《ᠰᠦ᠎ᠲᠠᠢ》 ᠺᠤᠮᠫᠠᠨᠢ ᠤᠯᠠᠮᠵᠢᠯᠠᠯᠳᠦ ᠴᠠᠭᠠᠨ ᠢᠳᠡᠭᠡᠨ᠎ᠤ ᠳᠤᠮᠤ ᠵᠠᠬ᠎ᠠ ᠳᠡᠯᠬᠡᠬᠦᠷ᠎ᠲᠤ ᠬᠤᠱᠢᠭᠤᠷᠠᠯ᠎ᠠ 
2020-08-17 11:19:30
ᠵᠣᠬᠢᠶᠠᠭ᠍ᠴᠢ᠄
​ ᠭᠡᠭᠡᠨᠳᠤᠶᠠᠭ᠎ᠠ ᠪᠤᠤ ᠨᠠᠷᠠᠨᠳᠤᠶᠠᠭ᠎ᠠ ᠰᠠᠷᠭᠠᠢ
ᠣᠩᠱᠢᠭ᠍ᠰᠠᠨ ᠣᠳᠠᠭ᠎ᠠ᠄
★★★☆☆

 

ᠨᠤᠳᠤᠭ ᠪᠤᠴᠠᠬ᠍ᠰᠠᠨ ᠤᠶᠤᠳᠠᠨ ᠡᠷᠬᠢᠮᠪᠠᠶᠠᠷ ᠤᠷᠭᠤᠮᠠᠯ ᠤᠯᠠᠮᠵᠢᠯᠠᠯᠳᠤ ᠴᠠᠭᠠᠨ ᠢᠳᠡᠭᠡᠨ᠎ᠢ ᠲᠡᠯᠡᠭᠡᠢ᠎ᠳᠤ ᠲᠠᠨᠢᠭᠤᠯᠬᠤ ᠶᠡᠭᠡ ᠤᠬᠠᠭᠠᠨ᠎ᠢ ᠰᠤᠪᠢᠵᠤ᠂ 《ᠢᠨᠲ᠋ᠧᠷ ᠰᠦᠯᠵᠢᠶ᠎ᠠ + ᠰᠤᠯᠠ ᠢᠳᠡᠭᠡᠨ》 ᠎ᠤ ᠰᠡᠳᠭᠢᠴᠡ᠎ᠪᠠᠷ ᠡᠵᠡᠩᠨᠡᠨ᠂ ᠤᠯᠤᠰ ᠤᠷᠤᠨ᠎ᠤ ᠢᠳᠡᠭᠡᠨ ᠤᠮᠳᠠᠭᠠᠨ᠎ᠤ ᠪᠠᠷᠢᠮᠵᠢᠶ᠎ᠠ᠎ᠪᠠᠷ ᠰᠡᠳᠦᠨ ᠬᠢᠭ᠌ᠰᠡᠨ ᠱᠢᠨ᠎ᠠ ᠪᠦᠳᠦᠬᠡᠭ᠌ᠳᠡᠬᠦᠨ᠎ᠢᠶᠠᠨ ᠰᠦᠯᠵᠢᠶ᠎ᠠ ᠬᠢᠬᠡᠳ ᠬᠡᠳᠦ ᠳᠡᠯᠬᠡᠬᠦᠷ᠎ᠢᠶᠠᠷ ᠳᠠᠮᠵᠢᠨ ᠪᠤᠷᠤᠯᠠᠭᠤᠯᠤᠭᠠᠳ ᠵᠢᠯ᠎ᠤᠨ ᠤᠷᠤᠯᠭ᠎ᠠ 100 ᠲᠦᠮᠡᠨ ᠳᠦᠬᠦᠷᠢᠭ᠎ᠢ ᠳᠠᠪᠠᠨ᠂ ᠤᠯᠠᠮᠵᠢᠯᠠᠯᠳᠦ ᠴᠠᠭᠠᠨ ᠢᠳᠡᠭᠡᠨ᠎ᠤ ᠳᠤᠮᠤ ᠵᠠᠬ᠎ᠠ ᠳᠡᠯᠬᠡᠬᠦᠷ᠎ᠲᠤ ᠬᠤᠱᠢᠭᠤᠷᠠᠯ᠎ᠠ᠃

7 ᠰᠠᠷ᠎ᠠ᠎ᠶ᠋ᠢᠨ 25 ᠎ᠤ ᠡᠳᠦᠷ᠂ ᠪᠢᠳᠡ ᠱᠢᠯᠤᠭᠤᠨ ᠬᠦᠭᠡ ᠬᠤᠱᠢᠭᠤᠨ᠎ᠤ ᠰᠠᠩ᠎ᠤᠨ ᠲᠠᠯᠠᠢ ᠪᠠᠯᠭᠠᠰᠤᠨ᠎ᠤ ᠪᠤᠯᠠᠭᠠᠨ ᠴᠠᠭᠠᠨ ᠭᠠᠴᠠᠭ᠎ᠠ᠎ᠳᠤ ᠪᠠᠢᠷᠢᠯᠠᠭ᠎ᠠ 《ᠰᠦ᠎ᠲᠠᠢ》 ᠺᠤᠮᠫᠠᠨᠢ᠎ᠶ᠋ᠢ ᠵᠤᠷᠢᠵᠤ ᠬᠦᠷᠪᠠ᠃ ᠬᠡᠷᠡᠭ᠌ᠯᠡᠭ᠌ᠴᠢᠳ ᠪᠡᠶᠡᠳᠡᠨ ᠦᠢᠯᠠᠭᠠᠬᠤ᠎ᠳᠤ ᠵᠤᠷᠢᠭᠤᠯᠤᠬ᠍ᠰᠠᠨ ᠳᠡᠯᠬᠡᠬᠦᠷ᠎ᠲᠤ ᠨᠤᠳᠤᠭ᠎ᠤᠨ ᠠᠮᠳᠠᠳᠤ ᠲᠦᠳ᠋ ᠬᠡᠮᠡᠬᠦ᠌ ᠵᠢᠵᠢᠭ᠌ᠬᠡᠨ ᠤᠭᠤᠳᠠᠯᠠᠯᠠᠬ᠍ᠰᠠᠨ ᠴᠠᠭᠠᠨ ᠢᠳᠡᠭᠡᠨ᠎ᠤ ᠠᠷᠤ᠎ᠶ᠋ᠢᠨ ᠮᠡᠷᠭᠡᠨ ᠴᠤᠬᠤᠷ᠎ᠢ ᠭᠠᠷ ᠤᠳᠠᠰᠤ᠎ᠪᠠᠷ ᠱᠢᠷᠪᠢᠬᠦ᠌᠎ᠳᠤ 《ᠱᠠᠩᠳᠤ᠎ᠶ᠋ᠢᠨ ᠪᠤᠭᠤᠷᠤᠯ ᠬᠠᠢᠯᠠᠰᠤ》 ᠬᠡᠮᠡᠬᠦ᠌ ᠲᠠᠭᠤᠤ ᠰᠤᠨᠤᠷ ᠪᠠᠶᠠᠰᠭᠠᠨ ᠤᠶᠠᠩᠭᠠᠷᠠᠨ᠎ᠠ᠃ 《ᠪᠢᠳᠡ ᠲᠦᠳ᠋᠎ᠲᠤ ᠱᠢᠨ᠎ᠠ ᠠᠭᠤᠯᠤᠭ᠍ᠳᠠᠬᠤᠨ ᠤᠷᠤᠭᠤᠯᠵᠤ᠂ ᠭᠠᠳᠠᠷ ᠪᠤᠭᠤᠳᠠᠯ᠎ᠢ᠎ᠨᠢ ᠪᠡᠯᠡᠭ᠎ᠤᠨ ᠮᠠᠶᠢᠭ᠎ᠲᠠᠢ ᠲᠦᠰᠦᠪᠯᠡᠨ ᠵᠤᠬᠢᠶᠠᠵᠦ᠍᠂ ᠮᠡᠷᠭᠡᠨ ᠴᠤᠬᠤᠷ᠎ᠢ ᠱᠢᠷᠪᠢᠪᠠᠯ ᠮᠠᠨ᠎ᠤ ᠨᠤᠳᠤᠭ᠎ᠤᠨ ᠲᠠᠭᠤᠤ᠎ᠶ᠋ᠢ ᠰᠤᠨᠤᠰᠴᠦ᠍ ᠪᠤᠯᠳᠠᠭ᠃ ᠤᠯᠠᠮᠵᠢᠯᠠᠯᠳᠤ ᠴᠠᠭᠠᠨ ᠢᠳᠡᠭᠡᠨ ᠪᠤᠯᠤᠨ ᠦᠨᠳᠦᠰᠦᠳᠡᠨ᠎ᠤ ᠰᠤᠶᠤᠯ᠎ᠢ ᠤᠶᠠᠯᠳᠤᠭᠤᠯᠤᠭ᠍ᠰᠠᠨ ᠪᠤᠯᠬᠤᠷ ᠬᠦᠮᠦᠰ ᠡᠨᠡ ᠪᠦᠳᠦᠭᠡᠭ᠌ᠳᠡᠭᠦᠨ᠎ᠢ ᠠᠮᠳᠠᠷᠬᠠᠨ ᠢᠳᠡᠬᠦ᠌ ᠪᠤᠶᠤ ᠨᠡᠢᠵᠡ ᠨᠠᠷ᠎ᠲᠠᠭᠠᠨ ᠬᠦᠷᠭᠡᠬᠦ᠌᠎ᠳᠤ ᠡᠪᠯᠢᠭ ᠦᠪᠡᠷᠮᠢᠴᠡ ᠪᠠᠢᠳᠠᠬ》 ᠭᠡᠵᠦ᠍ ᠴᠤᠭ᠍ᠯᠢᠭ ᠵᠠᠯᠠᠭᠤ ᠡᠷᠬᠢᠮᠪᠠᠶᠠᠷ ᠳᠠᠨᠢᠯᠴᠠᠭᠤᠯᠪᠠ᠃ ᠪᠢᠳᠡ ᠲᠡᠯᠭᠡᠭᠦᠷ᠎ᠲᠤ ᠲᠦᠭᠦᠷᠡᠩ ᠵᠡᠷᠭᠡᠯᠡᠭᠡᠰᠦᠳᠡᠢ ᠡᠯ᠎ᠠ ᠲᠦᠷᠦᠯ᠎ᠤᠨ ᠪᠦᠳᠦᠭᠡᠭ᠌ᠳᠡᠭᠦᠨ᠎ᠢ ᠠᠵᠢᠠᠠᠯᠠᠬᠤ᠎ᠳᠤ ᠪᠤᠭᠤᠳᠠᠯ ᠪᠠᠭ᠍ᠯᠠᠭ᠎ᠠ᠎ᠨᠢ ᠨᠠᠷᠢᠯᠢᠭ ᠬᠢᠴᠡᠳᠡᠢ᠂ ᠵᠢᠵᠢᠭ᠎ᠢᠶᠠᠷ ᠪᠤᠭᠤᠳᠠᠯᠯᠠᠬ᠍ᠰᠠᠨ᠂ ᠵᠠᠬ᠎ᠠ ᠲᠡᠯᠭᠡᠭᠦᠷ᠎ᠤᠨ ᠬᠡᠷᠡᠭ᠌ᠴᠡᠭᠡ ᠱᠠᠭᠠᠷᠳᠠᠯᠭ᠎ᠠ᠎ᠳᠤ ᠨᠡᠢᠴᠡᠬᠦᠯᠦᠭ᠌ᠰᠡᠨ᠎ᠨᠢ ᠢᠯᠡᠭᠡᠨ᠃ ᠲᠡᠳᠡᠨᠡᠢᠬᠢᠨ ᠤᠯᠠᠮᠵᠢᠯᠠᠯᠳᠤ ᠪᠦᠳᠦᠭᠡᠭ᠌ᠳᠡᠭᠦᠨ ᠭᠡᠵᠦ᠍ ᠬᠤᠷᠤᠳ᠂ ᠱᠢᠷ᠎ᠠ ᠲᠤᠰᠤ᠂ ᠴᠦᠴᠦᠭᠡᠢ᠂ ᠵᠦᠭᠡᠭᠡᠢ ᠠᠷᠪᠠᠭᠠᠳ ᠲᠦᠷᠦᠯ᠎ᠤᠨ᠎ᠬᠢ᠎ᠶ᠋ᠢ ᠪᠤᠯᠪᠠᠰᠤᠷᠠᠭᠤᠯᠵᠤ᠂ ᠰᠦᠨ ᠱᠢᠬᠢᠷ᠂ ᠴᠦᠴᠦᠭᠡᠢ᠎ᠶ᠋ᠢᠨ ᠱᠢᠬᠢᠷ᠂ ᠱᠢᠷ᠎ᠠ ᠰᠦᠨ᠎ᠤ ᠱᠢᠬᠢᠷ᠂ ᠲᠦᠳ᠋᠂ ᠲᠠᠷᠠᠰᠤ ᠵᠡᠷᠭᠡ᠎ᠶ᠋ᠢ ᠱᠢᠨᠡᠴᠢᠯᠡᠭ᠌ᠰᠡᠨ ᠪᠦᠳᠦᠭᠡᠭ᠌ᠳᠡᠭᠦᠨ᠎ᠳᠤ ᠤᠷᠤᠭᠤᠯᠵᠠᠢ᠃ ᠲᠦᠮᠦᠰᠦ᠎ᠶ᠋ᠢᠨ ᠢᠯᠳᠡᠰᠤ ᠱᠢᠬ ᠨᠢᠮᠭᠡᠨ ᠬᠡᠷᠴᠢᠭ᠌ᠰᠡᠨ ᠬᠤᠷᠤᠳ᠎ᠨᠢ ᠬᠠᠮᠤᠭ ᠱᠢᠨ᠎ᠠ ᠪᠦᠳᠦᠭᠡᠭ᠌ᠳᠡᠭᠦᠨ᠎ᠤ ᠨᠢᠬᠡ᠎ᠨᠢ ᠪᠠᠢᠯ᠎ᠠ᠃ ᠪᠠᠰᠠ ᠤᠳᠤᠬᠢ ᠬᠦᠮᠦᠰ᠎ᠤᠨ ᠱᠢᠨ᠎ᠠ ᠰᠤᠷᠭᠤᠬ᠎ᠢᠶᠠᠷ ᠢᠳᠡᠬᠦ᠌ ᠱᠠᠭᠠᠷᠳᠠᠯᠭ᠎ᠠ᠎ᠳᠤ ᠵᠤᠬᠢᠴᠠᠭᠤᠯᠤᠨ 110 ᠭᠷᠠᠮ᠎ᠤᠨ ᠬᠤᠷᠤᠳ᠂ ᠨᠢᠭᠡ ᠬᠦᠮᠦᠨ᠎ᠤ ᠦᠷᠯᠦᠭᠡ᠎ᠶ᠋ᠢᠨ ᠬᠤᠭᠤᠯᠠ ᠵᠡᠷᠭᠡ᠎ᠶ᠋ᠢ ᠴᠤ᠌ ᠱᠢᠨ᠎ᠠ᠎ᠪᠠᠷ ᠰᠡᠳᠦᠨ ᠦᠢᠯᠡᠳᠪᠦᠷᠢᠯᠡᠵᠦ᠍ ᠵᠠᠬ᠎ᠠ᠎ᠳᠤ ᠭᠠᠷᠭᠠᠨ ᠵᠠᠬᠢᠶᠠᠯᠠᠭ᠎ᠠ᠎ᠪᠠᠷ ᠦᠢᠯᠡᠳᠪᠦᠷᠢᠯᠡᠬᠦ᠌᠎ᠪᠠᠷ ᠪᠡᠯᠡᠳᠭᠡᠵᠦ᠍ ᠪᠠᠢᠭ᠎ᠠ ᠠᠵᠢ᠃

ᠲᠦᠷᠦᠬᠦᠬᠡᠨ 《ᠰᠦ᠎ᠲᠠᠢ》 ᠺᠤᠮᠫᠠᠨᠢ᠎ᠨᠢ ᠦᠪᠡᠷᠳᠡᠭᠡᠨ ᠵᠠᠰᠠᠬᠤ ᠤᠷᠤᠨ᠎ᠠᠴᠠ ᠰᠤᠩᠭᠤᠨ ᠳᠤᠬ᠍ᠳᠠᠭᠠᠬ᠍ᠰᠠᠨ ᠦᠨᠳᠦᠰᠦᠲᠡᠨ᠎ᠤ ᠤᠯᠠᠮᠵᠢᠯᠠᠯᠲᠤ ᠴᠠᠭᠠᠨ ᠢᠳᠡᠭᠡᠨ᠎ᠤ ᠠᠵᠤ ᠦᠢᠯᠡᠰ᠎ᠢ ᠬᠥᠭ᠌ᠵᠢᠬᠦᠯᠬᠦ᠌ ᠲᠦᠷᠦᠭᠦᠤ ᠪᠦᠯᠦᠭ 160 ᠲᠤᠷᠱᠢᠯᠲᠠ᠎ᠶ᠋ᠢᠨ ᠴᠡᠭ᠎ᠤᠨ ᠨᠢᠬᠡ ᠪᠤᠯᠤᠬ᠍ᠰᠠᠨ ᠪᠠᠢᠯ᠎ᠠ᠃ ᠤᠯᠠᠮᠵᠢᠯᠠᠯᠳᠤ ᠴᠠᠭᠠᠨ ᠢᠳᠡᠭᠡᠨ᠎ᠤ ᠤᠬ ᠠᠮᠳᠠ ᠬᠢᠬᠡᠳ ᠱᠢᠮ᠎ᠠ ᠳᠡᠵᠢᠬᠡᠯ᠎ᠢ ᠪᠠᠳᠤᠯᠠᠬ᠍ᠰᠠᠨ ᠤᠷᠢᠳᠠᠯ ᠳᠤᠤᠷ᠎ᠠ ᠪᠤᠭᠤᠳᠠᠯ ᠪᠠᠭ᠍ᠯᠠᠭ᠎ᠠ ᠬᠡᠯᠪᠡᠷᠢ ᠲᠦᠷᠰᠦ᠂ ᠲᠦᠷᠦᠯ ᠵᠠᠨᠠᠷ᠂ ᠪᠤᠷᠤᠯᠠᠭᠤᠯᠭ᠎ᠠ᠎ᠶ᠋ᠢᠨ ᠠᠷᠭ᠎ᠠ ᠮᠠᠶᠢᠭ ᠵᠡᠷᠭᠡ ᠪᠦᠬᠦ᠌ ᠲᠠᠯ᠎ᠠ᠎ᠶ᠋ᠢᠨ ᠱᠢᠨᠡᠴᠢᠯᠡᠯᠳᠡ ᠭᠤᠴᠢᠭᠠᠳ ᠨᠠᠰᠤᠨ᠎ᠤ ᠤᠶᠤᠳᠠᠨ ᠬᠤᠤᠰ᠎ᠤᠨ ᠴᠢᠷᠮᠠᠢᠯᠭ᠎ᠠ᠎ᠪᠠᠷ ᠪᠡᠶᠡᠯᠡᠭ᠌ᠳᠡᠵᠦ᠍᠂ 《ᠰᠦ᠎ᠲᠠᠢ》 ᠺᠤᠮᠫᠠᠨᠢ ᠤᠯᠠᠮᠵᠢᠯᠠᠯᠳᠤ ᠴᠠᠭᠠᠨ ᠢᠳᠡᠭᠡᠨ᠎ᠤ ᠠᠵᠢᠯ ᠲᠦᠷᠦᠯ᠎ᠤᠨ ᠱᠢᠨᠡᠴᠢᠯᠡᠯᠳᠡ᠎ᠳᠤ ᠬᠤᠱᠢᠭᠤᠴᠢᠯᠠᠵᠦ᠍ ᠪᠠᠢᠨ᠎ᠠ᠃

ᠡᠷᠬᠢᠮᠪᠠᠶᠠᠷ ᠭᠡᠷᠭᠡᠢ ᠤᠷᠭᠤᠮᠠᠯ᠎ᠲᠠᠢ᠎ᠪᠠᠨ ᠶᠡᠭᠡ ᠰᠤᠷᠭᠠᠭᠤᠯᠢ᠎ᠪᠠᠨ ᠳᠡᠬᠦᠰᠭᠡᠭ᠌ᠰᠡᠨ᠎ᠤ ᠳᠠᠷᠠᠭ᠎ᠠ ᠪᠡᠬᠡᠵᠢᠩ᠎ᠳᠠᠬᠢ ᠭᠠᠳᠠᠭᠠᠳᠤ ᠪᠡᠯᠡ᠎ᠶ᠋ᠢᠨ ᠠᠵᠤ ᠠᠬᠤᠢ᠍ᠢᠯᠠᠯ ᠪᠤᠯᠤᠨ ᠤᠯᠤᠰ᠎ᠤᠨ ᠠᠯᠪᠠᠨ ᠪᠠᠢᠭᠤᠯᠭ᠎ᠠ᠎ᠳᠤ ᠳᠤᠰ ᠳᠤᠰ ᠠᠵᠢᠯ᠎ᠤᠨ ᠭᠠᠷᠤᠭ᠎ᠠ ᠠᠪᠴᠠᠢ᠃ ᠦᠪᠡᠷ᠎ᠢᠶᠠᠨ ᠦᠢᠯᠡᠰ ᠪᠤᠰᠭᠠᠬᠤ᠂ ᠬᠡᠦᠭᠡᠳ᠎ᠢᠶᠠᠨ ᠮᠤᠩᠭᠤᠯ᠎ᠢᠶᠠᠷ ᠰᠤᠷᠭᠠᠬᠤ ᠬᠦᠰᠡᠯ ᠮᠦᠷᠦᠭᠡᠳᠦᠯ᠎ᠨᠢ ᠠᠮᠠᠷᠠᠭ ᠬᠤᠤᠰ᠎ᠢ ᠨᠡᠢᠰᠯᠡᠯ ᠪᠡᠭᠡᠵᠢᠩ᠎ᠠᠴᠠ ᠦᠯᠦᠭᠡᠢ ᠨᠤᠳᠤᠭ ᠵᠦᠭ᠎ᠨᠢ ᠬᠦᠳᠦᠯᠦᠭ᠌ᠰᠡᠨ ᠱᠢᠵᠢᠮ ᠪᠠᠢᠯ᠎ᠠ᠃ ᠤᠯᠠᠮᠵᠢᠯᠠᠯᠳᠤ ᠴᠠᠭᠠᠨ ᠢᠳᠡᠭᠡᠨ᠎ᠤ ᠵᠠᠬ᠎ᠠ ᠲᠡᠯᠭᠡᠭᠦᠷ ᠬᠠᠷᠠᠬᠠᠨ ᠲᠦᠯᠦᠪᠱᠢᠷᠡᠭᠡ ᠦᠬᠡᠢ᠂ ᠠᠵᠨ ᠳᠤᠬᠢᠶᠠᠯ ᠦᠯᠡᠮᠵᠢ ᠪᠠᠢᠬ᠍ᠰᠠᠨ᠎ᠨᠢ ᠡᠨᠡ ᠬᠦ᠌ ᠦᠢᠯᠡᠰ᠎ᠢ ᠰᠤᠩᠭᠤᠬ᠍ᠰᠠᠨ᠎ᠤ ᠬᠢᠨᠢ ᠱᠢᠯᠳᠠᠭᠠᠨ ᠪᠤᠯᠤᠬ᠍ᠰᠠᠨ ᠪᠤᠯ ᠠᠪᠤ ᠡᠵᠢ᠎ᠶ᠋ᠢᠨ ᠬᠢᠨᠢ ᠤᠳᠠᠭᠠᠨ ᠵᠢᠯ ᠴᠠᠭᠠᠨ ᠢᠳᠡᠭᠡᠨ᠎ᠤ ᠦᠢᠯᠡᠰ ᠡᠷᠬᠢᠯᠡᠭ᠌ᠰᠡᠨ ᠮᠡᠷᠭᠡᠵᠢᠯ ᠲᠤᠷᠱᠢᠯᠭ᠎ᠠ᠂ ᠦᠪᠡᠷ᠎ᠢᠶᠠᠨ ᠬᠤᠷᠠᠮᠳᠤᠭᠤᠯᠤᠬ᠍ᠰᠠᠠ ᠵᠠᠬ᠎ᠠ ᠳᠡᠯᠬᠡᠬᠦᠷ᠎ᠤᠨ ᠳᠤᠬᠠᠢ ᠤᠢ᠍ᠢᠯᠠᠭᠠᠯᠳᠠ᠎ᠨᠢ ᠴᠠᠭᠠᠨ ᠢᠳᠡᠭᠡᠨ᠎ᠤ ᠦᠢᠯᠡᠰ ᠡᠷᠬᠢᠯᠡᠬᠦ᠌᠎ᠳᠤᠨᠢ ᠳᠡᠮ ᠪᠤᠯᠤᠭ᠍ᠰᠠᠨ ᠪᠢᠯᠡ᠃

2012 ᠤᠨ᠎ᠳᠤ 40 ᠲᠡᠭ᠌ᠰᠢ ᠲᠦᠷᠪᠡᠯᠵᠢᠨ ᠮᠧᠲᠷ᠎ᠤᠨ ᠵᠢᠵᠢᠭ᠌ᠭᠡᠨ ᠲᠠᠰᠤᠭ᠎ᠲᠤ ᠠᠵᠢᠯ ᠦᠢᠯᠡᠰ᠎ᠢᠶᠠᠨ ᠡᠬᠢᠯᠡᠭᠦᠯᠦᠭ᠌ᠰᠡᠨ ᠲᠡᠳᠡ ᠠᠭᠠᠵᠢᠮ᠎ᠢᠶᠠᠷ ᠦᠷᠭᠡᠳᠭᠡᠨ ᠬᠦᠭ᠌ᠵᠢᠭᠦᠯᠦᠬᠡᠳ ᠤᠳᠤ ᠪᠤᠯᠬᠤ᠎ᠳᠤ ᠦᠢᠯᠡᠳᠪᠦᠷᠢᠯᠡᠯ ᠪᠤᠷᠤᠯᠠᠭᠤᠯᠭ᠎ᠠ᠎ᠶ᠋ᠢᠨ ᠲᠤᠭᠤᠷᠢᠭ᠎ᠨᠢ 600 ᠲᠡᠭ᠌ᠰᠢ ᠲᠦᠷᠪᠡᠯᠵᠢᠨ ᠮᠧᠲᠷ᠎ᠢ ᠲᠠᠪᠠᠵᠠᠢ᠃ ᠳᠡᠳᠡ ᠴᠠᠭᠠᠨ ᠢᠳᠡᠭᠡᠨ ᠬᠢᠬᠦ᠌ ᠤᠯᠠᠮᠵᠢᠯᠠᠯᠳᠤ ᠳᠡᠰ ᠳᠠᠷᠠᠭᠠᠯᠠᠯ᠎ᠢ ᠪᠠᠷᠢᠮᠳᠠᠯᠠᠭ᠍ᠰᠠᠨ ᠰᠠᠭᠤᠷᠢᠨ ᠲᠡᠭᠡᠷ᠎ᠠ ᠪᠦᠬᠦ᠌ ᠪᠦᠳᠦᠬᠡᠭ᠌ᠳᠡᠬᠦᠨ᠎ᠢᠶᠠᠨ ᠤᠯᠤᠰ ᠤᠷᠤᠨ᠎ᠤ ᠢᠳᠡᠭᠡᠨ ᠤᠮᠳᠠᠭᠠᠨ᠎ᠤ ᠦᠨᠳᠦᠷ ᠪᠠᠷᠢᠮᠵᠢᠶ᠎ᠠ᠎ᠳᠤ ᠨᠡᠢᠴᠡᠭᠦᠯᠦᠨ ᠦᠢᠯᠡᠳᠪᠦᠷᠢᠯᠡᠵᠦ᠍ ᠪᠠᠢᠭ᠎ᠠ ᠪᠤᠯᠬᠤᠷ ᠵᠠᠬ᠎ᠠ ᠳᠡᠯᠬᠡᠬᠦᠷ᠎ᠢᠶᠠᠨ ᠨᠡᠭᠡᠭᠡᠬᠦ᠌᠎ᠳᠤ ᠰᠠᠭᠠᠳ ᠦᠬᠡᠢ ᠪᠤᠯᠤᠬ᠍ᠰᠠᠨ ᠶᠤᠮ᠃ ᠤᠳᠤ ᠰᠦᠯᠵᠢᠶᠡᠨ ᠪᠤᠷᠤᠯᠠᠭᠤᠯᠭ᠎ᠠ᠂ ᠪᠦᠭᠡᠮᠳᠡᠬᠦ᠌ ᠪᠤᠷᠤᠯᠠᠭᠤᠯᠭ᠎ᠠ ᠪᠤᠯᠤᠨ ᠬᠡᠳᠦ ᠲᠡᠯᠭᠡᠭᠦᠷ᠎ᠲᠤ ᠤᠷᠤᠭᠤᠯᠬᠤ ᠭᠤᠷᠪᠠᠨ ᠵᠠᠮ᠎ᠤᠨ ᠪᠤᠷᠤᠯᠠᠭᠤᠯᠭ᠎ᠠ᠎ᠪᠠᠷ ᠳᠠᠮᠵᠢᠨ᠂ ᠵᠢᠯ᠎ᠤᠨ ᠤᠷᠤᠯᠭ᠎ᠠ᠎ᠨᠢ 100 ᠲᠦᠮᠡᠨ ᠲᠦᠭᠦᠷᠢᠭ᠎ᠢ ᠲᠠᠪᠠᠵᠠᠢ᠃ ᠡᠨᠡ ᠵᠢᠯ᠎ᠤᠨ ᠬᠢᠵᠢᠭ᠎ᠤᠨ ᠬᠤᠭᠤᠴᠠᠭᠠᠨ᠎ᠳᠤ᠂ ᠰᠦᠯᠵᠢᠶᠡᠨ ᠱᠢᠭᠤᠳ ᠨᠡᠪᠳᠡᠷᠡᠭᠦᠯᠭᠡ᠎ᠶ᠋ᠢᠨ ᠬᠡᠯᠪᠡᠷᠢ᠎ᠪᠠᠷ ᠨᠢᠭᠡᠯᠡ ᠤᠳᠠᠭ᠎ᠠ᠎ᠳᠤ 3 ᠲᠦᠮᠡᠨ ᠲᠦᠭᠦᠷᠢᠭ᠎ᠤᠨ ᠪᠠᠷᠠᠭ᠎ᠠ ᠪᠤᠷᠤᠯᠠᠭᠤᠯᠤᠭ᠍ᠰᠠᠨ ᠱᠢᠨ᠎ᠠ ᠳᠡᠮᠳᠡᠭ᠌ᠯᠡᠯ ᠡᠬᠦᠳᠦᠭ᠌ᠰᠡᠨ ᠪᠠᠢᠯ᠎ᠠ᠃

《ᠤᠯᠠᠮᠵᠢᠯᠠᠯ᠎ᠨᠢ ᠵᠠᠪᠠᠯ ᠲᠠᠪᠠᠭᠤᠯᠢᠭ᠂ ᠲᠡᠷᠢᠭᠦᠨ᠎ᠤ ᠭᠡᠰᠡᠨ ᠶᠠᠪᠤᠳᠠᠯ ᠪᠢᠰᠢ᠂ ᠤᠯᠠᠮᠵᠢᠯᠠᠯ᠎ᠨᠢ ᠴᠠᠭ ᠦᠶ᠎ᠠ᠎ᠪᠠᠨ ᠳᠠᠭᠠᠭᠠᠳ    ᠬᠦᠭ᠌ᠵᠢᠨ᠎ᠠ᠂ ᠤᠯᠠᠮᠵᠢᠯᠠᠯ᠎ᠢ ᠮᠠᠨᠤᠰ ᠱᠢᠨᠡᠴᠢᠯᠡᠬᠦ᠌ ᠬᠡᠷᠡᠭ᠌ᠳᠡᠢ᠂ ᠤᠯᠠᠮᠵᠢᠯᠠᠯᠳᠤ ᠴᠠᠭᠠᠨ ᠢᠳᠡᠭᠡᠨ ᠬᠢᠨ᠎ᠠ ᠬᠡᠳᠡᠭ᠎ᠨᠢ ᠵᠠᠪᠠᠯ ᠮᠤᠳᠤᠨ ᠰᠠᠪᠠ ᠶᠤᠮ ᠦᠦ᠂ ᠸᠠᠭᠠᠷ ᠰᠠᠪᠠ᠎ᠳᠤ ᠬᠢᠵᠥ᠍ ᠢᠰᠭᠡᠬᠡᠳ᠂ ᠠᠷᠭᠠᠯ᠎ᠤᠨ ᠭᠠᠯ ᠲᠡᠭᠡᠷ᠎ᠠ ᠬᠤᠷᠤᠳ᠎ᠢᠶᠠᠨ ᠬᠦᠱᠢᠭᠡᠭᠡᠳ ᠮᠤᠳᠤᠨ ᠬᠤᠰᠤᠭᠤᠷ᠎ᠢᠶᠠᠷ ᠨᠤᠬᠤᠭᠠᠳ ᠮᠤᠳᠤᠨ ᠬᠡᠪ᠎ᠲᠤ ᠬᠢᠬᠦ᠌ ᠶᠠᠪᠤᠳᠠᠯ ᠪᠢᠰᠢ᠂ ᠬᠠᠷᠢᠨ ᠬᠦᠮᠦᠰ᠎ᠤᠨ ᠬᠡᠷᠡᠭ᠌ᠴᠡᠭᠡ ᠱᠠᠭᠠᠷᠳᠠᠯᠭ᠎ᠠ᠂ ᠵᠠᠬ᠎ᠠ ᠲᠡᠯᠭᠡᠭᠦᠷ᠎ᠤᠨ ᠪᠠᠢᠳᠠᠯ᠎ᠳᠤ ᠨᠡᠢᠴᠡᠭᠦᠯᠬᠦ᠌᠎ᠨᠢ ᠴᠢᠬᠤᠯᠠ ᠪᠤᠯᠤᠨ᠎ᠠ》᠃ ᠤᠯᠠᠮᠵᠢᠯᠠᠯ ᠬᠢᠬᠡᠳ ᠱᠢᠨᠡᠴᠢᠯᠡᠯ᠎ᠤᠨ ᠳᠤᠬᠠᠢ ᠡᠨᠡ ᠬᠦ᠌ ᠦᠵᠡᠯᠳᠡ᠎ᠨᠢ ᠡᠷᠬᠢᠮᠪᠠᠶᠠᠷ ᠤᠷᠭᠤᠮᠠᠯ᠎ᠢ ᠠᠮᠵᠢᠯᠳᠠ᠎ᠳᠤ ᠬᠦᠷᠬᠡᠵᠦ᠍ ᠪᠠᠢᠭ᠎ᠠ᠎ᠨᠢ ᠭᠠᠷᠴᠠᠭ᠎ᠠ ᠦᠬᠡᠢ᠃ ᠡᠷᠬᠢᠮᠪᠠᠶᠠᠷ ᠪᠦᠳᠦᠬᠡᠭ᠌ᠳᠡᠬᠦᠨ᠎ᠤ ᠵᠠᠷ᠎ᠢ ᠦᠪᠡᠷ᠎ᠢᠶᠠᠨ ᠤᠬᠠᠭᠠᠯᠠᠨ ᠵᠤᠬᠢᠶᠠᠵᠦ᠍ ᠪᠤᠭᠤᠳᠠᠯ ᠪᠠᠭ᠍ᠯᠠᠭ᠎ᠠ᠎ᠶ᠋ᠢᠨ ᠵᠢᠷᠤᠭ ᠲᠦᠯᠦᠪᠯᠡᠭᠡ᠎ᠶ᠋ᠢ ᠱᠧᠨ᠋ᠵᠧᠨ᠎ᠳᠤ ᠬᠢᠯᠭᠡᠵᠦ᠍᠂ ᠮᠡᠷᠭᠡᠵᠢᠯ᠎ᠤᠨ ᠲᠠᠯ᠎ᠠ᠎ᠪᠠᠷ ᠺᠦᠨᠮᠢᠩ᠎ᠤᠨ ᠠᠵᠤ ᠦᠢᠯᠡᠳᠪᠦᠷᠢ᠎ᠶ᠋ᠢᠨ ᠶᠡᠭᠡ ᠰᠤᠷᠭᠠᠭᠤᠯᠢ᠂ ᠦᠪᠦᠷ ᠮᠤᠩᠭᠤᠯ᠎ᠤᠨ ᠲᠠᠷᠢᠶᠠᠯᠠᠩ ᠮᠠᠯ ᠠᠵᠤ ᠠᠬᠤᠢ᠎ᠶ᠋ᠢᠨ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠬᠦᠷᠢᠶᠡᠯᠡᠩ᠎ᠲᠠᠢ ᠬᠠᠮᠳᠤᠷᠠᠨ ᠠᠵᠢᠯᠯᠠᠵᠤ᠂ ᠶᠠᠰᠤ ᠴᠢᠨᠠᠷ᠎ᠤᠨ ᠪᠤᠭᠤᠮᠳᠠ᠎ᠶ᠋ᠢ ᠴᠢᠩᠭ᠎ᠠ ᠠᠳᠭᠤᠵᠤ ᠪᠤᠢ᠃ ᠬᠡᠷᠬᠡᠢ ᠤᠷᠭᠤᠮᠠᠯ᠎ᠨᠢ ᠴᠤ᠌ ᠱᠢᠯᠤᠭᠤᠨ ᠬᠦᠬᠡ ᠬᠤᠱᠢᠭᠤᠨ᠎ᠤ ᠴᠠᠬᠠᠷ ᠴᠠᠭᠠᠨ ᠢᠳᠡᠭᠡᠨ᠎ᠤ ᠨᠡᠢᠬᠡᠮᠯᠢᠭ᠎ᠤᠨ ᠳᠠᠷᠤᠭ᠎ᠠ᠎ᠶ᠋ᠢᠨ ᠳᠤᠱᠢᠶᠠᠯ᠎ᠢ ᠬᠠᠪᠰᠤᠷᠭᠠᠨ ᠬᠠᠷᠢᠭᠤᠴᠠᠵᠦ᠍᠂ ᠦᠪᠡᠷᠳᠡᠭᠡᠨ ᠵᠠᠰᠠᠬᠤ ᠤᠷᠤᠨ᠎ᠤ ᠤᠯᠠᠮᠵᠢᠯᠠᠯᠳᠦ ᠴᠠᠭᠠᠨ ᠢᠳᠡᠭᠡᠨ᠎ᠤ ᠦᠢᠯᠡᠰ᠎ᠢ ᠬᠦᠭ᠌ᠵᠢᠬᠦᠯᠬᠦ᠌ ᠠᠵᠠ ᠳᠤᠬᠢᠶᠠᠯ᠎ᠢ ᠡᠵᠡᠮᠳᠡᠨ 《ᠳᠤᠮᠳᠠᠳᠤ ᠤᠯᠤᠰ᠎ᠤᠨ ᠴᠠᠭᠠᠨ ᠢᠳᠡᠭᠡᠨ᠎ᠤ ᠰᠤᠶᠤᠯ᠎ᠤᠨ ᠦᠯᠦᠬᠡᠢ》 《ᠳᠤᠮᠳᠠᠳᠤ ᠤᠯᠤᠰ᠎ᠤᠨ ᠴᠠᠭᠠᠨ ᠢᠳᠡᠭᠡᠨ᠎ᠤ ᠰᠤᠶᠤᠯ᠎ᠢ ᠤᠯᠠᠮᠵᠢᠯᠠᠬᠤ ᠰᠠᠭᠤᠷᠢᠨ》 ᠬᠡᠮᠡᠬᠦ᠌ ᠰᠠᠢᠬᠠᠨ ᠠᠯᠳᠠᠷ᠎ᠲᠠᠢ ᠱᠢᠯᠤᠭᠤᠨ ᠬᠦᠬᠡ ᠬᠤᠱᠢᠭᠤᠨ᠎ᠤ᠎ᠪᠠᠨ ᠴᠠᠭᠠᠨ ᠢᠳᠡᠭᠡᠨ᠎ᠤ ᠦᠢᠯᠡᠰ᠎ᠢ ᠬᠦᠭ᠌ᠵᠢᠬᠦᠯᠬᠦ᠌ ᠴᠢᠭ᠌ᠯᠡᠯ ᠬᠠᠷᠠᠯᠳᠠ᠎ᠶ᠋ᠢᠨ ᠳᠦᠯᠦᠬᠡ ᠶᠡᠭᠡ ᠤᠬᠠᠭᠠᠨ ᠰᠤᠪᠢᠵᠦ᠍ ᠶᠠᠭᠠᠷᠠᠨ᠎ᠠ᠃

ᠤᠬᠤᠷ ᠱᠢᠬᠦᠮᠵᠢ᠄ ᠤᠯᠠᠮᠵᠢᠯᠠᠯᠳᠦ ᠴᠠᠭᠠᠨ ᠢᠳᠡᠭᠡᠨ᠎ᠤ ᠰᠦ᠎ᠶ᠋ᠢᠨ ᠢᠷᠡᠯᠳᠡ᠂ ᠦᠢᠯᠡᠳᠪᠦᠷᠢᠯᠡᠬᠦ᠌ ᠮᠡᠷᠬᠡᠵᠢᠯ᠂ ᠪᠦᠳᠦᠬᠡᠭ᠌ᠳᠡᠬᠦᠨ᠎ᠤ ᠪᠠᠷᠢᠮᠵᠢᠶ᠎ᠠ᠎ᠶ᠋ᠢᠨ ᠱᠢᠰᠲ᠋ᠧᠮ ᠪᠤᠯᠤᠨ ᠢᠳᠡᠭᠡᠨ ᠤᠮᠳᠠᠭᠠᠨ᠎ᠤ SC ᠬᠡᠷᠡᠴᠢᠯᠡᠭᠡ᠎ᠶ᠋ᠢ ᠤᠯᠠᠮ ᠳᠡᠬᠦᠯᠳᠡᠷᠵᠢᠬᠦᠯᠵᠦ᠍᠂ ᠪᠠᠷᠢᠮᠵᠢᠶ᠎ᠠ ᠶᠤᠰᠤᠭᠠᠷ ᠦᠢᠯᠡᠳᠪᠦᠷᠢᠯᠡᠬᠦ᠂ ᠱᠤᠱᠢᠭ᠎ᠠ ᠲᠡᠮᠳᠡᠭ ᠲᠠᠩᠰᠠᠯᠠᠭᠤᠯᠬᠤ᠂ ᠲᠦᠷᠦᠯ ᠲᠡᠮᠳᠡᠭ ᠡᠭᠦᠳᠬᠦ᠌ ᠪᠤᠯ ᠤᠯᠠᠮᠵᠢᠯᠠᠯᠳᠦ ᠴᠠᠭᠠᠨ ᠢᠳᠡᠭᠡᠨ᠎ᠤ ᠦᠢᠯᠡᠰ᠎ᠤᠨ ᠬᠦᠭ᠌ᠵᠢᠯᠳᠡ᠎ᠶ᠋ᠢᠨ ᠵᠠᠪᠠᠯ ᠶᠠᠪᠤᠬᠤ ᠵᠠᠮ ᠮᠦᠨ᠃ ᠭᠡᠬᠦ᠌᠎ᠳᠤ ᠪᠦᠳᠦᠭᠡᠭ᠌ᠳᠡᠭᠦᠨ᠎ᠢ ᠪᠤᠭᠤᠳᠠᠯ ᠪᠠᠭ᠍ᠯᠠᠭ᠎ᠠ᠎ᠲᠠᠢ ᠪᠤᠯᠭᠠᠵᠤ᠂ ᠤᠯᠠᠮᠵᠢᠯᠠᠯᠳᠤ ᠴᠠᠭᠠᠨ ᠢᠳᠡᠭᠡᠨ᠎ᠢ ᠨᠤᠳᠤᠭ᠎ᠤᠨ ᠭᠠᠷᠤᠯᠳᠠ᠎ᠪᠠᠷ ᠪᠢᠰᠢ᠂ ᠵᠠᠬ᠎ᠠ ᠲᠡᠯᠭᠡᠭᠦᠷ᠎ᠲᠤ ᠪᠠᠢᠳᠠᠭ ᠡᠩ᠎ᠤᠨ ᠲᠠᠸᠠᠷ ᠪᠤᠯᠭᠠᠮᠠᠨᠵᠢᠨ ᠰᠠᠶᠢ ᠪᠠᠢᠩᠭᠤ᠎ᠶ᠋ᠢᠨ ᠬᠡᠷᠡᠭ᠌ᠯᠡᠭᠡᠨ᠎ᠳᠤ ᠤᠷᠤᠭᠤᠯᠵᠤ᠂ ᠳᠤᠮᠤ ᠵᠠᠬ᠎ᠠ ᠳᠡᠯᠬᠡᠬᠦᠷ᠎ᠲᠤ ᠭᠠᠷᠭᠠᠵᠦ᠍ ᠳᠡᠢᠯᠦᠨ᠎ᠠ᠃ ᠡᠬᠦᠨ᠎ᠢ ᠬᠢᠷᠠᠬᠠᠢ ᠠᠵᠢᠭ᠍ᠰᠠᠨ᠎ᠢᠶᠠᠷ ᠤᠶᠤᠳᠠᠨ ᠬᠤᠤᠰ᠎ᠤᠨ 《ᠰᠦ᠎ᠲᠠᠢ》 ᠴᠠᠭᠠᠨ ᠢᠳᠡᠭᠡᠨ᠎ᠨᠢ ᠳᠤᠮᠤ ᠵᠠᠬ᠎ᠠ ᠳᠡᠯᠬᠡᠬᠦᠷ᠎ᠲᠤ ᠬᠦᠯ ᠳᠤᠬ᠍ᠳᠠᠵᠦ᠍᠂ ᠤᠯᠠᠮᠵᠢᠯᠠᠯᠳᠦ ᠴᠠᠭᠠᠨ ᠢᠳᠡᠭᠡᠨ᠎ᠢ ᠳᠡᠯᠡᠬᠡᠢ᠎ᠳᠤ ᠳᠠᠨᠢᠭᠤᠯᠬᠤ᠎ᠳᠤ ᠨᠢᠬᠡᠨ ᠮᠦᠷᠦᠨ᠎ᠤ ᠬᠦᠴᠦᠨ ᠪᠤᠯᠵᠦ᠍ ᠪᠠᠢᠭ᠎ᠠ᠎ᠨᠢ ᠦᠨᠡᠯᠡᠬᠦᠱᠢᠳᠠᠢ᠃ 

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠠᠷᠢᠭᠤᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号