ᠬᠤᠵᠢᠮᠳᠠᠭ᠍ᠰᠠᠨ ᠮᠡᠰᠡ ᠵᠠᠰᠠᠯ
2020-08-09 18:51:42
ᠵᠣᠬᠢᠶᠠᠭ᠍ᠴᠢ᠄
ᠬᠦᠭ᠌ᠵᠢᠯᠲᠦ ᠬᠦᠪᠴᠢᠨ 
ᠣᠩᠱᠢᠭ᠍ᠰᠠᠨ ᠣᠳᠠᠭ᠎ᠠ᠄
★★★☆☆

ᠪᠠᠳᠤᠵᠢᠷᠭᠠᠯ ᠮᠠᠰᠠ ᠵᠠᠰᠠᠯ᠎ᠤᠨ ᠦᠷᠦᠭᠡᠨ᠎ᠳᠤ ᠤᠷᠤᠭᠠᠳ ᠳᠦᠷᠪᠠᠨ ᠴᠠᠭ ᠪᠤᠯᠤᠯ᠎ᠠ᠃ ᠡᠬᠦᠳᠡᠨ᠎ᠳᠤᠨᠢ ᠬᠦᠯᠢᠶᠠᠵᠦ᠍ ᠪᠠᠢᠭ᠍ᠰᠠᠨ ᠬᠦᠮᠦᠰ ᠳᠤᠭ᠍ᠳᠠᠭᠤᠷᠢ ᠠᠯᠳᠠᠨ ᠡᠷᠬᠢᠴᠡᠨ᠎ᠠ ᠁

《ᠮᠢᠨᠤ ᠲᠡᠬᠦᠦ ᠦᠢᠯᠡ᠎ᠲᠠᠢ ᠬᠥᠮᠦᠨ ᠱᠢᠤ᠂ ᠬᠡᠳᠦᠢ᠎ᠳᠤ ᠭᠠᠷᠴᠤ᠌ ᠢᠷᠡᠳᠡᠭ ᠪᠤᠯ ᠳ᠋ᠠ? ᠢ᠊ ᠱᠦᠵᠢ᠎ᠲᠠᠢ ᠲᠠᠭᠠᠷᠠᠭ᠍ᠰᠠᠨ ᠦᠭᠡᠢ ᠪᠤᠯ ᠪᠠᠰᠠ ᠭᠡᠳᠦᠢ ᠵᠤᠪᠠᠯᠠᠩ ᠠᠮᠰᠠᠳᠠᠭ᠎ᠢ ᠪᠤᠤ ᠮᠡᠳᠡ》 ᠬᠡᠵᠤ ᠮᠡᠰᠡ ᠵᠠᠰᠠᠯ᠎ᠤᠨ ᠡᠬᠦᠳᠡᠨ᠎ᠳᠤ ᠪᠠᠳᠤᠵᠢᠷᠭᠠᠯ᠎ᠤᠨ ᠡᠭᠡᠴᠢ ᠮᠦᠩᠬᠦᠨᠴᠡᠴᠡᠭ ᠠᠮᠠᠨ᠎ᠳᠠᠭᠠᠨ ᠳᠦᠳᠦᠨᠡᠨ ᠰᠠᠨᠠᠭ᠎ᠠ ᠪᠤᠯᠤᠨ᠎ᠠ᠃

ᠪᠠᠳᠤᠵᠢᠷᠭᠠᠯ ᠪᠤᠯ ᠠᠯᠠᠱᠠ ᠪᠠᠷᠠᠭᠤᠨ ᠬᠤᠱᠢᠭᠤᠨ᠎ᠤ ᠲᠠᠩᠰᠤᠭ᠍ᠪᠤᠯᠠᠭ ᠰᠤᠮᠤ᠎ᠶ᠋ᠢᠨ ᠡᠩᠭᠡᠷᠤ᠌ᠰᠤ ᠭᠠᠴᠠᠭᠠᠨ᠎ᠤ ᠮᠠᠯᠴᠢᠨ᠂ ᠲᠠᠩᠰᠠᠯᠠᠵᠤ ᠺᠠᠷᠲᠯᠠᠭ᠍ᠰᠠᠨ ᠶᠠᠳᠠᠭᠤ ᠬᠦᠴᠢᠷᠳᠡᠯᠳᠠᠢ ᠡᠷᠦᠬᠡ᠎ᠶ᠋ᠢᠨ ᠨᠢᠬᠡ ᠶᠤᠮ᠃ ᠲᠡᠬᠦᠨ᠎ᠤ ᠮᠡᠰᠡ ᠵᠠᠰᠠᠯ᠎ᠤᠨ ᠦᠷᠦᠭᠡᠨ᠎ᠳᠤ ᠤᠷᠤᠭ᠍ᠰᠠᠨ ᠤᠴᠢᠷ᠎ᠢ ᠬᠡᠳᠦᠨ ᠵᠢᠯ᠎ᠤᠨ ᠡᠮᠦᠨᠡᠬᠢ ᠨᠢᠭᠡᠨ ᠶᠠᠪᠤᠳᠠᠯ᠎ᠠᠴᠠ ᠡᠬᠢᠯᠡᠵᠦ᠍ ᠶᠠᠷᠢᠬᠤ ᠴᠢᠬᠤᠯᠠᠳᠠᠢ᠃

2017 ᠤᠨ᠎ᠤ 6 ᠰᠠᠷ᠎ᠠ᠎ᠶ᠋ᠢᠨ 23᠂ ᠪᠠᠳᠤᠵᠢᠷᠭᠠᠯ᠎ᠳᠤ ᠠᠪᠴᠤ᠌ ᠬᠡᠯᠡᠪᠡᠯ ᠬᠠᠮᠤᠭ᠎ᠤᠨ ᠬᠠᠷᠠᠩᠭᠤᠢ ᠡᠳᠦᠷ᠃ ᠦᠷᠯᠦᠭᠡ᠎ᠶ᠋ᠢᠨ 5 ᠴᠠᠭ᠎ᠲᠤ ᠪᠠᠳᠤᠵᠢᠷᠭᠠᠯ ᠲᠠᠩᠰᠤᠭ᠍ᠪᠤᠯᠠᠭ ᠰᠤᠮᠤᠨ᠎ᠳᠤ ᠲᠡᠮᠦᠷ ᠵᠠᠮ᠎ᠤᠨ ᠠᠵᠢᠯᠴᠢᠨ᠎ᠤ ᠬᠤᠷᠠᠯ᠎ᠳᠤ ᠤᠷᠤᠯᠴᠠᠬᠤ ᠭᠡᠵᠦ᠍ ᠮᠣᠲ᠋ᠣᠷ᠎ᠲᠠᠢ ᠭᠠᠷᠴᠠᠢ᠃ 100 ᠭᠠᠷᠤᠢ ᠺᠢᠯᠣᠮᠧᠲᠷ᠎ᠤᠨ ᠵᠠᠮ᠎ᠢ ᠬᠤᠷᠤᠭᠠᠵᠦ᠍ ᠬᠤᠷᠠᠯ᠎ᠳᠠᠭᠠᠨ ᠴᠠᠭ᠎ᠲᠠᠭᠠᠨ ᠤᠷᠤᠯᠴᠠᠬᠤ ᠬᠡᠵᠦ᠍ ᠱᠢᠷᠦᠬᠦᠭᠡᠨ ᠳᠠᠪᠬᠢᠭᠤᠯᠵᠦ᠍ ᠶᠠᠪᠤᠭ᠍ᠰᠠᠨ ᠪᠠᠳᠤᠵᠢᠷᠭᠠᠯ᠎ᠤᠨ ᠬᠦᠯ ᠬᠡᠨᠡᠳᠳᠡ ᠬᠠᠯᠠᠵᠦ᠍ ᠡᠬᠢᠯᠡᠭ᠌ᠰᠡᠨ᠎ᠳᠤ 《ᠦᠷᠯᠦᠭᠡ ᠡᠷᠳᠡ᠎ᠶ᠋ᠢᠨ ᠰᠡᠷᠢᠬᠦᠨ᠎ᠳᠤ ᠬᠠᠯᠠᠬᠤ ᠶᠣᠰᠣ ᠦᠬᠡᠢ ᠶᠤᠮ ᠳ᠋ᠠ》 ᠭᠡᠵᠦ᠍ ᠪᠤᠳᠤᠭ᠍ᠰᠠᠨ ᠴᠤ᠌ ᠠᠵᠢᠯ ᠬᠡᠷᠡᠭ᠎ᠲᠡᠭᠡᠨ ᠶᠠᠭᠠᠷᠠᠭᠠᠳ ᠪᠠᠰᠠ ᠵᠢᠭᠠᠬᠠᠨ ᠳᠠᠪᠬᠢᠭᠤᠯᠤᠭ᠍ᠰᠠᠨ ᠴᠢᠨᠢ ᠪᠦᠷ ᠬᠠᠯᠠᠭᠠᠳ ᠪᠤᠯᠬᠤ᠎ᠪᠠᠨ ᠪᠤᠯᠢᠯ᠎ᠠ᠃ ᠶᠠᠭᠠᠷᠠᠪᠴᠢᠯᠠᠨ ᠮᠣᠲ᠋ᠣᠷ᠎ᠠᠴᠠ᠎ᠪᠠᠨ ᠪᠠᠭᠤᠵᠦ᠍ ᠦᠵᠡᠭ᠌ᠰᠡᠨ ᠴᠢᠨᠢ ᠥᠮᠥᠳᠥ ᠱᠠᠬᠠᠢ᠎ᠳᠤᠨᠢ ᠭᠠᠯ ᠵᠤᠯᠭᠠᠭ᠍ᠰᠠᠨ ᠪᠠᠢᠯ᠎ᠠ᠃ ᠵᠤᠵᠠᠭᠠᠨ ᠡᠮᠦᠰᠦᠭ᠌ᠰᠡᠨ ᠪᠤᠯᠬᠤᠷ ᠮᠣᠲ᠋ᠣᠷ᠎ᠠᠴᠠ᠎ᠨᠢ ᠭᠠᠯ ᠵᠤᠯᠭᠠᠭ᠍ᠰᠠᠨ᠎ᠢ ᠮᠡᠳᠡᠭ᠌ᠰᠡᠨ ᠦᠬᠡᠢ ᠳᠠᠪᠬᠢᠭᠠᠳ ᠪᠠᠢᠭ᠍ᠰᠠᠨ ᠪᠠᠢᠵᠠᠢ᠃ ᠰᠠᠨᠳᠤᠷᠴᠦ᠍ ᠲᠡᠪᠡᠳᠡᠭ᠌ᠰᠡᠨ ᠦᠶ᠎ᠡ᠎ᠳᠤ ᠦᠮᠦᠳᠦᠨ ᠳᠠᠯᠠᠢ᠎ᠨᠢ ᠴᠤ᠋ ᠳᠠᠢᠯᠤᠭ᠍ᠳᠠᠬᠤ᠎ᠪᠠᠨ ᠪᠠᠢᠴᠢᠬᠠᠵᠦ᠍᠂ ᠬᠠᠯᠠᠵᠦ᠍ ᠲᠦᠯᠡᠭ᠌ᠳᠡᠬᠦ᠌᠎ᠶ᠋ᠢᠨ ᠡᠷᠬᠡᠨ᠎ᠳᠤ ᠶᠠᠭᠠᠬᠢᠵᠦ᠍ ᠡᠢᠬᠦ᠌᠎ᠶ᠋ᠢᠨ ᠵᠠᠪ ᠦᠬᠡᠢ ᠦᠮᠦᠳᠦ᠎ᠨᠢ ᠣᠬᠤᠷ ᠦᠮᠦᠳᠤᠨ᠎ᠤ ᠬᠢᠷᠢᠳᠠᠢ ᠯᠡ ᠦᠯᠡᠳᠡᠵᠦ᠍᠂ ᠱᠠᠬᠠᠢ᠎ᠨᠢ ᠱᠢᠳᠠᠵᠦ᠍ ᠳᠠᠭᠤᠰᠤᠭᠠᠳ ᠪᠠᠳᠤᠵᠢᠷᠭᠠᠯ᠎ᠤᠨ ᠬᠤᠶᠠᠷ ᠬᠦᠯ ᠨᠡᠢᠳᠡᠮ ᠲᠦᠯᠡᠭ᠌ᠳᠡᠵᠦ᠍ ᠱᠠᠭ᠎ᠠ᠎ᠶ᠋ᠢᠨ ᠶᠠᠰᠤ᠎ᠨᠢ ᠴᠠᠢᠵᠦ᠍ ᠦᠯᠡᠳᠡᠵᠡᠢ᠃ ᠲᠡᠭᠡᠵᠦ᠍ ᠠᠮᠢ ᠨᠠᠭᠠᠨ᠎ᠠ ᠲᠠᠮᠤ ᠴᠠᠭᠠᠨ᠎ᠠ ᠬᠥᠯ ᠨᠢᠴᠦᠬᠦᠨ᠂ ᠤᠷᠢᠯᠠᠵᠦ᠍ ᠪᠠᠷᠬᠢᠷᠠᠬᠤ᠎ᠲᠠᠢ ᠨᠢᠭᠡ ᠭᠠᠵᠠᠷ ᠬᠢᠷᠢᠳᠠᠢ ᠶᠠᠪᠤᠵᠦ᠍ ᠬᠠᠮᠳᠤ ᠰᠤᠷᠤᠭ᠍ᠴᠢ᠎ᠶ᠋ᠢᠨ᠎ᠢᠶᠠᠨ ᠬᠡᠷ᠎ᠤᠨ ᠬᠠᠪᠢ᠎ᠳᠤ ᠬᠦᠷᠬᠦ᠌᠎ᠳᠤ ᠬᠠᠢᠷ ᠴᠢᠯᠠᠭᠤ ᠡᠪᠡᠰᠤ ᠮᠤᠳᠤᠨ᠎ᠳᠤ ᠬᠦᠯ᠎ᠤᠨ ᠤᠯᠠ᠎ᠨᠢ ᠡᠰᠭᠡᠭ᠌ᠳᠡᠬᠡᠳ ᠤᠯᠠᠭᠠᠨ ᠵᠠᠭᠠᠯ ᠪᠤᠯᠵᠦ᠍ ᠮᠢᠬ᠎ᠠ᠎ᠨᠢ ᠰᠠᠨᠵᠢᠬᠢᠨᠠᠵᠦ᠍ ᠪᠠᠢᠭ᠍ᠰᠠᠨ ᠭᠡᠳᠡᠭ᠃

ᠲᠤᠬᠠᠢ᠎ᠶ᠋ᠢᠨ ᠦᠶ᠎ᠡ᠎ᠶ᠋ᠢᠨ ᠪᠠᠢᠳᠠᠯ᠎ᠢ ᠡᠷᠬᠢᠴᠡᠬᠦᠯᠦᠨ ᠶᠠᠷᠢᠬᠤ᠎ᠳᠤ ᠮᠦᠩᠬᠦᠨᠴᠡᠴᠡᠭ᠎ᠤᠨ ᠬᠤᠭᠤᠯᠠᠢ᠎ᠨᠢ ᠵᠠᠩᠬᠢᠷᠠᠵᠦ᠍ ᠪᠠᠢᠯ᠎ᠠ᠃ ᠠᠮᠢᠳᠦ᠎ᠪᠠᠷ᠎ᠢᠶᠠᠨ ᠱᠢᠳᠠᠨ᠎ᠠ ᠭᠡᠳᠡᠭ ᠶᠠᠮᠠᠷ ᠶᠡᠭᠡ ᠵᠤᠪᠠᠯᠠᠩ᠎ᠢ ᠪᠤᠳᠤᠬᠤ᠎ᠳᠤ ᠳᠤᠳᠤᠷ᠎ᠠ ᠵᠢᠷᠢᠰᠭᠢᠬᠦ᠌ ᠶᠤᠮ ᠴᠢᠨᠢ᠂ ᠠᠷᠭ᠎ᠠ ᠴᠤ᠌ ᠦᠭᠡᠢ ᠳ᠋ᠠ! ᠠᠬ᠎ᠠ ᠡᠭᠡᠴᠢ ᠨᠠᠷ᠎ᠨᠢ ᠤᠬᠠᠭ᠎ᠠ ᠠᠯᠳᠠᠭ᠍ᠰᠠᠨ ᠳᠡᠬᠦᠦ᠎ᠪᠠᠨ ᠲᠡᠭᠡᠭᠡᠵᠦ᠍ ᠪᠠᠷᠢᠨ ᠲᠤᠤᠷ᠎ᠠ᠎ᠨᠢ ᠪᠠᠶᠠᠨᠬᠤᠳᠠ᠎ᠶ᠋ᠢᠨ ᠡᠮᠨᠡᠯᠭᠡ᠎ᠶ᠋ᠢᠨ ᠬᠤᠷᠢᠶᠠᠨ᠎ᠳᠤ ᠬᠦᠷᠴᠤ᠌ ᠠᠪᠤᠷᠠᠯᠳᠠ ᠬᠢᠯᠭᠡᠭ᠌ᠰᠡᠨ ᠪᠤᠯᠪᠠᠴᠤ᠌ ᠨᠢᠭᠡ ᠭᠠᠷᠠᠭ ᠪᠤᠯᠬᠤ᠎ᠳᠤ ᠡᠮᠨᠡᠯᠭᠡ᠎ᠶ᠋ᠢᠨ ᠬᠤᠷᠢᠶᠠᠨ᠎ᠤ ᠬᠢᠨᠢ ᠵᠠᠰᠠᠵᠦ᠍ ᠲᠡᠢᠯᠬᠦ᠌ ᠦᠬᠡᠢ᠂ ᠬᠦᠮᠦᠨ᠎ᠢᠶᠠᠨ ᠠᠪᠤᠭᠠᠳ ᠶᠠᠪᠤ ᠡ ᠭᠡᠰᠡᠨ ᠭᠡᠨ᠎ᠡ᠃ ᠤᠯᠢᠭᠤ ᠰᠤᠯᠢᠭᠤ ᠶᠠᠷᠢᠵᠦ᠍᠂ ᠬᠦᠮᠦᠨ ᠤᠢ᠍ᠢᠷᠠᠳᠭᠤ᠎ᠶ᠋ᠢᠨ ᠠᠷᠭ᠎ᠠ ᠦᠬᠡᠢ ᠦᠮᠡᠬᠡᠢ ᠤᠷᠤᠭ᠍ᠰᠠᠨ ᠬᠦᠮᠦᠨ᠎ᠢᠶᠠᠨ ᠠᠪᠤᠭᠠᠳ ᠠᠬ᠎ᠠ ᠡᠭᠡᠴᠢ ᠨᠠᠷ᠎ᠨᠢ ᠠᠷᠭ᠎ᠠ ᠪᠤᠰᠤ ᠢᠷᠭᠠᠢ ᠬᠤᠳᠠ᠎ᠶ᠋ᠢᠨ ᠡᠮᠨᠡᠯᠭᠡ᠎ᠶ᠋ᠢᠨ ᠬᠤᠷᠢᠶᠠᠨ᠎ᠳᠤ ᠬᠦᠷᠦᠭ᠌ᠰᠡᠨ᠎ᠳᠤ ᠵᠠᠰᠠᠵᠦ᠍ ᠲᠡᠢᠯᠬᠦ᠌᠎ᠠᠴᠠ ᠦᠩᠭᠡᠷᠡᠭ᠌ᠰᠡᠨ ᠭᠡᠳ ᠡᠮᠨᠡᠯᠭᠡ᠎ᠳᠡᠭᠡᠨ ᠤᠷᠤᠭᠤᠯᠤᠭ᠍ᠰᠠᠨ ᠦᠬᠡᠢ ᠪᠠᠢᠯ᠎ᠠ᠃

ᠭᠠᠴᠢᠭ᠍ᠳᠠᠵᠦ᠍ ᠵᠤᠪᠠᠭ᠍ᠰᠠᠨ ᠠᠬ᠎ᠠ ᠳᠡᠬᠦᠦ ᠬᠡᠳᠦᠬᠦᠯᠡ ᠢᠷᠭᠠᠢ ᠬᠤᠳᠠ᠎ᠶ᠋ᠢᠨ ᠵᠡᠭᠡᠯᠢ ᠳᠡᠭᠡᠷ᠎ᠡ ᠶᠠᠭᠠᠬᠢᠬᠤ᠎ᠪᠠᠨ ᠤᠯᠬᠤ ᠦᠭᠡᠢ ᠳᠡᠪᠡᠳᠡᠵᠦ᠍ ᠪᠠᠢᠬᠤ᠎ᠳᠤ ᠢᠷᠭᠠᠢ ᠬᠤᠳᠠ᠎ᠳᠤ ᠲᠦᠯᠡᠭ᠌ᠳᠡᠭ᠌ᠰᠡᠨ ᠱᠢᠷᠬ᠎ᠠ᠎ᠶ᠋ᠢ ᠡᠮᠨᠡᠳᠡᠭ ᠡᠮᠨᠡᠯᠭᠡ᠎ᠶ᠋ᠢᠨ ᠬᠤᠷᠢᠶ᠎ᠠ ᠪᠠᠢᠳᠠᠭ ᠭᠡᠵᠦ᠍ ᠨᠢᠭᠡ ᠬᠦᠮᠦᠨ ᠬᠡᠯᠡᠵᠦ᠍ ᠦᠭ᠌ᠴᠠᠢ᠃ ᠬᠦᠷᠦᠭᠡᠳ ᠤᠴᠢᠬᠤ᠎ᠳᠤ ᠲᠡᠨᠳᠡᠬᠢ ᠡᠮᠴᠢ 100 ᠲᠦᠮᠡᠨ ᠲᠦᠬᠦᠷᠢᠭ ᠭᠠᠷᠭᠠᠵᠦ᠍ ᠲᠡᠢᠯᠪᠡᠯ ᠬᠦᠮᠦᠨ᠎ᠢᠶᠠᠨ ᠡᠮᠨᠡᠬᠦᠯ ᠭᠡᠰᠡᠨ ᠬᠠᠷᠢᠭᠤᠯᠳᠠ ᠦᠭ᠌ᠬᠦᠯ᠎ᠠ᠃ ᠡᠨᠡ ᠦᠨᠡᠬᠡᠷ ᠪᠡᠶ᠎ᠡ ᠮᠠᠬᠠᠪᠤᠳ᠎ᠤᠨ ᠱᠢᠨᠠᠯᠭᠠᠯ᠎ᠳᠤ ᠲᠡᠰᠴᠤ᠌ ᠶᠠᠳᠠᠨ ᠪᠠᠢᠭ᠎ᠠ ᠪᠠᠳᠤᠵᠢᠷᠭᠠᠯ᠎ᠤᠨ ᠠᠮᠢᠳᠤ ᠶᠠᠪᠤᠬᠤ ᠬᠦᠰᠡᠯ ᠮᠦᠷᠦᠭᠡᠳᠤᠯ᠎ᠤᠨ ᠰᠦᠮᠡᠯᠵᠡᠭ᠌ᠰᠡᠨ ᠵᠤᠯᠠ᠎ᠶ᠋ᠢ ᠬᠠᠳᠠᠭᠤ ᠤᠷᠴᠢᠯᠠᠩ᠎ᠤᠨ ᠵᠢᠭᠡᠬᠦᠨ ᠰᠠᠯᠬᠢ ᠮᠦᠬᠦᠭᠡᠭ᠌ᠰᠡᠨ ᠶᠠᠪᠤᠳᠠᠯ ᠪᠤᠯᠵᠦ᠍᠂ ᠭᠤᠷᠢ ᠳᠠᠰᠤᠷᠠᠭ᠍ᠰᠠᠨ ᠪᠠᠳᠤᠵᠢᠷᠭᠠᠯ ᠠᠮᠢᠳᠤᠷᠠᠬᠤ ᠢᠳᠡᠭᠡᠯ ᠠᠯᠳᠠᠬᠤ᠎ᠳᠠᠭᠠᠨ ᠳᠠᠭᠤᠯᠠᠭᠠᠳ ᠵᠤᠭ᠍ᠰᠤᠬᠤ᠎ᠪᠠᠨ ᠪᠠᠢᠯ᠎ᠠ ᠭᠡᠳᠡᠭ᠃

《ᠲᠤᠬᠠᠢ᠎ᠶ᠋ᠢᠨ ᠦᠶ᠎ᠡ᠎ᠳᠤ ᠮᠠᠨᠤᠰ᠎ᠲᠤ ᠬᠠᠮᠢᠭ᠎ᠠ᠎ᠠᠴᠠ ᠲᠡᠢᠮᠦ᠍ ᠶᠡᠭᠡ ᠵᠣᠭᠤᠰ ᠪᠠᠢᠬᠤᠪ》 ᠭᠡᠳ ᠮᠦᠩᠬᠦᠨᠴᠡᠴᠡᠭ ᠠᠷᠭ᠎ᠠ ᠪᠠᠷᠠᠭ᠍ᠳᠠᠭ᠍ᠰᠠᠨ᠂ ᠬᠠᠷᠠᠮᠰᠠᠭ᠍ᠰᠠᠨ᠂ ᠭᠠᠴᠢᠭ᠍ᠳᠠᠭ᠍ᠰᠠᠨ ᠬᠦᠮᠦᠨ᠎ᠳᠤ ᠯᠡ ᠪᠠᠢᠳᠠᠭ ᠠᠶᠠᠰ᠎ᠢᠶᠠᠷ ᠵᠠᠯᠭᠠᠵᠤ ᠶᠠᠷᠢᠨ᠎ᠠ᠃ ᠠᠷᠭ᠎ᠠ ᠪᠤᠰᠤ ᠳᠠᠬᠢᠨ ᠪᠠᠶᠠᠨᠬᠤᠳᠠ᠎ᠶ᠋ᠢᠨ ᠡᠮᠨᠡᠯᠭᠡ᠎ᠶ᠋ᠢᠨ ᠬᠤᠷᠢᠶᠠᠨ᠎ᠳᠤ ᠪᠤᠴᠠᠨ ᠢᠷᠡᠵᠦ᠍ ᠭᠤᠶᠤᠵᠦ᠍ ᠲᠡᠬᠦᠵᠦ᠍ ᠪᠠᠢᠭᠠᠳ ᠬᠤᠶᠠᠷᠬᠠᠨ ᠡᠳᠦᠷ ᠰᠠᠭᠤᠯᠭᠠᠬᠤ᠎ᠪᠠᠷ ᠪᠤᠯᠵᠠᠢ᠃ ᠲᠡᠭᠡᠵᠦ᠍ ᠪᠠᠢᠳᠠᠯ᠎ᠠ ᠭᠠᠨᠰᠤ ᠮᠤᠵᠢ᠎ᠶ᠋ᠢᠨ ᠡᠦ ᠸᠧᠢ ᠬᠤᠳᠠ᠎ᠳᠤ ᠳᠡᠭᠡᠳᠦᠰ᠎ᠠᠴᠠ᠎ᠪᠠᠨ ᠤᠯᠠᠮᠵᠢᠯᠠᠭ᠍ᠰᠠᠨ ᠨᠢᠭᠤᠴᠠ ᠵᠤᠷ᠎ᠢᠶᠠᠷ ᠲᠦᠯᠡᠭ᠌ᠳᠡᠭ᠌ᠰᠡᠨ ᠱᠢᠷᠬ᠎ᠠ᠎ᠶ᠋ᠢ ᠡᠮᠨᠡᠳᠡᠭ ᠰᠠᠢᠨ ᠡᠮᠴᠢ ᠪᠠᠢᠳᠠᠭ᠎ᠢ ᠰᠤᠨᠤᠰᠴᠤ᠌᠂ ᠮᠡᠷᠭᠡᠨ ᠡᠮᠴᠢ ᠵᠠᠯᠠᠭᠠᠳ ᠢᠷᠡᠭ᠌ᠰᠡᠨ ᠴᠢᠨᠢ ᠡᠷᠯᠢᠭ᠎ᠤᠨ ᠲᠠᠩᠰᠠᠨ᠎ᠳᠤ ᠤᠷᠤᠭᠠᠳ ᠪᠠᠢᠭ᠍ᠰᠠᠨ ᠪᠠᠳᠤᠵᠢᠷᠭᠠᠯ ᠠᠬᠢᠭᠠᠳ ᠡᠨᠡ ᠶᠢᠷᠲᠢᠨᠴᠤ᠎ᠳᠤ ᠠᠮᠢᠳᠤᠷᠠᠬᠤ ᠬᠤᠪᠢ᠎ᠲᠠᠢ ᠪᠤᠯᠵᠠᠢ᠃ ᠠᠩᠬ᠎ᠠ 10 ᠲᠦᠮᠡᠨ ᠲᠦᠬᠦᠷᠢᠭ ᠦᠭ᠌ᠴᠦ ᠨᠢᠭᠡ ᠭᠠᠷᠠᠭ ᠡᠮ ᠲᠦᠷᠬᠢᠭ᠌ᠰᠡᠨ ᠴᠢᠨᠢ ᠱᠢᠷᠬ᠎ᠠ᠎ᠨᠢ ᠪᠦᠷ ᠰᠠᠢᠨ ᠡᠳᠡᠭᠡᠵᠦ᠍ ᠡᠬᠢᠯᠡᠭ᠌ᠰᠡᠨ ᠭᠡᠨ᠎ᠡ᠂ ᠪᠠᠳᠤᠵᠢᠷᠭᠠᠯ ᠴᠤ᠋ ᠦᠨᠳᠡᠢᠵᠦ᠍ ᠪᠠᠢᠵᠦ᠍ ᠢᠳᠡᠵᠦ᠍ ᠤᠤᠭᠤᠬᠤ ᠲᠡᠩᠬᠡᠬᠡ᠎ᠲᠠᠢ ᠪᠤᠯᠵᠦ᠍ ᠪᠦᠬᠦᠳᠡᠭᠡᠷ ᠬᠦᠰᠡᠯ ᠡᠷᠡᠮᠡᠯᠵᠡᠯ᠎ᠲᠠᠢ ᠪᠣᠯᠤᠯ᠎ᠠ ᠬᠡᠮᠡᠨ ᠪᠠᠶᠠᠷᠯᠠᠵᠦ᠍ ᠪᠠᠢᠳᠠᠯ᠎ᠠ ᠡᠮᠴᠢ᠄ 《ᠡᠮ ᠨᠠᠢᠷᠠᠭᠤᠯᠤᠨ᠎ᠠ᠂ ᠳᠠᠬᠢᠭᠠᠳ 10 ᠲᠦᠮᠡᠨ ᠲᠦᠬᠦᠷᠢᠭ ᠬᠡᠷᠡᠭ᠌ᠯᠡᠨ᠎ᠡ》 ᠭᠡᠵᠡᠢ᠃ ᠪᠠᠢᠳᠠᠭ᠎ᠢᠶᠠᠨ ᠬᠠᠮᠤᠵᠦ᠍ ᠴᠤᠭ᠍ᠯᠠᠭᠤᠯᠵᠦ᠍ ᠪᠠᠢᠮᠠᠨᠵᠢᠨ ᠲᠦᠩᠭᠡᠵᠢ 2 ᠲᠦᠮᠡᠨ ᠲᠦᠬᠦᠷᠢᠭ ᠴᠤᠭ᠍ᠯᠠᠭᠤᠯᠵᠦ᠍ ᠬᠤᠶᠠᠷ ᠡᠳᠦᠷ ᠡᠮᠨᠡᠬᠦᠯᠵᠦ᠍᠂ ᠪᠠᠰᠠ ᠵᠢᠭᠠᠬᠠᠨ ᠡᠮ ᠦᠯᠡᠳᠡᠭᠡᠵᠦ᠍ ᠠᠪᠤᠭᠠᠳ ᠠᠷᠭ᠎ᠠ ᠪᠤᠰᠤ ᠲᠡᠷᠡ ᠡᠮᠴᠢ᠎ᠶ᠋ᠢ ᠪᠤᠴᠠᠭᠠᠯ᠎ᠠ᠃

ᠮᠦᠩᠬᠦ᠌ ᠵᠤᠭᠤᠰ ᠪᠤᠯ ᠳᠠᠭᠤᠰᠴᠠᠢ᠂ ᠬᠡᠪᠡᠴᠦ᠍ ᠬᠦᠮᠦᠨ᠎ᠨᠢ ᠨᠡᠯᠢᠶᠡᠳ ᠲᠡᠩᠬᠡᠷᠡᠭ᠌ᠰᠡᠨ ᠶᠤᠮ ᠬᠤᠢᠨ᠎ᠠ ᠭᠡᠷ᠎ᠲᠡᠭᠡᠨ ᠬᠠᠷᠢᠭᠠᠳ ᠨᠤᠲᠤᠭ᠎ᠤᠨ ᠠᠷᠭ᠎ᠠ᠎ᠪᠠᠷ ᠵᠠᠰᠠᠵᠦ᠍ ᠪᠠᠢᠶ᠎ᠠ ᠭᠡᠳ ᠠᠬ᠎ᠠ ᠡᠭᠡᠴᠢ ᠨᠠᠷ᠎ᠨᠢ ᠡᠭᠡᠯᠵᠢ᠎ᠪᠠᠷ ᠪᠠᠳᠤᠵᠢᠷᠭᠠᠯ᠎ᠢ ᠠᠰᠠᠷᠠᠵᠦ᠍ ᠲᠡᠶᠠᠭ ᠲᠤᠯᠬᠤ ᠬᠡᠮᠵᠢᠶ᠎ᠡ᠎ᠲᠠᠢ ᠪᠤᠯᠭᠠᠪᠠ᠃ ᠪᠠᠳᠤᠵᠢᠷᠭᠠᠯ ᠥᠪᠡᠷ᠎ᠤᠨ ᠣᠯᠳᠠᠭ ᠪᠡᠯᠴᠢᠭᠡᠷᠯᠡᠬᠦᠯᠬᠦ᠌᠎ᠶ᠋ᠢ ᠵᠤᠭ᠍ᠰᠤᠭᠠᠭ᠍ᠰᠠᠨ ᠨᠥᠬᠦᠪᠥᠷᠢ᠂ ᠲᠡᠮᠦᠷ ᠵᠠᠮ᠎ᠤᠨ ᠬᠠᠮᠠᠭᠠᠯᠠᠯᠳᠠ᠎ᠶ᠋ᠢᠨ ᠮᠦᠩᠬᠦ᠌ ᠵᠡᠷᠭᠡ ᠵᠢᠭᠠᠬᠠᠨ ᠵᠤᠭᠤᠰ᠎ᠢᠶᠠᠷ᠎ᠢᠶᠠᠨ ᠡᠮ ᠠᠪᠤᠨ ᠠᠮᠢ ᠵᠢᠭᠤᠵᠦ᠍᠂ ᠱᠢᠷᠬ᠎ᠠ᠎ᠨᠢ ᠨᠡᠯᠢᠶᠡᠳ ᠡᠳᠡᠭᠡᠭ᠌ᠰᠡᠨ ᠪᠤᠯᠪᠠᠴᠤ᠌ ᠪᠠᠷᠠᠭᠤᠨ ᠲᠠᠬᠢᠮ ᠲᠠᠭᠠᠭ᠍ᠰᠠᠨ ᠬᠡᠰᠡᠭ᠎ᠨᠢ ᠶᠠᠭᠠᠬᠢᠭ᠍ᠰᠠᠨ ᠴᠤ᠋ ᠡᠳᠡᠭᠡᠬᠦ᠌ ᠦᠭᠡᠢ ᠪᠠᠢᠯ᠎ᠠ᠃

2018 ᠤᠨ ᠪᠤᠯᠵᠦ᠍᠂ ᠶᠠᠳᠠᠭᠤ᠎ᠠᠴᠠ ᠠᠩᠬᠢᠵᠢᠷᠠᠭᠤᠯᠬᠤ ᠪᠤᠭᠤᠮᠳᠠ ᠱᠢᠪᠳᠤᠯᠬᠤ ᠳᠠᠢᠯᠠᠯᠳᠤᠭᠠᠨ ᠡᠴᠦᠰ᠎ᠤᠨ ᠭᠤᠷᠪᠠᠨ ᠵᠢᠯ᠎ᠤᠨ ᠳᠠᠭᠠᠷᠢᠯᠳᠠ᠎ᠶ᠋ᠢᠨ ᠱᠠᠳᠤᠨ᠎ᠳᠠᠭᠠᠨ ᠤᠷᠤᠪᠠ᠂ ᠦᠪᠡᠷᠳᠡᠭᠡᠨ ᠵᠠᠰᠠᠬᠤ ᠤᠷᠤᠨ᠎ᠤ ᠨᠠᠮ᠎ᠤᠨ ᠬᠤᠷᠢᠶᠠᠨ᠎ᠠᠴᠠ ᠤᠯᠤᠰ᠎ᠤᠨ ᠪᠠ ᠤᠷᠤᠨ᠎ᠤ ᠳᠡᠰ᠎ᠤᠨ ᠭᠤᠤᠯᠳᠠᠯᠭ᠎ᠠ᠎ᠲᠠᠢ ᠶᠠᠳᠠᠭᠤ ᠬᠦᠴᠢᠷᠳᠡᠯᠳᠡᠢ 57 ᠬᠤᠱᠢᠭᠤ ᠱᠢᠶᠠᠨ᠎ᠳᠤ ᠠᠵᠢᠯᠯᠠᠬᠤ ᠠᠩᠬᠢ ᠲᠤᠮᠢᠯᠠᠵᠦ᠍᠂ ᠥᠪᠥᠷ ᠮᠤᠩᠭᠤᠯ᠎ᠤᠨ ᠡᠳᠦᠷ᠎ᠤᠨ ᠰᠤᠨᠢᠨ᠎ᠤ ᠬᠤᠷᠢᠶᠠᠨ᠎ᠤ ᠳᠡᠳ᠋ ᠶᠡᠷᠦᠩᠬᠡᠢ ᠨᠠᠢᠷᠠᠭᠤᠯᠤᠭ᠍ᠴᠢ ᠢᠯᠠᠯᠳᠠ ᠭᠤᠧᠠᠢ᠎ᠶ᠋ᠢ ᠠᠯᠠᠱᠠ ᠪᠠᠷᠠᠭᠤᠨ ᠬᠤᠱᠢᠭᠤᠨ᠎ᠳᠤ ᠶᠠᠳᠠᠭᠤ᠎ᠠᠴᠠ ᠠᠩᠬᠢᠵᠢᠷᠠᠭᠤᠯᠬᠤ ᠪᠤᠭᠤᠮᠳᠠ ᠱᠢᠪᠳᠤᠯᠬᠤ ᠠᠵᠢᠯᠯᠠᠬᠤ ᠠᠩᠬᠢ᠎ᠶ᠋ᠢᠨ ᠳᠠᠷᠤᠭ᠎ᠠ᠎ᠪᠠᠷ ᠲᠤᠮᠢᠯᠠᠵᠠᠢ᠃ 2018 ᠤᠨ᠎ᠤ 5 ᠰᠠᠷ᠎ᠠ᠎ᠶ᠋ᠢᠨ ᠡᠬᠢ᠎ᠪᠠᠷ ᠢᠯᠠᠯᠳᠠ ᠠᠯᠠᠱᠠ ᠪᠠᠷᠠᠭᠤᠨ ᠬᠤᠱᠢᠭᠤᠨ᠎ᠳᠤ ᠬᠦᠷᠴᠤ᠌᠂ 6 ᠰᠠᠷ᠎ᠠ᠎ᠶ᠋ᠢᠨ 13 ᠎ᠳᠤ ᠬᠥᠳᠡᠭᠡ ᠪᠠᠭᠤᠵᠦ᠍ ᠡᠩᠭᠡᠷᠤ᠌ᠰᠤ ᠭᠠᠴᠠᠭ᠎ᠠ᠎ᠪᠠᠷ ᠶᠠᠪᠤᠵᠦ᠍ ᠪᠠᠢᠬᠤ᠎ᠳᠠᠭᠠᠨ ᠪᠠᠳᠤᠵᠢᠷᠭᠠᠯ᠎ᠤᠨ ᠪᠠᠢᠳᠠᠯ᠎ᠢ ᠤᠢ᠍ᠢᠯᠠᠭᠠᠪᠠ᠃ ᠠᠵᠢᠯ᠎ᠤᠨ ᠱᠠᠭᠠᠷᠳᠠᠯᠭ᠎ᠠ᠎ᠪᠠᠷ ᠲᠠᠨᠢᠯᠴᠠᠭ᠍ᠰᠠᠨ ᠭᠡᠯ᠎ᠡ ᠴᠤ᠋ ᠪᠠᠳᠤᠵᠢᠷᠭᠠᠯ᠎ᠢ ᠦᠵᠡᠮᠡᠭ᠌ᠴᠡ ᠦᠷᠦ᠍ ᠡᠪᠡᠳᠴᠤ᠌᠂ ᠮᠠᠰᠠ ᠵᠠᠰᠠᠯ ᠬᠢᠯᠭᠡᠨ ᠡᠷᠡᠬᠦᠯ ᠰᠠᠢᠬᠠᠨ ᠠᠮᠢᠳᠤᠷᠠᠭᠤᠯᠬᠤ᠎ᠨᠢ ᠵᠥᠪ ᠬᠡᠮᠡᠨ ᠪᠤᠳᠤᠭ᠍ᠰᠠᠨ᠎ᠨᠢ ᠪᠠᠳᠤᠵᠢᠷᠭᠠᠯ᠎ᠤᠨ ᠬᠤᠪᠢ ᠵᠠᠶᠠᠭᠠᠨ᠎ᠳᠤ ᠪᠠᠰᠠ ᠨᠢᠭᠡᠨ ᠡᠷᠬᠢᠯᠳᠡ ᠭᠠᠷᠬᠤ᠎ᠶ᠋ᠢᠨ ᠤᠴᠢᠷ ᠪᠠᠢᠵᠠᠢ᠃ ᠲᠤᠰ ᠵᠢᠯ᠎ᠤᠨ 6 ᠰᠠᠷ᠎ᠠ᠎ᠶ᠋ᠢᠨ ᠰᠡᠬᠦᠯᠴᠢ᠎ᠪᠠᠷ ᠢᠯᠠᠯᠳᠠ ᠬᠦᠬᠡᠬᠤᠳᠠ᠎ᠳᠤ ᠪᠤᠴᠠᠬᠤ ᠳᠠᠱᠢᠷᠠᠮ᠎ᠢᠶᠠᠷ 《ᠲᠤᠮᠳᠠᠳᠦ ᠤᠯᠤᠰ᠎ᠤᠨ ᠠᠷᠠᠳ᠎ᠤᠨ ᠴᠢᠯᠦᠭᠡᠯᠡᠬᠦ᠌ ᠴᠡᠷᠢᠭ᠎ᠤᠨ 969 ᠳ᠋ᠤᠬᠡᠷ ᠡᠮᠨᠡᠯᠭᠡ᠎ᠶ᠋ᠢᠨ ᠬᠤᠷᠢᠶ᠎ᠠ》 ᠎ᠳᠤ ᠬᠦᠷᠴᠤ᠌ ᠵᠦᠪᠯᠡᠯᠭᠡ ᠠᠪᠴᠠᠢ᠂ ᠭᠡᠪᠡᠴᠤ᠌ ᠲᠤᠬᠠᠢ᠎ᠶ᠋ᠢᠨ ᠦᠶ᠎ᠡ᠎ᠳᠤ ᠡᠮᠴᠢ ᠨᠠᠷ ᠱᠢᠷᠬᠠᠨ᠎ᠤ ᠵᠢᠷᠤᠭ ᠰᠡᠬᠦᠳᠡᠷ᠎ᠢ ᠦᠵᠡᠭᠡᠳ ᠪᠦᠷᠢᠨ ᠬᠠᠷᠢᠭᠤᠯᠳᠠ ᠦᠭ᠌ᠴᠦ ᠲᠡᠢᠯᠬᠦ᠌ ᠦᠬᠡᠢ ᠪᠤᠯᠬᠤᠷ ᠲᠠᠷᠤᠢ᠎ᠳᠤᠨᠢ ᠪᠠᠳᠤᠵᠢᠷᠭᠠᠯ᠎ᠲᠠᠢ ᠬᠠᠷᠢᠴᠠᠭ᠍ᠰᠠᠨ ᠪᠤᠯᠪᠠᠴᠤ᠌ ᠲᠤᠬᠢᠶ᠎ᠠ ᠮᠠᠭᠤ᠎ᠠᠴᠠ ᠪᠤᠯᠵᠦ᠍ ᠤᠳᠠᠰᠤ ᠨᠡᠪᠳᠡᠷᠡᠭ᠌ᠰᠡᠨ ᠦᠬᠡᠢ᠃

ᠰᠡᠬᠦᠯ᠎ᠳᠤᠨᠢ ᠳᠠᠬᠢᠵᠦ᠍ ᠵᠢᠷᠬᠢᠶ᠎ᠠ᠎ᠪᠠᠷ ᠬᠠᠷᠢᠯᠴᠠᠬᠤ᠎ᠳᠤ ᠪᠠᠳᠤᠵᠢᠷᠭᠠᠯ ᠨᠠᠢᠵᠠ᠎ᠠᠴᠠ᠎ᠪᠠᠨ ᠢᠷᠭᠠᠢ ᠬᠤᠳᠠ᠎ᠳᠤ ᠴᠡᠷᠢᠭ᠎ᠤᠨ ᠡᠮᠨᠡᠯᠭᠡ᠎ᠶ᠋ᠢᠨ ᠬᠤᠷᠢᠶ᠎ᠠ ᠪᠠᠢᠳᠠᠭ᠎ᠢ ᠰᠤᠨᠤᠰᠤᠭ᠍ᠰᠠᠨ᠂ ᠲᠡᠨᠳᠡ ᠬᠦᠷᠴᠤ᠌ ᠦᠵᠡᠬᠦᠯᠬᠦ᠌ ᠰᠠᠨᠠᠭ᠎ᠠ᠎ᠲᠠᠢ ᠭᠡᠰᠡᠨ ᠭᠡᠨ᠎ᠡ᠃ ᠠᠯᠠᠱᠠ ᠪᠠᠷᠠᠭᠤᠨ ᠬᠤᠱᠢᠭᠤᠨ᠎ᠠᠴᠠ ᠬᠦᠬᠡᠬᠤᠳᠠ ᠬᠦᠷᠬᠦ᠌᠎ᠶ᠋ᠢ ᠪᠤᠳᠤᠪᠠᠯ ᠢᠷᠭᠠᠢ ᠬᠦᠷᠬᠦ᠌᠎ᠨᠢ ᠤᠢ᠍ᠢᠷᠠᠬᠠᠨ ᠪᠠᠢᠳᠠᠭ ᠪᠤᠯᠬᠤᠷ ᠢᠯᠠᠯᠳᠠ ᠭᠤᠧᠠᠢ ᠪᠠᠳᠤᠵᠢᠷᠭᠠᠯ᠎ᠤᠨ ᠰᠠᠨᠠᠯ᠎ᠢ ᠳᠡᠮᠵᠢᠵᠡᠢ᠃ ᠭᠡᠳᠡᠯ᠎ᠡ ᠲᠡᠷᠡ ᠡᠮᠨᠡᠯᠭᠡ᠎ᠶ᠋ᠢᠨ ᠬᠤᠷᠢᠶ᠎ᠠ᠎ᠶ᠋ᠢᠨ᠎ᠬᠢᠨ 20 ᠲᠦᠮᠡᠨ ᠲᠦᠬᠦᠷᠢᠭ᠎ᠤᠨ ᠡᠮᠨᠡᠯᠭᠡ᠎ᠶ᠋ᠢᠨ ᠵᠠᠷᠤᠳᠠᠯ ᠬᠡᠷᠡᠭ᠌ᠰᠡᠨ᠎ᠡ ᠭᠡᠰᠡᠨ᠎ᠨᠢ ᠪᠠᠳᠤᠵᠢᠷᠭᠠᠯ᠎ᠤᠨ ᠬᠦᠰᠡᠯ ᠮᠦᠷᠦᠭᠡᠳᠦᠯ᠎ᠢ ᠳᠠᠬᠢᠨ ᠨᠢᠭᠡ ᠤᠳᠠᠭ᠎ᠠ ᠤᠨᠳᠠᠷᠠᠭᠠᠯ᠎ᠠ᠃

2019 ᠤᠨ᠎ᠤ 11 ᠰᠠᠷ᠎ᠠ᠎ᠳᠤ ᠢᠯᠠᠯᠳᠠ ᠳᠠᠬᠢᠨᠳᠠ ᠪᠠᠳᠤᠵᠢᠷᠭᠠᠯ᠎ᠤᠨ ᠭᠡᠷ᠎ᠲᠤ ᠬᠦᠷᠬᠦ᠌᠎ᠳᠤ ᠱᠢᠷᠬ᠎ᠠ᠎ᠨᠢ ᠨᠡᠯᠢᠶᠡᠳ ᠡᠳᠡᠭᠡᠵᠦ᠍ ᠰᠡᠳᠭᠢᠯ ᠰᠠᠨᠠᠭ᠎ᠠ᠎ᠨᠢ ᠴᠤ᠋ ᠳᠠᠢᠪᠤᠩ ᠪᠤᠯᠤᠭ᠍ᠰᠠᠨ᠎ᠢ ᠦᠵᠡᠭᠡᠳ᠂ ᠶᠠᠳᠠᠭᠤ ᠬᠦᠴᠢᠷᠳᠡᠯᠳᠡᠢ ᠡᠷᠦᠬᠡ᠎ᠶ᠋ᠢᠨ ᠡᠮ ᠡᠮᠨᠡᠯᠭᠡ᠎ᠶ᠋ᠢᠨ ᠵᠠᠷᠤᠳᠠᠯ᠎ᠢ ᠳᠠᠩᠰᠠᠨ᠎ᠠᠴᠠ ᠳᠠᠢᠯᠬᠤ ᠲᠦᠷᠦ᠎ᠶ᠋ᠢᠨ ᠪᠤᠳᠤᠯᠭ᠎ᠠ᠎ᠶ᠋ᠢ ᠨᠠᠷᠢᠨ ᠳᠠᠢᠯᠪᠤᠷᠢᠯᠠᠵᠦ᠍᠂ ᠡᠮᠨᠡᠯᠭᠡ᠎ᠳᠤ ᠤᠷᠤᠵᠦ᠍ ᠰᠠᠢᠬᠠᠨ ᠦᠵᠡᠬᠦᠯᠬᠦ᠌᠎ᠶ᠋ᠢ ᠳᠠᠬᠢᠨ ᠳᠠᠪᠳᠠᠨ ᠰᠠᠨᠠᠭᠤᠯᠪᠠ᠃

ᠭᠠᠭ᠍ᠴᠠ ᠪᠡᠶ᠎ᠡ᠂ ᠮᠠᠯ ᠬᠦᠷᠦᠩᠭᠡ ᠭᠡᠵᠦ᠍ ᠪᠠᠢᠳᠠᠭ ᠦᠬᠡᠢ᠂ ᠲᠡᠮᠦᠷ ᠵᠠᠮ ᠳᠡᠭᠡᠷ᠎ᠡ ᠠᠵᠢᠯᠯᠠᠵᠦ᠍ ᠵᠢᠭᠠᠬᠠᠨ ᠤᠷᠤᠯᠭ᠎ᠠ ᠤᠯᠵᠦ᠍ ᠠᠮᠢᠳᠤᠷᠠᠯ᠎ᠢᠶᠠᠨ ᠠᠷᠭᠠᠴᠠᠭᠠᠳᠠᠭ ᠪᠠᠳᠤᠵᠢᠷᠭᠠᠯ ᠬᠥᠳᠡᠯᠮᠦᠷᠢᠯᠡᠬᠦ᠌ ᠴᠢᠳᠠᠪᠤᠷᠢ᠎ᠪᠠᠨ ᠪᠦᠷᠢᠮᠦᠰᠤᠨ ᠠᠯᠳᠠᠭ᠍ᠰᠠᠨ᠎ᠤ ᠳᠡᠭᠡᠷ᠎ᠡ 30 ᠱᠢᠬᠠᠮ ᠲᠦᠮᠡᠨ ᠳᠦᠬᠦᠷᠢᠭ ᠵᠠᠷᠤᠴᠠᠭᠤᠯᠤᠭ᠍ᠰᠠᠨ᠎ᠠᠴᠠ ᠦᠪᠡᠷ᠎ᠤᠨ ᠵᠤᠭᠤᠰ᠎ᠢᠶᠠᠷ ᠱᠢᠷᠬ᠎ᠠ᠎ᠪᠠᠨ ᠡᠮᠨᠡᠬᠦᠯᠦᠨ᠎ᠡ ᠭᠡᠭ᠌ᠴᠢ ᠮᠡᠳᠡᠭᠡᠵᠢ ᠶᠡᠭᠡ ᠪᠡᠷᠭᠡ ᠶᠠᠪᠤᠳᠠᠯ ᠰᠠᠨ᠃

ᠪᠡᠯᠡ ᠮᠦᠩᠬᠦ᠌ ᠬᠦᠷᠦᠯᠴᠡᠬᠦ᠌ ᠦᠬᠡᠢ᠎ᠠᠴᠠ ᠪᠤᠯᠵᠦ᠍ ᠪᠠᠳᠤᠵᠢᠷᠭᠠᠯ᠎ᠤᠨ ᠱᠢᠷᠬ᠎ᠠ᠎ᠪᠠᠨ ᠡᠮᠨᠡᠬᠦᠯᠬᠦ᠌ ᠶᠠᠪᠤᠳᠠᠯ ᠶᠡᠷᠦᠨᠢ ᠬᠤᠢᠱᠢᠯᠠᠭᠠᠳ ᠪᠠᠢᠪᠠ᠃ ᠡᠪᠡᠳᠴᠢᠨ᠎ᠳᠤᠨᠢ ᠲᠤᠬᠢᠷᠠᠭᠤᠯᠵᠦ᠍ ᠡᠮᠨᠡᠬᠦ᠂ ᠶᠠᠳᠠᠭᠤᠷᠠᠯ᠎ᠤᠨ ᠦᠨᠳᠦᠰᠦ ᠱᠢᠯᠳᠠᠭᠠᠨ᠎ᠢ ᠤᠯᠬᠤ᠂ ᠦᠨᠳᠦᠰᠦᠨ᠎ᠠᠴᠠ᠎ᠨᠢ ᠵᠠᠰᠠᠬᠤ᠎ᠶ᠋ᠢ ᠦᠷᠬᠦᠯᠵᠢ ᠰᠠᠳᠭᠢᠵᠦ᠍ ᠰᠤᠪᠢᠵᠦ᠍ ᠶᠠᠪᠤᠳᠠᠭ ᠢᠯᠠᠯᠳᠠ ᠭᠤᠧᠠᠢ᠎ᠶ᠋ᠢᠨ ᠬᠤᠪᠢ᠎ᠳᠤ ᠪᠠᠳᠤᠵᠢᠷᠭᠠᠯ᠎ᠤᠨ ᠱᠢᠷᠬ᠎ᠠ᠎ᠶ᠋ᠢ ᠡᠳᠡᠭᠡᠭᠡᠵᠦ᠍ ᠶᠠᠳᠠᠭᠤ᠎ᠠᠴᠠ᠎ᠨᠢ ᠠᠩᠬᠢᠵᠢᠷᠠᠭᠤᠯᠬᠤ ᠪᠤᠯ ᠠᠵᠢᠯ᠎ᠤᠨ ᠬᠠᠷᠢᠭᠤᠴᠠᠯᠭ᠎ᠠ᠂ ᠨᠡᠩ ᠴᠤ᠌ ᠬᠦᠮᠦᠨ ᠬᠦᠮᠦᠨ᠎ᠤ ᠬᠤᠭᠤᠷᠤᠨᠳᠡᠬᠢ ᠥᠷᠥᠪᠴᠢᠬᠡᠨ ᠰᠡᠳᠭᠢᠯ᠎ᠤᠨ ᠬᠠᠯᠠᠮᠵᠢᠯᠠᠯ ᠪᠠᠢᠪᠠ᠃ 2020 ᠤᠨ᠎ᠤ 4 ᠰᠠᠷ᠎ᠠ᠎ᠳᠤ ᠢᠯᠠᠯᠳᠠ ᠭᠤᠸᠠᠢ ᠲᠠᠩᠰᠤᠭ᠍ᠪᠤᠯᠠᠭ ᠰᠤᠮᠤᠨ᠎ᠤ ᠱᠦᠵᠢ ᠡᠷᠳᠡᠨᠢᠠᠠᠭᠤᠯᠠ᠂ ᠡᠩᠭᠡᠷᠤ᠌ᠰᠤ ᠭᠠᠴᠠᠭᠠᠨ᠎ᠤ ᠨᠠᠮ᠎ᠤᠨ ᠡᠬᠦᠷ᠎ᠤᠨ ᠱᠦᠵᠢ ᠪᠤᠯᠤᠳ᠂ ᠡᠩᠭᠡᠷᠤ᠌ᠰᠤ ᠭᠠᠴᠠᠭᠠᠨ᠎ᠳᠤ ᠰᠠᠭᠤᠭ᠎ᠠ ᠶᠠᠳᠠᠭᠤ᠎ᠶ᠋ᠢ ᠳᠡᠳᠬᠦᠬᠦ᠌ ᠠᠵᠢᠯᠯᠠᠬᠤ ᠠᠩᠬᠢ᠎ᠶ᠋ᠢᠨ ᠨᠢᠭᠡᠳᠦᠭᠡᠷ ᠱᠦᠵᠢ ᠰᠦᠬᠡ ᠨᠠᠷ᠎ᠢ ᠳᠠᠭᠠᠭᠤᠯᠵᠦ᠍᠂ ᠪᠠᠳᠤᠵᠢᠷᠭᠠᠯ᠎ᠤᠨ ᠡᠮᠨᠡᠯᠭᠡ᠎ᠶ᠋ᠢᠨ ᠰᠦᠢᠳᠭᠡᠯ᠎ᠤᠨ ᠲᠤᠬᠠᠢ ᠠᠯᠠᠱᠠ ᠪᠠᠷᠠᠭᠤᠨ ᠬᠤᠱᠢᠭᠤ᠎ᠲᠠᠢ ᠬᠠᠷᠢᠴᠠᠵᠦ᠍ ᠯᠠᠪᠯᠠᠭ᠍ᠰᠠᠨ ᠰᠠᠭᠤᠷᠢᠨ ᠳᠡᠭᠡᠷ᠎ᠡ ᠪᠠᠳᠤᠵᠢᠷᠭᠠᠯ᠎ᠤᠨ ᠠᠬ᠎ᠠ ᠡᠭᠡᠴᠢ ᠨᠠᠷ᠎ᠲᠠᠢ᠎ᠨᠢ ᠮᠡᠰᠡ ᠵᠠᠰᠠᠯ ᠬᠢᠯᠭᠡᠬᠦ᠌ ᠲᠤᠬᠠᠢ ᠵᠦᠪᠳᠡᠯᠴᠡᠵᠡᠢ᠃ 5 ᠰᠠᠷ᠎ᠠ᠎ᠶ᠋ᠢᠨ 20 ᠎ᠤ ᠡᠳᠦᠷ ᠰᠦᠬᠡ᠂ ᠪᠤᠯᠤᠳ ᠨᠠᠷ ᠪᠠᠳᠤᠵᠢᠷᠭᠠᠯ᠎ᠢ ᠳᠠᠭᠠᠭᠤᠯᠤᠨ ᠬᠦᠬᠡᠬᠤᠳᠠ᠎ᠳᠠᠬᠢ 《ᠲᠤᠮᠳᠠᠳᠦ ᠤᠯᠤᠰ᠎ᠤᠨ ᠠᠷᠠᠳ᠎ᠤᠨ ᠴᠢᠯᠦᠭᠡᠯᠡᠬᠦ᠌ ᠴᠡᠷᠢᠭ᠎ᠤᠨ 969 ᠳ᠋ᠦ᠍ᠭᠡᠷ ᠡᠮᠨᠡᠯᠭᠡ᠎ᠶ᠋ᠢᠨ ᠬᠤᠷᠢᠶ᠎ᠠ》 ᠎ᠳᠤ ᠢᠷᠡᠵᠦ᠍᠂ ᠰᠦᠢᠳᠭᠡᠯ ᠵᠠᠷᠤᠳᠠᠯ᠂ ᠡᠳᠡᠭᠡᠷᠡᠯᠳᠡ᠎ᠶ᠋ᠢᠨ ᠪᠤᠯᠤᠮᠵᠢ ᠪᠤᠯᠤᠯᠴᠠᠭ᠎ᠠ ᠵᠡᠷᠭᠡ ᠪᠠᠢᠳᠠᠯ᠎ᠢ ᠪᠦᠬᠦ᠌ ᠳᠠᠯ᠎ᠠ᠎ᠪᠠᠷ ᠤᠢ᠍ᠢᠯᠠᠭᠠᠵᠦ᠍᠂ ᠮᠡᠰᠡ ᠵᠠᠰᠠᠯ ᠬᠢᠯᠭᠡᠬᠦ᠌᠎ᠪᠠᠷ ᠳᠤᠭ᠍ᠳᠠᠯ᠎ᠠ ᠁

ᠡᠨᠡ ᠬᠦ᠌ ᠮᠡᠳᠡᠭᠡ᠎ᠶ᠋ᠢ ᠰᠤᠨᠤᠰᠤᠭᠠᠳ ᠪᠠᠳᠤᠵᠢᠷᠭᠠᠯ ᠦᠵᠦᠬᠦᠷ ᠦᠬᠡᠢ ᠪᠠᠶᠠᠷᠯᠠᠵᠠᠢ᠃ ᠨᠠᠰᠤᠨ ᠳᠤᠷᠰᠢ ᠵᠡᠮᠳᠡᠭ ᠶᠠᠪᠤᠨ᠎ᠠ ᠭᠡᠵᠦ᠍ ᠪᠤᠳᠤᠵᠦ᠍ ᠪᠠᠢᠭ᠍ᠰᠠᠨ ᠲᠡᠭᠦᠨ᠎ᠳᠤ ᠡᠢᠮᠦ᠍ ᠰᠠᠢᠬᠠᠨ ᠤᠴᠢᠷ ᠳᠠᠭᠠᠷᠠᠨ᠎ᠠ ᠭᠡᠵᠦ᠍ ᠠᠷᠪᠠᠨ ᠵᠡᠭᠦᠳᠦᠨ᠎ᠳᠤᠨᠢ ᠴᠤ᠌ ᠤᠷᠤᠭ᠍ᠰᠠᠨ ᠦᠭᠡᠢ᠃ ᠪᠠᠶᠠᠷᠯᠠᠵᠦ᠍ ᠳᠤᠭ᠍ᠳᠤᠯᠤᠭ᠍ᠰᠠᠨ ᠲᠡᠷᠡ ᠨᠠᠮ ᠳᠦᠷᠦ᠎ᠶ᠋ᠢᠨ ᠰᠠᠢᠨ᠎ᠢᠶᠠᠷ ᠁ ᠭᠡᠬᠦ᠌᠎ᠠᠴᠠ ᠦᠭᠡᠷ᠎ᠠ ᠶᠠᠭᠤ ᠶᠠᠷᠢᠬᠤ᠎ᠪᠠᠨ ᠮᠡᠳᠡᠬᠦ᠌ ᠦᠭᠡᠢ ᠪᠠᠢᠯ᠎ᠠ᠃

6 ᠰᠠᠷ᠎ᠠ᠎ᠶ᠋ᠢᠨ 5 ᠎ᠤ ᠡᠳᠦᠷ᠂ ᠪᠠᠳᠤᠵᠢᠷᠭᠠᠯ᠎ᠤᠨ ᠵᠡᠬᠦᠨ ᠭᠤᠶ᠎ᠠ ᠳᠡᠭᠡᠷᠡᠬᠢ ᠡᠷᠡᠬᠦᠯ ᠮᠢᠬ᠎ᠠ᠂ ᠠᠷᠠᠰᠤ᠎ᠶ᠋ᠢ ᠪᠠᠷᠠᠭᠤᠨ ᠳᠠᠬᠢᠮ᠎ᠳᠤᠨᠢ ᠲᠠᠷᠢᠬᠤ ᠮᠡᠰᠡ ᠵᠠᠰᠠᠯ ᠠᠮᠵᠢᠯᠳᠠ᠎ᠲᠠᠢ ᠶᠠᠪᠤᠭ᠍ᠳᠠᠵᠦ᠍᠂ ᠦᠳᠡ᠎ᠶ᠋ᠢᠨ ᠬᠤᠢᠨᠠᠬᠢ 2 ᠴᠠᠭ᠎ᠤᠨ ᠠᠯᠳᠠ᠎ᠪᠠᠷ ᠭᠤᠤᠯᠯᠠᠨ ᠵᠠᠰᠠᠭ᠍ᠰᠠᠨ ᠡᠮᠴᠢ ᠮᠠᠰᠠ ᠵᠠᠰᠠᠯ᠎ᠤᠨ ᠦᠷᠦᠭᠡᠨ᠎ᠠᠴᠠ ᠭᠠᠷᠴᠤ᠌ ᠢᠷᠡᠭᠡᠳ ᠪᠠᠢᠳᠠᠯ᠎ᠢ᠎ᠨᠢ ᠶᠠᠷᠢᠵᠦ᠍ ᠦᠭ᠌ᠴᠠᠢ᠃ ᠡᠭᠦᠳᠡᠨ ᠳᠡᠭᠡᠷ᠎ᠠ ᠳᠠᠰᠴᠤ᠌ ᠶᠠᠳᠠᠨ ᠬᠦᠯᠢᠶᠡᠭ᠌ᠰᠡᠨ ᠡᠭᠡᠴᠢ᠎ᠨᠢ ᠡᠮᠴᠢ᠎ᠶ᠋ᠢᠨ ᠶᠠᠷᠢᠬᠤ᠎ᠶ᠋ᠢ ᠰᠤᠨᠤᠰᠤᠭᠠᠳ ᠪᠠᠶᠠᠷ ᠳᠤᠭ᠍ᠳᠤᠯᠤᠯ᠎ᠤᠨ ᠬᠠᠯᠠᠭᠤᠨ ᠨᠢᠯᠪᠤᠰᠤ ᠤᠨᠠᠭᠠᠯ᠎ᠠ ᠁

ᠤᠯᠤᠰ᠎ᠤᠨ ᠲᠦᠷᠦ᠎ᠶ᠋ᠢᠨ ᠪᠤᠳᠤᠯᠭ᠎ᠠ᠎ᠠᠴᠠ ᠭᠠᠳᠠᠨ᠎ᠠ ᠲᠤᠰ ᠡᠮᠨᠡᠯᠭᠡ᠎ᠶ᠋ᠢᠨ ᠬᠤᠷᠢᠶ᠎ᠠ᠎ᠨᠢ ᠪᠠᠳᠤᠵᠢᠷᠭᠠᠯ᠎ᠳᠤ ᠤᠯᠠᠨ ᠳᠠᠯ᠎ᠠ᠎ᠶ᠋ᠢᠨ ᠬᠠᠷᠠᠭᠠᠯᠵᠠᠯ ᠦᠵᠡᠬᠦᠯᠵᠦ᠍᠂ ᠮᠡᠰᠡ ᠵᠠᠰᠠᠯ᠎ᠤᠨ ᠰᠦᠢᠳᠭᠡᠯ᠎ᠢ᠎ᠨᠢ ᠬᠠᠮᠤᠭ᠎ᠤᠨ ᠲᠤᠤᠷ᠎ᠠ ᠪᠠᠷᠢᠮᠵᠢᠶ᠎ᠠ᠎ᠪᠠᠷ ᠬᠤᠷᠢᠶᠠᠵᠦ᠍᠂ ᠵᠠᠷᠢᠮ ᠭᠠᠳᠠᠭᠠᠳᠦ᠎ᠠᠴᠠ ᠤᠷᠤᠭᠤᠯᠤᠭ᠍ᠰᠠᠨ ᠡᠮ ᠲᠠᠩ᠎ᠢ ᠵᠤᠭᠤᠰ ᠠᠪᠬᠤ ᠦᠭᠡᠢ᠎ᠪᠠᠷ ᠬᠡᠷᠡᠭ᠌ᠯᠡᠬᠦᠯᠦᠭ᠌ᠰᠡᠨ ᠪᠢᠯᠡ᠃

ᠠᠷᠪᠠ ᠬᠤᠨᠤᠭ᠎ᠤᠨ ᠬᠢᠨᠢ ᠳᠠᠷᠠᠭ᠎ᠠ ᠬᠦᠷᠬᠦ᠌᠎ᠳᠤ ᠭᠠᠭ᠍ᠴᠠ ᠤᠳᠠᠭ᠎ᠠ᠎ᠶ᠋ᠢᠨ ᠮᠠᠰᠡ ᠵᠠᠰᠠᠯ᠎ᠢᠶᠠᠷ ᠪᠦᠳᠦᠴᠢᠬᠡᠭ᠌ᠰᠡᠨ ᠪᠤᠯᠬᠤᠷ ᠪᠠᠳᠤᠵᠢᠷᠭᠠᠯ ᠬᠦᠮᠦᠨ ᠦᠵᠡᠪᠡᠯ ᠬᠡᠯᠡᠵᠦ᠍ ᠮᠣᠳᠣ ᠦᠵᠡᠪᠡᠯ ᠪᠢᠴᠢᠴᠢᠬᠡᠮᠡᠷ ᠪᠠᠶᠠᠷᠯᠠᠵᠦ᠍ ᠬᠦᠭ᠌ᠰᠡᠵᠦ᠍ ᠪᠠᠢᠪᠠ᠃ ᠭᠠᠵᠠᠷ ᠬᠢᠰᠭᠢᠵᠦ᠍ ᠰᠠᠨᠠᠭᠠᠨ ᠲᠤᠷ᠎ᠠ᠎ᠪᠠᠷ ᠠᠯᠬᠤᠬᠤ ᠬᠦᠰᠡᠯ᠎ᠨᠢ ᠪᠠᠶᠠᠯᠡᠭ᠌ᠳᠡᠵᠦ᠍ ᠬᠠᠷᠠᠭ᠍ᠰᠠᠨ ᠰᠤᠨᠤᠰᠤᠭ᠍ᠰᠠᠨ ᠬᠦᠮᠦᠨ ᠪᠤᠯᠭᠠᠨ᠎ᠤ ᠲᠤᠳᠤᠷ᠎ᠠ ᠠᠭᠤᠵᠢᠷᠠᠵᠠᠢ᠃

ᠤᠨᠢᠨ ᠳᠡᠭᠡᠷ᠎ᠡ᠎ᠨᠢ ᠶᠠᠳᠠᠭᠤ᠎ᠶ᠋ᠢ ᠳᠡᠳᠬᠦᠵᠦ᠍ ᠶᠠᠳᠠᠭᠤ᠎ᠠᠴᠠ ᠠᠩᠬᠢᠵᠢᠷᠠᠭᠤᠯᠬᠤ ᠨᠠᠮ᠎ᠤᠨ ᠲᠦᠷᠦ᠎ᠶ᠋ᠢᠨ ᠪᠤᠳᠤᠯᠭ᠎ᠠ᠎ᠶ᠋ᠢᠨ ᠲᠤᠶᠠᠭᠠᠯᠠᠯ᠎ᠢᠶᠠᠷ ᠦᠬᠦᠯ ᠬᠠᠭᠠᠴᠠᠯ᠎ᠠᠴᠠ ᠮᠤᠯᠳᠤᠷᠠᠭ᠍ᠰᠠᠨ ᠪᠠᠳᠤᠵᠢᠷᠭᠠᠯ᠎ᠤᠨ ᠠᠮᠢᠳᠤᠷᠠᠯ᠎ᠤᠨ ᠤᠷᠮ᠎ᠠ ᠵᠣᠷᠢᠭ ᠪᠠᠳᠠᠷᠠᠯ᠎ᠠ᠂ ᠦᠩᠭᠡᠷᠡᠭ᠌ᠰᠡᠨ᠎ᠤ ᠠᠯᠳᠠᠭ᠎ᠠ ᠤᠨᠤᠭ᠎ᠠ᠎ᠪᠠᠨ ᠳ᠋ᠦᠩᠨᠡᠨ ᠪᠤᠳᠤᠳᠠᠭ ᠪᠤᠯᠤᠭ᠍ᠰᠠᠨ ᠪᠠ ᠡᠷᠬᠡ ᠳᠠᠪᠠᠳᠠᠢ ᠠᠮᠢᠳᠤᠷᠠᠬᠤ ᠪᠣᠳᠣᠯ᠎ᠢᠶᠠᠨ ᠤᠷᠮᠠᠳᠠᠢᠬᠠᠨ ᠶᠠᠷᠢᠬᠤ᠎ᠶ᠋ᠢ᠎ᠨᠢ ᠰᠤᠨᠤᠰᠪᠠᠯ᠂ ᠠᠩᠬ᠎ᠠ ᠲᠦᠯᠡᠭ᠌ᠳᠡᠵᠦ᠍ ᠱᠢᠷᠬᠠᠳᠤᠭᠠᠳ ᠵᠤᠪᠠᠵᠦ᠍ ᠱᠢᠨᠠᠯᠤᠨ 《ᠴᠠᠭᠠᠷ᠎ᠠ ᠯᠡ ᠶᠠᠪᠤᠴᠢᠬᠠᠶ᠎ᠠ ᠭᠡᠵᠦ᠍ ᠪᠣᠳᠣᠬᠤ᠎ᠠᠴᠠ ᠪᠢᠰᠢ ᠨᠠᠭᠠᠷ᠎ᠠ ᠯᠡ ᠡᠷᠬᠢᠶ᠎ᠡ ᠭᠡᠵᠦ᠍ ᠶᠠᠭ ᠪᠤᠳᠤᠳᠠᠭ ᠦᠬᠡᠢ ᠪᠠᠢᠭ᠍ᠰᠠᠨ》 ᠎ᠲᠠᠢ᠎ᠪᠠᠨ ᠬᠤᠶᠠᠷ ᠬᠦᠮᠦᠨ ᠮᠡᠳᠦ ᠪᠤᠯᠤᠭ᠍ᠰᠠᠨ ᠪᠠᠢᠯ᠎ᠠ ᠁

40 ᠬᠤᠨᠤᠭ ᠡᠮᠨᠡᠯᠭᠡ᠎ᠳᠤ ᠰᠠᠭᠤᠭ᠍ᠰᠠᠨ᠂ ᠮᠡᠰᠡ ᠵᠠᠰᠠᠯ ᠬᠢᠭ᠌ᠰᠡᠨ ᠰᠦᠢᠳᠭᠡᠯ᠎ᠲᠠᠢ᠎ᠪᠠᠨ ᠨᠡᠢᠯᠡᠭᠡᠳ ᠨᠡᠢᠳᠡ 2.43 ᠲᠦᠮᠡᠨ ᠲᠥᠭᠦᠷᠢᠭ ᠵᠠᠷᠤᠴᠠᠭᠤᠯᠵᠦ᠍᠂ 90% ᠎ᠶ᠋ᠢ᠎ᠨᠢ ᠤᠯᠤᠰ᠎ᠠᠴᠠ ᠳᠠᠭᠠᠭᠠᠴᠢᠯᠠᠬᠤ ᠤᠴᠢᠷ᠎ᠠᠴᠠ ᠪᠠᠳᠤᠵᠢᠷᠭᠠᠯ ᠥᠪᠡᠷ᠎ᠢᠶᠠᠨ 2500 ᠳᠦᠬᠦᠷᠢᠭ ᠯᠡ ᠭᠠᠷᠭᠠᠵᠠᠢ᠃ ᠡᠬᠦᠨ᠎ᠠᠴᠠ ᠭᠠᠳᠠᠨ᠎ᠠ ᠪᠠᠳᠤᠵᠢᠷᠭᠠᠯ᠎ᠤᠨ ᠱᠢᠷᠬ᠎ᠠ᠎ᠶ᠋ᠢ ᠡᠮᠨᠡᠬᠦᠯᠬᠦ᠌ ᠤᠴᠢᠷ᠎ᠢᠶᠠᠷ ᠠᠯᠠᠱᠠ ᠪᠠᠷᠠᠭᠤᠨ ᠬᠤᠱᠢᠭᠤᠨ᠎ᠠᠴᠠ ᠬᠦᠬᠡᠬᠤᠳᠠ᠎ᠳᠤ ᠭᠤᠷᠪᠠ ᠤᠳᠠᠭ᠎ᠠ ᠢᠷᠡᠵᠦ᠍ ᠪᠤᠴᠠᠭ᠍ᠰᠠᠨ 7000 ᠲᠥᠭᠦᠷᠢᠭ᠎ᠤᠨ ᠵᠠᠷᠤᠳᠠᠯ᠎ᠢ ᠴᠤ᠋ ᠭᠠᠴᠠᠭᠠᠨ᠎ᠠᠴᠠ᠎ᠨᠢ ᠭᠠᠷᠭᠠᠭ᠍ᠰᠠᠨ ᠤᠴᠢᠷ᠎ᠠᠴᠠ ᠪᠠᠳᠤᠵᠢᠷᠭᠠᠯ᠎ᠤᠨ ᠬᠤᠪᠢ᠎ᠳᠤ ᠠᠰᠠᠷᠠᠭ᠍ᠴᠢ ᠬᠦᠯᠦᠰᠦᠯᠡᠭ᠌ᠰᠡᠨ᠂ ᠬᠤᠭᠤᠯᠠ ᠪᠤᠳᠠᠭᠠᠨ᠎ᠤ ᠵᠠᠷᠤᠳᠠᠯ᠎ᠠᠴᠠ ᠦᠭᠡᠷ᠎ᠡ ᠠᠵᠤ ᠠᠬᠤᠢ᠎ᠶ᠋ᠢᠨ ᠳᠠᠷᠤᠭᠠᠰᠦ ᠭᠡᠵᠦ᠍ ᠪᠠᠢᠭ᠍ᠰᠠᠨ ᠦᠬᠡᠢ᠃ ᠢᠷᠭᠠᠢ ᠬᠤᠳᠠ᠎ᠶ᠋ᠢᠨ ᠴᠡᠷᠢᠭ᠎ᠤᠨ ᠡᠮᠨᠡᠯᠭᠡ᠎ᠶ᠋ᠢᠨ ᠬᠤᠷᠢᠶ᠎ᠠ 20 ᠲᠦᠮᠡᠨ ᠳᠦᠬᠦᠷᠢᠭ᠎ᠢᠶᠠᠷ ᠡᠮᠨᠡᠨ᠎ᠠ ᠭᠡᠰᠡᠨ᠎ᠢ ᠪᠤᠳᠤᠪᠠᠯ ᠪᠠᠳᠤᠵᠢᠷᠭᠠᠯ᠎ᠳᠤ ᠤᠳᠤ᠎ᠶ᠋ᠢᠨ ᠪᠠᠢᠳᠠᠯ᠎ᠨᠢ ᠵᠡᠬᠦᠳᠦ ᠮᠡᠳᠦ ᠢᠳᠡᠭᠡᠵᠦ᠍ ᠶᠠᠳᠠᠮᠠᠷ ᠶᠤᠮ᠃

2020 ᠤᠨ᠎ᠤ 7 ᠰᠠᠷ᠎ᠠ᠎ᠶ᠋ᠢᠨ 13 ᠎ᠤ ᠡᠳᠤᠷ᠂ ᠡᠮᠨᠡᠯᠭᠡ᠎ᠠᠴᠠ ᠭᠠᠷᠴᠤ᠌ ᠪᠤᠯᠤᠨ᠎ᠠ ᠭᠡᠰᠡᠨ᠎ᠢ ᠰᠤᠨᠤᠰᠤᠮᠠᠭ᠍ᠴᠠ ᠤᠷᠤ ᠲᠡᠭᠡᠷ᠎ᠡ᠎ᠪᠠᠨ ᠬᠡᠪᠳᠡᠵᠦ᠍ ᠪᠠᠢᠭ᠍ᠰᠠᠨ ᠪᠠᠳᠤᠵᠢᠷᠭᠠᠯ ᠤᠭ᠍ᠯᠤ ᠬᠠᠷᠠᠢᠨ ᠪᠤᠰᠴᠤ᠌ ᠢᠷᠡᠪᠡ᠃ ᠪᠠᠶᠠᠷᠯᠠᠵᠦ᠍ ᠲᠤᠭ᠍ᠳᠤᠯᠤᠭ᠍ᠰᠠᠨ᠂ ᠬᠡᠥᠬᠡᠳ ᠮᠡᠳᠦ ᠬᠦᠭ᠌ᠰᠡᠭ᠌ᠰᠡᠨ ᠪᠠᠳᠤᠵᠢᠷᠭᠠᠯ᠎ᠳᠤ ᠦᠬᠡ ᠦᠨᠡᠬᠡᠷ ᠢᠯᠡᠬᠦᠴᠡ᠃ ᠡᠮᠨᠡᠯᠭᠡ᠎ᠶ᠋ᠢᠨ ᠴᠤᠩᠬᠤ᠎ᠪᠠᠷ ᠭᠠᠳᠠᠭ᠍ᠰᠢ ᠬᠠᠷᠠᠬᠤ᠎ᠳᠤ ᠨᠠᠷᠠ ᠳᠤᠨᠤᠷᠠᠭ᠍ᠰᠠᠨ ᠰᠠᠢᠬᠠᠨ ᠡᠳᠦᠷ ᠪᠠᠢᠵᠦ᠍᠂ ᠪᠠᠳᠤᠵᠢᠷᠭᠠᠯ᠎ᠤᠨ ᠰᠡᠳᠭᠢᠯ᠎ᠳᠤ ᠴᠤ᠌ ᠠᠮᠢᠳᠤᠷᠠᠯ᠎ᠤᠨ ᠨᠠᠷᠠ ᠭᠡᠢᠵᠦ᠍ ᠪᠠᠢᠯ᠎ᠠ᠃ ᠲᠡᠷᠡ ᠬᠠᠵᠠᠭᠤ ᠬᠠᠪᠢ᠎ᠶ᠋ᠢᠨ ᠬᠦᠮᠦᠨ ᠪᠤᠯᠭᠠᠨ᠎ᠲᠠᠢ ᠵᠢᠷᠤᠭ ᠳᠠᠳᠠᠭᠤᠯᠵᠦ᠍ ᠶᠡᠷᠦ᠍ ᠪᠤᠰᠤ᠎ᠶ᠋ᠢᠨ ᠪᠠᠶᠠᠷᠲᠦ ᠮᠦᠴᠡ᠎ᠪᠠᠨ ᠲᠤᠷᠠᠳᠭᠠᠯ ᠪᠤᠯᠭᠠᠨ ᠦᠯᠡᠳᠡᠭᠡᠬᠦ᠌ ᠬᠡᠮᠡᠨ ᠶᠠᠭᠠᠷᠠᠨ᠎ᠠ᠂ ᠡᠮᠴᠢ ᠰᠤᠪᠢᠯᠠᠭ᠍ᠴᠢ᠎ᠳᠤ ᠬᠦᠷᠭᠡᠭ᠌ᠰᠡᠨ ᠬᠡᠮᠡᠷᠯᠢᠭ ᠲᠤᠭ ᠳᠡᠭᠡᠷᠡᠬᠢ 《ᠠᠷᠠᠳ ᠴᠡᠷᠢᠭ᠎ᠤᠨ ᠠᠭᠤᠰᠤᠯᠴᠠᠯ ᠵᠢᠭᠠᠰᠤ ᠤᠰᠤᠨ ᠮᠡᠳᠦ᠂ ᠠᠮᠢ ᠠᠪᠤᠷᠠᠭ᠍ᠰᠠᠨ ᠠᠴᠢ ᠰᠦᠮᠪᠦᠷ ᠠᠭᠤᠯᠠ ᠠᠳᠠᠯᠢ》 ᠬᠡᠬᠦ᠌ ᠦᠰᠦᠭ ᠲᠡᠬᠦᠨ᠎ᠤ ᠰᠡᠳᠭᠢᠯ᠎ᠤᠨ ᠬᠦᠨ᠎ᠳᠠᠬᠢ ᠳᠦᠮᠡ ᠮᠢᠩᠭᠠᠨ ᠪᠠᠶᠠᠷ ᠳᠠᠯᠠᠷᠬᠠᠯ᠎ᠤᠨ ᠦᠭᠡ᠎ᠶ᠋ᠢᠨ᠎ᠬᠢᠨ ᠳᠦᠯᠦᠭᠡᠯᠡᠯ ᠪᠤᠯᠵᠠᠢ᠃

ᠶᠠᠭᠤᠮ᠎ᠠ ᠬᠡᠥᠮ᠎ᠠ᠎ᠪᠠᠨ ᠶᠠᠭᠠᠷᠠᠯᠳᠠᠢᠬᠠᠨ ᠲᠢᠭ᠌ᠯᠡᠵᠦ᠍ ᠪᠠᠭ᠍ᠴᠠᠯᠠᠨ ᠬᠢᠯᠠ ᠴᠢᠯᠠ ᠡᠮᠦᠰᠴᠤ᠌᠂ ᠲᠡᠬᠦᠨ᠎ᠢ ᠲᠤᠰᠭᠤ᠎ᠪᠠᠷ ᠢᠷᠡᠭ᠌ᠰᠡᠨ ᠰᠦᠬᠡ ᠱᠦᠵᠢ ᠪᠤᠯᠤᠨ ᠡᠩᠭᠡᠷᠤ᠌ᠰᠤ ᠭᠠᠴᠠᠭᠠᠨ᠎ᠳᠤ ᠰᠠᠭᠤᠭ᠎ᠠ ᠠᠵᠢᠯᠯᠠᠬᠤ ᠠᠩᠬᠢ᠎ᠶ᠋ᠢᠨ ᠬᠡᠱᠢᠬᠦᠨ ᠶᠦᠩ ᠬᠤᠩ᠎ᠳᠤ ᠠᠮᠤᠰᠭᠢᠬᠤ ᠴᠢᠯᠦᠭᠡ ᠴᠤ᠋ ᠦᠭ᠌ᠬᠦᠯ ᠦᠬᠡᠢ᠎ᠪᠠᠷ ᠨᠤᠲᠤᠭ ᠪᠤᠴᠠᠬᠤ ᠵᠢᠯᠤᠭᠤ ᠰᠤᠩᠭᠠᠯ᠎ᠠ᠃ ᠰᠠᠷᠠᠭᠤᠯ ᠳᠠᠷᠳᠠᠩ ᠵᠠᠮ᠎ᠢᠶᠠᠷ ᠵᠢᠷᠢᠯᠵᠡᠨ ᠳᠠᠪᠬᠢᠬᠤ ᠲᠡᠷᠭᠡᠨ ᠳᠡᠭᠡᠷ᠎ᠡ ᠨᠤᠲᠤᠭ᠎ᠤᠨ᠎ᠢᠶᠠᠨ ᠲᠤᠬᠠᠢ ᠶᠠᠷᠢᠶ᠎ᠠ ᠬᠦᠭᠡᠷᠦᠭᠡ ᠦᠷᠬᠦᠯᠵᠢᠯᠡᠵᠦ᠍᠂ 《ᠬᠠᠨ ᠲᠡᠭ᠌ᠷᠢ ᠠᠯᠠᠱᠠ》 ᠎ᠶ᠋ᠢᠨ ᠨᠠᠮᠵᠢᠭᠤᠨ ᠠᠶ᠎ᠠ᠎ᠶ᠋ᠢ ᠳᠠᠭᠠᠭᠠᠳ ᠪᠠᠳᠤᠵᠢᠷᠭᠠᠯ ᠬᠢᠩᠱᠢᠵᠦ᠍ ᠯᠡ ᠶᠠᠪᠤᠨ᠎ᠠ᠃ ᠡᠷᠡᠬᠦᠯ ᠰᠠᠢᠬᠠᠨ ᠬᠦᠯ᠎ᠢᠶᠠᠷ᠎ᠢᠶᠠᠨ ᠨᠤᠳᠤᠭ᠎ᠤᠨ ᠱᠢᠷᠤᠢ ᠳᠡᠭᠡᠷ᠎ᠠ᠎ᠪᠠᠨ ᠬᠢᠰᠭᠢᠬᠦ᠌᠎ᠶ᠋ᠢᠨ ᠳᠡᠷᠡ ᠴᠠᠭ᠎ᠲᠤ ᠨᠠᠮ᠎ᠤᠨ ᠬᠠᠯᠠᠮᠵᠢ᠂ ᠨᠠᠷᠠᠨ᠎ᠤ ᠳᠤᠶᠠᠭ᠎ᠠ ᠠᠮᠢᠳᠤᠷᠠᠯ᠎ᠢ᠎ᠨᠢ ᠳᠡᠭ᠌ᠰᠢ ᠰᠠᠢᠬᠠᠨ ᠢᠪᠡᠭᠡᠵᠦ᠍ ᠪᠠᠢᠳᠠᠭ᠎ᠢ ᠳᠤᠭ᠍ᠳᠤᠯᠤᠨ ᠰᠠᠨᠠᠵᠦ᠍᠂ ᠨᠤᠳᠤᠭ᠎ᠤᠨ ᠴᠡᠩᠭᠡᠭ ᠠᠭᠠᠷ᠎ᠢᠶᠠᠨ ᠬᠦᠨ ᠭᠡᠭ᠌ᠴᠢ ᠠᠮᠢᠰᠭᠤᠯᠠᠨ᠂ ᠰᠠᠢᠨ ᠰᠠᠢᠬᠠᠨ ᠠᠮᠢᠳᠤᠷᠠᠯ᠎ᠤᠨ ᠳᠦᠯᠦᠭᠡ ᠴᠢᠷᠮᠠᠢᠵᠦ᠍ ᠶᠠᠪᠤᠬᠤ ᠢᠳᠡᠭᠡᠯ ᠵᠤᠷᠢᠭ᠎ᠨᠢ ᠤᠯᠠᠮ ᠬᠦᠪᠴᠢᠯᠡᠭ᠌ᠳᠡᠵᠦ᠍ ᠪᠠᠢᠯ᠎ᠠ ᠁

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠠᠷᠢᠭᠤᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号