ᠬᠦᠬᠡᠬᠡ ᠡᠪᠦᠯ᠎ᠤᠨ ᠠᠯᠠᠱᠠ ᠨᠤᠲᠤᠭ ᠮᠦᠡᠭ᠌ᠬᠦᠨ ᠭᠤᠶᠤᠯᠠᠯ᠎ᠢᠶᠠᠷ ᠴᠢᠮᠡᠵᠦ᠍᠂ ᠬᠦᠢᠳᠡᠨ᠎ᠤ ᠡᠷᠴᠢ ᠴᠢᠩᠭᠠᠷᠠᠵᠦ᠍ ᠪᠠᠢᠯ᠎ᠠ᠂ ᠬᠡᠪᠡᠴᠦ᠍ ᠠᠯᠠᠱᠠ ᠠᠢᠮᠠᠬ᠎ᠤᠨ ᠤᠢ ᠱᠢᠭᠤᠢ ᠪᠠ ᠨᠤᠲᠤᠭ ᠪᠡᠯᠴᠢᠭᠡᠷ᠎ᠤᠨ ᠲᠤᠪᠴᠢᠶ᠎ᠠ᠎ᠶ᠋ᠢᠨ ᠡᠯᠡᠰᠦ᠎ᠶ᠋ᠢ ᠵᠠᠰᠠᠵᠦ᠍ ᠤᠢ᠍ᠢᠵᠢᠭᠤᠯᠬᠤ ᠰᠠᠯᠠᠭ᠎ᠠ᠎ᠶ᠋ᠢᠨ ᠲᠠᠷᠤᠭ᠎ᠠ ᠭᠤᠤ ᠯᠢ ᠫᠢᠩ᠎ᠤᠨ ᠠᠵᠢᠯ᠎ᠢᠶᠠᠨ ᠭᠡᠵᠦ᠍ ᠲᠡᠮᠡᠦᠯᠬᠦ᠌ ᠬᠠᠯᠠᠭᠤᠨ ᠰᠡᠳᠭᠢᠯ᠎ᠢ ᠶᠡᠷᠦ᠎ᠨᠢ ᠬᠤᠷᠢᠬ᠍ᠯᠠᠵᠦ᠍ ᠴᠢᠲᠠᠭ᠎ᠠ ᠦᠬᠡᠢ᠃ ᠡᠨᠡ ᠬᠡᠲᠦᠨ ᠡᠲᠦᠷ᠂ ᠲᠡᠷᠡ ᠬᠤᠱᠢᠭᠤ ᠲᠤᠭᠤᠷᠢᠭ᠎ᠤᠨ ᠡᠯᠡᠰᠦ᠎ᠶ᠋ᠢ ᠰᠡᠷᠭᠡᠢᠯᠡᠵᠦ᠍ ᠡᠯᠡᠰᠦ᠎ᠶ᠋ᠢ ᠵᠠᠰᠠᠬᠤ ᠲᠦᠷᠦᠯ ᠵᠦᠢᠯ᠎ᠢ ᠭᠡᠷᠡᠭ᠌ᠵᠢᠬᠦᠯᠬᠦ᠌᠎ᠳᠤ ᠭᠡᠷᠡᠭ᠌ᠰᠡᠬᠦ᠌ ᠭᠠᠵᠠᠷ ᠪᠠ ᠵᠤᠬᠢᠶᠠᠨ ᠪᠠᠢᠭᠤᠯᠤᠯᠲᠠ᠎ᠶ᠋ᠢᠨ ᠤᠷᠤᠨ ᠲᠤᠭ᠎ᠠ᠎ᠶ᠋ᠢ ᠦᠪᠡᠷᠳᠡᠭᠡᠨ ᠵᠠᠰᠠᠬᠤ ᠤᠷᠤᠨ᠎ᠤ ᠤᠢ ᠱᠢᠭᠤᠢ ᠲᠠᠯ᠎ᠠ ᠨᠤᠲᠤᠭ᠎ᠤᠨ ᠰᠠᠯᠠᠭ᠎ᠠ ᠮᠦᠴᠢᠷ᠎ᠤᠨ ᠲᠦᠷᠦᠯ ᠵᠦᠢᠯ ᠭᠡᠷᠡᠭ᠌ᠵᠢᠬᠦᠯᠬᠦ᠌ ᠲᠦᠰᠦᠯ᠎ᠳᠤ ᠮᠡᠳᠡᠬᠦᠯᠦᠭᠡᠳ ᠶᠠᠭᠠᠷᠠᠵᠦ᠍ ᠪᠠᠢᠯ᠎ᠠ᠃ 《ᠡᠯᠡᠰᠦ ᠵᠠᠰᠠᠵᠦ᠍ ᠤᠢ᠍ᠢᠵᠢᠭᠤᠯᠬᠤ ᠪᠤᠯ ᠬᠤᠢᠴᠢ ᠦᠶ᠎ᠡ᠎ᠳᠡᠭᠡᠨ ᠪᠤᠶᠠᠨ ᠦᠢᠯᠡᠳᠴᠦ᠍ ᠪᠠᠢᠭ᠎ᠠ ᠠᠵᠢᠯ ᠪᠤᠯᠤᠨ᠎ᠠ᠂ ᠡᠷᠭᠡᠪᠰᠢ ᠵᠢᠯ᠎ᠠᠴᠠ ᠡᠮᠦᠨ᠎ᠡ ᠲᠤᠬᠢᠷᠠᠭᠤᠯᠵᠦ᠍᠂ ᠨᠠᠷᠢᠯᠢᠭ ᠵᠦᠢᠯᠡᠰ᠎ᠢ ᠰᠠᠢᠲᠦᠷ ᠪᠤᠲᠤᠯᠬᠢᠯᠠᠬ᠍ᠰᠠᠨ ᠪᠠᠢᠬᠤ ᠭᠡᠷᠡᠭ᠌ᠳᠡᠢ》 ᠭᠡᠵᠦ᠍ ᠭᠤᠤ ᠯᠢ ᠫᠢᠩ ᠶᠠᠷᠢᠨ᠎ᠠ᠃
ᠡᠨᠡ ᠵᠢᠯ 51 ᠨᠠᠰᠤᠲᠠᠢ ᠭᠤᠤ ᠯᠢ ᠫᠢᠩ ᠠᠯᠠᠱᠠ᠎ᠶ᠋ᠢᠨ ᠠᠮᠢ ᠠᠬᠤᠢ᠎ᠶ᠋ᠢᠨ ᠬᠠᠮᠠᠭᠠᠯᠠᠯᠲᠠ ᠪᠦᠳᠦᠭᠡᠨ ᠪᠠᠢᠭᠤᠯᠤᠯᠲᠠ᠎ᠶ᠋ᠢᠨ ᠠᠵᠢᠯ᠎ᠳᠤ ᠨᠢᠬᠡᠨᠳᠡ 30 ᠭᠠᠷᠤᠢ ᠵᠢᠯ ᠵᠢᠳᠬᠦᠵᠡᠢ᠃ 1991 ᠤᠨ᠎ᠳᠤ ᠲᠡᠷᠡ ᠰᠤᠷᠭᠠᠭᠤᠯᠢ ᠲᠡᠬᠦᠰᠦᠭᠡᠳ ᠠᠯᠠᠱᠠ ᠠᠢᠮᠠᠭ᠎ᠤᠨ ᠤᠢ ᠱᠢᠭᠤᠢ ᠡᠯᠡᠰᠦ ᠵᠠᠰᠠᠬᠤ ᠰᠤᠲᠤᠯᠭᠠᠠᠤ ᠲᠠᠰᠤᠭ᠎ᠲᠤ ᠬᠤᠪᠢᠶᠠᠬ᠍ᠲᠠᠵᠦ᠍᠂ ᠤᠢ ᠱᠢᠭᠤᠢ᠎ᠶ᠋ᠢᠨ ᠱᠢᠨᠵᠢᠯᠡᠬᠦ᠌ ᠤᠬᠠᠭᠠᠨ᠎ᠤ ᠰᠤᠲᠤᠯᠭᠠᠨ᠂ ᠮᠡᠷᠭᠡᠵᠢᠯ ᠲᠦᠭᠡᠮᠡᠯᠵᠢᠬᠦᠯᠬᠦ᠂ ᠲᠦᠯᠦᠪᠵᠢᠬᠦᠯᠵᠦ᠍ ᠲᠦᠯᠦᠪᠯᠡᠬᠦ᠌ ᠵᠡᠷᠭᠡ ᠲᠤᠰᠭᠠᠢ ᠮᠡᠷᠭᠡᠵᠢᠯ᠎ᠤᠨ ᠠᠵᠢᠯ ᠪᠠ ᠱᠢᠨᠵᠢᠯᠡᠬᠦ᠌ ᠤᠬᠠᠭᠠᠨ᠎ᠤ ᠰᠤᠲᠤᠯᠭᠠᠨ᠎ᠤ ᠬᠠᠮᠢᠶᠠᠷᠤᠯᠲᠠ᠎ᠶ᠋ᠢᠨ ᠠᠵᠢᠯ᠎ᠢ ᠬᠤᠪᠢᠲᠠᠨ ᠬᠢᠭ᠌ᠰᠡᠨ ᠪᠠᠢᠨ᠎ᠠ᠃ ᠰᠤᠲᠤᠯᠭᠠᠨ᠎ᠤ ᠲᠠᠰᠤᠭ᠎ᠲᠤ ᠠᠵᠢᠯᠯᠠᠵᠦ᠍ ᠪᠠᠢᠬ᠍ᠰᠠᠨ ᠬᠤᠭᠤᠴᠠᠭᠠᠨ᠎ᠳᠠᠭᠠᠨ ᠲᠡᠷᠡ ᠪᠠᠰᠠ 《ᠠᠯᠠᠱᠠ᠎ᠶ᠋ᠢᠨ ᠭᠠᠩ ᠬᠠᠭᠤᠷᠠᠢ ᠴᠦᠯᠯᠡᠷᠭᠡᠭ ᠡᠯᠡᠰᠦᠷᠭᠡᠭ ᠤᠷᠤᠨ᠎ᠤ ᠴᠢᠯᠠᠭᠤᠯᠢᠭ ᠬᠤᠪᠠᠭ᠍ᠠᠢ ᠠᠭᠤᠯᠠ᠎ᠶ᠋ᠢ ᠤᠢ᠍ᠢᠵᠢᠭᠤᠯᠬᠤ ᠮᠡᠷᠭᠡᠵᠢᠯ᠎ᠤᠨ ᠲᠤᠷᠱᠢᠯᠲᠠ᠎ᠶ᠋ᠢᠨ ᠵᠢᠱ᠌ᠢᠶ᠎ᠡ ᠦᠵᠡᠬᠦᠯᠬᠦ᠌ ᠰᠤᠲᠤᠯᠭᠠᠨ》᠂ 《ᠠᠯᠠᠱᠠ ᠦᠨᠲᠦᠷᠯᠢᠭ ᠲᠡᠭᠡᠷ᠎ᠡ ᠨᠢᠰᠭᠡᠯ᠎ᠢᠶᠠᠷ ᠤᠢ᠍ᠢᠵᠢᠭᠤᠯᠬᠤ᠂ ᠠᠭᠤᠯᠠ᠎ᠶ᠋ᠢ ᠪᠢᠳᠡᠬᠦᠮᠵᠢᠯᠡᠨ ᠤᠢ᠍ᠢᠵᠢᠭᠤᠯᠬᠤ᠂ ᠤᠷᠭᠤᠮᠠᠯ᠎ᠤᠨ ᠪᠦᠷᠭᠦᠴᠠ᠎ᠶ᠋ᠢ ᠰᠡᠷᠬᠦᠭᠡᠬᠦ᠌ ᠮᠡᠷᠭᠡᠵᠢᠯ᠎ᠤᠨ ᠰᠤᠲᠤᠯᠭᠠᠨ》᠂ 《ᠴᠠᠭᠠᠨ ᠭᠤᠶᠤᠤ᠎ᠶ᠋ᠢ ᠬᠦᠮᠦᠨ᠎ᠤ ᠬᠦᠴᠦ᠎ᠪᠠᠷ ᠡᠷᠯᠢᠰᠠᠵᠢᠬᠦᠯᠬᠦ᠌ ᠶᠡᠷᠦᠩᠭᠡᠢᠯᠡᠭ᠌ᠰᠡᠨ ᠢᠵᠢ ᠲᠦᠬᠦᠷᠵᠢᠬᠦᠯᠦᠭ᠌ᠰᠡᠨ ᠮᠡᠷᠭᠡᠵᠢᠯ᠎ᠢ ᠲᠡᠯᠭᠡᠷᠡᠬᠦᠯᠬᠦ᠌》 ᠵᠡᠷᠭᠡ 16 ᠲᠦᠷᠦᠯ᠎ᠤᠨ ᠱᠢᠨᠵᠢᠯᠡᠬᠦ᠌ ᠤᠬᠠᠭᠠᠨ᠎ᠤ ᠰᠤᠲᠤᠯᠭᠠᠨ᠎ᠤ ᠰᠡᠲᠦᠪ᠎ᠤᠨ ᠰᠤᠲᠤᠯᠭᠠᠨ ᠪᠠ ᠮᠡᠷᠭᠡᠵᠢᠯ᠎ᠢ ᠲᠡᠯᠭᠡᠷᠡᠬᠦᠯᠬᠦ᠌ ᠠᠵᠢᠯ᠎ᠢ ᠤᠷᠢᠳ ᠬᠤᠵᠢᠳ ᠡᠷᠬᠢᠯᠡᠵᠦ᠍ ᠤᠷᠤᠯᠴᠠᠬ᠍ᠰᠠᠨ ᠪᠠᠢᠨ᠎ᠠ᠃
ᠤᠢ ᠱᠢᠭᠤᠢ᠎ᠶ᠋ᠢᠨ ᠱᠢᠨᠵᠢᠯᠡᠬᠦ᠌ ᠤᠬᠠᠭᠠᠨ᠎ᠤ ᠰᠤᠲᠤᠯᠭᠠᠨ᠂ ᠦᠢᠯᠡᠳᠪᠦᠷᠢᠯᠡᠯ᠎ᠢ ᠰᠠᠢᠲᠦᠷ ᠬᠢᠬᠦ᠌᠎ᠶ᠋ᠢᠨ ᠵᠡᠷᠭᠡ᠎ᠪᠠᠷ᠂ ᠭᠤᠤ ᠯᠢ ᠫᠢᠩ ᠦᠪᠡᠷ᠎ᠤᠨ ᠲᠤᠰᠭᠠᠢ ᠮᠡᠷᠭᠡᠵᠢᠯ᠎ᠤᠨ ᠲᠠᠪᠠᠭᠤᠯᠢᠭ᠎ᠢᠶᠠᠨ ᠬᠦᠢᠴᠡᠳ ᠪᠠᠲᠠᠷᠠᠭᠤᠯᠵᠦ᠍᠂ ᠨᠤᠲᠤᠭ᠎ᠤᠨ᠎ᠢᠶᠠᠨ ᠨᠤᠭᠤᠭᠠᠷᠠᠭᠤᠯᠤᠯᠲᠠ ᠤᠢ᠍ᠢᠵᠢᠭᠤᠯᠤᠯᠲᠠ᠎ᠶ᠋ᠢᠨ ᠠᠵᠢᠯ᠎ᠳᠤ ᠢᠳᠡᠪᠬᠢᠳᠡᠢ ᠤᠷᠤᠯᠴᠠᠬ᠍ᠰᠠᠭᠠᠷ ᠢᠷᠡᠵᠡᠢ᠃ ᠲᠡᠷᠡ ᠤᠷᠢᠳ ᠬᠤᠵᠢᠳ ᠠᠯᠠᠱᠠ ᠠᠢᠮᠠᠭ᠎ᠤᠨ ᠬᠤᠸᠠᠷᠠᠨ ᠱᠢᠯᠢ ᠠᠭᠤᠯᠠ᠎ᠶ᠋ᠢᠨ ᠡᠮᠦᠨ᠎ᠡ ᠬᠦᠲᠦᠯᠤᠨ ᠨᠤᠭᠤᠭᠠᠷᠠᠭᠤᠯᠤᠯᠲᠠ᠎ᠶ᠋ᠢᠨ ᠢᠨᠵᠧᠨᠧᠷᠢᠩ᠂ ᠦᠬᠠᠢ᠎ᠠᠴᠠ ᠪᠠᠶᠠᠨᠬᠤᠲᠠ ᠬᠦᠷᠬᠦ᠌ ᠨᠢᠬᠡᠲᠦᠭᠡᠷ ᠲᠡᠰ᠎ᠤᠨ ᠵᠠᠰᠠᠮᠠᠯ ᠵᠠᠮ᠎ᠤᠨ ᠨᠤᠭᠤᠭᠠᠷᠠᠭᠤᠯᠤᠯᠲᠠ᠎ᠶ᠋ᠢᠨ ᠢᠨᠵᠧᠨᠧᠷᠢᠩ ᠵᠡᠷᠭᠡ 20 ᠭᠠᠷᠤᠢ ᠢᠨᠵᠧᠨᠧᠷᠢᠩ᠎ᠤᠨ ᠵᠠᠬ᠍ᠪᠦᠷ ᠲᠦᠯᠦᠪᠯᠡᠭᠡ᠎ᠶ᠋ᠢ ᠤᠷᠢᠳ ᠬᠤᠵᠢᠳ ᠡᠷᠬᠢᠯᠡᠵᠦ᠍᠂ ᠨᠤᠭᠤᠭᠠᠷᠠᠭᠤᠯᠤᠬ᠍ᠰᠠᠨ ᠪᠦᠬᠦ᠌ ᠲᠠᠯᠠᠪᠠᠢ᠎ᠨᠢ 65 ᠲᠦᠮᠡᠨ ᠲᠡᠭ᠌ᠰᠢ ᠲᠦᠷᠪᠡᠯᠵᠢᠨ ᠮᠧᠳ᠋ᠷ ᠲᠠᠯᠠᠪᠠᠢ᠎ᠳᠤ ᠬᠦᠷᠦᠭ᠌ᠰᠡᠨ ᠪᠠᠢᠨ᠎ᠠ᠃
2017 ᠤᠨ᠎ᠳᠤ᠂ ᠭᠤᠤ ᠯᠢ ᠫᠢᠩ ᠠᠯᠠᠱᠠ ᠠᠢᠮᠠᠭ᠎ᠤᠨ ᠤᠢ ᠱᠢᠭᠤᠢ᠎ᠶ᠋ᠢᠨ ᠲᠤᠪᠴᠢᠶ᠎ᠠ᠎ᠶ᠋ᠢᠨ ᠡᠯᠡᠰᠦ᠎ᠶ᠋ᠢ ᠵᠠᠰᠠᠵᠦ᠍ ᠤᠢ᠍ᠢᠵᠢᠭᠤᠯᠬᠤ ᠰᠠᠯᠠᠭ᠎ᠠ᠎ᠶ᠋ᠢᠨ ᠲᠠᠷᠤᠭ᠎ᠠ᠎ᠶ᠋ᠢᠨ ᠲᠤᠱᠢᠶᠠᠯ᠎ᠢ ᠡᠬᠦᠷᠭᠡᠯᠡᠵᠦ᠍᠂ ᠨᠡᠩ ᠤᠷᠬᠢᠯᠤᠮ᠎ᠠ ᠬᠠᠯᠠᠭᠤᠨ ᠰᠡᠳᠭᠢᠯᠬᠡ᠎ᠪᠠᠷ ᠦᠨᠲᠦᠰᠦᠨ ᠱᠠᠲᠦᠨ᠎ᠤ ᠠᠵᠢᠯ᠎ᠳᠤ ᠱᠢᠭᠤᠷᠬᠠᠢᠯᠠᠵᠠᠢ᠃ ᠤᠢ᠍ᠢᠵᠢᠭᠤᠯᠤᠯᠲᠠ᠎ᠶ᠋ᠢᠨ ᠠᠵᠢᠯ ᠲᠤᠮᠲᠠ᠂ ᠵᠢᠯ ᠪᠦᠷᠢ ᠡᠯ᠎ᠡ ᠵᠦᠢᠯ᠎ᠤᠨ ᠤᠢ᠍ᠢᠵᠢᠭᠤᠯᠬᠤ ᠦᠢᠯᠡᠳᠪᠦᠷᠢᠯᠡᠬᠦ᠌ ᠡᠬᠦᠷᠭᠡ᠎ᠪᠠᠨ ᠲᠠᠪᠠᠭᠤᠯᠤᠨ ᠪᠡᠶᠡᠯᠡᠬᠦᠯᠵᠦ᠍᠂ 2017 ᠤᠨ᠎ᠠᠴᠠ 2019 ᠤᠨ ᠪᠤᠯᠲᠠᠯ᠎ᠠ ᠪᠦᠬᠦ᠌ ᠠᠢᠮᠠᠭ᠎ᠤᠨ ᠤᠢ᠍ᠢᠵᠢᠭᠤᠯᠵᠦ᠍ ᠦᠢᠯᠡᠳᠪᠦᠷᠢᠯᠡᠬᠦ᠌ ᠡᠬᠦᠷᠭᠡ᠎ᠶ᠋ᠢ 3 ᠵᠢᠯ ᠲᠠᠷᠠᠭᠠᠯᠠᠨ ᠵᠢᠯ ᠪᠦᠷᠢ 200 ᠲᠦᠮᠡᠨ ᠮᠦ᠍᠎ᠶ᠋ᠢ ᠲᠠᠪᠠᠭᠤᠯᠵᠦ᠍᠂ ᠡᠯᠡᠰᠦ᠎ᠶ᠋ᠢ ᠰᠡᠷᠭᠡᠢᠯᠡᠵᠦ᠍ ᠡᠯᠡᠰᠦ᠎ᠶ᠋ᠢ ᠵᠠᠰᠠᠬᠤ ᠪᠠ ᠠᠮᠢ ᠠᠬᠤᠢ᠎ᠶ᠋ᠢᠨ ᠵᠠᠰᠠᠯᠲᠠ᠎ᠶ᠋ᠢᠨ ᠠᠵᠢᠯ᠎ᠨᠢ ᠪᠦᠬᠦ᠌ ᠤᠷᠤᠨ᠎ᠤ ᠡᠮᠦᠨᠡᠬᠦᠷ ᠵᠢᠬ᠍ᠰᠠᠭᠠᠭ᠍ᠲᠠᠬ᠍ᠰᠠᠨ ᠪᠠᠢᠨ᠎ᠠ᠃ ᠬᠡᠲᠦᠨ ᠵᠢᠯ᠎ᠤᠨ ᠲᠤᠷᠰᠢ᠂ ᠬᠦᠮᠦᠨ᠎ᠤ ᠬᠦᠴᠦ᠎ᠪᠠᠷ ᠲᠠᠷᠢᠬ᠍ᠰᠠᠨ ᠵᠠᠭ ᠮᠤᠲᠤ᠎ᠶ᠋ᠢᠨ ᠬᠡᠪᠴᠢᠶᠡᠵᠢᠯ᠎ᠨᠢ 651.3 ᠲᠦᠮᠡᠨ ᠮᠦ᠍ ᠬᠦᠷᠴᠦ᠍᠂ ᠬᠦᠮᠦᠨ᠎ᠤ ᠬᠦᠴᠦ᠎ᠪᠠᠷ ᠡᠷᠯᠢᠰᠠᠵᠢᠬᠦᠯᠦᠭ᠌ᠰᠡᠨ ᠴᠠᠭᠠᠨ ᠭᠤᠶᠤᠤ᠎ᠨᠢ 79.2 ᠲᠦᠮᠡᠨ ᠮᠦ᠍᠂ ᠬᠦᠮᠦᠨ᠎ᠤ ᠬᠦᠴᠦ᠎ᠪᠠᠷ ᠲᠠᠷᠢᠬ᠍ᠰᠠᠨ ᠤᠯᠠᠭᠠᠨ ᠭᠤᠶᠤᠤ᠎ᠨᠢ 24.5 ᠲᠦᠮᠡᠨ ᠮᠦ᠍ ᠲᠤᠯᠵᠦ᠍᠂ ᠵᠢᠮᠢᠰ ᠲᠠᠷᠢᠬ᠍ᠰᠠᠨ ᠬᠡᠪᠴᠢᠶᠡᠵᠢᠯ᠎ᠨᠢ 7.62 ᠲᠦᠮᠡᠨ ᠮᠦ᠍᠎ᠳᠤ ᠬᠥᠷᠴᠠᠢ᠂ ᠡᠳᠡᠭᠡᠷ ᠤᠢ᠍ᠢᠵᠢᠭᠤᠯᠤᠯᠲᠠ ᠨᠤᠭᠤᠭᠠᠷᠠᠭᠤᠯᠤᠯᠲᠠ᠎ᠶ᠋ᠢᠨ ᠠᠵᠢᠯ᠎ᠳᠤ ᠨᠡᠢᠳᠡ 3000 ᠭᠠᠷᠤᠢ ᠡᠷᠦᠭᠡ᠂ 9700 ᠭᠠᠷᠤᠢ ᠮᠠᠯᠴᠢᠨ ᠲᠠᠷᠢᠶᠠᠴᠢᠨ ᠤᠷᠤᠯᠴᠠᠵᠦ᠍᠂ 305 ᠶᠠᠲᠠᠭᠤ ᠬᠦᠴᠢᠷᠳᠡᠯᠳᠡᠢ ᠡᠷᠦᠬᠡ᠎ᠶ᠋ᠢᠨ 512 ᠶᠠᠲᠠᠭᠤ ᠬᠦᠴᠢᠷᠳᠡᠯᠳᠡᠢ ᠤᠯᠠᠨ ᠲᠦᠮᠡᠨ ᠲᠤᠮᠲᠠ᠎ᠠᠴᠠ᠎ᠨᠢ ᠠᠱᠢᠭ ᠬᠦᠷᠳᠡᠵᠦ᠍᠂ ᠡᠯᠡᠰᠦᠷᠭᠡᠭ ᠤᠷᠤᠨ᠎ᠤ ᠮᠠᠯᠴᠢᠨ ᠲᠠᠷᠢᠶᠠᠴᠢᠨ᠎ᠤ ᠤᠷᠲᠤ ᠬᠤᠭᠤᠴᠠᠭᠠᠨ᠎ᠤ ᠲᠤᠷᠱᠢᠬᠢ ᠤᠷᠤᠯᠭ᠎ᠠ᠎ᠶ᠋ᠢᠨ ᠨᠡᠮᠡᠭ᠌ᠳᠡᠯ᠎ᠳᠤ ᠪᠠᠲᠤᠲᠠᠢ ᠰᠠᠭᠤᠷᠢ ᠲᠠᠯᠪᠢᠵᠦ᠍ ᠦᠭ᠌ᠬᠦᠭ᠌ᠰᠡᠨ ᠪᠠᠢᠨ᠎ᠠ᠃
ᠤᠯᠠᠨ ᠵᠢᠯ᠎ᠤᠨ ᠲᠤᠷᠰᠢ᠂ ᠭᠤᠤ ᠯᠢ ᠫᠢᠩ ᠠᠯᠠᠱᠠ ᠠᠢᠮᠠᠭ᠎ᠤᠨ ᠤᠢ᠍ᠢᠵᠢᠭᠤᠯᠤᠯᠲᠠ ᠨᠤᠭᠤᠭᠠᠷᠠᠭᠤᠯᠤᠯᠲᠠ᠎ᠶ᠋ᠢᠨ ᠠᠵᠢᠯ᠎ᠳᠤ ᠴᠢᠷᠮᠠᠢᠨ ᠠᠵᠢᠯᠯᠠᠵᠦ᠍᠂ ᠮᠠᠰᠢ ᠤᠯᠠᠨ ᠢᠷᠠᠭᠤ ᠠᠯᠲᠠᠷ ᠬᠦ᠍ᠷᠳᠡᠭ᠌ᠰᠡᠨ ᠪᠠᠢᠨ᠎ᠠ᠃ 2000 ᠤᠨ᠎ᠳᠤ ᠦᠪᠡᠷᠳᠡᠭᠡᠨ ᠵᠠᠰᠠᠬᠤ ᠤᠷᠤᠨ᠎ᠤ ᠤᠢ ᠱᠢᠭᠤᠢ᠎ᠶ᠋ᠢᠨ ᠰᠤᠲᠤᠯᠭᠠᠨ᠎ᠤ ᠨᠡᠢᠬᠡᠮᠯᠢᠭ᠂ ᠦᠪᠡᠷᠳᠡᠭᠡᠨ ᠵᠠᠰᠠᠬᠤ ᠤᠷᠤᠨ᠎ᠤ ᠤᠢ ᠱᠢᠭᠤᠢ᠎ᠶ᠋ᠢᠨ ᠲᠢᠩᠬᠢᠮ᠎ᠠᠴᠠ ᠲᠡᠬᠦᠨ᠎ᠳᠤ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠭᠤᠷᠪᠠᠲᠤᠭᠠᠷ ᠬᠤᠭᠤᠴᠠᠭᠠᠨ᠎ᠤ ᠤᠢ ᠱᠢᠭᠤᠢ᠎ᠶ᠋ᠢᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠵᠠᠯᠠᠭᠤᠴᠤᠳ᠎ᠤᠨ ᠱᠠᠩᠨᠠᠯ᠎ᠢ ᠬᠦᠷᠳᠡᠭᠡᠵᠦ᠍᠂ 2014 ᠤᠨ᠎ᠳᠤ ᠦᠪᠡᠷᠳᠡᠭᠡᠨ ᠵᠠᠰᠠᠬᠤ ᠤᠷᠤᠨ᠎ᠤ ᠨᠠᠮ᠎ᠤᠨ ᠬᠤᠷᠢᠶ᠎ᠠ᠎ᠶ᠋ᠢᠨ ᠵᠤᠬᠢᠶᠠᠨ ᠪᠠᠢᠭᠤᠯᠬᠤ ᠬᠡᠯᠳᠡᠰ᠎ᠠᠴᠠ ᠲᠡᠬᠦᠨ᠎ᠳᠤ ᠦᠪᠡᠷᠳᠡᠭᠡᠨ ᠵᠠᠰᠠᠬᠤ ᠤᠷᠤᠨ᠎ᠤ ᠱᠢᠯᠢᠳᠡᠭ ᠡᠪ ᠬᠠᠮᠲᠦ ᠨᠠᠮ᠎ᠤᠨ ᠬᠡᠱᠢᠬᠦᠨ᠎ᠤ ᠢᠷᠠᠭᠤ ᠠᠯᠲᠠᠷ᠎ᠢ ᠬᠦᠷᠳᠡᠭᠡᠭ᠌ᠰᠡᠨ ᠪᠠᠢᠨ᠎ᠠ᠃ ᠲᠡᠷᠡ ᠪᠠᠰᠠ ᠬᠡᠲᠦᠨ ᠵᠢᠯ ᠲᠠᠷᠠᠭᠠᠯᠠᠨ ᠠᠯᠠᠱᠠ ᠠᠢᠮᠠᠭ᠎ᠤᠨ ᠤᠢ ᠱᠢᠭᠤᠢ᠎ᠶ᠋ᠢᠨ ᠱᠢᠰᠲ᠋ᠧᠮ᠎ᠤᠨ ᠲᠡᠷᠢᠬᠦᠨ᠎ᠤ ᠠᠵᠢᠯᠲᠠᠨ᠂ ᠱᠢᠯᠢᠳᠡᠭ ᠠᠯᠪᠠᠲᠠᠨ᠂ ᠱᠢᠯᠢᠳᠡᠭ ᠡᠪ ᠬᠠᠮᠲᠦ ᠨᠠᠮ᠎ᠤᠨ ᠬᠡᠱᠢᠬᠦᠨ᠎ᠢᠶᠠᠷ ᠦᠨᠡᠯᠡᠭ᠌ᠳᠡᠭ᠌ᠰᠡᠨ ᠪᠠᠢᠨ᠎ᠠ᠃
《ᠭᠤᠪᠢ ᠨᠤᠲᠤᠭ᠎ᠲᠤ ᠠᠮᠢᠲᠤᠷᠠᠲᠠᠭ ᠬᠦᠮᠦᠰ ᠪᠦᠷ ᠨᠤᠭᠤᠭᠠᠨ ᠦᠡᠭ᠌ᠭᠡ᠎ᠳᠤ ᠲᠤᠷᠠᠲᠠᠢ ᠪᠠᠢᠲᠠᠭ᠃ ᠪᠢ ᠦᠪᠡᠷ᠎ᠤᠨ ᠲᠤᠰᠭᠠᠢ ᠮᠡᠷᠭᠡᠵᠢᠯ᠎ᠤᠨ ᠲᠠᠪᠠᠭᠤᠯᠢᠭᠢᠶᠠᠷᠢᠶᠠᠨ ᠠᠯᠠᠱᠠ ᠨᠤᠲᠤᠬ᠎ᠤᠨ ᠨᠤᠭᠤᠭᠠᠷᠠᠭᠤᠯᠤᠯᠲᠠ᠎ᠶ᠋ᠢᠨ ᠦᠢᠯᠡᠰ᠎ᠲᠤ ᠦᠷᠬᠦᠯᠵᠢᠯᠡᠨ ᠬᠤᠪᠢ ᠨᠡᠮᠡᠷᠢ᠎ᠪᠠᠨ ᠦᠵᠡᠬᠦᠯᠦᠨ᠎ᠡ》 ᠭᠡᠵᠦ᠍ ᠭᠤᠤ ᠯᠢ ᠫᠢᠩ ᠶᠠᠷᠢᠨ᠎ᠠ᠃