ᠬᠥᠬᠡᠬᠤᠲᠠ᠎ᠶ᠋ᠢᠨ ᠦᠴᠤᠸᠠᠨ ᠱᠢᠶᠠᠨ᠎ᠤ ᠪᠠᠷᠠᠭᠤᠨ ᠤᠯᠠᠭᠠᠨᠪᠤᠯᠠᠭ ᠪᠠᠯᠭᠠᠰᠤᠨ᠎ᠤ ᠰᠧ ᠳ᠋ᠡ ᠶᠦᠩ ᠲᠣᠰᠭᠤᠨ᠎ᠳᠤ᠂ ᠬᠡᠳᠦ᠋ᠢᠪᠡᠷ ᠨᠠᠮᠤᠷ᠎ᠤᠨ ᠬᠤᠷᠢᠶᠠᠯᠲᠠ ᠡᠪᠦᠯ᠎ᠤᠨ ᠨᠦᠬᠡᠴᠡ᠎ᠶ᠋ᠢᠨ ᠠᠵᠢᠯ ᠠᠯᠢ ᠡᠷᠲᠡ ᠳᠠᠭᠤᠰᠤᠭ᠍ᠰᠠᠨ ᠪᠣᠯᠪᠠᠴᠤ᠌ ᠠᠷᠤ ᠠᠭᠤᠯᠠᠨ᠎ᠳᠤ ᠪᠠᠭᠤᠭ᠍ᠰᠠᠨ ᠶᠡᠭᠡ ᠴᠠᠰᠤ ᠨᠢᠭᠡ ᠵᠢᠯ᠎ᠤᠨ ᠬᠤᠷᠢᠶᠠᠯᠳᠠ ᠬᠢᠭᠡᠳ ᠬᠥᠳᠡᠯᠮᠦᠷᠢ᠎ᠶ᠋ᠢ ᠪᠦᠬᠦᠨ᠎ᠢ ᠲᠠᠷᠤᠴᠢᠬᠠᠵᠠᠢ᠃ ᠬᠠᠷᠢᠨ ᠲᠡᠭᠡᠬᠦ᠌᠎ᠳᠤ ᠤᠮᠠᠷᠠᠲᠤ ᠣᠷᠣᠨ᠎ᠤ ᠡᠪᠦᠯ ᠬᠡᠵᠤ ᠶᠠᠰᠤ ᠶᠠᠩᠭᠢᠨᠠᠭᠤᠯᠤᠮᠠ ᠪᠠᠢᠭ᠍ᠰᠠᠨ ᠴᠤ᠌᠂ ᠶᠠᠳᠠᠭᠤ᠎ᠠᠴᠠ ᠠᠩᠭᠢᠵᠢᠷᠠᠭ᠍ᠰᠠᠨ ᠡᠷᠦᠬᠡ ᠴᠢᠶᠣᠤ ᠯᠢᠶᠠᠨ ᠸᠠᠩ᠎ᠤᠨ ᠴᠢᠷᠠᠢ᠎ᠳᠠᠬᠢ ᠮᠦᠱᠢᠶᠡᠳᠦ ᠡᠰᠡᠨᠢᠯ ᠲᠡᠭ᠌ᠵᠢᠷᠠᠯᠢᠶᠠᠷ ᠪᠢᠯᠬᠠᠭ᠍ᠰᠠᠨ ᠤᠷᠢᠬᠠᠨ ᠬᠠᠪᠤᠷ᠎ᠢ ᠰᠠᠨᠠᠭ᠍ᠳᠠᠭᠤᠯᠤᠨ᠎ᠠ᠃
《ᠮᠢᠨᠦ᠍ ᠲᠠᠷᠢᠭ᠍ᠰᠠᠨ ᠨᠠᠩᠭᠢ ᠴᠠᠭᠠᠨ᠎ᠤ ᠮᠦ᠍ ᠪᠦᠷᠢ᠎ᠶ᠋ᠢᠨ ᠤᠨᠠᠯᠲᠠ ᠤᠤᠯ᠎ᠨᠢ 2000 ᠵᠢᠩ ᠪᠠᠢᠭ᠍ᠰᠠᠨ᠎ᠠᠴᠠ᠎ᠪᠠᠨ ᠨᠡᠮᠡᠭ᠌ᠳᠡᠭᠡᠳ ᠵᠢᠷᠭᠤᠭ᠎ᠠ ᠳᠣᠯᠣᠭᠠᠨ ᠮᠢᠩᠭᠠᠨ ᠵᠢᠩ᠎ᠳᠤ ᠬᠦᠷᠴᠦ᠍᠂ ᠮᠦ᠍ ᠪᠦᠷᠢ᠎ᠶ᠋ᠢᠨ ᠤᠨᠠᠯᠲᠠ ᠬᠡᠳᠦᠨ ᠳᠠᠬᠢᠨ ᠨᠡᠮᠡᠭ᠌ᠳᠡᠪᠡ᠂ ᠨᠡᠷᠡᠨ ᠬᠤᠸᠠᠷ᠂ ᠨᠠᠩᠭᠢ ᠴᠠᠭᠠᠨ᠎ᠤ ᠤᠷᠤᠯᠭ᠎ᠠ᠎ᠪᠠᠨ ᠨᠡᠢᠯᠡᠭᠦᠯᠪᠡᠯ ᠵᠢᠯ᠎ᠤᠨ ᠣᠷᠣᠯᠭ᠎ᠠ 10 ᠲᠦᠮᠡᠨ ᠲᠥᠭᠦᠷᠢᠭ᠎ᠢ ᠳᠠᠪᠠᠵᠦ᠍᠂ ᠨᠢᠭᠡᠨᠲᠡ ᠶᠠᠳᠠᠭᠤ᠎ᠠᠴᠠ᠎ᠪᠠᠨ ᠠᠩᠭᠢᠵᠢᠷᠠᠵᠠᠢ》 ᠭᠡᠵᠦ᠍ ᠱᠢᠨ᠎ᠡ ᠴᠠᠭ ᠦᠶ᠎ᠡ᠎ᠶ᠋ᠢᠨ ᠱᠢᠨ᠎ᠡ ᠠᠮᠢᠳᠤᠷᠠᠯ᠎ᠤᠨ ᠬᠦᠰᠡᠯ ᠡᠷᠡᠮᠡᠯᠵᠡᠯ᠎ᠢ ᠡᠪᠦᠷᠯᠡᠭ᠌ᠰᠡᠨ ᠴᠢᠶᠣᠤ ᠯᠢᠶᠠᠨ ᠸᠠᠩ ᠳᠤᠭ᠍ᠳᠤᠯᠤᠭ᠍ᠰᠠᠨ ᠰᠡᠳᠭᠢᠯᠭᠡ᠎ᠪᠠᠨ ᠳᠠᠷᠤᠵᠦ᠍ ᠶᠠᠳᠠᠨ᠎ᠠ᠃
ᠴᠢᠶᠣᠤ ᠯᠢᠶᠠᠨ ᠸᠠᠩ᠎ᠤᠨ᠎ᠬᠢᠨ ᠲᠩᠷᠢ᠎ᠶ᠋ᠢᠨ ᠴᠢᠷᠠᠢ᠎ᠶ᠋ᠢ ᠬᠠᠷᠠᠭ᠍ᠰᠠᠨ ᠠᠮᠢᠳᠤᠷᠠᠯ᠎ᠢᠶᠠᠨ ᠡᠴᠦᠰᠯᠡᠬᠦᠯᠵᠦ᠍᠂ ᠶᠠᠳᠠᠭᠤ᠎ᠠᠴᠠ ᠠᠩᠭᠢᠵᠢᠷᠠᠨ ᠴᠢᠨᠡᠭᠡᠯᠢᠭ᠌ᠵᠢᠬᠦ᠌ ᠵᠠᠮ᠎ᠢᠶᠠᠷ ᠵᠠᠮᠨᠠᠭ᠍ᠰᠠᠨ᠎ᠨᠢ ᠦᠴᠤᠸᠠᠨ ᠱᠢᠶᠠᠨ᠎ᠤ ᠲᠠᠷᠢᠶᠠᠯᠠᠩ᠎ᠤᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠲᠣᠪᠴᠢᠶᠠᠨ᠎ᠤ ᠳᠡᠳ᠋ ᠳᠠᠷᠤᠭ᠎ᠠ ᠨᠢᠶᠧ ᠱᠢᠶᠠᠩ ᠷᠦᠩ᠎ᠤᠨ ᠬᠠᠪᠰᠤᠷᠤᠯᠭ᠎ᠠ ᠳᠡᠮᠵᠢᠯᠭᠡ᠎ᠠᠴᠠ ᠰᠠᠯᠵᠦ᠍ ᠪᠤᠯᠤᠰᠢ ᠦᠭᠡᠢ ᠶᠤᠮ᠃
《ᠦᠴᠤᠸᠠᠨ ᠱᠢᠶᠠᠨ ᠭᠡᠬᠦ᠌᠎ᠪᠠᠷ ᠠᠷᠪᠠᠨ ᠵᠢᠯ᠎ᠤᠨ ᠶᠢᠰᠦ᠎ᠨᠢ ᠭᠠᠩᠳᠠᠵᠤ᠂ ᠣᠷᠣᠯᠭ᠎ᠠ᠎ᠨᠢ ᠲᠣᠭ᠍ᠲᠠᠪᠤᠷᠢ ᠦᠭᠡᠢ ᠭᠠᠵᠠᠷ ᠪᠤᠯᠬᠤ ᠶᠤᠮ᠂ ᠲᠠᠷᠢᠶᠠᠴᠢᠳ᠎ᠤᠨ ᠲᠠᠷᠢᠶ᠎ᠠ ᠲᠠᠷᠢᠬᠤ ᠬᠠᠮᠤᠭ᠎ᠤᠨ ᠶᠡᠭᠡ ᠬᠦᠰᠡᠯ ᠪᠣᠯ ᠬᠠᠭᠤᠷᠠᠢ ᠲᠠᠷᠢᠶ᠎ᠠ᠎ᠶ᠋ᠢ ᠤᠰᠤᠯᠠᠯᠳᠠ᠎ᠶ᠋ᠢᠨ ᠲᠠᠷᠢᠶ᠎ᠠ ᠪᠣᠯᠭᠠᠬᠤ ᠶᠠᠪᠤᠳᠠᠯ ᠪᠣᠯᠤᠨ᠎ᠠ᠂ ᠢᠡᠭ᠌ᠬᠢᠬᠦ᠌ᠨᠢ ᠭᠠᠩᠳᠠᠵᠤ ᠤᠰᠤᠲᠤᠪᠠᠴᠤ᠌ ᠬᠤᠷᠢᠶᠠᠯᠲᠠ᠎ᠶ᠋ᠢ ᠪᠠᠲᠤᠯᠠᠵᠤ ᠴᠢᠳᠠᠨ᠎ᠠ》 ᠭᠡᠵᠦ᠍ ᠨᠢᠶᠧ ᠱᠢᠶᠠᠩ ᠷᠦᠩ ᠶᠠᠷᠢᠨ᠎ᠠ᠃
ᠴᠢᠶᠣᠤ ᠯᠢᠶᠠᠨ ᠸᠠᠩ ᠥᠪᠡᠷ᠎ᠢᠶᠠᠨ 150 ᠮᠥ᠍ ᠲᠠᠷᠢᠶ᠎ᠡ ᠳᠠᠷᠢᠪᠠ᠂ ᠤᠰᠤᠨ ᠠᠱᠢᠬ᠍ᠯᠠᠯᠲᠠ᠎ᠶ᠋ᠢᠨ ᠰᠠᠭᠤᠷᠢ ᠨᠥᠬᠦᠴᠡᠯ ᠠᠨᠠᠢ᠂ ᠴᠠᠬᠢᠯᠭᠠᠨ ᠬᠦᠴᠦᠨ᠎ᠤ ᠢᠵᠢ ᠪᠥᠷᠢᠳᠦᠭᠦᠯᠦᠯᠲᠡ ᠪᠦᠷᠢᠨ ᠪᠤᠰᠤ᠂ ᠪᠠᠯᠠ ᠣᠷᠣᠭᠤᠯᠤᠯᠲᠠ ᠶᠡᠭᠡ᠂ ᠦᠷ᠎ᠡ ᠪᠦᠲᠦᠮᠵᠢ ᠠᠨᠠᠶ᠎ᠠᠴᠠ ᠪᠣᠯᠵᠣ ᠶᠠᠭᠤ ᠳᠠᠷᠢᠭ᠍ᠰᠠᠨ ᠴᠤ᠌ ᠦᠷ᠎ᠡ ᠠᠱᠢᠭ᠎ᠨᠢ ᠶᠡᠷᠦ᠍ ᠳᠡᠭᠡᠭ᠌ᠰᠢᠯᠡᠵᠦ᠍ ᠳᠡᠢᠯᠬᠦ᠌ ᠥᠬᠡᠶ ᠪᠠᠢᠪᠠ᠃
ᠨᠢᠶᠧ ᠱᠢᠶᠠᠩ ᠷᠦᠩ ᠦᠪᠡᠷ᠎ᠤᠨ ᠪᠠᠢᠭ᠎ᠠ ᠨᠢᠭᠡᠴᠢ ᠦᠴᠤᠸᠠᠨ ᠱᠢᠶᠠᠨ᠎ᠤ ᠲᠠᠷᠢᠶᠠᠯᠠᠩ᠎ᠤᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠲᠤᠪᠴᠢᠶ᠎ᠠ᠎ᠶ᠋ᠢᠨ ᠭᠤᠣᠯ ᠤᠳᠤᠷᠢᠳᠤᠯᠭ᠎ᠠ᠎ᠳᠠᠭᠠᠨ ᠬᠠᠷᠢᠭᠤ ᠮᠡᠳᠡᠭᠦᠯᠬᠦ᠌᠎ᠶ᠋ᠢᠨ ᠬᠠᠮᠲᠤ ᠬᠦᠴᠦᠲᠡᠢ ᠳᠡᠮᠵᠢᠯᠭᠡ ᠣᠯᠵᠤ᠂ 60 ᠲᠦᠮᠡᠨ ᠲᠥᠭᠦᠷᠢᠭ᠎ᠤᠨ ᠥᠨᠳᠥᠷ ᠪᠠᠷᠢᠮᠵᠢᠶᠠᠲᠤ ᠲᠠᠷᠢᠶᠠᠨ ᠭᠠᠵᠠᠷ᠎ᠤᠨ ᠪᠦᠳᠦᠭᠡᠨ ᠪᠠᠢᠭᠤᠯᠤᠯᠲᠠ᠎ᠶ᠋ᠢᠨ ᠲᠦᠷᠦᠯ ᠵᠦᠢᠯ᠎ᠤᠨ ᠲᠤᠰᠭᠠᠢ ᠪᠡᠯᠡ ᠮᠥᠩᠭᠦ᠎ᠲᠠᠢ ᠪᠤᠯᠪᠠ᠂ ᠠᠱᠢᠭ ᠬᠦᠷᠳᠡᠭ᠌ᠴᠢ᠎ᠨᠢ ᠶᠠᠷᠢᠶᠠᠨ ᠦᠭᠡᠢ ᠴᠢᠶᠣᠤ ᠯᠢᠶᠠᠨ ᠸᠠᠩᠤᠨᠬᠢᠶ᠋ᠢ ᠪᠠᠭ᠍ᠳᠠᠭᠠᠭ᠍ᠰᠠᠨ ᠤᠯᠠᠨ ᠡᠷᠦᠭᠡ ᠪᠠᠢᠯ᠎ᠠ᠃
2020 ᠣᠨ᠎ᠤ ᠬᠠᠪᠤᠷ᠂ ᠨᠢᠶᠧ ᠱᠢᠶᠠᠩ ᠷᠦᠩ ᠪᠠᠷᠢᠯᠭ᠎ᠠ᠎ᠶ᠋ᠢᠨ ᠠᠩᠬᠢ᠎ᠶ᠋ᠢ ᠳᠠᠭᠠᠵᠤ ᠠᠬᠢᠴᠠ᠎ᠶ᠋ᠢ ᠱᠠᠯᠠᠪᠳᠠᠭᠤᠯᠤᠨ᠂ 2 ᠰᠠᠷ᠎ᠠ ᠱᠢᠬᠠᠮ᠎ᠤᠨ ᠬᠤᠭᠤᠴᠠᠭᠠᠨ᠎ᠳᠤ᠂ ᠨᠢᠭᠡ ᠲᠤᠮᠤ ᠬᠤᠳᠳᠤᠭ᠂ ᠬᠤᠶᠠᠷ ᠬᠤᠳᠳᠤᠭ᠎ᠤᠨ ᠭᠡᠷ᠂ 12000 ᠮᠧᠲᠷ᠎ᠤᠨ ᠭᠠᠵᠠᠷ ᠳᠣᠣᠷᠠᠬᠢ ᠭᠤᠣᠯ ᠬᠤᠭᠤᠯᠠᠢ᠂ 8000 ᠭᠠᠷᠤᠢ ᠮᠧᠲᠷ᠎ᠤᠨ ᠭᠠᠵᠠᠷ ᠳᠡᠭᠡᠷᠡᠬᠢ ᠰᠠᠯᠪᠤᠷᠢ ᠬᠤᠭᠤᠯᠠᠢ᠂ 48 ᠲᠦᠮᠡᠨ ᠮᠧᠲᠷ᠎ᠤᠨ ᠳᠤᠰᠤᠯᠠᠭᠠᠬᠤ ᠬᠤᠭᠤᠯᠠᠢ᠎ᠶ᠋ᠢ ᠬᠠᠪᠤᠷ᠎ᠤᠨ ᠲᠠᠷᠢᠶᠠᠯᠠᠭ᠎ᠠ᠎ᠠᠴᠠ ᠡᠮᠦᠨ᠎ᠡ ᠪᠦᠬᠦᠨ᠎ᠢ ᠵᠠᠰᠠᠵᠤ ᠳᠠᠭᠤᠰᠭᠠᠭᠠᠳ᠂ 600 ᠮᠦ᠍ ᠬᠠᠭᠤᠷᠠᠢ ᠲᠠᠷᠢᠶ᠎ᠠ᠎ᠶ᠋ᠢ ᠤᠰᠤᠯᠠᠯᠲᠠ᠎ᠶ᠋ᠢᠨ ᠲᠠᠷᠢᠶ᠎ᠠ ᠪᠣᠯᠭᠠᠨ ᠬᠤᠪᠢᠷᠠᠭᠤᠯᠵᠠᠢ᠃ ᠡᠩ᠎ᠤᠨ ᠤᠰᠤᠯᠠᠯᠲᠠ᠎ᠶ᠋ᠢᠨ ᠠᠷᠭ᠎ᠠ ᠬᠡᠯᠪᠡᠷᠢ᠎ᠲᠠᠢ ᠬᠠᠷᠢᠴᠠᠭᠤᠯᠪᠠᠯ᠂ ᠲᠣᠰ ᠢᠨᠵᠧᠨᠧᠷᠢᠩ᠎ᠨᠢ ᠮᠥ᠍ ᠪᠦᠷᠢ᠎ᠳᠤ 30% ᠶ᠋ᠢᠨ ᠤᠰᠤ ᠠᠷᠪᠢᠯᠠᠬᠤ᠂ ᠮᠥ᠍ ᠪᠦᠷᠢ᠎ᠳᠤ 20% ᠶ᠋ᠢᠨ ᠪᠣᠷᠲᠣᠭᠤᠷ ᠠᠷᠪᠢᠯᠠᠬᠤ᠂ ᠮᠥ᠍ ᠪᠦᠷᠢ᠎ᠳᠤ 200 ᠲᠥᠭᠦᠷᠢᠭ᠎ᠤᠨ ᠥᠪᠡᠷ᠎ᠤᠨ ᠥᠷᠲᠡᠭ᠎ᠢ ᠠᠷᠪᠢᠯᠠᠬᠤ᠎ᠶ᠋ᠢ ᠪᠡᠶᠡᠯᠡᠭᠦᠯᠵᠦ᠍᠂ ᠥᠪᠡᠷ᠎ᠤᠨ ᠥᠷᠲᠡᠭ᠎ᠢ ᠠᠷᠪᠢᠯᠠᠬᠤ᠎ᠶ᠋ᠢ ᠪᠡᠶᠡᠯᠡᠭᠦᠯᠦᠭ᠌ᠰᠡᠨ ᠤᠷᠢᠲᠠᠯ ᠳᠣᠤᠷ᠎ᠠ ᠶᠠᠳᠠᠭᠤ ᠬᠦᠴᠢᠷᠳᠡᠯᠲᠡᠶ ᠡᠷᠦᠬᠡ᠎ᠶ᠋ᠢᠨ ᠭᠠᠷᠤᠯᠲᠠ ᠣᠷᠣᠯᠭ᠎ᠠ᠎ᠶ᠋ᠢ ᠨᠡᠮᠡᠭ᠌ᠳᠡᠭᠦᠯᠵᠦ᠍ ᠲᠣᠭ᠍ᠲᠠᠭᠤᠨ᠎ᠢᠶᠠᠷ ᠶᠠᠳᠠᠭᠤ᠎ᠠᠴᠠ ᠠᠩᠭᠢᠵᠢᠷᠠᠭᠤᠯᠬᠤ᠎ᠳᠤ ᠬᠦᠴᠦᠨ ᠨᠡᠮᠡᠷᠢᠯᠡᠪᠡ᠃
ᠣᠢᠷ᠎ᠠ᠎ᠶ᠋ᠢᠨ ᠵᠢᠯ᠎ᠳᠤ᠂ ᠲᠡᠷᠡ ᠤᠯᠤᠰ᠂ ᠥᠪᠡᠷᠲᠡᠭᠡᠨ ᠵᠠᠰᠠᠬᠤ ᠣᠷᠣᠨ᠂ ᠬᠥᠬᠡᠬᠤᠲᠠ᠎ᠶ᠋ᠢᠨ ᠴᠢᠬᠤᠯᠠ ᠶᠡᠭᠡ ᠲᠠᠷᠢᠶᠠᠯᠠᠩ᠎ᠤᠨ ᠮᠡᠷᠭᠡᠵᠢᠯ᠎ᠤᠨ ᠲᠥᠷᠥᠯ ᠵᠦᠶᠯ᠎ᠢ ᠰᠠᠨᠠᠭᠠᠴᠢᠯᠠᠭ᠎ᠠ᠎ᠠᠴᠠ᠎ᠪᠠᠨ ᠡᠭᠦᠷᠭᠡᠯᠡᠵᠦ᠍᠂ ᠪᠣᠬᠢᠷᠲᠤᠯ ᠥᠬᠡᠶ ᠬᠥᠭ᠌ᠵᠢᠯᠲᠡ᠎ᠶ᠋ᠢᠨ ᠣᠢᠯᠠᠭᠠᠭ᠍ᠳᠠᠬᠤᠨ᠎ᠢ ᠥᠨᠳᠥᠷ ᠪᠦᠲᠦᠮᠵᠢᠲᠡᠶ ᠵᠢᠱ᠌ᠢᠶ᠎ᠡ ᠦᠵᠡᠭᠦᠯᠬᠦ᠌ ᠰᠠᠭᠤᠷᠢᠨ᠎ᠤ ᠪᠥᠲᠥᠭᠡᠨ ᠪᠠᠢᠭᠤᠯᠤᠯᠲᠠ᠎ᠳᠤ ᠠᠭᠤᠰᠤᠯᠴᠠᠭᠤᠯᠬᠤ᠎ᠶ᠋ᠢ ᠠᠬᠢᠭᠤᠯᠵᠤ᠂ ᠤᠷᠢᠳ ᠬᠤᠵᠢᠳ ᠲᠥᠮᠥᠰᠥ᠍᠂ ᠨᠡᠷᠡᠨ ᠬᠤᠸᠠᠷ᠂ ᠨᠣᠬᠠᠶ᠎ᠶ᠋ᠢᠨ ᠬᠤᠱᠢᠭᠤ ᠵᠡᠷᠭᠡ ᠪᠣᠬᠢᠷᠲᠤᠯ ᠥᠬᠡᠶ ᠥᠨᠳᠥᠷ ᠪᠦᠲᠦᠮᠵᠢᠲᠡᠶ ᠲᠤᠷᠱᠢᠯᠲᠠ᠎ᠶ᠋ᠢᠨ ᠵᠢᠱ᠌ᠢᠶ᠎ᠡ ᠦᠵᠡᠭᠦᠯᠬᠦ᠌ ᠰᠠᠭᠤᠷᠢᠨ 8 ᠪᠠᠢᠭᠤᠯᠵᠤ᠂ ᠡᠨᠡ᠎ᠨᠢ ᠪᠥᠬᠦ᠌ ᠱᠢᠶᠠᠨ᠎ᠤ ᠱᠢᠨ᠎ᠡ ᠲᠥᠷᠥᠯ ᠵᠦᠢᠯ᠂ ᠱᠢᠨ᠎ᠡ ᠮᠡᠷᠭᠡᠵᠢᠯ᠂ ᠱᠢᠨ᠎ᠡ ᠦᠢᠯᠡᠳᠭᠦᠨ᠎ᠤ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠶᠡᠷᠦᠩᠬᠡᠢᠯᠡᠭ᠌ᠰᠡᠨ ᠵᠢᠱ᠌ᠢᠶ᠎ᠡ ᠦᠵᠡᠭᠦᠯᠬᠦ᠌ ᠰᠠᠭᠤᠷᠢᠨ ᠪᠣᠯᠪᠠ᠃
2017 ᠣᠨ᠎ᠤ 5 ᠰᠠᠷ᠎ᠠ᠎ᠠᠴᠠ 2020 ᠣᠨ᠎ᠤ 4 ᠰᠠᠷ᠎ᠠ ᠪᠣᠯᠲᠠᠯ᠎ᠠ᠂ ᠨᠢᠶᠧ ᠱᠢᠶᠠᠩ ᠷᠦᠩ ᠪᠠᠷᠠᠭᠤᠨ ᠤᠯᠠᠭᠠᠨᠪᠤᠯᠠᠭ ᠪᠠᠯᠭᠠᠰᠤ᠎ᠶ᠋ᠢᠨ ᠳ᠋ᠠ ᠢ ᠺᠧ ᠲᠣᠰᠭᠤᠨ᠎ᠳᠤ ᠰᠠᠭᠤᠭ᠎ᠠ ᠨᠢᠭᠡᠳᠦᠭᠡᠷ ᠱᠦᠵᠢ᠂ ᠠᠵᠢᠯᠯᠠᠬᠤ ᠠᠩᠬᠢ᠎ᠶ᠋ᠢᠨ ᠳᠠᠷᠤᠭ᠎ᠠ᠎ᠶ᠋ᠢᠨ ᠲᠤᠱᠢᠶᠠᠯ ᠬᠠᠷᠢᠭᠤᠴᠠᠵᠤ ᠪᠠᠢᠭ᠍ᠰᠠᠨ ᠬᠤᠭᠤᠴᠠᠭᠠᠨ᠎ᠳᠠᠭᠠᠨ᠂ ᠲᠣᠰᠭᠤᠨ᠎ᠤ ᠠᠷᠠᠳ᠎ᠤᠨ ᠭᠡᠷ᠎ᠲᠤ ᠭᠦᠨᠵᠡᠭᠡᠢᠷᠡᠨ ᠲᠣᠰᠭᠤᠨ᠎ᠤ ᠪᠠᠢᠳᠠᠯ ᠠᠷᠠᠳ᠎ᠤᠨ ᠰᠠᠨᠠᠭ᠎ᠠ᠎ᠶ᠋ᠢ ᠣᠢᠯᠠᠭᠠᠵᠤ᠂ ᠶᠠᠳᠠᠭᠤ ᠬᠦᠴᠢᠷᠳᠡᠯᠲᠡᠢ ᠡᠷᠦᠬᠡ᠎ᠶ᠋ᠢᠨ ᠶᠠᠳᠠᠭᠤᠷᠠᠭ᠍ᠰᠠᠨ ᠱᠢᠯᠲᠠᠭᠠᠨ ᠪᠣᠯᠤᠨ ᠶᠠᠳᠠᠭᠤ᠎ᠠᠴᠠ ᠠᠩᠭᠢᠵᠢᠷᠠᠬᠤ ᠬᠦᠰᠡᠯ ᠡᠷᠡᠮᠡᠯᠵᠡᠯ᠎ᠢ ᠤᠢ᠍ᠢᠯᠠᠭᠠᠵᠤ᠂ ᠴᠢᠭ᠌ᠯᠡᠬᠦᠯᠦᠯᠳᠦ ᠴᠢᠨᠠᠷᠲᠠᠢ᠎ᠪᠠᠷ 《ᠡᠮᠨᠡᠨ ᠵᠠᠰᠠᠵᠤ》᠂ ᠤᠨᠢᠨ ᠳᠡᠭᠡᠷ᠎ᠡ᠎ᠨᠢ ᠠᠷᠭ᠎ᠠ ᠪᠤᠳᠤᠯᠭ᠎ᠠ ᠬᠡᠷᠡᠭ᠌ᠵᠢᠭᠦᠯᠪᠡ᠃ ᠲᠡᠷᠡ 《ᠨᠠᠮ᠎ᠤᠨ ᠵᠣᠬᠢᠶᠠᠨ ᠪᠠᠢᠭᠤᠯᠤᠯᠲᠠ + ᠮᠡᠷᠭᠡᠵᠢᠯᠲᠡᠨ + ᠬᠤᠷᠱᠢᠶ᠎ᠠ + ᠵᠢᠱ᠌ᠢᠶ᠎ᠡ ᠦᠵᠡᠭᠦᠯᠬᠦ᠌ ᠰᠠᠭᠤᠷᠢᠨ + ᠶᠠᠳᠠᠭᠤ ᠬᠦᠴᠢᠷᠳᠡᠯᠲᠡᠢ ᠡᠷᠦᠬᠡ》 ᠶ᠋ᠢᠨ ᠵᠠᠭ᠍ᠪᠤᠷ᠎ᠢ ᠬᠡᠷᠡᠭ᠌ᠯᠡᠨ᠂ ᠲᠣᠰᠭᠤᠨ᠎ᠤ ᠬᠠᠮᠲᠤ᠎ᠶ᠋ᠢᠨ ᠠᠵᠤ ᠠᠬᠤᠢ᠎ᠳᠤ 3.7 ᠲᠦᠮᠡᠨ ᠲᠥᠭᠦᠷᠢᠭ᠎ᠤᠨ ᠣᠷᠣᠯᠭ᠎ᠠ ᠡᠭᠦᠳᠴᠦ᠍᠂ ᠶᠠᠳᠠᠭᠤ᠎ᠠᠴᠠ ᠠᠩᠭᠢᠵᠢᠷᠠᠭᠤᠯᠤᠭ᠍ᠰᠠᠨ ᠦᠷ᠎ᠡ ᠪᠦᠲᠦᠮᠵᠢ᠎ᠶ᠋ᠢ ᠪᠠᠬᠢᠵᠢᠭᠦᠯᠵᠦ᠍᠂ ᠪᠦᠬᠦ᠌ ᠲᠣᠰᠭᠤᠨ᠎ᠤ ᠶᠠᠳᠠᠭᠤ ᠬᠦᠴᠢᠷᠳᠡᠯᠲᠡᠢ ᠡᠷᠦᠬᠡ᠎ᠶ᠋ᠢ ᠪᠦᠬᠦᠨ᠎ᠢ ᠲᠣᠭ᠍ᠲᠠᠭᠤᠨ᠎ᠢᠶᠠᠷ ᠶᠠᠳᠠᠭᠤ᠎ᠠᠴᠠ ᠠᠩᠭᠢᠵᠢᠷᠠᠭᠤᠯᠪᠠ᠃
ᠠᠵᠢᠯ᠎ᠤᠨ ᠬᠢᠷᠢ ᠪᠦᠲᠦᠮᠵᠢ ᠲᠤᠪᠤᠢᠮ᠎ᠠ ᠪᠤᠯᠬᠤᠷ ᠨᠢᠶᠧ ᠱᠢᠶᠠᠩ ᠷᠦᠩ 2017 ᠣᠨ᠎ᠳᠤ ᠬᠥᠮᠦᠨ᠎ᠤ ᠬᠦᠴᠦᠨ᠎ᠤ ᠡᠬᠢ ᠪᠠᠶᠠᠯᠢᠭ ᠪᠠ ᠨᠡᠢᠭᠡᠮ᠎ᠤᠨ ᠪᠠᠲᠤᠯᠠᠪᠤᠷᠢ᠎ᠶ᠋ᠢᠨ ᠶᠠᠮᠤᠨ᠂ ᠬᠥᠳᠡᠭᠡ ᠠᠵᠤ ᠠᠬᠤᠢ ᠬᠦᠳᠡᠭᠡ ᠲᠤᠰᠭᠤᠨ᠎ᠤ ᠶᠠᠮᠤᠨ᠎ᠠᠴᠠ ᠤᠯᠭᠤᠭ᠍ᠰᠠᠨ ᠪᠦᠬᠦ᠌ ᠤᠯᠤᠰ᠎ᠤᠨ ᠬᠥᠳᠡᠭᠡ ᠠᠵᠤ ᠠᠬᠤᠢ᠎ᠶ᠋ᠢᠨ ᠲᠡᠷᠢᠭᠦᠨ᠎ᠤ ᠠᠵᠢᠯᠳᠠᠨ᠎ᠤ ᠢᠷᠠᠭᠤ ᠠᠯᠳᠠᠷ᠎ᠤᠨ ᠴᠣᠯᠠ ᠬᠦᠷᠳᠡᠵᠦ᠍᠂ ᠮᠤᠵᠢ ᠶᠠᠮᠤᠨ᠎ᠤ ᠲᠡᠰ᠎ᠤᠨ ᠬᠥᠳᠡᠯᠮᠦᠷᠢ᠎ᠶ᠋ᠢᠨ ᠵᠢᠱ᠌ᠢᠶᠡᠴᠢ᠎ᠶ᠋ᠢᠨ ᠬᠠᠷᠠᠭᠠᠯᠵᠠᠯ᠎ᠢ ᠬᠦᠷᠳᠡᠪᠡ; 2018 ᠣᠨ᠎ᠳᠤ ᠬᠥᠬᠡᠬᠤᠲᠠ᠎ᠶ᠋ᠢᠨ ᠠᠵᠢᠯᠴᠢᠨ᠎ᠤ ᠶᠡᠷᠦᠩᠬᠡᠢ ᠡᠪᠯᠡᠯ᠎ᠠᠴᠠ ᠬᠥᠬᠡᠬᠤᠲᠠ᠎ᠶ᠋ᠢᠨ 《5.1》 ᠤ ᠬᠥᠳᠡᠯᠮᠦᠷᠢ᠎ᠶ᠋ᠢᠨ ᠱᠠᠩᠨᠠᠯ᠎ᠤᠨ ᠮᠧᠳᠠᠯ ᠭᠠᠷᠳᠠᠭᠤᠯᠪᠠ; 2020 ᠣᠨ᠎ᠳᠤ ᠵᠢᠷᠭᠤᠳᠤᠭᠠᠷ ᠬᠤᠭᠤᠴᠠᠭᠠᠨ᠎ᠤ ᠥᠪᠡᠷᠲᠡᠭᠡᠨ ᠵᠠᠰᠠᠬᠤ ᠣᠷᠣᠨ᠎ᠤ 《ᠠᠷᠠᠳ ᠲᠦᠮᠡᠨ᠎ᠳᠤ ᠲᠠᠭᠠᠱᠢᠶᠠᠭ᠍ᠳᠠᠭ᠍ᠰᠠᠨ ᠠᠯᠪᠠᠲᠠᠨ》 ᠤ ᠢᠷᠠᠭᠤ ᠠᠯᠳᠠᠷ᠎ᠤᠨ ᠴᠣᠯᠠ ᠭᠥᠷᠳᠡᠪᠡ᠃