ᠨᠡᠢᠭᠡᠮ᠎ᠤᠨ ᠬᠦᠭ᠌ᠵᠢᠯᠳᠡ᠎ᠶ᠋ᠢ ᠲᠠᠭᠠᠯᠳᠤᠨ ᠲᠠᠰᠤᠷᠠᠯᠳᠠ ᠦᠭᠡᠢ ᠪᠤᠢ ᠪᠤᠯᠵᠤ ᠪᠠᠢᠭ᠎ᠠ ᠱᠢᠨ᠎ᠠ ᠦᠬᠡᠰ᠎ᠨᠢ ᠬᠦᠮᠦᠰ᠎ᠤᠨ ᠦᠬᠡᠰ᠎ᠤᠨ ᠰᠠᠩ᠎ᠢ ᠪᠠᠶᠠᠯᠢᠬ᠍ᠵᠢᠭᠤᠯᠵᠤ᠂ ᠬᠡᠯᠡᠨ᠎ᠤ ᠬᠡᠷᠡᠭ᠌ᠯᠡᠬᠡᠨᠢ ᠤᠯᠠᠮ ᠠᠮᠢᠳᠤ ᠲᠦᠷᠰᠦᠯᠢᠭ ᠪᠤᠯᠭᠠᠬᠤ ᠲᠠᠳᠦᠢ ᠦᠬᠡᠢ ᠴᠠᠭ ᠦᠶ᠎ᠠ᠎ᠶ᠋ᠢᠨ ᠴᠤᠭ ᠵᠢᠪᠬᠤᠭ᠎ᠠ᠎ᠶ᠋ᠢ ᠬᠠᠷᠠᠭᠤᠯᠵᠤ ᠪᠠᠢᠳᠠᠭ᠃ ᠬᠠᠮᠢᠶ᠎ᠠ ᠪᠦᠬᠦᠢ ᠪᠠᠢᠭᠤᠯᠭ᠎ᠠ ᠨᠢᠬᠡᠴᠢ᠎ᠶ᠋ᠢᠨ ᠪᠦᠷᠢᠳᠭᠡᠯ᠎ᠢ ᠦᠨᠳᠦᠰᠦᠯᠡᠪᠡᠯ᠂ ᠦᠬᠡᠷᠡᠴᠢᠯᠠᠯᠳᠠ ᠨᠡᠬᠡᠬᠡᠯᠳᠡ᠎ᠠᠴᠠ ᠨᠠᠭᠠᠰᠢ᠂ ᠮᠠᠨ᠎ᠤ ᠤᠯᠤᠰ᠎ᠲᠤ ᠵᠢᠯ ᠪᠦᠷᠢ 1000 ᠭᠠᠷᠤᠢ ᠱᠢᠨ᠎ᠠ ᠦᠬᠡᠰ ᠪᠤᠢ ᠪᠤᠯᠵᠤ ᠪᠠᠢᠭ᠎ᠠ ᠪᠦᠬᠡᠳ ᠲᠡᠲᠡᠭᠡᠷ᠎ᠨᠢ ᠲᠡᠷᠡ ᠲᠠᠷᠦ᠋ᠢᠬᠠᠨ᠎ᠳᠠᠭᠠᠨ ᠡᠯ᠎ᠡ ᠱᠢᠨᠵᠢᠯᠡᠭᠡᠨ᠎ᠤ ᠰᠠᠯᠠᠭ᠎ᠠ ᠠᠵᠢᠯ ᠲᠦᠷᠦᠯ ᠵᠢᠴᠢ ᠠᠷᠠᠳ᠎ᠤᠨ ᠲᠤᠮᠳᠠ ᠦᠷᠬᠡᠨ᠎ᠢᠶᠠᠷ ᠬᠡᠷᠡᠭ᠌ᠯᠡᠭ᠌ᠳᠡᠳᠡᠭ᠃ ᠲᠡᠬᠡᠪᠡᠯ ᠡᠳᠡᠭᠡᠷ ᠱᠢᠨ᠎ᠠ ᠦᠬᠡᠰ᠎ᠨᠢ ᠬᠡᠷᠬᠢᠨ ᠴᠦᠬᠡᠨ ᠲᠤᠭᠠᠳᠤ ᠦᠨᠳᠦᠰᠦᠳᠡᠨ᠎ᠤ ᠬᠡᠯᠡᠨ᠎ᠳᠤ ᠤᠯᠠᠮᠵᠢᠯᠠᠬ᠍ᠲᠠᠨ ᠤᠷᠤᠵᠦ᠍ ᠨᠡᠢᠬᠡᠮ ᠴᠠᠭ ᠦᠶ᠎ᠠ᠎ᠶ᠋ᠢ ᠲᠠᠭᠠᠵᠤ ᠬᠦᠭ᠌ᠵᠢᠬᠦ᠌ ᠪᠤᠢ?
ᠡᠷᠳᠡᠮᠳᠡᠨ ᠰᠦᠮᠪᠦᠷᠪᠠᠳᠤ᠂ ᠳ᠋ᠤᠺᠲ᠋ᠤᠷ ᠡ᠊ · ᠬᠠᠰᠳᠤᠶᠠᠭ᠎ᠠ᠂ ᠫᠷᠣᠹᠧᠰᠰᠣᠷ ᠬᠦᠷᠦᠬᠡᠴᠢᠨᠤ ᠬᠡᠷᠡᠯᠮᠡ ᠨᠡᠷ᠎ᠤᠨ ᠨᠦᠷᠢ ᠶᠡᠭᠡ ᠬᠦᠳᠡᠯᠮᠦᠷᠢ ᠤᠷᠤᠭᠤᠯᠵᠤ᠂ ᠠᠷᠪᠠᠭᠠᠳ ᠵᠢᠯ᠎ᠤᠨ ᠬᠦᠴᠦ᠍ ᠬᠦᠯᠦᠰᠦ᠎ᠶ᠋ᠢ ᠱᠢᠩᠭᠡᠭᠡᠨ ᠪᠠᠢᠵᠦ᠍ ᠵᠤᠬᠢᠶᠠᠨ ᠪᠦᠳᠦᠬᠡᠭ᠌ᠳᠡᠭ᠌ᠰᠡᠨ 《ᠬᠢᠳᠡᠳ ᠮᠤᠩᠭᠤᠯ ᠱᠢᠨ᠎ᠠ ᠦᠬᠡᠰ᠎ᠤᠨ ᠲᠠᠢᠯᠪᠤᠷᠢ ᠲᠤᠯᠢ》 (ᠬᠤᠶᠠᠳᠤᠭᠠᠷ ᠬᠡᠪᠯᠡᠯ) (ᠲᠤᠤᠷ᠎ᠠ 《ᠲᠠᠢᠯᠪᠤᠷᠢ ᠲᠤᠯᠢ》 ᠭᠡᠵᠤ ᠤᠷᠴᠢᠭᠤᠯᠤᠨᠠ) ᠨᠢ ᠡᠨᠡ ᠬᠦ᠌ ᠠᠰᠠᠭᠤᠳᠠᠯ᠎ᠢ ᠱᠢᠢᠳᠪᠦᠷᠢᠯᠡᠵᠦ᠍᠂ ᠮᠤᠩᠭᠤᠯ ᠲᠤᠯᠢ ᠪᠢᠴᠢᠭ᠎ᠤᠨ ᠰᠤᠳᠤᠯᠭᠠᠨ᠎ᠤ ᠤᠷᠤᠨ ᠵᠠᠢ᠎ᠶ᠋ᠢ ᠲᠡᠯᠡᠭ᠌ᠰᠡᠨ ᠪᠦᠬᠡᠳ ᠪᠦᠬᠦ᠋ᠢᠯᠠ ᠴᠦᠬᠡᠨ ᠲᠤᠭᠠᠳᠤ ᠦᠨᠳᠦᠰᠦᠳᠡᠨ᠎ᠤ ᠱᠢᠨ᠎ᠠ ᠦᠬᠡᠰ᠎ᠤᠨ ᠰᠤᠲᠤᠯᠭᠠᠨ᠎ᠤ ᠬᠦᠷᠢᠶᠠᠨ᠎ᠳᠤ ᠯᠡᠪᠯᠡᠯᠳᠡ ᠪᠤᠯᠬᠤᠢ᠍ᠢᠴᠠ᠂ ᠲᠠᠭᠠᠭᠤᠯᠬᠤ ᠴᠢᠨᠡᠷᠳᠡᠢ ᠢᠳᠡᠪᠬᠢ ᠨᠦᠯᠦᠬᠡ ᠦᠵᠡᠬᠦᠯᠬᠦ᠋ᠢᠴᠡ ᠱᠢᠨ᠎ᠡ ᠪᠦᠲᠦᠭᠡᠯ ᠪᠤᠯᠤᠬ᠍ᠰᠠᠨ ᠪᠠᠢᠨ᠎ᠠ᠃
《ᠲᠠᠢᠯᠪᠤᠷᠢ ᠲᠤᠯᠢ》 ᠶ᠋ᠢ ᠬᠡᠪᠯᠡᠬᠦᠯᠦᠭ᠌ᠰᠡᠨᠤ ᠤᠭ ᠰᠠᠨᠠᠭ᠎ᠠ
ᠮᠡᠳᠡᠬᠡᠵᠢ᠂ ᠦᠬᠡᠰ᠎ᠤᠨ ᠰᠠᠩ᠎ᠤᠨ ᠬᠤᠪᠢᠷᠠᠯᠳᠠ᠎ᠨᠢ ᠨᠡᠢᠬᠡᠮ᠎ᠤᠨ ᠬᠦᠭ᠌ᠵᠢᠯᠳᠠ ᠬᠤᠪᠢᠷᠠᠯᠳᠠ᠎ᠶ᠋ᠢ ᠦᠨᠴᠦᠭ ᠪᠤᠯᠤᠩ᠎ᠳᠤᠨᠢ ᠬᠦᠷᠳᠡᠯ᠎ᠡ ᠬᠠᠮᠤᠭ᠎ᠤᠨ ᠢᠯᠡ ᠲᠤᠳᠤ᠎ᠪᠠᠷ ᠲᠤᠰᠭᠠᠳᠠᠭ ᠤᠴᠢᠷᠳᠠᠢ᠃ ᠡᠳᠦᠷ ᠪᠦᠷᠢ ᠪᠤᠢ ᠪᠤᠯᠵᠤ ᠪᠠᠢᠭ᠎ᠠ ᠱᠢᠨ᠎ᠠ ᠨᠡᠷ᠎ᠡ ᠦᠬᠡ ᠨᠡᠷ᠎ᠡ ᠲᠤᠮᠢᠶ᠎ᠠ᠎ᠨᠢ ᠡᠯ᠎ᠡ ᠲᠦᠷᠦᠯ᠎ᠤᠨ ᠰᠤᠨᠢᠨ ᠰᠡᠳᠬᠦᠯ᠎ᠳᠤ ᠲᠡᠪᠳᠡᠮᠵᠢ ᠶᠡᠬᠡᠳᠡᠢ ᠢᠯᠡᠷᠡᠳᠡᠭ ᠪᠦᠬᠡᠳ ᠡᠳᠡᠬᠡᠷ ᠦᠬᠡᠰ᠎ᠨᠢ ᠡᠳᠦᠷ ᠲᠤᠳᠤᠮ᠎ᠤᠨ ᠠᠮᠢᠳᠦᠷᠠᠯ ᠲᠤᠮᠳᠠᠬᠢ ᠮᠠᠰᠢ ᠡᠩ᠎ᠤᠨ ᠦᠬᠡᠰ ᠪᠤᠯᠴᠢᠬᠠᠬ᠍ᠰᠠᠨ ᠪᠠᠢᠳᠠᠯ᠎ᠠ ᠲᠤᠬᠠᠢ᠎ᠶ᠋ᠢᠨ ᠦᠶ᠎ᠠ᠎ᠶ᠋ᠢᠨ ᠵᠠᠷᠢᠮ ᠬᠢᠳᠡᠳ ᠮᠤᠩᠭᠤᠯ ᠲᠤᠯᠢ ᠪᠢᠴᠢᠭ᠎ᠠᠴᠠ ᠬᠠᠢᠵᠤ ᠤᠯᠬᠤᠶ᠎ᠠ ᠪᠡᠷᠬᠡ ᠪᠠᠢᠲᠠᠭ᠃ ᠬᠢᠳᠡᠳ ᠬᠡᠯᠡᠨ᠎ᠤ ᠬᠤᠪᠢᠷᠠᠯᠳᠠ ᠲᠡᠯᠡᠯᠳᠡ᠎ᠨᠢ ᠨᠡᠢᠬᠡᠮ᠎ᠤᠨ ᠬᠠᠷᠢᠯᠴᠠᠭᠠᠨ᠎ᠳᠤ ᠲᠠᠰᠤᠷᠠᠯᠲᠠ ᠦᠬᠡᠢ ᠱᠢᠨ᠎ᠠ ᠦᠬᠡᠰᠢ ᠨᠡᠮᠡᠷᠢᠯᠡᠵᠦ᠍ ᠪᠠᠢᠭ᠎ᠠ ᠪᠦᠬᠡᠳ ᠡᠬᠦᠨ᠎ᠢ ᠲᠠᠭᠠᠯᠲᠤᠨ ᠮᠤᠩᠭᠤᠯ ᠬᠡᠯᠡᠨ᠎ᠤ ᠲᠦᠷᠢᠮᠵᠢᠯ ᠬᠢᠬᠡᠳ ᠲᠤᠯᠢ ᠪᠢᠴᠢᠭ ᠨᠠᠢᠷᠠᠭᠤᠯᠬᠤ ᠠᠵᠢᠯ ᠴᠤ᠌ ᠦᠷᠢᠰᠦᠯᠳᠦᠬᠡᠨ ᠪᠤᠳᠤᠯᠢᠶᠠᠨᠲᠠᠢ ᠪᠠᠢᠳᠠᠯ᠎ᠳᠤ ᠤᠷᠤᠬ᠍ᠰᠠᠨ ᠪᠠᠢᠨ᠎ᠠ᠃ ᠮᠤᠩᠭᠤᠯ ᠬᠡᠯᠡᠨ᠎ᠤ ᠮᠠᠰᠢ ᠤᠯᠠᠨ ᠱᠢᠨ᠎ᠡ ᠦᠬᠡᠰ ᠬᠢᠳᠡᠳ ᠬᠡᠯᠡ᠎ᠪᠠᠷ ᠲᠡᠮᠵᠢᠨ ᠤᠷᠤᠵᠤ ᠢᠷᠡᠬᠦ᠌ ᠴᠢᠬᠤᠯᠠᠲᠠᠢ ᠲᠤᠯᠠ ᠬᠡᠯᠡ ᠪᠢᠴᠢᠭ᠎ᠤᠨ ᠰᠤᠳᠤᠯᠤᠭᠠᠴᠢ ᠪᠤᠯᠤᠨ ᠲᠤᠯᠢᠴᠢᠳ ᠡᠳᠡᠬᠡᠷ ᠱᠢᠨ᠎ᠠ ᠦᠬᠡᠰᠢ ᠴᠠᠭ ᠠᠯᠳᠠᠯ ᠦᠬᠡᠢ ᠮᠤᠩᠭᠤᠯ ᠬᠡᠯᠡᠨ᠎ᠳᠤ ᠤᠷᠴᠢᠭᠤᠯᠤᠨ ᠬᠦᠷᠪᠡᠬᠦᠯᠵᠤ ᠬᠡᠷᠡᠭ᠌ᠯᠡᠭ᠌ᠴᠢᠳ᠎ᠲᠤ ᠠᠱᠢᠬ᠍ᠯᠠᠭᠤᠯᠬᠤᠨᠢ ᠲᠡᠲᠡᠨᠤᠰ᠎ᠤᠨ ᠲᠦᠯᠬᠢᠵᠤ ᠪᠤᠯᠤᠰᠢ ᠦᠬᠡᠢ ᠡᠬᠦᠷᠬᠡ ᠪᠤᠯᠵᠠᠢ᠃
ᠬᠠᠭᠠᠰ ᠵᠠᠭᠤᠨ᠎ᠤ ᠲᠤᠷᠱᠢᠬᠢ ᠮᠠᠨ᠎ᠤ ᠤᠯᠤᠰ᠎ᠤᠨ ᠴᠦᠬᠡᠨ ᠲᠤᠭᠠᠳᠤ ᠦᠨᠳᠦᠰᠦᠳᠡᠨ᠎ᠤ ᠬᠡᠯᠡ ᠱᠢᠨᠵᠢᠯᠡᠯᠢ ᠬᠠᠷᠢᠴᠠᠭᠤᠯᠤᠨ ᠦᠵᠡᠪᠡᠯ᠂ ᠠᠪᠢᠶ᠎ᠠ ᠵᠦᠢ᠂ ᠬᠡᠯᠡ ᠵᠦᠢ ᠪᠤᠯᠤᠨ ᠤᠯᠠᠮᠵᠢᠯᠠᠯᠳᠤ ᠦᠬᠡᠰ᠎ᠤᠨ ᠰᠠᠩ᠎ᠤᠨ ᠰᠤᠳᠤᠯᠤᠯ᠎ᠤᠨ ᠬᠠᠷᠢᠴᠠᠯ ᠦᠨᠳᠦᠷ ᠪᠠᠢᠳᠠᠭ᠎ᠢᠶᠠᠷ ᠦᠯᠦ᠍ ᠪᠠᠷᠠᠮ ᠪᠦᠳᠦᠬᠡᠯ ᠲᠤᠭᠤᠷᠪᠢᠯ᠎ᠤᠨ ᠲᠤᠭ᠎ᠠ ᠬᠡᠮᠵᠢᠶ᠎ᠠ ᠴᠤ᠌ ᠤᠯᠠᠨ᠂ ᠬᠠᠷᠢᠨ ᠱᠢᠨ᠎ᠠ ᠦᠬᠡ ᠱᠢᠨ᠎ᠠ ᠨᠡᠷ᠎ᠡ ᠲᠤᠮᠢᠶᠠᠨᠤ ᠰᠤᠳᠤᠯᠭᠠᠨ ᠬᠠᠷᠢᠴᠠᠩᠭᠤᠢ ᠴᠦᠬᠡᠨ ᠪᠠᠢᠲᠠᠭ᠃ ᠦᠩᠬᠡᠷᠡᠭ᠌ᠰᠡᠨ ᠵᠢᠯ᠎ᠤᠳ᠎ᠲᠤ ᠦᠬᠡᠰ᠎ᠤᠨ ᠰᠠᠩ᠂ ᠨᠡᠷ᠎ᠡ ᠲᠤᠮᠢᠶᠠᠨᠤ ᠰᠤᠳᠤᠯᠭᠠᠨ᠎ᠤ ᠪᠦᠳᠦᠬᠡᠯ᠎ᠤᠳ ᠭᠠᠷᠤᠬ᠍ᠰᠠᠨ ᠪᠤᠯᠪᠠᠴᠤ᠌ ᠬᠡᠮᠵᠢᠶ᠎ᠠ ᠬᠡᠪᠴᠢᠶᠠᠨ᠎ᠤ ᠲᠠᠯ᠎ᠠ᠎ᠪᠠᠷ ᠮᠦᠷᠠᠨ ᠭᠤᠤᠯ᠎ᠤᠨ ᠤᠰᠤᠨ᠎ᠤ ᠴᠠᠯᠬᠢᠶ᠎ᠠ ᠲᠡᠳᠦᠢ ᠪᠠᠢᠵᠠᠢ᠃
ᠮᠠᠨ᠎ᠤ ᠤᠯᠤᠰ᠎ᠤᠨ ᠬᠢᠳᠡᠳ ᠬᠡᠯᠡᠨ᠎ᠤ ᠲᠤᠯᠢ ᠪᠢᠴᠢᠭ᠎ᠤᠨ ᠠᠵᠢᠯ᠎ᠢ ᠮᠤᠩᠭᠤᠯ ᠬᠡᠯᠡᠨᠤᠬᠢᠲᠠᠢ ᠠᠳᠠᠯᠢᠳᠭᠠᠪᠠᠯ᠂ ᠱᠢᠨ᠎ᠠ ᠦᠬᠡᠰ᠎ᠤᠨ ᠰᠤᠳᠤᠯᠭᠠᠨ ᠪᠤᠯᠤᠨ ᠬᠡᠷᠡᠭ᠌ᠯᠡᠬᠡᠨ᠎ᠤ ᠲᠤᠯᠢ ᠪᠢᠴᠢᠭ ᠨᠠᠢᠷᠠᠭᠤᠯᠬᠤ ᠠᠵᠢᠯ᠎ᠨᠢ ᠲᠦᠷᠦᠯ ᠵᠦᠢᠯ᠎ᠢᠶᠠᠷ ᠪᠦᠷᠢᠨ᠂ ᠪᠦᠳᠦᠬᠡᠯ᠎ᠢᠶᠠᠷ ᠡᠯᠪᠡᠭ᠂ ᠤᠷᠤᠰᠭᠠᠯ ᠴᠢᠭ᠌ᠯᠡᠯ᠎ᠢᠶᠠᠷ ᠤᠯᠠᠨ᠂ ᠡᠷᠳᠡᠮ ᠱᠢᠨᠵᠢᠯᠡᠭᠡ ᠬᠦᠭ᠌ᠵᠢᠶᠡᠨ᠎ᠲᠠᠢ᠂ ᠪᠦᠳᠦᠴᠡ ᠲᠤᠬ᠍ᠳᠠᠯᠴᠠᠭᠠ ᠬᠦᠢᠴᠡᠳ ᠪᠤᠯᠤᠬ᠍ᠰᠠᠨ ᠪᠦᠬᠡᠳ ᠱᠢᠨᠵᠢᠯᠡᠬᠦ᠌ ᠤᠬᠠᠭᠠᠨᠴᠢ ᠱᠢᠰᠲ᠋ᠧᠮ ᠪᠤᠯᠤᠨ ᠠᠵᠢᠯᠯᠠᠭᠠᠨ᠎ᠤ ᠬᠦᠷᠢᠶ᠎ᠡ ᠴᠠᠷᠠᠭ᠎ᠠ ᠪᠦᠷᠢᠯᠳᠤᠨ ᠲᠤᠬ᠍ᠳᠠᠵᠠᠢ᠃ ᠲᠠᠶᠠᠭᠠᠷᠱᠢᠯᠤᠨ ᠡᠨᠡ ᠡᠷᠢᠨ᠎ᠳᠤ᠂ ᠤᠳᠤ᠎ᠶ᠋ᠢᠨ ᠨᠡᠢᠬᠡᠮ ᠴᠠᠭ ᠦᠶ᠎ᠠ᠎ᠶ᠋ᠢᠨ ᠮᠡᠳᠡᠭᠡ ᠵᠠᠩᠬᠢ᠎ᠶ᠋ᠢᠨ ᠠᠴᠢᠶᠠᠯᠠᠬ᠍ᠴᠢ ᠪᠤᠯᠤᠬ᠍ᠰᠠᠨ ᠡᠳᠦᠷ ᠲᠤᠳᠤᠮ᠎ᠤᠨ ᠬᠡᠷᠡᠭ᠌ᠯᠡᠬᠡᠨ᠎ᠤ ᠮᠤᠩᠭᠤᠯ ᠲᠤᠯᠢ ᠪᠢᠴᠢᠭᠤᠳᠨᠢ ᠵᠦᠪᠬᠡᠨ 《ᠲᠤᠯᠤᠭᠠᠢ ᠦᠬᠡ᠎ᠪᠠᠷ ᠲᠤᠬᠢᠷᠠᠯᠴᠠᠭᠤᠯᠤᠨ ᠨᠡᠷᠡᠯᠡᠬᠦ᠌》 ᠤᠯᠠᠮᠵᠢᠯᠠᠯᠳᠤ ᠮᠠᠶᠢᠭ᠎ᠢᠶᠠᠷ᠎ᠢᠶᠠᠨ ᠪᠠᠢᠬ᠍ᠰᠠᠭᠠᠷ᠃ ᠨᠡᠩ ᠴᠤ᠌ ᠡᠬᠦᠨ᠎ᠲᠠᠢ ᠡᠰᠡᠷᠬᠦ᠌᠎ᠪᠠᠷ ᠦᠢᠯᠡᠳᠦᠯ ᠬᠡᠷᠡᠭ᠌ᠴᠡᠭᠡ ᠪᠦᠷᠢᠨ ᠲᠡᠬᠦᠯᠳᠡᠷ᠂ ᠱᠢᠨ᠎ᠠ ᠦᠬᠡᠰ᠎ᠤᠨ ᠤᠳᠭ᠎ᠠ ᠤᠴᠢᠷ᠎ᠢ ᠦᠪᠡᠷ᠎ᠤᠨ ᠡᠬᠡ ᠬᠡᠯᠡ᠎ᠪᠠᠷ᠎ᠢᠶᠠᠨ ᠲᠠᠢᠯᠪᠤᠷᠢᠯᠠᠨ ᠲᠤᠳᠤᠷᠬᠠᠢᠯᠠᠬ᠍ᠰᠠᠨ ᠲᠤᠯᠢ ᠪᠢᠴᠢᠭ ᠬᠠᠷᠠᠬᠠᠨ ᠬᠡᠪᠯᠡᠭ᠌ᠳᠡᠭᠡ ᠦᠬᠡᠢ ᠪᠦᠬᠡᠳ ᠡᠨᠡ ᠲᠠᠯ᠎ᠡ᠎ᠪᠠᠷ᠎ᠬᠢ ᠬᠤᠭᠤᠰᠤᠨ᠎ᠢ ᠨᠦᠬᠦᠪᠦᠷᠢᠯᠡᠬᠦ᠌ ᠱᠠᠭᠠᠷᠳᠠᠯᠭ᠎ᠠ ᠮᠠᠰᠢ ᠲᠤᠯᠭᠠᠮ ᠪᠤᠯᠤᠭᠠᠳ ᠪᠤᠢ᠃
《ᠲᠠᠢᠯᠪᠤᠷᠢ ᠲᠤᠯᠢ》 ᠶ᠋ᠢᠨ ᠪᠦᠳᠦᠬᠡᠯᠴᠢ ᠦᠷᠳᠡᠭ
— ᠡᠷᠳᠡᠮᠳᠡᠨ ᠰᠦᠮᠪᠦᠷᠪᠠᠳᠤ᠂ ᠳ᠋ᠤᠺᠲ᠋ᠤᠷ ᠡ᠊ · ᠬᠠᠰᠳᠤᠶᠠᠭ᠎ᠠ᠂ ᠫᠷᠣᠹᠧᠰᠰᠣᠷ ᠬᠦᠷᠦᠬᠡᠴᠢᠨᠤ ᠬᠡᠷᠡᠯᠮᠡ ᠨᠡᠷ᠎ᠤᠨ ᠨᠠᠢᠷᠠᠭᠤᠯᠤᠨ ᠲᠤᠯᠢᠯᠠᠭᠤᠯᠵᠤ ᠪᠤᠢ 《ᠬᠢᠳᠡᠳ ᠮᠤᠩᠭᠤᠯ ᠱᠢᠨ᠎ᠠ ᠦᠬᠡᠰ᠎ᠤᠨ ᠲᠠᠢᠯᠪᠦᠷᠢ ᠲᠤᠯᠢ》 ᠨᠢ ᠴᠦᠬᠡᠨ ᠲᠤᠭᠠᠳᠤ ᠦᠨᠳᠦᠰᠦᠳᠡᠨ᠎ᠨᠦᠭᠦᠳ᠎ᠤᠨ ᠱᠢᠨ᠎ᠠ ᠦᠬᠡ ᠱᠢᠨ᠎ᠠ ᠨᠡᠷ᠎ᠡ ᠲᠤᠮᠢᠶᠠᠨᠤ ᠰᠤᠳᠤᠯᠭᠠᠨ᠎ᠳᠤ ᠪᠦᠳᠦᠬᠡᠯᠴᠢ ᠰᠠᠨᠠᠭ᠎ᠠ ᠱᠢᠨ᠎ᠠ ᠡᠬᠦᠳᠦᠯᠳᠡ ᠪᠦᠬᠦᠢ ᠡᠬᠢᠯᠡᠯ ᠪᠤᠯᠵᠤ ᠪᠦᠬᠦ᠋ᠢᠯᠠ ᠴᠦᠬᠡᠨ ᠲᠤᠭᠠᠳᠤ ᠦᠨᠳᠦᠰᠦᠳᠡᠨ᠎ᠤ ᠱᠢᠨ᠎ᠠ ᠦᠬᠡ᠎ᠶ᠋ᠢᠨ ᠰᠤᠳᠤᠯᠤᠯ᠎ᠤᠨ ᠬᠦᠷᠢᠶᠠᠨ᠎ᠳᠤ ᠯᠡᠪᠯᠡᠯᠳᠡ ᠠᠱᠢᠬ᠍ᠯᠠᠯᠳᠠ᠎ᠶ᠋ᠢᠨ ᠪᠠ ᠲᠠᠭᠠᠭᠤᠯᠬᠤ ᠴᠢᠨᠡᠷᠳᠡᠢ ᠢᠳᠡᠪᠬᠢ ᠨᠦᠯᠦᠬᠡ ᠦᠵᠡᠬᠦᠯᠬᠦ᠌ ᠪᠤᠯᠤᠨ᠎ᠠ ᠬᠡᠵᠤ ᠲᠦᠪ᠎ᠤᠨ ᠦᠨᠳᠦᠰᠦᠳᠡᠨ᠎ᠤ ᠶᠡᠭᠡ ᠰᠤᠷᠭᠠᠭᠤᠯᠢ᠎ᠶ᠋ᠢᠨ ᠫᠷᠣᠹᠧᠰᠰᠣᠷ ᠳ᠋ᠠᠢ ᠴᠢᠩ ᠱᠢᠶᠠ ᠲᠤᠰ 《ᠲᠠᠢᠯᠪᠤᠷᠢ ᠲᠤᠯᠢ》 ᠶ᠋ᠢ ᠦᠨᠡᠯᠡᠭ᠌ᠰᠡᠨ ᠶᠤᠮ᠃
ᠲᠤᠰ ᠲᠤᠯᠢ ᠪᠢᠴᠢᠭ᠎ᠤᠨ ᠤᠨᠴᠠᠯᠢᠭ᠎ᠠᠴᠠ ᠦᠵᠡᠪᠡᠯ᠂ ᠠᠱᠢᠬ᠍ᠯᠠᠬ᠍ᠰᠠᠨ ᠡᠬᠡ ᠮᠠᠲ᠋ᠧᠷᠢᠶᠠᠯ᠎ᠨᠢ ᠨᠦᠯᠦᠬᠡ ᠲᠤᠰᠭᠠᠯ᠎ᠢᠶᠠᠷ ᠰᠠᠢᠨ ᠪᠠᠢᠲᠠᠭ᠃ ᠨᠠᠢᠷᠠᠭᠤᠯᠬᠤ ᠺᠤᠮᠢᠰ᠎ᠤᠨ᠎ᠬᠢᠨ ᠱᠢᠨ᠎ᠠ ᠦᠬᠡᠰᠢ ᠰᠤᠩᠭᠤᠬᠤ᠎ᠳᠠᠭᠠᠨ ᠲᠤᠮᠳᠠᠳᠤ ᠤᠯᠤᠰ᠎ᠤᠨ ᠲᠤᠯᠢ ᠪᠢᠴᠢᠭ᠎ᠤᠨ ᠲᠦᠷᠪᠡᠨ ᠲᠤᠮᠤ ᠬᠡᠪᠯᠡᠯ᠎ᠤᠨ ᠬᠤᠷᠢᠶ᠎ᠠ (ᠱᠠᠩ ᠡᠦ ᠬᠡᠪᠯᠡᠯ᠎ᠤᠨ ᠬᠤᠷᠢᠶ᠎ᠠ᠂ ᠲᠤᠮᠳᠠᠳᠤ ᠤᠯᠤᠰ᠎ᠤᠨ ᠨᠡᠪᠳᠡᠷᠬᠡᠢ ᠲᠤᠯᠢ ᠪᠢᠴᠢᠭ᠎ᠤᠨ ᠬᠡᠪᠯᠡᠯ᠎ᠤᠨ ᠬᠤᠷᠢᠶ᠎ᠠ᠂ ᠱᠠᠩᠬᠠᠢ᠎ᠶ᠋ᠢᠨ ᠲᠤᠯᠢ ᠪᠢᠴᠢᠭ᠎ᠤᠨ ᠬᠡᠪᠯᠡᠯ᠎ᠤᠨ ᠬᠤᠷᠢᠶ᠎ᠠ ᠪᠤᠯᠤᠨ ᠰᠧᠴᠤᠸᠠᠨ᠎ᠤ ᠲᠤᠯᠢ ᠪᠢᠴᠢᠭ᠎ᠤᠨ ᠬᠡᠪᠯᠡᠯ᠎ᠤᠨ ᠬᠤᠷᠢᠶ᠎ᠠ) ᠶ᠋ᠢᠨ ᠰᠡᠬᠦᠯᠴᠢ᠎ᠶ᠋ᠢᠨ ᠦᠶ᠎ᠠ᠎ᠶ᠋ᠢᠨ ᠬᠠᠮᠤᠭ᠎ᠤᠨ ᠱᠢᠨ᠎ᠠ ᠬᠡᠪᠯᠡᠯ᠎ᠤᠨ ᠱᠢᠨ᠎ᠠ ᠦᠬᠡᠰ᠎ᠤᠨ ᠲᠤᠯᠢᠨᠤᠭᠤᠳᠢ ᠠᠱᠢᠬ᠍ᠯᠠᠬ᠍ᠰᠠᠨ ᠪᠠᠢᠲᠠᠭ᠃
ᠠᠭᠤᠯᠭ᠎ᠠ᠎ᠶ᠋ᠢᠨ ᠲᠠᠯ᠎ᠠ᠎ᠪᠠᠷ ᠱᠢᠨᠡᠯᠢᠭ ᠤᠨᠴᠠᠯᠢᠭ᠎ᠲᠠᠢ᠃ ᠲᠤᠰ ᠲᠤᠯᠢ᠎ᠨᠢ ᠮᠠᠨ᠎ᠤ ᠤᠯᠤᠰ᠎ᠤᠨ ᠦᠬᠡᠷᠡᠴᠢᠯᠠᠯᠳᠠ ᠨᠡᠬᠡᠬᠡᠯᠳᠡ᠎ᠠᠴᠠ ᠨᠠᠭᠠᠱᠢᠬᠢ ᠲᠦᠴᠢᠬᠡᠳ ᠵᠢᠯ᠎ᠤᠨ ᠬᠤᠭᠤᠴᠠᠭᠠᠨ᠎ᠳᠤ ᠪᠤᠢ ᠪᠤᠯᠤᠬ᠍ᠰᠠᠨ ᠨᠡᠢᠬᠡᠮ᠎ᠤᠨ ᠬᠡᠷᠡᠭ᠌ᠯᠡᠬᠡᠨ᠎ᠤ ᠦᠬᠡ᠂ ᠱᠢᠨ᠎ᠠ ᠦᠬᠡ᠂ ᠨᠡᠷ᠎ᠠ ᠲᠤᠮᠢᠶ᠎ᠠ ᠵᠢᠴᠢ ᠱᠢᠨ᠎ᠠ ᠦᠬᠡᠰ᠎ᠲᠠᠢ ᠬᠤᠯᠪᠤᠬ᠍ᠳᠠᠯ ᠪᠦᠬᠦᠢ ᠮᠡᠳᠡᠭᠡ ᠵᠠᠩᠬᠢ᠎ᠶ᠋ᠢ ᠬᠠᠮᠤᠷᠤᠭᠤᠯᠤᠬ᠍ᠰᠠᠨᠨᠢ ᠦᠬᠡᠰ᠎ᠤᠨ ᠰᠠᠩ᠂ ᠨᠡᠷ᠎ᠠ ᠲᠤᠮᠢᠶᠠᠨᠤ ᠬᠦᠷᠢᠶᠠᠨ᠎ᠳᠤ ᠱᠢᠨ᠎ᠠ ᠠᠭᠤᠷ ᠠᠮᠢᠰᠭᠤᠯ᠎ᠢ ᠪᠤᠢ ᠪᠤᠯᠭᠠᠵᠦ᠍᠂ ᠱᠢᠨ᠎ᠠ ᠰᠠᠨᠠᠭ᠎ᠠ ᠪᠤᠳᠤᠯ᠎ᠢ ᠲᠦᠷᠦᠬᠦᠯᠦᠭ᠌ᠰᠡᠨ ᠪᠠᠢᠨ᠎ᠡ᠃
ᠲᠤᠰ 《ᠲᠠᠢᠯᠪᠦᠷᠢ ᠲᠤᠯᠢ》 ᠨᠢ ᠠᠩᠬᠠᠨ᠎ᠤ ᠬᠡᠪᠯᠡᠯ᠎ᠤᠨ ᠵᠠᠷᠢᠮ ᠠᠭᠤᠯᠭ᠎ᠠ᠎ᠳᠠᠭᠠᠨ ᠨᠠᠯᠢᠶᠠᠳ ᠶᠡᠭᠡ ᠵᠠᠰᠠᠯᠳᠠ ᠤᠷᠤᠭᠤᠯᠤᠬ᠍ᠰᠠᠨ ᠪᠦᠬᠡᠳ ᠵᠠᠰᠠᠨ ᠱᠢᠨᠡᠴᠢᠯᠡᠭ᠌ᠰᠡᠨ᠂ ᠬᠠᠰᠤᠬ᠍ᠰᠠᠨ᠂ ᠨᠡᠮᠡᠭ᠌ᠰᠡᠨ ᠵᠡᠷᠬᠡ ᠠᠭᠤᠯᠭ᠎ᠠ᠎ᠨᠢ 70% ᠶ᠋ᠢ ᠲᠠᠪᠠᠵᠤ᠂ ᠮᠠᠨ᠎ᠤ ᠤᠯᠤᠰ᠎ᠤᠨ ᠦᠬᠡᠷᠡᠴᠢᠯᠠᠯᠳᠠ ᠨᠡᠬᠡᠬᠡᠯᠳᠡ᠎ᠠᠴᠠ ᠨᠠᠭᠠᠱᠢᠬᠢ ᠲᠦᠴᠢᠬᠡᠳ ᠵᠢᠯ᠎ᠤᠨ ᠬᠤᠭᠤᠴᠠᠭᠠᠨ᠎ᠳᠤ ᠪᠤᠢ ᠪᠤᠯᠤᠬ᠍ᠰᠠᠨ 20000 ᠭᠠᠷᠤᠢ ᠨᠡᠢᠬᠡᠮ᠎ᠤᠨ ᠬᠡᠷᠡᠭ᠌ᠯᠡᠬᠡᠨ᠎ᠤ ᠦᠬᠡ᠂ ᠱᠢᠨ᠎ᠠ ᠦᠬᠡ᠂ ᠨᠡᠷ᠎ᠠ ᠲᠤᠮᠢᠶ᠎ᠠ ᠵᠢᠴᠢ ᠱᠢᠨ᠎ᠠ ᠦᠬᠡᠰ᠎ᠲᠠᠢ ᠬᠤᠯᠪᠤᠬ᠍ᠳᠠᠯ ᠪᠦᠬᠦᠢ ᠮᠡᠳᠡᠭᠡ ᠵᠠᠩᠬᠢ᠎ᠶ᠋ᠢ ᠬᠠᠮᠤᠷᠤᠬ᠍ᠰᠠᠨ ᠪᠠᠢᠨ᠎ᠠ᠃
ᠴᠠᠭ ᠦᠶ᠎ᠠ᠎ᠲᠠᠢ ᠵᠤᠬᠢᠴᠠᠬ᠍ᠰᠠᠨ ᠤᠨᠴᠠᠯᠢᠭ᠎ᠲᠠᠢ᠃ ᠲᠤᠰ 《ᠲᠠᠢᠯᠪᠦᠷᠢ ᠲᠤᠯᠢ》 ᠨᠢ ᠠᠩᠬᠠᠨ᠎ᠤ ᠬᠡᠪᠯᠡᠯ᠎ᠳᠡᠭᠡᠨ ᠵᠠᠰᠠᠯᠳᠠ ᠤᠷᠤᠭᠤᠯᠤᠬ᠍ᠰᠠᠨ ᠰᠠᠭᠤᠷᠢᠨ ᠲᠡᠭᠡᠷ᠎ᠡ᠂ ᠮᠠᠨ᠎ᠤ ᠤᠯᠤᠰ᠎ᠤᠨ ᠰᠤᠷᠭᠠᠨ ᠬᠦᠮᠦᠵᠢᠯ᠎ᠤᠨ ᠶᠠᠮᠤᠨ᠎ᠤ ᠦᠬᠡ ᠬᠡᠯᠡ ᠦᠰᠦᠭ ᠪᠢᠴᠢᠭ᠎ᠤᠨ ᠮᠠᠳᠡᠭᠡ ᠵᠠᠩᠬᠢ᠎ᠶ᠋ᠢᠨ ᠬᠠᠮᠢᠶᠠᠷᠤᠯᠳᠠ᠎ᠶ᠋ᠢᠨ ᠵᠤᠷᠭᠠᠨ᠎ᠠᠴᠠ ᠰᠡᠳᠦᠵᠤ᠂ ᠱᠠᠩ ᠡᠦ ᠬᠡᠪᠯᠡᠯ᠎ᠤᠨ ᠬᠤᠷᠢᠶᠠᠨ᠎ᠠᠴᠠ ᠬᠡᠪᠯᠡᠬᠦᠯᠦᠭ᠌ᠰᠡᠨ 《ᠬᠢᠳᠡᠳ ᠬᠡᠯᠡᠨ᠎ᠤ ᠱᠢᠨ᠎ᠠ ᠦᠬᠡᠰ》 (ᠲᠤᠮᠳᠠᠳᠤ ᠤᠯᠤᠰ᠎ᠤᠨ 《ᠬᠡᠯᠡᠨ᠎ᠤ ᠠᠮᠢᠳᠦᠷᠠᠯ》 ᠬᠡᠬᠦ᠌ ᠨᠤᠭᠤᠭᠠᠨ ᠬᠠᠪᠢᠰᠤ᠎ᠲᠠᠢ ᠨᠤᠮ) ᠤᠨ 2006 ᠤᠨ᠎ᠠᠴᠠ 2016 ᠤᠨ ᠬᠦᠷᠳᠡᠯᠡᠬᠢ 11 ᠵᠢᠯ᠎ᠤᠨ ᠬᠤᠭᠤᠴᠠᠭᠠᠨ᠎ᠤ ᠤᠨ ᠲᠠᠷᠠᠭᠠᠯᠠᠬ᠍ᠰᠠᠨ ᠲᠠᠢᠯᠪᠦᠷᠢ ᠲᠤᠯᠢ᠎ᠪᠠᠷ ᠡᠬᠡ ᠮᠠᠲᠧᠷᠢᠶᠠᠯ ᠪᠤᠯᠭᠠᠵᠦ᠍᠂ ᠲᠠᠢᠯᠪᠤᠷᠢᠶ᠋ᠢᠨᠢ ᠤᠷᠴᠢᠭᠤᠯᠬᠤ᠎ᠶ᠋ᠢᠨ ᠲᠠᠭᠠᠤ ᠲᠤᠯᠤᠭᠠᠢ ᠦᠬᠡ᠎ᠶ᠋ᠢ᠎ᠨᠢ ᠮᠤᠩᠭᠤᠯ ᠬᠡᠯᠡ᠎ᠪᠠᠷ᠎ᠢᠶᠠᠨ ᠤᠨᠤᠭᠠᠨ ᠨᠠᠷᠠᠯᠡᠵᠤ᠂ ᠲᠠᠬᠢᠨ ᠲᠠᠪᠳᠠᠨ ᠬᠢᠨᠠᠨ ᠪᠤᠯᠪᠠᠰᠤᠷᠠᠭᠤᠯᠤᠬ᠍ᠰᠠᠨᠤ ᠡᠴᠦᠰ᠎ᠲᠤ ᠡᠨᠡ ᠬᠦ᠌ ᠴᠠᠭ ᠦᠶ᠎ᠠ᠎ᠲᠠᠢ ᠵᠤᠬᠢᠴᠠᠬ᠍ᠰᠠᠨ ᠲᠤᠯᠢ ᠪᠢᠴᠢᠭ᠎ᠢ ᠨᠠᠢᠷᠠᠭᠤᠯᠤᠬ᠍ᠰᠠᠨ ᠪᠠᠢᠨ᠎ᠠ᠃
ᠲᠤᠯᠢ ᠪᠢᠴᠢᠭ᠎ᠤᠨ ᠬᠡᠪ ᠵᠠᠬ᠍ᠪᠤᠷ᠎ᠲᠤ ᠨᠡᠬᠡᠬᠡᠯᠳᠡ ᠬᠢᠵᠡᠢ᠃ ᠲᠤᠰ 《ᠲᠠᠢᠯᠪᠤᠷᠢ ᠲᠤᠯᠢ》 ᠨᠢ ᠱᠢᠨ᠎ᠠ ᠦᠬᠡ᠎ᠶ᠋ᠢᠨ ᠢᠷᠠᠯ ᠭᠠᠷᠤᠯ ᠵᠢᠴᠢ ᠤᠳᠭ᠎ᠠ ᠰᠠᠨᠠᠭᠠᠨ᠎ᠳᠤ ᠲᠤᠪᠴᠢ ᠲᠤᠲᠤᠷᠠᠭᠤᠨ ᠲᠠᠢᠯᠪᠤᠷᠢ ᠬᠢᠬᠦ᠌᠎ᠶ᠋ᠢᠨ ᠬᠠᠮᠳᠤ ᠤᠭ ᠦᠬᠡ᠎ᠶ᠋ᠢᠨ ᠰᠠᠨᠠᠭ᠎ᠠ᠂ ᠰᠤᠶᠤᠯ᠎ᠤᠨ ᠠᠭᠤᠯᠬᠤᠨ᠎ᠢ ᠲᠤᠭᠤᠷᠠᠳᠠᠯ᠎ᠠ ᠲᠠᠢᠯᠪᠦᠷᠢᠯᠠᠵᠦ᠍᠂ ᠦᠬᠡ᠎ᠶ᠋ᠢ ᠤᠨᠤᠭᠠᠨ ᠲᠠᠢᠯᠪᠦᠷᠢᠯᠠᠵᠦ᠍᠂ ᠬᠢᠲᠠᠳ ᠮᠤᠩᠭᠤᠯ ᠬᠤᠤᠰ ᠬᠡᠯᠡᠨ᠎ᠤ ᠦᠬᠡᠰ᠎ᠤᠨ ᠠᠭᠤᠯᠭ᠎ᠠ ᠤᠳᠭ᠎ᠠ᠎ᠶ᠋ᠢᠨ ᠢᠵᠢᠯ ᠤᠨᠲᠤᠤ ᠱᠢᠨᠵᠢ᠎ᠶ᠋ᠢ ᠠᠳᠭᠤᠵᠦ᠍ ᠴᠢᠲᠠᠬ᠍ᠰᠠᠨ ᠪᠠᠢᠨ᠎ᠠ᠃
ᠡᠬᠦᠨ᠎ᠤ ᠲᠤᠬᠠᠢ ᠲᠤᠰ ᠲᠤᠯᠢ ᠪᠢᠴᠢᠭ᠎ᠤᠨ ᠭᠤᠤᠯᠯᠠᠨ ᠨᠠᠢᠷᠠᠭᠤᠯᠤᠬ᠍ᠴᠢ ᠰᠦᠮᠪᠦᠷᠪᠡᠳᠤ᠄ 《ᠦᠩᠬᠡᠷᠡᠭ᠌ᠰᠡᠨ᠎ᠤ ᠵᠠᠷᠢᠮ ᠲᠤᠯᠢ ᠪᠢᠴᠢᠭ᠎ᠤᠳ ᠵᠦᠪᠬᠡᠨ ᠬᠢᠳᠡᠳ ᠬᠡᠯᠡᠨ᠎ᠤ ᠲᠤᠯᠤᠭᠠᠢ ᠦᠬᠡ᠎ᠶ᠋ᠢᠨ ᠦᠬᠡ ᠦᠰᠦᠭ᠎ᠢ ᠮᠦᠷᠳᠡᠨ ᠤᠨᠤᠭᠠᠨ ᠨᠡᠷᠡᠯᠡᠳᠡᠭ ᠪᠤᠯᠬᠤᠷ ᠲᠤᠬᠠᠢ᠎ᠶ᠋ᠢᠨ ᠱᠢᠨ᠎ᠠ ᠦᠬᠡ᠎ᠶ᠋ᠢᠨ ᠤᠳᠭ᠎ᠠ᠎ᠶ᠋ᠢ ᠤᠨᠤᠪᠴᠢᠳᠠᠢ ᠢᠯᠡᠳᠭᠡᠵᠤ ᠴᠢᠳᠠᠬᠤ ᠦᠬᠡᠢ ᠪᠤᠶᠤ ᠪᠠᠯᠠᠷᠬᠠᠢ ᠪᠤᠯᠭᠠᠵᠤ᠂ ᠵᠠᠷᠢᠮ ᠦᠬᠡ᠎ᠶ᠋ᠢᠨ ᠤᠭ ᠰᠠᠨᠠᠭ᠎ᠠ᠂ ᠠᠴᠢᠶᠠᠯᠠᠵᠤ ᠪᠠᠢᠭ᠎ᠠ ᠰᠤᠷᠠᠭ ᠵᠠᠩᠬᠢ ᠪᠠ ᠰᠤᠶᠤᠯ ᠵᠠᠩᠱᠢᠯ᠎ᠤᠨ ᠠᠭᠤᠯᠬᠤᠨ ᠬᠢᠬᠡᠳ ᠰᠡᠳᠭᠢᠯᠬᠡᠨᠤ ᠬᠠᠨᠳᠤᠰᠢ ᠵᠡᠷᠬᠡ᠎ᠶ᠋ᠢ ᠪᠦᠷᠢᠨ ᠬᠦᠢᠴᠡᠳ ᠢᠯᠡᠳᠭᠡᠵᠤ ᠴᠢᠳᠠᠬᠤ ᠦᠬᠡᠢ ᠤᠯᠠᠮ᠎ᠠᠴᠠ ᠦᠬᠡ᠎ᠶ᠋ᠢᠨ ᠤᠨᠤᠭᠠᠯᠳᠠ᠎ᠶ᠋ᠢ ᠮᠤᠩᠭᠤᠯ ᠬᠡᠯᠡ ᠲᠡᠭᠡᠷ᠎ᠡ ᠶᠠᠭ ᠲᠠᠭ ᠲᠤᠬᠢᠷᠠᠯᠴᠠᠭᠤᠯᠵᠦ᠍ ᠴᠢᠲᠠᠬᠤ ᠦᠬᠡᠢ ᠵᠡᠷᠭᠡ ᠠᠰᠠᠭᠤᠲᠠᠯ ᠤᠷᠤᠱᠢᠵᠦ᠍ ᠪᠠᠢᠬ᠍ᠰᠠᠨ ᠶᠤᠮ᠃ ᠤᠷᠢᠳ᠎ᠤᠨ ᠬᠡᠪᠯᠡᠭ᠌ᠳᠡᠭ᠌ᠰᠡᠨ ᠬᠢᠳᠡᠳ ᠮᠤᠩᠭᠤᠯ ᠲᠤᠯᠢ ᠪᠢᠴᠢᠭ᠎ᠨᠢ ᠪᠠᠷᠤᠭ ᠪᠦᠬᠦᠨ᠎ᠢᠶᠠᠷ᠎ᠢᠶᠠᠨ ᠵᠦᠪᠬᠡᠨ ᠲᠤᠯᠤᠭᠠᠢ ᠦᠬᠡ᠎ᠶ᠋ᠢ ᠯᠡ ᠤᠷᠴᠢᠭᠤᠯᠤᠭᠠᠳ ᠨᠡᠷᠡᠯᠡᠭ᠌ᠰᠡᠨ ᠱᠢᠨᠵᠢᠳᠡᠢ᠃ ᠡᠢᠮᠦᠷᠬᠦᠦ ᠵᠠᠬ᠍ᠪᠤᠷ᠎ᠤᠨ ᠲᠤᠯᠢ ᠪᠢᠴᠢᠭ᠎ᠨᠢ ᠲᠤᠬ᠍ᠳᠠᠬ᠍ᠰᠠᠨ ᠬᠡᠪ ᠮᠠᠶᠢᠭ᠎ᠲᠠᠭᠠᠨ ᠬᠡᠳᠤ ᠪᠠᠷᠢᠬ᠍ᠳᠠᠳᠠᠭᠠᠴᠠ ᠱᠢᠨ᠎ᠠ᠎ᠪᠠᠷ ᠪᠤᠢ ᠪᠤᠯᠤᠬ᠍ᠰᠠᠨ ᠬᠢᠳᠡᠳ ᠲᠤᠯᠤᠭᠠᠢ ᠦᠬᠡᠰ᠎ᠤᠨ ᠢᠷᠠᠯ ᠭᠠᠷᠤᠯ᠂ ᠤᠷᠴᠢᠨ ᠨᠦᠬᠦᠴᠡᠯ ᠵᠡᠷᠬᠡ᠎ᠶ᠋ᠢ ᠲᠤᠳᠤᠷᠬᠠᠢᠯᠠᠵᠤ ᠴᠢᠳᠠᠳᠠᠭ ᠦᠬᠡᠢ ᠪᠦᠬᠡᠳ ᠢᠯᠠᠩᠭᠤᠶ᠎ᠠ ᠮᠤᠩᠭᠤᠯ ᠤᠷᠴᠢᠭᠤᠯᠭ᠎ᠠ ᠪᠤᠶᠤ ᠤᠨᠤᠭᠠᠯᠳᠠ ᠨᠡᠷᠡᠯᠡᠯᠳᠡᠶ᠋ᠢᠨ ᠲᠠᠯ᠎ᠠ᠎ᠪᠠᠷ ᠮᠠᠰᠢ ᠬᠢᠵᠠᠭᠠᠷᠳᠠᠮᠠᠯ ᠪᠠᠢᠳᠠᠭ》 ᠬᠡᠵᠡᠢ᠃
ᠲᠡᠬᠦᠨ᠎ᠤ ᠦᠵᠡᠬᠦ᠌᠎ᠪᠠᠷ᠂ ᠬᠡᠯᠡᠨ᠎ᠤ ᠬᠡᠷᠡᠭ᠌ᠯᠡᠬᠡᠨ᠎ᠤ ᠭᠠᠷ ᠠᠪᠤᠯᠭ᠎ᠠ᠎ᠶ᠋ᠢᠨ ᠱᠢᠨᠵᠢᠳᠡᠢ ᠬᠡᠪᠯᠡᠭ᠌ᠳᠡᠬᠦᠨ ᠪᠤᠯᠤᠬ᠍ᠰᠠᠨ᠎ᠤ ᠬᠤᠪᠢ᠎ᠳᠤ᠂ ᠲᠤᠯᠢ ᠪᠢᠴᠢᠭ᠎ᠤᠨ ᠱᠢᠨᠠᠴᠢᠯᠠᠯᠳᠠᠨᠢ ᠮᠠᠰᠢ ᠤᠳᠠᠭᠠᠨ ᠪᠠᠢᠵᠦ᠍᠂ ᠪᠠᠷᠤᠭ 10 — 20 ᠵᠢᠯ᠎ᠳᠤ ᠨᠢᠬᠡ ᠤᠳᠠᠭ᠎ᠠ ᠱᠢᠨᠡᠴᠢᠯᠡᠭ᠌ᠳᠡᠳᠡᠭ ᠪᠠᠢᠨ᠎ᠠ᠃ ᠤᠨᠴᠠᠭᠠᠢᠯᠠᠨ ᠲᠤᠷᠠᠳᠭᠤᠳᠤ ᠨᠢᠷᠤᠭᠤ ᠪᠤᠯᠵᠤ ᠪᠠᠢᠭ᠎ᠠ ᠵᠠᠷᠢᠮ ᠲᠤᠯᠢ ᠪᠢᠴᠢᠭ᠎ᠤᠨ ᠱᠢᠨᠡᠴᠢᠯᠡᠭ᠌ᠳᠡᠨ ᠬᠡᠪᠯᠡᠭ᠌ᠳᠡᠬᠦ᠌ ᠬᠤᠭᠤᠴᠠᠭ᠎ᠠ ᠬᠡᠳᠤ ᠤᠷᠳᠤ ᠪᠠᠢᠳᠠᠭ᠎ᠠᠴᠠ ᠱᠢᠨ᠎ᠠ᠎ᠪᠠᠷ ᠪᠤᠢ ᠪᠤᠯᠵᠤ ᠪᠠᠢᠭ᠎ᠠ ᠤᠯᠠᠨ ᠦᠬᠡᠰ ᠴᠠᠭ ᠲᠤᠬᠠᠢᠳᠤᠨᠢ ᠬᠠᠮᠤᠷᠤᠬ᠍ᠳᠠᠨ ᠤᠷᠤᠵᠤ ᠴᠢᠳᠠᠬᠤ ᠦᠬᠡᠢ᠂ ᠨᠡᠢᠬᠡᠮ ᠴᠠᠭ ᠦᠶ᠎ᠠ᠎ᠶ᠋ᠢᠨ ᠬᠦᠭ᠌ᠵᠢᠯᠳᠠ᠂ ᠱᠢᠨᠵᠢᠯᠡᠬᠦ᠌ ᠤᠬᠠᠭᠠᠨ᠎ᠤ ᠲᠠᠪᠱᠢᠯᠳᠠ᠎ᠶ᠋ᠢᠨ ᠲᠤᠬᠠᠢ ᠮᠠᠳᠠᠷᠠᠮᠵᠢ ᠮᠠᠭᠤᠳᠠᠢ ᠪᠠᠢᠳᠠᠭ᠎ᠤᠨ ᠬᠠᠷᠠᠭ᠎ᠠ᠎ᠪᠠᠷ ᠤᠩᠱᠢᠬ᠍ᠴᠢᠳᠲᠤ ᠱᠢᠨ᠎ᠠ ᠮᠡᠳᠡᠭᠡ ᠵᠠᠩᠬᠢ᠎ᠶ᠋ᠢ ᠦᠭ᠌ᠬᠦ ᠲᠠᠯ᠎ᠠ᠎ᠪᠠᠷ ᠢᠮᠠᠬ᠍ᠳᠠ ᠬᠤᠵᠢᠭᠤᠳᠠᠵᠤ ᠪᠠᠢᠳᠠᠭ᠃ ᠬᠠᠭᠤᠴᠢᠨ ᠵᠠᠬ᠍ᠪᠤᠷ᠎ᠲᠤ ᠪᠠᠷᠢᠬ᠍ᠲᠠᠬ᠍ᠰᠠᠨ ᠲᠤᠯᠢ ᠪᠢᠴᠢᠭᠤᠳᠨᠢ ᠲᠡᠬᠦᠨ᠎ᠤ ᠬᠢᠵᠠᠭᠠᠷᠲᠠᠮᠠᠯ ᠲᠠᠯ᠎ᠠ᠎ᠠᠴᠠ᠎ᠪᠠᠨ ᠪᠤᠯᠵᠦ᠍᠂ ᠤᠳᠤ ᠴᠠᠭ᠎ᠤᠨ ᠱᠢᠨ᠎ᠠ ᠱᠢᠨ᠎ᠠ ᠮᠡᠳᠡᠭᠡ ᠵᠠᠩᠬᠢ᠎ᠶ᠋ᠢ ᠲᠤᠯᠢ ᠠᠱᠢᠬ᠍ᠯᠠᠬ᠍ᠴᠢᠳᠲᠤ ᠲᠠᠷᠬᠠᠭᠠᠨ ᠲᠡᠯᠬᠡᠷᠡᠬᠦᠯᠵᠦ᠍ ᠴᠢᠲᠠᠬᠤ ᠦᠬᠡᠢ ᠪᠠᠢᠭ᠎ᠠ᠎ᠨᠢ ᠮᠡᠳᠡᠭᠡᠵᠢ᠃ ᠡᠢᠨ ᠬᠦ᠂ ᠲᠠᠳᠡ ᠲᠤᠰ 《ᠲᠠᠢᠯᠪᠤᠷᠢ ᠲᠤᠯᠢ》 ᠶ᠋ᠢ ᠨᠠᠢᠷᠠᠭᠤᠯᠬᠤ᠎ᠳᠠᠭᠠᠨ ᠬᠠᠭᠤᠴᠢᠨ ᠵᠠᠬ᠍ᠪᠤᠷ᠎ᠤᠨ ᠰᠡᠳᠭᠢᠮᠵᠢ᠎ᠶ᠋ᠢ ᠪᠦᠷᠢᠮᠦᠰᠦᠨ ᠡᠪᠳᠡᠭ᠌ᠰᠡᠨ ᠪᠠᠢᠨ᠎ᠠ᠃
ᠮᠡᠳᠡᠯᠬᠡ᠎ᠶ᠋ᠢᠨ ᠠᠴᠢᠶᠠᠯᠠᠪᠤᠷᠢ ᠶᠡᠬᠡᠳᠡᠢ᠃ ᠶᠠᠷᠦᠩᠬᠡᠢᠯᠡᠭ᠌ᠰᠡᠨ ᠴᠢᠨᠡᠷᠳᠡᠢ ᠲᠤᠯᠢ ᠪᠢᠴᠢᠭ᠎ᠢ ᠨᠠᠢᠷᠠᠭᠤᠯᠬᠤ᠎ᠳᠤ᠂ ᠨᠠᠢᠳᠠ᠎ᠶ᠋ᠢᠨ ᠬᠡᠷᠡᠭ᠌ᠯᠡᠬᠡᠨ᠎ᠤ ᠮᠡᠳᠡᠯᠬᠡ᠎ᠶ᠋ᠢ ᠬᠠᠪᠰᠤᠷᠭᠠᠬᠤ᠎ᠨᠢ ᠲᠤᠯᠢ ᠪᠢᠴᠢᠭ᠎ᠢᠶᠠᠨ ᠦᠪᠡᠷᠮᠢᠴᠡ ᠤᠨᠴᠠᠯᠢᠭ᠎ᠲᠠᠢ ᠪᠤᠯᠭᠠᠨ ᠨᠠᠢᠷᠠᠭᠤᠯᠤᠨ ᠪᠦᠳᠦᠬᠡᠬᠦ᠌᠎ᠶ᠋ᠢᠨ ᠭᠤᠤᠯ ᠨᠦᠬᠦᠴᠡᠯ᠎ᠨᠢ ᠪᠤᠯᠤᠨ᠎ᠠ ᠬᠡᠳᠡᠭ᠎ᠢ ᠲᠤᠰ ᠲᠤᠯᠢ ᠪᠢᠴᠢᠭ᠎ᠤᠨ ᠬᠤᠷᠢ ᠭᠠᠷᠤᠢ ᠬᠠᠪᠰᠤᠷᠤᠯᠳᠠᠠᠴᠠ ᠤᠯᠵᠤ ᠬᠠᠷᠠᠵᠤ ᠪᠤᠯᠤᠨ᠎ᠠ᠃
ᠲᠦᠪ᠎ᠤᠨ ᠦᠨᠳᠦᠰᠦᠳᠡᠨ᠎ᠤ ᠶᠡᠭᠡ ᠰᠤᠷᠭᠠᠭᠤᠯᠢ᠎ᠶ᠋ᠢᠨ ᠫᠷᠣᠹᠧᠰᠰᠣᠷ ᠬᠠᠰᠡᠷᠳᠡᠨᠢ᠄ 《ᠡᠨᠡ ᠬᠦ᠌ ᠲᠤᠯᠢ ᠪᠢᠴᠢᠭ᠎ᠤᠨ ᠬᠢᠳᠡᠳ ᠱᠢᠨ᠎ᠠ ᠦᠬᠡᠰ᠎ᠤᠨ ᠶᠡᠬᠡᠩᠬᠢ᠎ᠨᠢ ᠱᠢᠨᠵᠢᠯᠡᠬᠦ᠌ ᠤᠬᠠᠭᠠᠨ᠎ᠤ ᠤᠯᠠᠨ ᠰᠠᠯᠪᠦᠷᠢ᠎ᠶ᠋ᠢ ᠲᠡᠮᠨᠠᠵᠤ ᠪᠠᠢᠳᠠᠭ ᠤᠨᠴᠠᠯᠢᠭ᠎ᠲᠠᠢ᠂ ᠡᠢᠮᠦ᠎ᠠᠴᠠ ᠲᠤᠯᠤᠭᠠᠢ ᠦᠬᠡ᠎ᠪᠠᠨ ᠰᠤᠩᠭᠤᠬᠤ᠎ᠳᠤ ᠲᠡᠬᠦᠨ᠎ᠤ ᠨᠡᠢᠬᠡᠮ᠎ᠤᠨ ᠬᠡᠷᠡᠭ᠌ᠯᠡᠬᠡᠨ᠎ᠤ ᠦᠨ᠎ᠠ ᠴᠠᠨ᠎ᠠ ᠪᠤᠯᠤᠨ ᠦᠷ᠎ᠠ ᠨᠦᠯᠦᠬᠡ᠎ᠶ᠋ᠢ ᠬᠦᠨᠳᠦᠳᠭᠡᠨ ᠠᠯᠢ ᠴᠢᠳᠡᠬᠤ᠎ᠪᠠᠷ ᠠᠷᠠᠳ ᠤᠯᠠᠨ᠎ᠤ ᠡᠳᠦᠷ ᠲᠤᠳᠤᠮ᠎ᠤᠨ ᠠᠮᠢᠳᠦᠷᠠᠯ᠎ᠲᠠᠢ ᠱᠢᠭᠤᠳ ᠬᠤᠯᠪᠤᠬ᠍ᠳᠠᠬ᠍ᠰᠠᠨ ᠦᠬᠡᠰᠢ ᠰᠤᠩᠭᠤᠨ ᠠᠪᠤᠬ᠍ᠰᠠᠨ ᠪᠠᠢᠲᠠᠭ᠃ ᠡᠨᠡ ᠲᠠᠯ᠎ᠠ᠎ᠨᠢ ᠦᠨᠡᠯᠡᠬᠦᠱᠢᠳᠡᠢ᠃ ᠡᠢᠨ ᠬᠦ᠂ ᠲᠤᠰ 〈ᠲᠠᠢᠯᠪᠤᠷᠢ ᠲᠤᠯᠢ〉 ᠨᠢ ᠨᠡᠢᠮᠡᠨ ᠮᠤᠵᠢ ᠤᠷᠤᠨ᠎ᠤ ᠮᠤᠩᠭᠤᠯ ᠬᠡᠯᠡᠨ᠎ᠤ ᠱᠢᠨ᠎ᠠ ᠦᠬᠡ ᠱᠢᠨ᠎ᠠ ᠨᠡᠷ᠎ᠡ ᠲᠤᠮᠢᠶᠠᠨᠤ ᠬᠦᠷᠢᠶ᠎ᠠ ᠴᠠᠷᠠᠭ᠎ᠠ᠎ᠶ᠋ᠢ ᠲᠠᠯᠠᠬᠦ᠌ ᠵᠢᠴᠢ ᠤᠷᠴᠢᠭᠤᠯᠬᠤ ᠴᠢᠳᠡᠪᠦᠷᠢ᠎ᠶ᠋ᠢ ᠲᠡᠬᠡᠭ᠌ᠰᠢᠯᠡᠬᠦᠯᠬᠦ᠌ᠳᠤ ᠢᠳᠡᠪᠬᠢ ᠨᠦᠯᠦᠬᠡ ᠦᠵᠡᠬᠦᠯᠬᠦ᠌᠎ᠪᠠᠷ ᠪᠠᠷᠠᠬᠤ ᠦᠬᠡᠢ᠂ ᠪᠤᠰᠤᠳ ᠴᠦᠬᠡᠨ ᠲᠤᠭᠠᠳᠤ ᠦᠨᠳᠦᠰᠦᠳᠡᠨ᠎ᠤ ᠦᠰᠦᠭ ᠪᠢᠴᠢᠭ᠎ᠤᠨ ᠠᠵᠢᠯ᠎ᠤᠨ ᠨᠤᠮ ᠪᠦᠳᠦᠬᠡᠯ ᠲᠤᠭᠤᠷᠪᠢᠬᠤ᠎ᠳᠤ ᠯᠠᠪᠯᠠᠯᠳᠠ ᠪᠤᠯᠬᠤ ᠠᠴᠢ ᠬᠤᠯᠪᠤᠬ᠍ᠳᠠᠯ᠎ᠲᠠᠢ》 ᠬᠡᠵᠡᠢ᠃
《ᠲᠠᠢᠯᠪᠤᠷᠢ ᠲᠤᠯᠢ》 ᠶ᠋ᠢ ᠨᠠᠢᠷᠠᠭᠤᠯᠤᠬ᠍ᠰᠠᠨ ᠬᠠᠳᠠᠭᠤᠵᠢᠯᠳᠤ ᠠᠶᠠᠨ
— ᠱᠢᠨ᠎ᠠ ᠦᠬᠡᠰ᠎ᠤᠨ ᠤᠷᠴᠢᠭᠤᠯᠭ᠎ᠠ ᠪᠤᠯ ᠬᠦᠨ ᠬᠦᠨᠵᠡᠬᠡᠢ ᠠᠴᠢ ᠬᠤᠯᠪᠤᠬ᠍ᠳᠠᠯ᠎ᠲᠠᠢ ᠠᠵᠢᠯ ᠲᠡᠳᠦᠢ ᠦᠬᠡᠢ᠂ ᠨᠢᠬᠡ ᠶᠤᠰᠤᠨ᠎ᠤ ᠬᠠᠢᠯᠳᠠ ᠰᠤᠳᠤᠯᠭᠠᠨ᠎ᠤ ᠠᠵᠢᠯ ᠪᠠᠢᠵᠦ᠍᠂ ᠵᠤᠪᠡᠯ ᠵᠦᠳᠡᠬᠦᠷᠢ᠂ ᠪᠠᠶᠠᠷ ᠪᠠᠭ᠍ᠠᠲᠤᠯ ᠬᠠᠮᠳᠤ᠎ᠪᠠᠷ ᠤᠷᠤᠱᠢᠳᠠᠭ ᠬᠡᠳᠡᠭ᠎ᠢ ᠲᠤᠰ 《ᠲᠠᠢᠯᠪᠤᠷᠢ ᠲᠤᠯᠢ》 ᠶ᠋ᠢ ᠨᠠᠢᠷᠠᠭᠤᠯᠬᠤ ᠶᠠᠪᠤᠴᠠ᠎ᠳᠤ ᠪᠡᠶ᠎ᠠ ᠰᠡᠳᠭᠢᠯ᠎ᠢᠶᠠᠷ᠎ᠢᠶᠠᠨ ᠮᠡᠳᠡᠷᠡᠨ ᠤᠬᠠᠭᠠᠷᠠᠬ᠍ᠰᠠᠨ᠃ 《ᠲᠠᠢᠯᠪᠤᠷᠢ ᠲᠤᠯᠢ》 ᠶ᠋ᠢᠨ ᠠᠩᠬᠠᠨ᠎ᠤ ᠬᠡᠪᠯᠡᠯ ᠤᠩᠱᠢᠬ᠍ᠴᠢᠳᠲᠠᠢ ᠵᠤᠯᠭᠠᠬ᠍ᠰᠠᠨᠠᠴᠠ ᠨᠡᠮᠡᠨ ᠵᠠᠰᠠᠬ᠍ᠰᠠᠨ ᠬᠤᠶᠠᠳᠤᠭᠠᠷ ᠬᠡᠪᠯᠡᠯ᠎ᠢ ᠲᠠᠭᠤᠰᠭᠠᠬᠤ ᠬᠦᠷᠳᠡᠯ᠎ᠡ ᠪᠢᠳᠡ ᠲᠦᠪᠡᠭ ᠪᠡᠷᠬᠡᠱᠢᠶᠠᠯ᠎ᠤᠨ ᠲᠤᠮᠳᠠ ᠠᠷᠪᠠᠭᠠᠳ ᠵᠢᠯ ᠵᠠᠮᠨᠠᠬ᠍ᠰᠠᠨ ᠶᠤᠮ ᠬᠡᠵᠤ ᠭᠤᠤᠯᠯᠠᠨ ᠨᠠᠢᠷᠠᠭᠤᠯᠤᠬ᠍ᠴᠢ ᠰᠦᠮᠪᠦᠷᠪᠠᠳᠤ ᠶᠠᠷᠢᠨ᠎ᠠ᠃
《ᠲᠠᠢᠯᠪᠦᠷᠢ ᠲᠤᠯᠢ》 ᠪᠠᠨ ᠨᠠᠢᠷᠠᠭᠤᠯᠬᠤ᠎ᠳᠠᠭᠠᠨ᠂ ᠲᠤᠯᠢᠴᠢᠳ ᠮᠠᠨᠢ ᠤᠯᠤᠰ᠎ᠤᠨ ᠲᠤᠳᠤᠭᠠᠳᠤ ᠭᠠᠳᠠᠭᠠᠳᠤ᠎ᠶ᠋ᠢᠨ ᠲᠤᠯᠢ ᠪᠢᠴᠢᠭ᠎ᠤᠨ ᠠᠵᠢᠯ᠎ᠳᠤ ᠤᠯᠠᠨ ᠤᠲᠠᠭᠠᠨᠤ ᠰᠤᠳᠤᠯᠭ᠎ᠠ ᠱᠢᠨᠵᠢᠯᠡᠭᠡ ᠬᠢᠵᠤ᠂ ᠦᠬᠡ ᠰᠤᠩᠭᠤᠯᠳᠠ᠎ᠶ᠋ᠢᠨ ᠬᠠᠷᠠᠭᠠᠰᠤ᠎ᠪᠠᠨ ᠮᠠᠨ᠎ᠤ ᠤᠯᠤᠰ᠎ᠤᠨ ᠲᠦᠷᠪᠡᠨ ᠶᠡᠭᠡ ᠬᠡᠪᠯᠡᠯ᠎ᠤᠨ ᠬᠤᠷᠢᠶ᠎ᠠ᠎ᠶ᠋ᠢᠨ ᠤᠢ᠍ᠢᠷ᠎ᠠ᠎ᠶ᠋ᠢᠨ ᠵᠢᠯ᠎ᠳᠤ ᠬᠡᠪᠯᠡᠭ᠌ᠳᠡᠭ᠌ᠰᠡᠨ ᠱᠢᠨ᠎ᠠ ᠦᠬᠡᠰ᠎ᠤᠨ ᠲᠤᠯᠢ ᠪᠢᠴᠢᠭ᠎ᠤᠳ᠎ᠲᠤ ᠬᠠᠨᠳᠤᠭᠤᠯᠤᠬ᠍ᠰᠠᠨᠨᠢ ᠱᠢᠨ᠎ᠠ ᠦᠬᠡᠰᠢ ᠰᠤᠩᠭᠤᠬᠤ ᠶᠠᠪᠤᠴᠠ᠎ᠳᠠᠬᠢ ᠨᠦᠷᠢ ᠶᠡᠭᠡ ᠬᠦᠳᠡᠯᠮᠦᠷᠢ ᠬᠦᠴᠦ᠎ᠶ᠋ᠢ ᠬᠡᠮᠨᠡᠭ᠌ᠰᠡᠨ ᠪᠦᠬᠡᠳ ᠲᠤᠯᠢ ᠪᠢᠴᠢᠭ ᠨᠠᠢᠷᠠᠭᠤᠯᠬᠤ ᠠᠬᠢᠴᠡ᠎ᠶ᠋ᠢ ᠲᠦᠷᠭᠡᠳᠭᠡᠭ᠌ᠰᠡᠨ ᠪᠠᠢᠨ᠎ᠠ᠃ ᠨᠡᠩ ᠲᠤᠷᠠᠲᠤᠭᠤᠱᠢᠲᠠᠢᠨᠢ ᠲᠡᠲᠡᠨᠤᠰ ᠱᠠᠩ ᠡᠦ ᠬᠡᠪᠯᠡᠯ᠎ᠤᠨ ᠬᠤᠷᠢᠶ᠎ᠠ ᠵᠡᠷᠬᠡ ᠬᠡᠪᠯᠡᠯ᠎ᠤᠨ ᠬᠤᠷᠢᠶᠠᠨ᠎ᠤ ᠲᠤᠯᠢ ᠪᠢᠴᠢᠭ ᠨᠠᠢᠷᠠᠭᠤᠯᠬᠤ ᠲᠠᠪᠱᠢᠩᠭᠤᠢ ᠮᠡᠷᠬᠡᠵᠢᠯ᠎ᠢ ᠰᠤᠷᠴᠤ᠌᠂ ᠲᠡᠳᠡᠨ᠎ᠤ ᠬᠢᠳᠡᠳ ᠬᠡᠯᠡᠨ᠎ᠤ ᠳ᠋ᠠᠢᠲ᠋ᠠ ᠬᠦᠮᠦᠷᠬᠡ᠎ᠠᠴᠠ ᠴᠤᠬ᠍ᠯᠠᠭᠤᠯᠤᠬ᠍ᠰᠠᠨ ᠦᠷ᠎ᠠ ᠪᠦᠳᠦᠬᠡᠯ᠎ᠢ ᠠᠱᠢᠬ᠍ᠯᠠᠬ᠍ᠰᠠᠨ ᠪᠠᠢᠨ᠎ᠠ᠃
— ᠠᠩᠬᠠᠨ᠎ᠤ ᠬᠡᠪᠯᠡᠯ᠎ᠳᠤ ᠤᠷᠤᠬ᠍ᠰᠠᠨ ᠵᠠᠷᠢᠮ ᠦᠬᠡᠰᠢ ᠬᠠᠰᠤᠵᠤ᠂ ᠤᠯᠠᠨ ᠤᠳᠠᠭᠠᠨ᠎ᠤ ᠱᠢᠯᠢᠯᠳᠡ ᠱᠢᠷᠭᠠᠭᠠᠯᠳᠠ ᠬᠢᠵᠤ᠂ ᠲᠤᠯᠢ ᠪᠢᠴᠢᠭ᠎ᠤᠨ᠎ᠢᠶᠠᠨ ᠴᠢᠨᠡᠷ ᠴᠢᠨᠰᠠᠭ᠎ᠠ᠎ᠶ᠋ᠢ ᠰᠠᠢᠵᠢᠷᠠᠭᠤᠯᠬᠤ᠎ᠶ᠋ᠢ ᠬᠢᠴᠢᠶᠡᠭ᠌ᠰᠡᠨ ᠪᠠᠢᠨ᠎ᠠ᠃ ᠴᠠᠭ ᠦᠶ᠎ᠠ᠎ᠲᠠᠢ ᠵᠡᠷᠬᠡ᠎ᠪᠠᠷ ᠡᠬᠦᠰᠦᠭ᠌ᠰᠡᠨ ᠬᠢᠳᠡᠳ ᠬᠡᠯᠨᠨᠤ ᠱᠢᠨ᠎ᠠ ᠦᠬᠡᠰ ᠪᠤᠯᠤᠨ ᠲᠡᠯᠡᠬᠡᠢ ᠨᠠᠢᠳᠠᠪᠠᠷᠢᠶᠠᠨ ᠲᠦᠬᠡᠮᠡᠯ ᠬᠡᠷᠡᠭ᠌ᠯᠡᠳᠡᠭ ᠱᠢᠨ᠎ᠠ ᠦᠬᠡᠰ᠎ᠠᠴᠠ ᠰᠤᠩᠭᠤᠵᠦ᠍᠂ ᠮᠤᠩᠭᠤᠯ ᠬᠡᠯᠡᠨ᠎ᠳᠤ ᠲᠠᠢᠯᠪᠦᠷᠢᠯᠠᠨ ᠤᠷᠴᠢᠭᠤᠯᠤᠭᠠᠳ᠂ ᠲᠤᠯᠢ ᠪᠢᠴᠢᠭᠲᠡᠭᠡᠨ ᠨᠡᠮᠡᠵᠤ ᠤᠷᠤᠭᠤᠯᠵᠠᠢ᠃ ᠠᠯᠢ ᠴᠢᠳᠡᠬᠤ᠎ᠪᠠᠷ ᠲᠡᠪᠳᠡᠮᠵᠢ ᠶᠡᠬᠡᠳᠡᠢ ᠬᠡᠷᠡᠭ᠌ᠯᠡᠭ᠌ᠳᠡᠬᠦ᠌ ᠱᠢᠨ᠎ᠠ ᠦᠬᠡᠰᠢ ᠰᠤᠩᠭᠤᠨ ᠠᠪᠤᠬ᠍ᠰᠠᠨ ᠪᠠᠢᠨ᠎ᠠ᠂ ᠬᠡᠪᠡᠴᠦ᠍ ᠪᠠᠰᠠ ᠪᠤᠰᠤᠳᠴᠢ ᠱᠢᠯᠲᠠᠭᠠᠨ᠎ᠠᠴᠠ ᠵᠠᠷᠢᠮ ᠬᠠᠮᠤᠭ᠎ᠤᠨ ᠱᠢᠨ᠎ᠡ ᠦᠬᠡ᠎ᠶ᠋ᠢ ᠲᠤᠯᠢ ᠪᠢᠴᠢᠭᠲᠡᠭᠡᠨ ᠤᠷᠤᠭᠤᠯᠵᠦ᠍ ᠴᠢᠲᠠᠭ᠎ᠠ ᠦᠬᠡᠢ᠃ ᠵᠢᠱ᠌ᠢᠶᠡᠯᠡᠪᠡᠯ ᠱᠠᠩ ᠡᠦ ᠬᠡᠪᠯᠡᠯ᠎ᠤᠨ ᠬᠤᠷᠢᠶᠠᠨ᠎ᠠᠴᠠ ᠲᠤᠬ᠍ᠳᠠᠮᠠᠯ ᠬᠤᠭᠤᠴᠠᠭ᠎ᠠ᠎ᠲᠠᠢ ᠭᠠᠷᠳᠠᠭ 2017 — 2018 ᠤᠨ᠎ᠤ 《ᠱᠢᠨ᠎ᠠ ᠦᠬᠡᠰ᠎ᠤᠨ ᠲᠤᠯᠢ》 ᠬᠡᠪᠯᠡᠭ᠌ᠳᠡᠭᠡ ᠦᠬᠡᠢ ᠪᠠᠢᠬ᠍ᠰᠠᠨ ᠪᠤᠯᠬᠤᠷ ᠡᠨᠡ ᠬᠤᠶᠠᠷ ᠵᠢᠯ᠎ᠤᠨ ᠱᠢᠨ᠎ᠠ ᠦᠬᠡᠰᠢ ᠤᠷᠤᠭᠤᠯᠵᠤ ᠲᠡᠢᠯᠦᠭ᠌ᠰᠡᠨ ᠦᠬᠡᠢ᠎ᠨᠢ ᠬᠠᠷᠠᠮᠰᠠᠯᠳᠠᠢ ᠬᠡᠵᠤ ᠭᠤᠤᠯᠯᠠᠨ ᠨᠠᠢᠷᠠᠭᠤᠯᠤᠬ᠍ᠴᠢ ᠰᠦᠮᠪᠦᠷᠪᠠᠳᠤ ᠰᠤᠷᠪᠤᠯᠵᠢᠯᠠᠬ᠍ᠴᠢ᠎ᠳᠤ ᠶᠠᠷᠢᠵᠤ ᠪᠠᠢᠯ᠎ᠠ᠃
ᠲᠤᠯᠢ ᠪᠢᠴᠢᠭ ᠨᠠᠢᠷᠠᠭᠤᠯᠤᠨᠠ ᠬᠡᠵᠤ ᠨᠦᠷᠢ ᠶᠡᠭᠡ ᠬᠦᠳᠡᠯᠮᠦᠷᠢ ᠪᠡ ᠮᠤᠨᠳᠠᠭ ᠶᠡᠭᠡ ᠴᠠᠭ ᠵᠠᠷᠤᠴᠠᠭᠤᠯᠳᠠᠭ ᠦᠢᠯᠡ ᠪᠤᠯᠪᠠᠴᠤ᠌ ᠬᠦᠮᠦᠨ ᠪᠦᠬᠦᠨ᠎ᠤ ᠲᠠᠭᠠᠱᠢᠶᠠᠯ᠎ᠳᠤ ᠨᠡᠢᠴᠡᠬᠦᠯᠵᠤ᠂ ᠭᠡᠷᠡᠭ᠌ᠯᠡᠭ᠌ᠴᠢᠳ ᠪᠦᠬᠦᠨ᠎ᠤ ᠱᠠᠭᠠᠷᠲᠠᠯᠭ᠎ᠠ᠎ᠳᠤ ᠬᠦᠷᠦᠨ᠎ᠡ ᠭᠡᠭ᠌ᠴᠢ ᠬᠢᠯᠪᠠᠷ ᠪᠤᠰᠤ ᠠᠵᠢᠯ ᠶᠤᠮ᠃ ᠰᠦᠮᠪᠦᠷᠪᠠᠳᠤ ᠨᠠᠷ ᠤᠩᠱᠢᠬ᠍ᠴᠢᠳᠲᠤ ᠪᠦᠷᠢᠨ ᠪᠦᠳᠦᠨ᠂ ᠱᠢᠨᠵᠢᠯᠡᠬᠦ᠌ ᠤᠬᠠᠭᠠᠨᠴᠢ᠂ ᠤᠬᠠᠬ᠍ᠳᠠᠬᠤᠨᠤ ᠬᠦᠢᠴᠡᠳ ᠲᠠᠢᠯᠪᠤᠷᠢ᠎ᠲᠠᠢ ᠲᠤᠯᠢ ᠪᠢᠴᠢᠭ᠎ᠢ ᠠᠱᠢᠬ᠍ᠯᠠᠭᠤᠯᠬᠤᠶ᠋ᠢᠨ ᠲᠦᠯᠦᠬᠡ 《ᠱᠢᠰᠲ᠋ᠧᠮᠵᠢᠯᠠᠨ ᠵᠤᠬᠢᠶᠠᠬᠤ》 《ᠨᠡᠢᠬᠡᠮ᠎ᠤᠨ ᠨᠢᠬᠡ ᠪᠤᠰᠤ ᠪᠦᠬᠦ᠋ᠢᠯᠡ ᠰᠠᠯᠪᠤᠷᠢ᠎ᠳᠤ ᠬᠠᠮᠤᠷᠤᠬ᠍ᠳᠠᠬ᠍ᠰᠠᠨ ᠱᠢᠨ᠎ᠡ ᠦᠬᠡᠰ᠎ᠠᠴᠠ ᠰᠤᠩᠭᠤᠬᠤ》᠂ 《ᠨᠡᠪᠳᠡᠷᠬᠡᠢ ᠤᠢ᠍ᠢᠯᠠᠭᠠᠭᠤᠯᠬᠤ》 《ᠤᠬᠠᠬ᠍ᠳᠠᠬᠤᠨᠢ ᠪᠦᠷᠢᠨ ᠢᠯᠡᠳᠭᠡᠬᠦ᠌》 《ᠦᠨᠳᠦᠰᠦᠨ ᠤᠳᠭ᠎ᠠ᠎ᠶ᠋ᠢ ᠲᠠᠢᠯᠪᠤᠷᠢᠯᠠᠬᠤ》 ᠵᠡᠷᠬᠡ ᠲᠤᠯᠢ ᠪᠢᠴᠢᠭ᠎ᠤᠨ ᠲᠠᠪᠤᠨ ᠵᠠᠷᠴᠢᠮ᠎ᠢ ᠲᠡᠬᠡᠳᠦᠯᠡᠵᠤ᠂ ᠤᠩᠱᠢᠭ᠍ᠴᠢ ᠤᠯᠠᠨ᠎ᠳᠤ ᠲᠠᠭᠠᠱᠢᠶᠠᠬ᠍ᠳᠠᠬᠤᠶ᠋ᠢ ᠬᠢᠴᠢᠶᠡᠵᠤ᠂ ᠬᠢᠳᠡᠳ ᠮᠤᠩᠭᠤᠯ ᠲᠤᠯᠢ ᠪᠢᠴᠢᠭᠤᠳᠤᠨ ᠦᠬᠡᠴᠢᠯᠡᠨ ᠤᠷᠴᠢᠭᠤᠯᠳᠠᠭ ᠤᠯᠠᠮᠵᠢᠯᠠᠯᠳᠤ ᠠᠷᠭ᠎ᠠ᠎ᠶ᠋ᠢ ᠱᠢᠨᠡᠴᠢᠯᠡᠵᠤ᠂ ᠲᠦᠢᠮᠤᠯᠠᠬ᠍ᠰᠠᠨ ᠲᠠᠢᠯᠪᠦᠷᠢ ᠪᠤᠯᠤᠨ ᠬᠠᠷᠢᠴᠠᠩᠭᠤᠢ ᠤᠨᠤᠪᠴᠢᠳᠡᠢ ᠤᠳᠭᠠᠴᠢᠯᠠᠬ᠍ᠰᠠᠨ ᠤᠷᠴᠢᠭᠤᠯᠭ᠎ᠠ ᠪᠦᠬᠦᠢ ᠱᠢᠨ᠎ᠠ ᠪᠦᠳᠦᠴᠡ᠎ᠶ᠋ᠢ ᠪᠤᠢ ᠪᠤᠯᠭᠠᠵᠤ᠂ ᠤᠷᠴᠢᠭᠤᠯᠭ᠎ᠠ᠎ᠶ᠋ᠢᠨ ᠶᠠᠪᠤᠴᠠ᠎ᠳᠤ ᠲᠤᠯᠭᠠᠷᠠᠬ᠍ᠰᠠᠨ ᠰᠤᠶᠤᠯ᠎ᠤᠨ ᠪᠦᠳᠦᠬᠡᠯᠴᠢ ᠱᠢᠨᠵᠢ᠂ ᠬᠦᠳᠡᠯᠦᠩᠬᠦᠢ ᠱᠢᠨᠵᠢ᠂ ᠰᠤᠶᠤᠯ ᠠᠴᠢᠶᠠᠯᠠᠬᠤ ᠱᠢᠨᠵᠢ ᠵᠡᠷᠬᠡ ᠠᠰᠠᠭᠤᠳᠠᠯ᠎ᠢ ᠪᠦᠳᠦᠮᠵᠢᠳᠠᠢ ᠱᠢᠢᠳᠪᠦᠷᠢᠯᠡᠬᠦ᠌᠎ᠪᠠᠷ ᠴᠢᠷᠮᠠᠢᠬ᠍ᠰᠠᠨ ᠪᠠᠢᠨ᠎ᠠ᠃ ᠡᠨᠡ᠎ᠨᠢ ᠬᠢᠳᠡᠳ ᠬᠡᠯᠡᠨ᠎ᠤ ᠱᠢᠨ᠎ᠠ ᠦᠬᠡ᠎ᠶ᠋ᠢᠨ ᠦᠨᠳᠦᠰᠦᠨ ᠤᠳᠭ᠎ᠠ᠎ᠳᠤ ᠮᠤᠩᠭᠤᠯ᠎ᠢᠶᠠᠷ ᠲᠠᠢᠯᠪᠤᠷᠢ ᠬᠢᠬᠦ᠌᠎ᠶ᠋ᠢᠨ ᠵᠡᠷᠬᠡ᠎ᠪᠠᠷ ᠲᠤᠬᠠᠢ᠎ᠶ᠋ᠢᠨ ᠦᠬᠡ᠎ᠪᠠᠨ ᠮᠤᠩᠭᠤᠯ᠎ᠢᠶᠠᠷ ᠤᠳᠭᠠᠴᠢᠯᠠᠨ ᠤᠨᠤᠭᠠᠬ᠍ᠰᠠᠨᠠᠴᠠ ᠡᠬᠡ ᠬᠡᠯᠡ᠎ᠶ᠋ᠢ ᠲᠦᠷᠢᠮᠵᠢᠬᠦᠯᠬᠦ᠌ᠳᠤ ᠢᠳᠡᠪᠬᠢ ᠦᠢᠯᠡᠳᠦᠯ ᠦᠵᠡᠬᠦᠯᠬᠦ᠌ ᠪᠤᠯᠤᠨ᠎ᠠ᠃