8 ᠰᠠᠷ᠎ᠠ᠎ᠶ᠋ᠢᠨ 23 ᠤ ᠡᠳᠦᠷ᠂ ᠪᠦᠬᠦ᠌ ᠤᠯᠤᠰ᠎ᠤᠨ ᠴᠦᠬᠡᠨ ᠲᠤᠭᠠᠳᠤ ᠦᠨᠳᠦᠰᠦᠳᠡᠨ᠎ᠤ ᠤᠳᠭ᠎ᠠ ᠵᠤᠬᠢᠶᠠᠯ᠎ᠤᠨ 《ᠠᠵᠢᠨᠠᠢ ᠱᠠᠩᠨᠠᠯ》 ᠤᠨ ᠱᠠᠩᠨᠠᠯ ᠬᠦᠷᠳᠡᠭ᠌ᠰᠡᠨ ᠪᠦᠲᠦᠭᠡᠯ᠎ᠢ ᠨᠠᠢᠳᠠᠯᠠᠬᠦ᠌᠎ᠳᠤ᠂ ᠮᠠᠨ᠎ᠤ ᠤᠷᠤᠨ᠎ᠤ ᠭᠤᠷᠪᠠᠨ ᠪᠦᠳᠦᠬᠡᠯ ᠱᠠᠩᠨᠠᠯ ᠬᠦᠷᠳᠡᠭ᠌ᠰᠡᠨ ᠪᠠᠢᠨ᠎ᠠ᠃
ᠮᠠᠨ᠎ᠤ ᠤᠷᠤᠨ᠎ᠤ ᠵᠤᠬᠢᠶᠠᠯᠴᠢ ᠬᠠᠯᠢᠭᠤᠨᠤ 《ᠬᠦ᠍ᠬᠡ ᠮᠤᠩᠭᠤᠯ》 ᠪᠦᠳᠦᠬᠡᠯ᠎ᠨᠢ ᠠᠵᠢᠨᠠᠢ ᠱᠠᠩᠨᠠᠯ᠎ᠤᠨ ᠷᠤᠮᠠᠨᠤ ᠱᠠᠩᠨᠠᠯ᠎ᠢ ᠬᠦᠷᠳᠡᠵᠦ᠍᠂ ᠬᠢᠯᠭᠠᠨ᠎ᠠ᠎ᠶ᠋ᠢᠨ 《ᠬᠦᠯᠦᠭ᠎ᠤᠨ ᠨᠢᠷᠤᠭᠤᠨ᠎ᠳᠤ ᠬᠦᠷᠦᠰᠦᠳᠦ ᠲᠡᠯᠡᠬᠡᠢ᠎ᠶ᠋ᠢ ᠲᠤᠭᠤᠷᠢᠭ᠍ᠰᠠᠨᠨᠢ》 ᠬᠡᠬᠦ᠌ ᠲᠡᠬᠦᠪᠦᠷᠢ ᠦᠬᠦᠯᠡᠯᠬᠡ᠎ᠶ᠋ᠢᠨ ᠱᠠᠩᠨᠠᠯ᠎ᠢ ᠬᠦᠷᠳᠡᠵᠤ᠂ ᠮᠠᠨ ᠴᠢᠦᠸᠠᠨᠤ 《ᠬᠠᠪᠤᠷ᠎ᠤᠨ ᠰᠦᠨᠢ᠂ ᠬᠡᠨ ᠨᠡᠮᠡ᠎ᠶ᠋ᠢ ᠲᠠᠭᠤᠳᠠᠨᠠᠮ》 (ᠮᠤᠩᠭᠤᠯ ᠬᠡᠯᠡ) ᠬᠡᠬᠦ᠌ ᠲᠡᠬᠦᠪᠦᠷᠢ᠎ᠨᠢ ᠱᠢᠯᠦᠭ᠎ᠤᠨ ᠱᠠᠩᠨᠠᠯ᠎ᠢ ᠬᠦᠷᠳᠡᠵᠡᠢ᠃
ᠬᠠᠯᠢᠭᠤᠨᠤ ᠪᠦᠲᠦᠭᠡᠯ 《ᠬᠦᠬᠡ ᠮᠤᠩᠭᠤᠯ》 ᠪᠤᠯ ᠬᠤᠷᠴᠢᠨ ᠮᠤᠩᠭᠤᠯᠴᠤᠳ᠎ᠤᠨ ᠬᠡᠳᠦᠨ ᠵᠠᠭᠤᠨ ᠵᠢᠯ᠎ᠤᠨ ᠲᠡᠦᠬᠡ ᠪᠠ ᠲᠡᠳᠡ ᠨᠡᠷ᠎ᠤᠨ ᠤᠶᠤᠨ ᠰᠠᠨᠠᠭᠠᠨ᠎ᠤ ᠶᠢᠷᠳᠢᠨᠴᠤ᠎ᠶ᠋ᠢ ᠲᠡᠯᠬᠡᠭ᠌ᠰᠡᠨ ᠪᠦᠳᠦᠬᠡᠯ ᠪᠤᠯᠤᠨ᠎ᠠ᠃ ᠲᠤᠰ ᠪᠦᠳᠦᠬᠡᠯ᠎ᠨᠢ ᠬᠡᠳᠦᠨ ᠦᠶ᠎ᠠ᠎ᠶ᠋ᠢᠨ ᠬᠦᠮᠦᠰ᠎ᠤᠨ ᠠᠮᠢ ᠨᠠᠰᠤᠨ᠎ᠤ ᠤᠯᠠ ᠮᠦᠷ᠎ᠢ ᠮᠦᠷᠳᠡᠵᠤ᠂ ᠡᠬᠡᠯ ᠵᠢᠷ᠎ᠤᠨ ᠠᠲᠠᠯ᠎ᠠ ᠶᠡᠷᠦ᠍ ᠪᠤᠰᠤ᠎ᠶ᠋ᠢᠨ ᠤᠷᠳᠤ ᠤᠳᠠᠭᠠᠨ ᠡᠲᠦᠷ ᠬᠤᠨᠤᠭ᠎ᠢ ᠪᠢᠴᠢᠭ᠌ᠯᠡᠭ᠌ᠰᠡᠨ ᠪᠠᠢᠨ᠎ᠠ᠃
ᠬᠢᠯᠭᠠᠨ᠎ᠠ᠎ᠶ᠋ᠢᠨ 《ᠬᠦᠯᠦᠭ᠎ᠤᠨ ᠨᠢᠷᠤᠭᠤᠨ᠎ᠳᠤ ᠬᠦᠷᠦᠰᠦᠳᠦ ᠲᠡᠯᠡᠬᠡᠢ᠎ᠶ᠋ᠢ ᠲᠤᠭᠤᠷᠢᠭ᠍ᠰᠠᠨᠨᠢ》 ᠬᠡᠬᠦ᠌ ᠲᠡᠬᠦᠪᠦᠷᠢ᠎ᠨᠢ 24 ᠦᠬᠦᠯᠡᠯᠬᠡ᠎ᠶ᠋ᠢ ᠪᠠᠭ᠍ᠳᠠᠭᠠᠵᠤ᠂ ᠵᠤᠬᠢᠶᠠᠬ᠍ᠴᠢ᠎ᠶ᠋ᠢᠨ ᠤᠢ᠍ᠢᠷ᠎ᠠ᠎ᠶ᠋ᠢᠨ ᠵᠢᠯ᠎ᠤᠨ ᠲᠤᠷᠰᠢ ᠵᠤᠬᠢᠶᠠᠨ ᠪᠦᠳᠦᠬᠡᠭ᠌ᠰᠡᠨ ᠦᠨᠳᠦᠰᠦᠳᠡᠨ᠎ᠤ ᠰᠡᠳᠦᠪᠳᠤ ᠪᠦᠳᠦᠬᠡᠯ᠎ᠤᠨ ᠰᠤᠩᠭᠤᠮᠠᠯ ᠪᠤᠯᠤᠨ᠎ᠠ᠃ ᠬᠢᠯᠭᠠᠨ᠎ᠠ᠎ᠶ᠋ᠢᠨ ᠲᠦᠯᠦᠬᠡᠯᠡᠬᠦ᠌ ᠵᠤᠬᠢᠶᠠᠯ ᠪᠦᠳᠦᠬᠡᠯ᠎ᠤᠳ ᠬᠡᠪᠡᠯ᠂ 《ᠬᠠᠮᠤᠭ ᠰᠡᠬᠦᠯᠴᠢ᠎ᠶ᠋ᠢᠨ ᠵᠢᠩᠴᠢᠨ》᠂ 《ᠡᠴᠢᠬᠡ ᠮᠢᠨᠢ ᠵᠢᠭᠠᠰᠤ ᠱᠢᠭ᠋ ᠤᠮᠪᠠᠨ ᠤᠳᠪᠠᠢ》᠂ 《ᠪᠠᠭᠠᠨ᠎ᠠ᠎ᠶ᠋ᠢ ᠡᠷᠢᠭ᠌ᠰᠡᠨ》᠂ 《ᠮᠢᠨᠦ᠍ ᠠᠪᠠᠭ᠎ᠠ ᠢᠯ》᠂ 《ᠴᠢᠨ᠋ᠸ᠎ᠠ ᠴᠠᠭᠠᠨ ᠮᠤᠷᠢ》᠂ 《ᠵᠢᠷᠭᠤᠭᠠᠨ ᠡᠪᠡᠷᠳᠤ ᠲᠠᠢᠷ》 ᠵᠡᠷᠬᠡ ᠪᠤᠢ᠃
ᠮᠠᠨ ᠴᠢᠦᠸᠠᠨᠤ 《ᠬᠠᠪᠤᠷ᠎ᠤᠨ ᠰᠦᠨᠢ᠂ ᠬᠡᠨ ᠨᠠᠮᠠᠶ᠋ᠢ ᠲᠠᠭᠤᠳᠠᠨᠠᠮ》 ᠬᠡᠬᠦ᠌ ᠱᠢᠯᠦᠭ᠎ᠤᠨ ᠲᠡᠬᠦᠪᠦᠷᠢ ᠪᠤᠯ ᠲᠦᠪ᠎ᠤᠨ ᠤᠬᠠᠭᠤᠯᠬᠤ ᠬᠡᠯᠳᠡᠰ᠎ᠤᠨ ᠰᠤᠶᠤᠯ᠎ᠤᠨ ᠨᠡᠷᠡᠳᠤ ᠬᠦᠮᠦᠰ ᠲᠠᠷᠤᠢ 《ᠲᠦᠷᠪᠡᠨ ᠨᠢᠬᠡ ᠪᠦᠯᠦᠭ》 ᠴᠢᠳᠡᠪᠦᠷᠢᠳᠡᠨᠤ ᠢᠨᠵᠧᠨᠧᠷᠢᠩ᠎ᠤᠨ ᠲᠦᠷᠦᠯ ᠵᠦᠢᠯ᠎ᠤᠨ ᠲᠡᠳᠬᠦᠮᠵᠢ᠎ᠶ᠋ᠢ ᠬᠦᠷᠳᠡᠭ᠌ᠰᠡᠨ ᠬᠡᠪᠯᠡᠭ᠌ᠳᠡᠬᠦᠨ ᠪᠠᠢᠵᠤ᠂ ᠱᠢᠯᠦᠭ᠌ᠴᠢ᠎ᠶ᠋ᠢᠨ ᠤᠢ᠍ᠢᠷ᠎ᠠ᠎ᠶ᠋ᠢᠨ ᠵᠢᠯ᠎ᠳᠤ ᠵᠤᠬᠢᠶᠡᠨ ᠪᠦᠳᠦᠬᠡᠭ᠌ᠰᠡᠨ ᠪᠦᠳᠦᠬᠡᠯᠤᠳᠢ ᠪᠠᠭ᠍ᠲᠠᠭᠠᠭ᠍ᠰᠠᠨ ᠪᠠᠢᠨ᠎ᠠ᠃ ᠲᠤᠰ ᠲᠡᠬᠦᠪᠦᠷᠢ᠎ᠳᠤ ᠤᠷᠤᠬ᠍ᠰᠠᠨ ᠤᠷᠠᠨ ᠪᠦᠳᠦᠬᠡᠯᠤᠳᠨᠢ ᠭᠤᠤᠯᠲᠠᠭᠤ ᠠᠷᠠᠳ ᠲᠦᠮᠡᠨ᠎ᠢ ᠮᠠᠬ᠍ᠳᠠᠨ ᠲᠠᠭᠤᠯᠠᠵᠤ᠂ ᠪᠠᠭᠠᠳᠤᠷᠢ ᠮᠠᠬ᠍ᠳᠠᠨ ᠲᠠᠭᠤᠯᠠᠵᠤ᠂ ᠲᠠᠯ᠎ᠠ ᠨᠤᠳᠤᠭ᠎ᠢ ᠮᠠᠬ᠍ᠳᠠᠨ ᠲᠠᠭᠤᠯᠠᠬ᠍ᠰᠠᠨ ᠪᠠᠢᠨ᠎ᠠ᠃