬᠦᠷ᠎ᠲᠤ ᠬᠦᠷᠬᠦ᠌᠎ᠳᠤ ᠤᠯᠠᠭᠠᠴᠢ ᠦᠢᠯᠡᠴᠢᠯᠡᠬᠡᠨ᠎ᠤ ᠦᠷᠳᠡᠭᠡ᠎ᠶ᠋ᠢᠨ ᠵᠢᠯᠤᠭᠤᠴᠢ ᠪᠠᠶᠠᠨ᠎ᠠ ᠭᠤᠸᠠᠢ ᠬᠠᠮ ᠲᠡᠯᠬᠡᠬᠦᠷ᠎ᠤᠨ ᠠᠵᠢᠯᠴᠢᠳ᠎ᠲᠠᠢ ᠬᠠᠮᠳᠣ ᠳᠣᠰ ᠡᠳᠦᠷ᠎ᠤᠨ ᠬᠦᠷᠭᠡᠬᠦ᠌ ᠪᠠᠷᠠᠭ᠎ᠠ ᠲᠠᠸᠠᠷ᠎ᠢ ᠠᠴᠢᠶᠠᠯᠠᠭᠠᠳ ᠶᠠᠭᠠᠷᠠᠵᠣ ᠪᠠᠢᠯ᠎ᠠ᠃ ᠪᠢᠳᠡ ᠤᠯᠠᠭᠠᠴᠢ ᠦᠢᠯᠡᠴᠢᠯᠡᠬᠡᠨ᠎ᠤ ᠦᠷᠳᠡᠭᠡ᠎ᠶ᠋ᠢᠨ ᠦᠢᠯᠡᠴᠢᠯᠡᠭᠡ᠎ᠶ᠋ᠢ ᠪᠡᠶᠡᠴᠢᠯᠡᠨ ᠤᠢ᠍ᠢᠯᠠᠭᠠᠬᠤ᠎ᠪᠠᠷ ᠮᠠᠱᠢᠨ ᠲᠡᠷᠬᠡᠨ᠎ᠳᠤᠨᠢ ᠭᠠᠷᠴᠤ᠌ ᠮᠤᠨᠢ ᠠᠭᠤᠯᠨ᠎ᠶ᠋ᠢ ᠳᠣᠭᠤᠯᠣᠭ᠍ᠰᠠᠨ ᠨᠠᠷᠢᠬᠠᠨ ᠵᠠᠮ᠎ᠢᠶᠠᠷ ᠦᠬᠡᠳᠡ ᠤᠷᠤᠭᠤ ᠦᠭ᠌ᠰᠦᠨ ᠣᠷᠣᠭᠤᠳᠠᠵᠣ ᠶᠠᠪᠣᠭ᠍ᠰᠠᠭᠠᠷ ᠠᠩᠬᠠᠨ᠎ᠤ ᠦᠷᠳᠡᠭᠡ ᠴᠤᠬᠠᠦ᠋ᠨᠳᠦᠷ ᠪᠠᠯᠭᠠᠰᠤᠨ᠎ᠳᠤ ᠬᠦᠷᠴᠦ᠍ ᠮᠠᠯᠴᠢᠳ᠎ᠤᠨ ᠵᠠᠬᠢᠶᠠᠯᠠᠭ᠍ᠰᠠᠨ ᠨᠢᠭᠡ ᠪᠦᠯᠦᠭ ᠡᠳᠦᠷ ᠳᠣᠳᠣᠮ᠎ᠤᠨ ᠬᠡᠷᠡᠭ᠌ᠯᠡᠭᠡᠨ᠎ᠤ ᠵᠦᠢᠯᠡᠰ ᠪᠠ ᠲᠦᠷᠭᠡᠨ ᠬᠦᠷᠭᠡᠯᠳᠡ᠎ᠶ᠋ᠢᠨ ᠪᠠᠷᠠᠭ᠎ᠠ᠎ᠶ᠋ᠢ ᠪᠠᠭᠤᠯᠭᠠᠨ᠂ ᠠᠳᠡ᠎ᠠᠴᠠ ᠴᠢᠨᠠᠭ᠍ᠰᠢ ᠬᠦᠷᠭᠡᠬᠦ᠌ ᠴᠢᠬᠤᠯᠠᠳᠠᠢ ᠪᠠᠷᠠᠭ᠎ᠠ ᠲᠠᠸᠠᠷ᠎ᠢ ᠠᠴᠢᠶᠠᠯᠠᠵᠤ ᠠᠪᠣᠭᠠᠳ ᠳᠠᠷᠠᠭᠠᠴᠢ᠎ᠶ᠋ᠢᠨ ᠦᠷᠳᠡᠭᠡ ᠬᠦᠬᠡᠴᠦ᠍ ᠰᠤᠮᠤ᠎ᠶ᠋ᠢ ᠵᠤᠷᠢᠯ᠎ᠠ᠃ ᠤᠯᠠᠭᠠᠴᠢ ᠦᠢᠯᠡᠴᠢᠯᠡᠬᠡᠨ᠎ᠤ ᠦᠷᠳᠡᠭᠡ᠎ᠶ᠋ᠢᠨ ᠮᠠᠱᠢᠨ ᠲᠡᠷᠬᠡ ᠡᠳᠦᠷ ᠪᠦᠷᠢ᠎ᠶ᠋ᠢᠨ ᠦᠷᠯᠦᠭᠡ᠎ᠶ᠋ᠢᠨ 7 ᠴᠠᠭ 20 ᠮᠢᠨᠦ᠋ᠲ᠎ᠲᠤ ᠪᠠᠶᠠᠨᠪᠣᠯᠠᠭ ᠪᠠᠯᠭᠠᠰᠣ᠎ᠠᠴᠠ ᠮᠣᠷᠳᠠᠨ ᠴᠤᠬᠠᠦ᠋ᠨᠳᠦᠷ᠂ ᠬᠦᠬᠡᠴᠦ᠍᠂ ᠦᠯᠵᠡᠢ᠎ᠶ᠋ᠢᠨ ᠪᠤᠯᠤᠩ᠂ ᠬᠠᠢᠯᠠᠰᠤ᠂ ᠮᠦᠷᠡᠨ᠂ ᠴᠢᠨᠳᠠᠮᠤᠨᠢ᠂ ᠪᠤᠮᠪᠠᠳᠤ ᠵᠡᠷᠬᠡ ᠵᠠᠮ ᠲᠠᠭᠠᠤ 8 ᠦᠷᠳᠡᠭᠡ᠎ᠪᠠᠷ ᠦᠷᠳᠡᠬᠡᠯᠡᠨ ᠳᠠᠪᠬᠢᠳᠠᠭ ᠶᠤᠮ᠃ 《ᠦᠷᠯᠦᠬᠡ ᠬᠠᠮ ᠲᠡᠯᠬᠡᠬᠦᠷ᠎ᠠᠴᠠ ᠮᠠᠯᠴᠢᠳ᠎ᠤᠨ ᠲᠦᠷᠬᠡᠨ ᠬᠦᠷᠬᠡᠯᠳᠡ᠎ᠶ᠋ᠢᠨ ᠪᠠᠷᠠᠭ᠎ᠠ ᠪᠠ ᠮᠠᠯᠴᠢᠳ᠎ᠤᠨ ᠵᠠᠬᠢᠶᠠᠯᠠᠭ᠍ᠰᠠᠨ ᠮᠠᠯ᠎ᠤᠨ ᠡᠮ᠂ ᠨᠤᠭᠤᠭ᠎ᠠ ᠴᠠᠭ᠎ᠠ᠂ ᠠᠮᠣ ᠳᠣᠰᠣ ᠵᠡᠷᠬᠡ ᠡᠳᠦᠷ ᠲᠤᠳᠤᠮ᠎ᠤᠨ ᠬᠡᠷᠡᠭ᠌ᠯᠡᠬᠡᠨ᠎ᠤ ᠵᠦᠢᠯᠡᠰ᠎ᠢ ᠳᠡᠭᠡᠭᠡᠪᠦᠷᠢᠯᠡᠭᠡᠳ ᠦᠷᠳᠡᠭᠡ ᠳᠠᠮᠵᠢᠨ ᠳᠠᠪᠬᠢᠭᠤᠯᠵᠣ᠂ ᠡᠳᠦᠷ ᠪᠦᠷᠢ ᠲᠤᠮᠳᠠᠴᠢ᠎ᠪᠠᠷ 30 ᠭᠠᠷᠤᠢ ᠮᠠᠯᠵᠢᠬᠤ ᠡᠷᠦᠬᠡ᠎ᠶ᠋ᠢᠨ ᠡᠳ᠋ ᠪᠠᠷᠠᠭ᠎ᠠ᠎ᠶ᠋ᠢ ᠬᠦᠷᠭᠡᠵᠤ ᠦᠭ᠌ᠳᠡᠭ᠃ ᠪᠤᠴᠠᠬᠤ᠎ᠳᠠᠭᠠᠨ ᠮᠠᠯᠴᠢᠳ ᠪᠠ ᠲᠤᠰᠭᠠᠢ ᠬᠤᠷᠱᠢᠶ᠎ᠠ᠎ᠶ᠋ᠢᠨ ᠮᠠᠯ᠎ᠤᠨ ᠠᠱᠢᠬ ᠱᠢᠮ᠎ᠠ᠎ᠶ᠋ᠢ ᠲᠡᠭᠡᠭᠡᠪᠦᠷᠢᠯᠡᠨ ᠪᠠᠶᠠᠨᠪᠣᠯᠠᠭ ᠪᠠᠯᠭᠠᠰᠣᠨ᠎ᠳᠠᠬᠢ ᠬᠠᠮ ᠳᠡᠯᠭᠡᠭᠦᠷ᠎ᠲᠤ ᠠᠪᠴᠢᠷᠠᠨ ᠵᠠᠬ᠎ᠠ ᠳᠡᠯᠭᠡᠭᠦᠷ᠎ᠲᠤ ᠭᠠᠷᠭᠠᠳᠠᠭ᠂ ᠦᠴᠦᠬᠡᠳᠦᠷ 120 ᠵᠢᠩ ᠢᠩᠬᠡᠨ ᠰᠦ᠂ 60 ᠵᠢᠩ ᠢᠮᠠᠭᠠᠨ ᠰᠦ ᠠᠪᠴᠢᠷᠠᠭ᠍ᠰᠠᠨ》 ᠬᠡᠵᠦ᠍ ᠪᠠᠶᠠᠨ᠎ᠠ ᠤᠷᠮᠠᠳᠠᠢ ᠶᠠᠷᠢᠨ᠎ᠠ᠃

《ᠮᠠᠨ᠎ᠤ ᠰᠤᠮᠤᠨ᠎ᠳᠤ 4 ᠲᠤᠰᠭᠠᠢ ᠬᠤᠷᠱᠢᠶ᠎ᠠ᠎ᠲᠠᠢ ᠶᠤᠮ᠂ ᠨᠢᠳᠤᠨᠤᠨ ᠪᠢᠳᠡ ᠡᠳᠡᠬᠡᠷ ᠲᠤᠰᠭᠠᠢ ᠬᠤᠷᠱᠢᠶ᠎ᠠ᠎ᠶ᠋ᠢᠨ ᠬᠦᠴᠦᠨ᠎ᠢ ᠬᠠᠮᠳᠤᠳᠭᠠᠨ ᠤᠷᠠᠳ ᠭᠤᠪᠢ ᠬᠦᠳᠡᠭᠡ ᠠᠵᠤ ᠠᠬᠤᠢ᠎ᠶ᠋ᠢᠨ ᠬᠢᠵᠠᠭᠠᠷᠳᠤ ᠺᠤᠮᠫᠠᠨᠢ ᠪᠠᠢᠭᠤᠯᠬᠤ᠎ᠶ᠋ᠢᠨ ᠬᠠᠮᠳᠣ ᠪᠠᠶᠠᠨᠪᠤᠯᠠᠬ ᠪᠠᠯᠭᠠᠰᠤᠨ᠎ᠳᠤ ᠨᠤᠳᠤᠬ᠎ᠤᠨ ᠪᠠᠷ᠎ᠠ ᠤᠨᠴᠠ ᠭᠠᠷᠤᠯᠳᠠ᠎ᠶ᠋ᠢᠨ ᠬᠠᠮ ᠲᠡᠯᠬᠡᠬᠦᠷ ᠭᠠᠷᠭᠠᠵᠠᠢ᠃ ᠪᠠᠰᠠ ᠨᠠᠮ ᠪᠠ ᠤᠯᠠᠨ ᠲᠦᠮᠡᠨ᠎ᠤ ᠶᠡᠷᠦᠩᠬᠡᠢᠯᠡᠭ᠌ᠰᠡᠨ ᠦᠢᠯᠡᠴᠢᠯᠡᠬᠡᠨ᠎ᠤ ᠨᠡᠬᠦᠳᠡᠯ ᠠᠩᠬᠢ᠎ᠶ᠋ᠢᠨ 13 ᠬᠡᠱᠢᠬᠦᠨ ᠤᠷᠤᠯᠴᠠᠬ᠍ᠰᠠᠨ ᠤᠯᠠᠭᠠᠴᠢ ᠦᠢᠯᠡᠴᠢᠯᠡᠬᠡᠨ᠎ᠤ ᠬᠢᠵᠠᠭᠠᠷᠳᠤ ᠺᠤᠮᠫᠠᠨᠢ ᠪᠠᠢᠭᠤᠯᠵᠦ᠍ ᠤᠯᠠᠭᠠᠴᠢ ᠦᠢᠯᠡᠴᠢᠯᠡᠬᠡᠨ᠎ᠤ ᠦᠷᠳᠡᠭᠡ᠎ᠶ᠋ᠢ ᠡᠵᠡᠩᠨᠡᠬᠦᠯᠵᠦ᠍ ᠪᠤᠢ᠃ ᠡᠨᠡ᠎ᠨᠢ ᠱᠢᠨ᠎ᠡ ᠰᠣᠷᠭᠤᠭ ᠮᠠᠯ᠎ᠤᠨ ᠠᠱᠢᠬ ᠱᠢᠮ᠎ᠠ᠎ᠶ᠋ᠢ ᠵᠠᠬ᠎ᠠ ᠲᠡᠯᠬᠡᠬᠦᠷ᠎ᠲᠤ ᠲᠠᠷᠦ᠋ᠢᠬᠠᠨ ᠭᠠᠷᠭᠠᠬᠤ ᠬᠦᠷᠬᠡᠯᠳᠡ᠎ᠶ᠋ᠢᠨ ᠠᠰᠠᠭᠤᠳᠠᠯ᠎ᠢ ᠱᠢᠢᠳᠪᠦᠷᠢᠯᠡᠭ᠌ᠰᠡᠨ᠎ᠢᠶᠠᠷ ᠪᠠᠷᠠᠬᠤ ᠦᠭᠡᠢ ᠮᠠᠯᠴᠢᠳ᠎ᠤᠨ ᠵᠠᠮ᠎ᠤᠨ ᠵᠠᠷᠤᠳᠠᠯ᠎ᠢ ᠴᠦ᠍ ᠶᠡᠭᠡ᠎ᠪᠠᠷ ᠠᠷᠪᠢᠯᠠᠨ ᠦᠭ᠌ᠴᠦ ᠪᠠᠢᠨ᠎ᠠ》 ᠬᠡᠵᠦ᠍ ᠬᠦᠬᠡᠴᠦ᠍ ᠰᠤᠮᠤ᠎ᠶ᠋ᠢᠨ ᠨᠠᠮ᠎ᠤᠨ ᠬᠤᠷᠢᠶᠠᠨ᠎ᠤ ᠱᠦᠵᠢ ᠪᠠᠶᠠᠨᠪᠢᠯᠢᠭ᠌ ᠲᠠᠨᠢᠯᠴᠠᠭᠤᠯᠣᠭ᠍ᠰᠠᠨ᠎ᠢᠶᠠᠨ ᠵᠠᠯᠭᠠᠭᠠᠳ᠄ 《ᠠᠵᠢᠯ᠎ᠢᠶᠠᠨ ᠡᠬᠢᠯᠡᠭᠦᠯᠦᠭ᠌ᠰᠡᠨ 2 ᠰᠠᠷ᠎ᠠ ᠭᠠᠷᠤᠢ᠎ᠶ᠋ᠢᠨ ᠬᠤᠭᠤᠴᠠᠭᠠᠨ᠎ᠳᠤ ᠣᠯᠠᠭᠠᠴᠢ ᠦᠢᠯᠡᠴᠢᠯᠡᠭᠡᠨ᠎ᠤ ᠦᠷᠳᠡᠭᠡ᠎ᠶ᠋ᠢᠨ᠎ᠬᠢᠨ 600 ᠭᠠᠷᠤᠢ ᠮᠠᠯᠵᠢᠬᠤ ᠡᠷᠦᠬᠡ᠎ᠳᠤ ᠦᠢᠯᠡᠴᠢᠯᠡᠭᠡ ᠬᠠᠩᠭᠠᠯ᠎ᠠ᠃ ᠱᠢᠨ᠎ᠡ ᠰᠣᠷᠭᠤᠭ ᠮᠠᠯ᠎ᠤᠨ ᠠᠱᠢᠭ ᠱᠢᠮ᠎ᠡ᠎ᠶ᠋ᠢ᠎ᠨᠢ ᠬᠠᠮ ᠲᠡᠯᠬᠡᠬᠦᠷ᠎ᠲᠤ ᠬᠦᠷᠬᠡᠬᠦ᠌᠎ᠳᠤ ᠲᠦᠯᠦᠪᠦᠷᠢ ᠠᠪᠳᠠᠬ ᠦᠬᠡᠢ᠂ ᠬᠡᠪᠡᠴᠤ᠌ ᠲᠦᠷᠬᠡᠨ ᠬᠦᠷᠬᠡᠯᠳᠡ᠎ᠶ᠋ᠢᠨ ᠪᠠᠷᠠᠭ᠎ᠠ᠂ ᠮᠠᠯᠴᠢᠳ᠎ᠤᠨ ᠵᠠᠬᠢᠶᠠᠯᠠᠭ᠍ᠰᠠᠨ ᠵᠦᠢᠯᠡᠰ᠎ᠢ ᠬᠦᠷᠬᠡᠨ ᠦᠭ᠌ᠬᠦ᠎ᠳᠤ ᠲᠦᠯᠦᠪᠦᠷᠢ᠎ᠲᠠᠢ ᠦᠢᠯᠡᠴᠢᠯᠡᠭᠡ ᠬᠠᠩᠭᠠᠵᠤ ᠪᠠᠢᠨ᠎ᠠ᠂ ᠢᠩᠬᠢᠪᠡᠯ ᠮᠠᠨ᠎ᠤ ᠦᠢᠯᠡᠴᠢᠯᠡᠭᠡ ᠲᠤᠬ᠍ᠳᠠᠬ᠍ᠰᠠᠨ ᠴᠠᠬ᠂ ᠲᠤᠬ᠍ᠳᠠᠬ᠍ᠰᠠᠨ ᠦᠷᠳᠡᠭᠡ᠎ᠲᠠᠢ᠎ᠪᠠᠷ ᠤᠷᠳᠤ ᠬᠤᠭᠤᠴᠠᠭ᠎ᠠ᠎ᠪᠠᠷ ᠲᠤᠬ᠍ᠳᠠᠪᠤᠷᠢᠳᠠᠢ ᠶᠠᠪᠤᠬ᠍ᠳᠠᠬᠤ᠎ᠶ᠋ᠢ ᠪᠠᠳᠤᠯᠠᠵᠤ ᠲᠠᠢᠯᠦᠨ᠎ᠠ》 ᠬᠡᠵᠦ᠍ ᠶᠠᠷᠢᠨ᠎ᠠ᠃

《ᠤᠤᠯ᠎ᠳᠠᠭᠠᠨ ᠰᠦᠯᠵᠢᠶᠡᠨ ᠳᠡᠯᠭᠡᠭᠦᠷ᠎ᠠᠴᠠ ᠪᠠᠷᠠᠭ᠎ᠠ ᠬᠤᠳᠠᠯᠳᠤᠨ ᠠᠪᠤᠪᠠᠯ ᠲᠦᠷᠬᠡᠨ ᠬᠦᠷᠬᠡᠯᠳᠡ᠎ᠶ᠋ᠢᠨ᠎ᠬᠢᠨ ᠪᠠᠶᠠᠨᠪᠤᠯᠠᠬ ᠪᠠᠯᠭᠠᠰᠤᠨ᠎ᠳᠤ ᠯᠡ ᠬᠦᠷᠬᠡᠳᠡᠭ᠂ ᠠᠷᠭ᠎ᠠ ᠦᠬᠡᠢ ᠬᠦᠮᠦᠨ᠎ᠢ ᠭᠤᠶᠤᠵᠤ ᠠᠪᠴᠢᠷᠠᠭᠤᠯᠬᠤ ᠪᠤᠶᠤ ᠦᠪᠡᠰᠦᠪᠡᠨ ᠬᠦᠷᠴᠦ᠍ ᠠᠪᠴᠢᠷᠠᠳᠠᠬ ᠪᠠᠢᠭ᠍ᠰᠠᠨ᠃ ᠣᠯᠠᠭᠠᠴᠢ ᠦᠢᠯᠡᠴᠢᠯᠡᠭᠡᠨ᠎ᠤ ᠦᠷᠳᠡᠭᠡ᠎ᠶ᠋ᠢᠨ ᠮᠠᠱᠢᠨ ᠲᠡᠷᠬᠡ ᠨᠠᠭᠠᠰᠢ ᠴᠠᠭᠠᠰᠢ ᠳᠠᠪᠬᠢᠬᠤ ᠪᠣᠯᠣᠭ᠍ᠰᠠᠨ᠎ᠨᠢ ᠮᠠᠰᠢ ᠰᠠᠢᠨ ᠪᠤᠯᠵᠠᠢ᠂ ᠲᠡᠭᠡᠷ᠎ᠡ ᠤᠳᠠᠭ᠎ᠠ ᠮᠢᠨᠤ ᠰᠦᠯᠵᠢᠶᠡᠨ ᠲᠡᠯᠭᠡᠭᠦᠷ᠎ᠠᠴᠠ ᠠᠪᠤᠬ᠍ᠰᠠᠨ ᠬᠡᠳᠦᠨ ᠰᠠᠪᠠ᠎ᠶ᠋ᠢ ᠭᠠᠴᠠᠭᠠᠨ᠎ᠳᠤ ᠠᠪᠴᠢᠷᠠᠵᠤ ᠦᠭ᠌ᠬᠦᠬᠡᠳ ᠵᠦᠪᠬᠡᠨ 35 ᠲᠦᠬᠦᠷᠢᠭ ᠯᠠ ᠠᠪᠤᠬ᠍ᠰᠠᠨ ᠱᠢᠦ!》 ᠬᠡᠵᠦ᠍ ᠬᠦᠬᠡᠴᠦ᠍ ᠰᠤᠮᠤ᠎ᠶ᠋ᠢᠨ ᠴᠢᠨᠳᠠᠮᠤᠨᠢ ᠭᠠᠴᠠᠭᠠᠨ᠎ᠤ ᠮᠠᠯᠴᠢᠨ ᠯᠢᠩᠬᠤ᠎ᠠ ᠬᠡᠯᠡᠬᠦ᠌᠎ᠳᠤ ᠬᠠᠵᠠᠭᠤ᠎ᠳᠤᠨᠢ ᠪᠠᠢᠭ᠍ᠰᠠᠨ ᠮᠠᠯᠴᠢᠨ ᠠᠯᠳᠠᠨᠴᠢᠮᠡᠭ᠄ 《ᠡᠨᠡ ᠵᠢᠯ ᠠᠷᠪᠠᠭᠠᠳ ᠢᠩᠬᠡ ᠰᠠᠭᠠᠵᠤ᠂ ᠤᠯᠠᠭᠠᠴᠢ ᠦᠢᠯᠡᠴᠢᠯᠡᠬᠡᠨ᠎ᠤ ᠦᠷᠳᠡᠭᠡ᠎ᠶ᠋ᠢᠨ ᠲᠡᠷᠬᠡ᠎ᠪᠠᠷ ᠡᠳᠦᠷ ᠦᠨᠵᠢᠬᠦ᠌ ᠪᠦᠷᠢ 30 — 40 ᠵᠢᠩ ᠢᠩᠬᠡᠨ ᠰᠦ ᠪᠠ ᠠᠢᠷᠠᠬ ᠶᠠᠪᠤᠭᠤᠯᠵᠤ ᠪᠠᠢᠨ᠎ᠠ᠂ ᠦᠩᠬᠡᠷᠡᠭ᠌ᠰᠡᠨ᠎ᠳᠤ ᠮᠠᠨ᠎ᠤ᠎ᠬᠢᠨ ᠮᠠᠱᠢᠨ ᠲᠡᠷᠬᠡ ᠵᠢᠯᠣᠭᠤᠳᠣᠨ ᠢᠩᠬᠡᠨ ᠰᠦ᠎ᠪᠠᠨ ᠬᠤᠱᠢᠭᠤᠨ ᠲᠦᠪ᠎ᠲᠤ ᠬᠦᠷᠬᠡᠵᠦ᠍᠂ ᠣᠴᠢᠭᠠᠳ ᠢᠷᠡᠳᠡᠯ᠎ᠡ 300 ᠭᠠᠷᠤᠢ ᠲᠦᠬᠦᠷᠢᠭ᠎ᠤᠨ ᠲᠤᠰᠤ ᠱᠢᠳᠠᠭᠠᠳᠠᠬ ᠪᠠᠢᠬ᠍ᠰᠠᠨ᠃ ᠤᠳᠤ ᠮᠠᠰᠢ ᠲᠦᠬᠦᠮ ᠪᠣᠯᠣᠭ᠍ᠰᠠᠨ ᠪᠦᠬᠡᠳ ᠵᠠᠷᠤᠳᠠᠯ ᠮᠦᠩᠬᠦ᠌᠎ᠳᠤ ᠴᠦ᠍ ᠠᠷᠪᠢᠳᠠᠢ ᠪᠤᠯᠤᠭ᠍ᠰᠠᠨ》 ᠬᠡᠵᠦ᠍ ᠪᠠᠶᠠᠷᠳᠠᠢ ᠬᠡᠯᠡᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠼᠠᠢ ᠬᠤᠩ
ᠦᠪᠦᠷ ᠮᠤᠩᠭᠤᠯ᠎ᠤᠨ ᠡᠳᠦᠷ᠎ᠤᠨ ᠰᠤᠨᠢᠨ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号