ᠬᠠᠯᠠᠭᠤᠠ ᠪᠦᠰᠠ᠎ᠶ᠋ᠢᠨ ᠯᠤᠳ ᠵᠢᠮᠢᠰ ᠵᠠᠷᠤᠳ᠎ᠲᠤ ᠨᠤᠳᠤᠭ᠍ᠰᠢᠯ᠎ᠠ
2020-08-03 09:47:57
ᠵᠣᠬᠢᠶᠠᠭ᠍ᠴᠢ᠄
ᠭᠡᠭᠡᠨᠳᠠᠨ᠎ᠠ
ᠣᠩᠱᠢᠭ᠍ᠰᠠᠨ ᠣᠳᠠᠭ᠎ᠠ᠄
★★★☆☆

 ᠵᠠᠷᠤᠳ ᠬᠤᠱᠢᠭᠤᠨ᠎ᠤ ᠯᠦᠪᠸᠢ ᠪᠠᠯᠭᠠᠰᠤᠨ᠎ᠤ ᠬᠠᠷ᠎ᠠ ᠪᠤᠯᠤᠩ ᠲᠣᠰᠭᠤᠨ᠎ᠤ ᠵᠠᠯᠠᠭᠤ ᠢᠦᠢ ᠯᠢ ᠬᠠᠢ ᠡᠮᠦᠨᠡᠲᠦ ᠣᠷᠣᠨ᠎ᠤ ᠵᠢᠮᠢᠰ᠎ᠢ ᠤᠮᠠᠷᠠᠳᠤ ᠤᠷᠤᠠ᠎ᠳᠤ ᠲᠤᠷᠱᠢᠵᠥ᠍ ᠲᠠᠷᠢᠭᠠᠳ ᠠᠮᠵᠢᠯᠳᠠ ᠤᠯᠤᠭ᠍ᠰᠠᠠ᠎ᠢᠶᠠᠷ ᠪᠠᠷᠠᠬᠤ ᠦᠬᠡᠢ ᠪᠠᠶᠠᠵᠢᠯ᠎ᠤᠨ ᠵᠠᠮ᠎ᠢᠶᠠᠨ ᠡᠯᠬᠦᠭ᠌ᠰᠡᠡ ᠪᠠᠢᠨ᠎ᠠ᠃

ᠢᠦᠢ ᠯᠢ ᠬᠠᠢ᠎ᠶ᠋ᠢᠨ ᠯᠤᠳ ᠵᠢᠮᠢᠰ ᠲᠡᠷᠢᠵᠥ᠍ ᠪᠠᠢᠭ᠎ᠠ ᠬᠦᠷᠢᠶᠡᠯᠡᠩ᠎ᠳᠤ᠂ ᠮᠥᠷ ᠮᠥᠷ ᠲᠠᠷᠢ ᠲᠡᠭ᠌ᠰᠢ ᠵᠢᠶᠠᠰᠠ ᠳᠡᠭᠡᠷ᠎ᠡ ᠠᠷᠰᠢ᠎ᠶ᠋ᠢᠨ ᠠᠯᠠᠭ᠎ᠠ ᠬᠡᠮᠡᠷ ᠤᠷᠭᠤᠮᠠᠯ ᠪᠠᠭ᠍ᠴᠤᠷᠠᠨ᠎ᠠ᠃ ᠠᠷᠰᠢ᠎ᠶ᠋ᠢᠨ ᠴᠡᠴᠡᠭ᠎ᠤᠨ ᠪᠦᠮᠪᠦᠬᠡᠯᠢᠭ ᠲᠡᠯᠪᠢ᠎ᠪᠠᠨ ᠳᠡᠯᠭᠡᠷᠡᠮᠡᠷ ᠪᠤᠯᠵᠤ᠂ ᠤᠡᠴᠠ ᠵᠠᠷᠢᠮᠠᠳ᠎ᠨᠢ ᠨᠢᠬᠡᠨᠳᠡ ᠳᠡᠯᠭᠡᠷᠡᠵᠦ᠍ ᠡᠬᠢᠯᠡᠵᠡᠢ᠃

《5 — 10 ᠰᠠᠷ᠎ᠠ ᠪᠣᠯ ᠯᠤᠳ ᠵᠢᠮᠢᠰ᠎ᠤᠨ ᠴᠡᠴᠡᠭ᠌ᠯᠡᠵᠦ᠍ ᠵᠢᠮᠢᠰᠯᠡᠬᠦ᠌ ᠬᠤᠭᠤᠴᠠᠭ᠎ᠠ᠂ ᠡᠳᠦᠷ ᠪᠦᠷᠢ ᠡᠳᠡᠬᠡᠷ ᠯᠤᠳ ᠵᠢᠮᠢᠰ᠎ᠤᠨ᠎ᠢᠶᠠᠨ ᠮᠥᠴᠢᠷ ᠨᠠᠬᠢᠶ᠎ᠠ᠎ᠶ᠋ᠢ ᠠᠵᠢᠬ᠍ᠯᠠᠠ ᠪᠠᠢᠴᠠᠭᠠᠵᠥ᠍ ᠠᠷᠠᠴᠢᠯᠠᠵᠤ ᠬᠠᠮᠠᠭᠠᠯᠠᠨ᠎ᠠ᠃ ᠡᠨᠡ ᠵᠢᠯ ᠯᠤᠳ ᠵᠢᠮᠢᠰ᠎ᠤᠨ ᠴᠡᠴᠡᠭ᠎ᠤᠨ ᠲᠡᠯᠬᠡᠷᠡᠵᠥ᠍ ᠪᠠᠢᠭ᠎ᠠ ᠪᠠᠢᠳᠠᠯ ᠪᠠ ᠵᠢᠮᠢᠰ ᠰᠠᠭᠤᠭ᠍ᠰᠠᠠ ᠪᠠᠢᠳᠠᠯ ᠪᠦᠷ ᠨᠡᠯᠢᠶᠡᠳ ᠵᠦᠭᠡᠷ ᠪᠠᠢᠨ᠎ᠠ》 ᠬᠡᠵᠤ ᠢᠦᠢ ᠯᠢ ᠬᠠᠢ ᠲᠡᠨᠢᠯᠴᠠᠭᠤᠯᠤᠨ᠎ᠠ᠃ 
 
 

ᠵᠥᠪᠬᠡᠨ ᠠᠩᠬ᠎ᠠ ᠳᠤᠮᠳᠠᠳᠤ᠎ᠶ᠋ᠢᠨ ᠰᠤᠷᠤᠯᠭ᠎ᠠ᠎ᠶ᠋ᠢᠨ ᠨᠠᠮᠲᠠᠷ᠎ᠲᠠᠢ ᠢᠦᠢ ᠯᠢ ᠬᠠᠢ ᠦᠢᠯᠡᠰ ᠪᠦᠲᠦᠭᠡᠬᠦ᠌ ᠬᠦᠰᠡᠯ ᠡᠪᠦᠷᠯᠡᠵᠦ᠍ ᠣᠯᠠᠨ ᠮᠣᠵᠢ ᠬᠤᠲᠠ᠎ᠶ᠋ᠢ ᠲᠣᠭᠤᠷᠢᠨ 7 ᠰᠠᠷ᠎ᠠ ᠭᠠᠷᠤᠶ ᠪᠠᠢᠴᠠᠭᠠᠨ ᠰᠤᠷᠤᠯᠴᠠᠵᠤ ᠯᠤᠳ ᠵᠢᠮᠢᠰ ᠲᠠᠷᠢᠬᠤ᠎ᠪᠠᠷ ᠵᠤᠷᠢᠭ ᠱᠢᠭᠤᠳᠴᠡᠢ᠃ ᠨᠤᠲᠤᠭ᠎ᠲᠠᠭᠠᠨ ᠬᠠᠷᠢᠵᠦ᠍ ᠢᠷᠡᠭ᠌ᠰᠡᠨ᠎ᠤ ᠳᠠᠷᠠᠭ᠎ᠠ᠂ 3 ᠲᠦᠮᠡᠨ ᠲᠥᠭᠦᠷᠢᠭ᠎ᠤᠨ ᠪᠡᠯᠡ ᠴᠤᠭ᠍ᠯᠠᠭᠤᠯᠵᠥ᠍ 2018 ᠣᠨ᠎ᠠᠴᠠ ᠯᠤᠳ ᠵᠢᠮᠢᠰ᠎ᠤᠨ ᠴᠢᠬᠢ᠎ᠶ᠋ᠢ ᠲᠤᠷᠱᠢᠵᠥ᠍ ᠪᠤᠢᠵᠢᠭᠤᠯᠵᠡᠢ᠃ ᠰᠠᠶᠢ ᠡᠬᠢᠯᠡᠬᠦ᠌᠎ᠳᠡᠭᠡᠨ 400 ᠭᠠᠷᠤᠶ ᠰᠠᠭᠤᠷᠢ ᠲᠤᠷᠱᠢᠠ ᠪᠤᠢᠵᠢᠭᠤᠯᠵᠥ᠍᠂ ᠵᠢᠮᠢᠰᠯᠡᠭ᠌ᠰᠡᠨ ᠵᠢᠮᠢᠰ᠎ᠢᠶᠠᠨ ᠲᠥᠷᠥᠯ ᠰᠠᠳᠤᠨ ᠨᠠᠢᠵᠠ ᠨᠥᠬᠦᠳ᠎ᠲᠡᠭᠡᠨ ᠬᠦᠷᠬᠡᠵᠥ᠍ ᠠᠮᠲᠠᠯᠠᠭᠤᠯᠤᠭ᠍ᠰᠠᠨ᠎ᠳᠤ ᠲᠤᠰᠭᠠᠯ ᠶᠡᠭᠡ ᠰᠠᠢᠨ ᠪᠣᠯᠬᠤᠷ ᠡᠨᠡ ᠵᠢᠯ 800 ᠭᠠᠷᠤᠢ ᠰᠠᠭᠤᠷᠢ ᠲᠠᠷᠢᠵᠡᠢ᠃ ᠬᠤᠶᠠᠷ ᠵᠢᠯ ᠭᠠᠷᠤᠶ᠎ᠶ᠋ᠢᠨ ᠴᠢᠷᠮᠠᠢᠯᠭ᠎ᠠ᠎ᠪᠠᠷ᠂ ᠢᠦᠶ ᠯᠢ ᠬᠠᠶ ᠯᠤᠳ ᠵᠢᠮᠢᠰ ᠲᠡᠷᠢᠵᠥ᠍ ᠪᠤᠢᠵᠢᠭᠤᠯᠬᠤ ᠴᠢᠳᠠᠪᠤᠷᠢᠲᠠᠨ ᠪᠣᠯᠵᠤ᠂ ᠣᠳᠣ ᠲᠡᠭᠦᠨ᠎ᠤ ᠵᠢᠮᠢᠰ᠎ᠤᠨ ᠬᠦᠯᠡᠮᠵᠢ᠎ᠶ᠋ᠢᠨ ᠲᠠᠯᠠᠪᠠᠶ ᠥᠷᠭᠡᠵᠢᠵᠦ᠍᠂ ᠪᠣᠷᠣᠯᠠᠭᠤᠯᠭ᠎ᠠ᠎ᠶ᠋ᠢᠨ ᠠᠷᠭ᠎ᠠ ᠵᠠᠮ᠎ᠨᠢ ᠴᠦ᠍ ᠣᠯᠠᠨ ᠡᠱᠢᠵᠢᠨ ᠬᠥᠭ᠌ᠵᠢᠵᠥ᠍ ᠪᠠᠢᠨ᠎ᠠ᠃

 

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号