ᠬᠠᠮᠢᠭ᠎ᠠ ᠬᠦᠴᠢᠷ ᠪᠠᠢᠪᠠᠯ ᠲᠡᠨᠳᠠ 《ᠵᠠᠩ ᠱᠦᠵᠢ》 ᠪᠠᠢᠳᠠᠭ
2021-02-08 11:33:07
ᠵᠣᠬᠢᠶᠠᠭ᠍ᠴᠢ᠄
ᠬᠠᠢ ᠵᠢᠶᠦ᠋ᠨ
ᠣᠩᠱᠢᠭ᠍ᠰᠠᠨ ᠣᠳᠠᠭ᠎ᠠ᠄
★★★☆☆

ᠬᠦᠬᠡᠬᠡ ᠡᠪᠦᠯ᠎ᠤᠨ ᠬᠦᠢᠲᠡᠨᠱᠢᠯᠢ ᠮᠥᠩᠬᠦᠨ ᠴᠠᠭᠠᠨ ᠴᠠᠰᠤᠨ᠎ᠳᠤ ᠬᠤᠴᠢᠭ᠍ᠳᠠᠵᠤ᠂ ᠠᠭᠤᠷ ᠠᠮᠢᠰᠭᠤᠯ ᠶᠠᠰᠤ ᠶᠠᠩᠬᠢᠨᠠᠭᠤᠯᠤᠮ᠎ᠠ ᠬᠦᠢᠳᠡᠨ ᠪᠠᠢᠯ᠎ᠠ᠃ 1 ᠰᠠᠷ᠎ᠠ᠎ᠶ᠋ᠢᠨ 21 ᠎ᠤ ᠦᠳᠡ᠎ᠶ᠋ᠢᠨ ᠬᠤᠢᠨ᠎ᠠ᠂ ᠴᠠᠬᠠᠷ ᠪᠠᠷᠠᠭᠤᠨ ᠭᠠᠷᠤᠨ ᠲᠤᠮᠳᠠᠳᠤ ᠬᠤᠱᠢᠭᠤᠨ᠎ᠤ ᠰᠤᠶᠤᠯ ᠪᠠ ᠵᠢᠭᠤᠯᠴᠢᠯᠠᠯ᠎ᠤᠨ ᠲᠤᠪᠴᠢᠶᠠᠨ ᠲᠠᠷᠤᠭ᠎ᠠ᠂ ᠬᠦᠢᠳᠡᠨᠱᠢᠯᠢ ᠬᠦᠷᠢᠶᠡᠯᠡᠩ ᠲᠤᠭᠤᠷᠢᠭ᠎ᠤᠨ ᠨᠡᠮ᠎ᠤᠨ ᠬᠤᠷᠢᠶᠠᠨ᠎ᠤ ᠱᠦᠵᠢ ᠵᠠᠩ ᠶᠦᠡᠭ ᠱᠸᠡᠭ ᠤᠯᠤᠰ᠎ᠤᠨ ᠬᠦᠳᠡᠯᠮᠦᠷᠢ᠎ᠶ᠋ᠢᠨ ᠵᠢᠱ᠌ᠢᠶᠡᠴᠢ᠂ ᠭᠤᠤᠨᠢ ᠨᠠᠰᠤᠲᠡᠨ ᠬᠦᠸᠧ ᠶᠤᠸᠠᠢ ᠮᠸᠢ᠎ᠶ᠋ᠢ ᠪᠤᠯᠭᠤᠭᠠᠨ ᠦᠵᠡᠬᠦ᠌᠎ᠪᠠᠷ ᠬᠦᠷᠦᠯ᠎ᠡ᠃ ᠡᠨᠡ ᠵᠢᠯ 78 ᠨᠠᠰᠤᠲᠠᠢ ᠬᠦᠸᠧ ᠶᠤᠸᠠᠢ ᠮᠸᠢ ᠪᠤᠯ ᠴᠠᠬᠠᠷ ᠪᠠᠷᠠᠭᠤᠨ ᠭᠠᠷᠤᠨ ᠲᠤᠮᠳᠠᠳᠤ ᠬᠤᠱᠢᠭᠤᠨ᠎ᠤ ᠬᠦᠢᠳᠡᠨᠱᠢᠯᠢ ᠬᠦᠷᠢᠶᠡᠯᠡᠩ ᠲᠤᠭᠤᠷᠢᠭ᠎ᠤᠨ ᠳ᠋ᠠ ᠳ᠋ᠦᠡᠭ ᠭᠸᠤ ᠲᠤᠰᠭᠤᠨ᠎ᠤ ᠬᠦᠮᠦᠨ᠃

《ᠱᠢᠨ᠎ᠠ᠎ᠶ᠋ᠢᠨ ᠪᠠᠷᠠᠭ᠎ᠠ᠎ᠪᠠᠨ ᠪᠡᠯᠡᠳᠭᠡᠴᠢᠭᠡᠭ᠌ᠰᠡᠨ ᠤᠤ? ᠶᠠᠮᠠᠷ ᠬᠦᠴᠢᠷᠳᠠᠯ ᠪᠠᠢᠨ᠎ᠠ?》

《ᠪᠦᠷ ᠪᠡᠯᠡᠳᠭᠡᠴᠢᠭᠡᠭ᠌ᠰᠡᠨ ᠡ᠂ ᠲᠠ ᠰᠠᠨᠠᠭ᠎ᠠ ᠠᠮᠤᠷ ᠪᠠᠢ!》 ᠭᠡᠵᠤ ᠬᠦᠸᠧ ᠶᠤᠸᠠᠢ ᠮᠸᠢ ᠨᠠᠰᠤᠲᠡᠨ ᠵᠠᠩ ᠱᠦᠵᠢ᠎ᠶ᠋ᠢᠨ ᠭᠠᠷ᠎ᠠᠴᠠ ᠠᠳᠭᠤᠨ ᠲᠤᠳᠤᠭ᠍ᠰᠢ ᠤᠷᠢᠯ᠎ᠠ᠃

《ᠵᠠᠩ ᠱᠦᠵᠢ ᠮᠠᠨ᠎ᠳᠤ ᠲᠤᠩ ᠰᠠᠢᠨ᠂ ᠦᠷᠭᠦᠯᠵᠢ ᠪᠤᠯᠭᠤᠭᠠᠨ ᠲᠤᠬᠤᠨᠢᠭᠤᠯᠵᠤ᠂ ᠵᠢᠯ ᠪᠦᠷᠢ ᠨᠡᠭᠦᠷᠡᠰᠤ᠂ ᠵᠤᠭᠤᠰ ᠠᠪᠴᠢᠷᠠᠵᠤ ᠦᠭ᠌ᠳᠡᠭ᠃ ᠲᠡᠷᠡ ᠡᠳᠤᠷ᠎ᠲᠡᠭᠡᠨ ᠪᠠᠢᠭᠤᠯᠭ᠎ᠠ᠎ᠶ᠋ᠢᠨ ᠠᠵᠢᠯ᠎ᠳᠠᠭᠠᠨ ᠶᠠᠭᠠᠷᠠᠵᠤ᠂ ᠤᠷᠤᠢ ᠦᠳᠠᠰᠢ᠎ᠶ᠋ᠢᠨ ᠴᠢᠯᠦᠬᠡ ᠵᠠᠪ᠎ᠢᠶᠠᠷ᠎ᠢᠶᠠᠨ ᠡᠷᠤᠬᠡ ᠲᠤᠭᠤᠷᠢᠵᠤ ᠪᠠᠢᠳᠠᠯ᠎ᠢ ᠤᠢ᠍ᠢᠯᠠᠭᠠᠳᠠᠭ᠂ ᠲᠤᠰᠭᠤᠨ᠎ᠳᠤ ᠬᠠᠮᠢᠭ᠎ᠠ ᠬᠦᠴᠢᠷ ᠪᠠᠢᠪᠠᠯ ᠲᠡᠷᠠ ᠲᠡᠨᠳᠡ ᠬᠦᠷᠳᠡᠭ》 ᠬᠡᠵᠤ ᠨᠠᠰᠤᠳᠠᠨ ᠲᠤᠭ᠍ᠳᠤᠯᠤᠨ ᠬᠡᠯᠡᠵᠦ᠍ ᠪᠠᠢᠯ᠎ᠠ᠃

ᠡᠨᠡ ᠵᠢᠯ 54 ᠎ᠲᠠᠢ ᠵᠠᠩ ᠶᠦᠡᠭ ᠱᠸᠡᠭ 2019 ᠤᠨ᠎ᠳᠤ ᠬᠦᠢᠲᠡᠨᠱᠢᠯᠢ ᠬᠦᠷᠢᠶᠠᠯᠠᠩ ᠲᠤᠭᠤᠷᠢᠭ᠎ᠤᠨ ᠨᠠᠮ᠎ᠤᠨ ᠬᠤᠷᠢᠶᠠᠨ᠎ᠤ ᠱᠦᠵᠢ᠂ ᠴᠠᠬᠠᠷ ᠪᠠᠷᠠᠭᠤᠨ ᠭᠠᠷᠤᠨ ᠲᠤᠮᠳᠠᠳᠤ ᠬᠤᠱᠢᠭᠤᠨ᠎ᠤ ᠰᠤᠶᠤᠯ ᠪᠠ ᠵᠢᠭᠤᠯᠴᠢᠯᠠᠯ᠎ᠤᠨ ᠲᠤᠪᠴᠢᠶᠠᠨ᠎ᠤ ᠲᠠᠷᠤᠭ᠎ᠠ ᠪᠤᠯᠪᠠ᠃ ᠠᠵᠢᠯ᠎ᠤᠨ ᠪᠠᠢᠷᠢ᠎ᠳᠤ ᠭᠠᠷᠤᠭ᠍ᠰᠨᠨ ᠲᠡᠷᠡ ᠡᠳᠤᠷ᠎ᠠᠴᠠ ᠡᠬᠢᠯᠡᠨ ᠶᠠᠳᠠᠭᠤ᠎ᠠᠴᠠ ᠠᠩᠬᠢᠵᠢᠷᠠᠭᠤᠯᠬᠤ ᠪᠤᠭᠤᠮᠳᠠ ᠱᠢᠪᠲᠤᠯᠤᠯᠲᠠ ᠪᠠ ᠬᠠᠤᠯᠢ ᠬᠡᠷᠡᠭ᠌ᠵᠢᠭᠦᠯᠬᠦ᠌ ᠬᠢᠨᠡᠯᠲᠡ ᠬᠠᠮᠢᠶᠠᠷᠤᠯᠲᠠ᠎ᠶ᠋ᠢᠨ ᠨᠢᠭᠡᠳᠤᠭᠡᠷ ᠹᠷᠤᠨᠲ᠎ᠲᠤ ᠶᠠᠭᠠᠷᠠᠯᠲᠠᠢ ᠠᠵᠢᠯᠯᠠᠵᠤ᠂ ᠠᠮᠠᠷᠠᠯᠲᠠ᠎ᠶ᠋ᠢᠨ ᠡᠳᠦᠷ᠂ ᠪᠠᠶᠠᠷ ᠲᠤᠷᠠᠰᠭᠠᠯ᠎ᠤᠨ ᠡᠳᠤᠷ᠎ᠢᠶᠠᠨ ᠠᠱᠢᠭ᠍ᠯᠠᠨ ᠬᠦᠷᠢᠶᠠᠯᠡᠩ ᠲᠤᠭᠤᠷᠢᠭ᠎ᠤᠨ 6 ᠲᠤᠰᠭᠤᠨ 22 ᠪᠠᠢᠭᠠᠯᠢᠯᠢᠭ ᠲᠤᠰᠭᠤᠨ᠎ᠤ ᠪᠠᠢᠡᠭ᠌ᠭᠤ ᠰᠠᠭᠤᠭ᠎ᠠ ᠡᠷᠤᠬᠡ᠎ᠪᠠᠷ ᠶᠠᠪᠤᠵᠥ᠍᠂ 3 ᠰᠠᠷ᠎ᠠ ᠪᠤᠯᠤᠭ᠍ᠰᠠᠠ ᠦᠭᠡᠢ᠎ᠪᠠᠷ ᠡᠯ᠎ᠠ ᠲᠤᠰᠭᠤᠨ᠎ᠤ ᠪᠠᠢᠳᠠᠯ᠎ᠢ ᠠᠯᠠᠭᠠᠨ ᠵᠢᠷᠤᠭᠠᠰᠤ᠎ᠪᠠᠨ ᠱᠢᠭ᠋ ᠦᠢᠯᠠᠭᠠᠬᠤ ᠪᠤᠯᠵᠡᠢ᠃ ᠲᠡᠷᠡ ᠡᠷᠤᠬᠡ᠎ᠪᠠᠷ ᠪᠠᠢᠳᠠᠯ᠎ᠢ ᠤᠢ᠍ᠢᠯᠠᠭᠠᠨ ᠶᠠᠪᠤᠬᠤ᠎ᠳᠠᠭᠠᠨ ᠲᠤᠰᠭᠤᠨ᠎ᠤ ᠠᠷᠠᠳ᠎ᠤᠨ 50 ᠭᠠᠷᠤᠢ ᠬᠦᠴᠢᠷᠳᠠᠯ᠎ᠢ ᠱᠢᠢᠳᠪᠤᠷᠢᠯᠡᠪᠠ᠃

 ᠳ᠋ᠠ ᠰᠢ ᠭᠸᠤ ᠲᠤᠰᠭᠤᠨ᠎ᠤ ᠯᠢ ᠸᠧᠨ ᠵᠦᠡᠭ ᠪᠤᠯ ᠵᠠᠩ ᠶᠦᠡᠭ ᠱᠸᠡᠭ᠎ᠤᠨ ᠦᠷᠬᠦᠯᠵᠢ ᠬᠠᠯᠠᠮᠵᠢᠯᠠᠳᠠᠭ ᠡᠷᠤᠬᠡ᠃ ᠯᠢ ᠸᠧᠨ ᠵᠦᠡᠭ᠎ᠤᠨ ᠭᠡᠷ᠎ᠲᠤ ᠬᠦᠷᠬᠦ᠌᠎ᠳᠤ ᠬᠡᠳᠤᠨ ᠬᠦᠮᠥᠨ ᠰᠠᠭᠤᠭᠠᠳ ᠵᠤᠭᠤᠭ᠍ᠳᠠᠵᠤ ᠪᠠᠢᠯ᠎ᠠ᠃ ᠵᠠᠩ ᠶᠦᠡᠭ ᠱᠸᠡᠭ ᠱᠠᠬᠠᠢ᠎ᠪᠠᠨ ᠲᠠᠢᠯᠤᠮᠠᠭ᠍ᠴᠠ ᠬᠠᠨᠵᠤᠠ ᠲᠡᠬᠡᠷ᠎ᠠ᠎ᠨᠢ ᠵᠠᠪᠢᠯᠠᠵᠥ᠍ ᠰᠠᠭᠤᠭᠠᠳ ᠲᠡᠳᠡᠨᠡᠷ᠎ᠲᠠᠢ ᠵᠤᠭᠤᠭ ᠲᠡᠯᠬᠡᠵᠥ᠍ ᠭᠠᠷᠪᠠ᠃

ᠵᠠᠩ ᠶᠦᠡᠭ ᠱᠸᠡᠭ᠄ 《ᠡᠨᠡ ᠵᠢᠯ ᠲᠤᠰᠭᠤᠨ᠎ᠤ ᠵᠠᠮ᠎ᠢ ᠵᠠᠰᠠᠬᠤ᠎ᠪᠠᠷ ᠪᠡᠯᠡᠳᠭᠡᠵᠤ ᠪᠠᠢᠨ᠎ᠠ᠂ ᠵᠠᠮ ᠵᠠᠰᠠᠬᠤ ᠲᠦᠷᠦᠯ ᠵᠦᠢᠯ ᠬᠤᠱᠢᠭᠤᠨ᠎ᠤ ᠭᠤᠤᠯᠳᠠᠯᠭ᠎ᠠ᠎ᠲᠠᠢ ᠲᠦᠷᠦᠯ ᠵᠦᠢᠯ᠎ᠢᠶᠠᠷ ᠲᠤᠭ᠍ᠳᠠᠭᠠᠭ᠍ᠳᠠᠪᠠ᠃ ᠵᠠᠮ ᠵᠠᠰᠠᠴᠢᠬᠠᠪᠠᠯ ᠲᠠᠷᠢᠶᠠᠴᠢᠨ ᠠᠢᠯ᠎ᠤᠨ ᠵᠢᠭᠤᠯᠴᠢᠯᠠᠯ ᠡᠷᠬᠢᠯᠡᠬᠦ᠂ ᠮᠠᠯ᠎ᠤᠨ ᠠᠱᠢᠭ ᠱᠢᠮ᠎ᠠ ᠲᠠᠷᠢᠶᠠᠯᠡᠩ᠎ᠤᠨ ᠪᠦᠲᠦᠭᠡᠭ᠌ᠳᠡᠬᠦᠨ᠎ᠢᠶᠠᠨ ᠪᠤᠷᠤᠯᠠᠭᠤᠯᠬᠤ᠎ᠳᠤ ᠲᠦᠭᠦᠮ ᠪᠤᠯᠤᠨ᠎ᠠ》 ᠬᠡᠵᠤ ᠰᠠᠢᠨ ᠴᠢᠮᠡᠭᠡ ᠲᠠᠮᠵᠢᠭᠤᠯᠤᠨ᠎ᠠ᠃

ᠯᠢ ᠸᠧᠨ ᠵᠦᠡᠭ ᠤᠤᠯ᠎ᠨᠢ ᠵᠠᠮᠳᠡᠭ ᠠᠬ᠎ᠠ᠎ᠲᠠᠢ᠎ᠪᠠᠨ ᠨᠤᠷᠠᠮᠠᠷ ᠪᠠᠢᠭ᠍ᠰᠠᠨ ᠱᠢᠷᠦᠢ᠎ᠶ᠋ᠢᠨ ᠭᠡᠷ᠎ᠲᠤ ᠰᠠᠭᠤᠵᠤ᠂ 20 ᠭᠠᠷᠤᠢ ᠬᠤᠨᠢ ᠮᠠᠯᠵᠢᠠ ᠵᠦᠳᠡᠭᠦᠬᠡᠡ ᠠᠮᠢᠳᠤᠷᠠᠵᠤ ᠪᠠᠢᠪᠠ᠃ 2016 ᠤᠨ᠎ᠳᠤ᠂ ᠤᠯᠤᠰ᠎ᠤᠨ ᠶᠠᠳᠠᠭᠤ᠎ᠶ᠋ᠢ ᠲᠡᠳᠬᠦᠬᠦ᠌ ᠲᠦᠷᠦ᠎ᠶ᠋ᠢᠨ ᠪᠤᠳᠤᠯᠭ᠎ᠠ᠎ᠶ᠋ᠢᠨ ᠲᠠᠮᠵᠢᠯᠭᠡ᠎ᠪᠠᠷ᠂ ᠶᠠᠳᠠᠭᠤ᠎ᠠᠴᠠ ᠠᠩᠬᠢᠵᠢᠷᠠᠵᠤ ᠤᠳᠤ 240 ᠭᠠᠷᠤᠢ ᠬᠤᠨᠢ᠎ᠲᠠᠢ ᠪᠤᠯᠪᠠ᠃ 2018 ᠤᠨ᠎ᠳᠤ᠂ ᠯᠢ ᠸᠧᠨ ᠵᠦᠡᠭ ᠲᠡᠵᠢᠭᠡᠪᠤᠷᠢ᠎ᠶ᠋ᠢᠨ ᠤᠢ᠍ᠢᠯᠡᠰ᠎ᠢ ᠭᠦᠭ᠌ᠵᠢᠭᠦᠯᠵᠥ᠍ ᠲᠤᠰᠭᠤᠨ᠎ᠤ᠎ᠪᠠᠨ 6 ᠶᠠᠳᠠᠭᠤ ᠬᠦᠴᠢᠷᠳᠠᠯᠲᠠᠢ ᠡᠷᠤᠬᠡ᠎ᠶ᠋ᠢ ᠲᠠᠭᠠᠭᠤᠯᠤᠨ ᠶᠠᠳᠠᠭᠤ᠎ᠠᠴᠠ ᠠᠩᠬᠢᠵᠢᠷᠠᠭᠤᠯᠵᠤ ᠪᠠᠶᠠᠵᠢᠯ᠎ᠤᠨ ᠲᠠᠭᠠᠭᠤᠯᠤᠭ᠍ᠴᠢ ᠪᠤᠯᠪᠠ᠃

ᠯᠢ ᠸᠧᠨ ᠵᠦᠡᠭ᠄ 《ᠵᠠᠩ ᠱᠦᠵᠢ ᠮᠠᠨ᠎ᠤ ᠲᠤᠰᠭᠤᠨ᠎ᠢᠶᠠᠷ ᠡᠷᠤᠬᠡ ᠲᠡᠷᠠᠭᠠᠯᠠᠠ ᠶᠠᠪᠤᠵᠥ᠍᠂ ᠪᠢᠳᠡᠨ᠎ᠤ ᠬᠦᠴᠢᠷᠳᠠᠯ᠎ᠢ᠎ᠨᠢ ᠱᠢᠢᠳᠪᠤᠷᠢᠯᠨᠵᠥ᠍ ᠦᠭ᠌ᠳᠡᠭ᠃ ᠮᠠᠠ᠎ᠤ ᠲᠤᠰᠭᠤᠠ᠎ᠳᠤ ᠬᠤᠳᠳᠤᠭ ᠮᠠᠯᠳᠠᠠ᠂ ᠭᠡᠷ ᠪᠡᠷᠢᠵᠤ ᠦᠭ᠌ᠬᠦᠭ᠌ᠰᠡᠨ ᠪᠦᠬᠡᠳ ᠬᠤᠴᠠ ᠠᠪᠴᠤ᠌ ᠦᠭ᠌ᠬᠦᠭ᠌ᠰᠡᠡ᠃ ᠵᠠᠩ ᠱᠦᠵᠢ᠎ᠶ᠋ᠢᠨ ᠲᠠᠮᠵᠢᠯᠭᠡ᠎ᠪᠠᠷ ᠪᠢ ᠡᠷᠯᠢᠰᠡᠵᠢᠭᠦᠯᠦᠭ᠌ᠰᠡᠨ ᠬᠤᠨᠢ ᠮᠠᠯᠵᠢᠭᠠᠳ ᠶᠠᠳᠠᠭᠤ᠎ᠠᠴᠠ᠎ᠪᠠᠨ ᠠᠩᠬᠢᠵᠢᠷᠠᠵᠥ᠍ ᠴᠢᠨᠡᠬᠡᠯᠢᠭ᠌ᠵᠢᠭ᠌ᠰᠡᠡ》 ᠬᠡᠵᠤ ᠪᠤᠳᠤᠯ ᠰᠠᠨᠠᠭ᠎ᠠ᠎ᠪᠠᠨ ᠠᠭᠤᠳᠠᠯᠤᠨ᠎ᠠ᠃

 ᠳ᠋ᠠ ᠰᠢ ᠭᠸᠤ ᠲᠤᠰᠭᠤᠨ᠎ᠳᠤ ᠪᠠᠢᠡᠭ᠌ᠭᠤ ᠰᠠᠭᠤᠭ᠎ᠠ 22 ᠡᠷᠤᠬᠡ᠂ 50 ᠬᠦᠮᠦᠨ᠎ᠲᠠᠢ᠂ ᠡᠬᠦᠨ᠎ᠳᠤ 10 ᠡᠷᠤᠬᠡ᠎ᠨᠢ ᠶᠠᠳᠠᠭᠤ ᠬᠦᠴᠢᠷᠳᠠᠯᠲᠠᠢ ᠡᠷᠤᠬᠡ ᠪᠠᠢᠭ᠍ᠰᠠᠨ᠎ᠠᠴᠠ ᠨᠢᠳᠤᠨᠤᠠ᠎ᠤ ᠵᠢᠯ᠎ᠤᠨ ᠡᠴᠤᠰ᠎ᠲᠤ ᠪᠦᠷ ᠶᠠᠳᠠᠭᠤ᠎ᠠᠴᠠ᠎ᠪᠠᠨ ᠠᠩᠬᠢᠵᠢᠷᠠᠵᠠᠢ᠃

ᠵᠠᠩ ᠶᠦᠡᠭ ᠱᠸᠡᠭ ᠬᠦᠢᠳᠡᠨᠱᠢᠯᠢ ᠬᠦᠷᠢᠶᠠᠯᠡᠩ ᠲᠤᠭᠤᠷᠢᠭ᠎ᠤᠨ ᠨᠠᠮ᠎ᠤᠨ ᠬᠤᠷᠢᠶᠠᠨ᠎ᠤ ᠱᠦᠵᠢ᠎ᠶ᠋ᠢᠨ ᠲᠤᠱᠢᠶᠠᠯ᠎ᠢ ᠡᠬᠦᠷᠬᠡᠯᠡᠭ᠌ᠰᠡᠡ᠎ᠠᠴᠠ ᠨᠠᠭᠠᠰᠢ᠂ ᠲᠤᠬᠠᠢ᠎ᠶ᠋ᠢᠨ ᠭᠠᠵᠠᠷ᠎ᠤᠨ ᠶᠠᠳᠠᠭᠤ᠎ᠶ᠋ᠢ ᠲᠡᠳᠬᠦᠬᠦ᠌ ᠠᠵᠢᠯ ᠯᠤᠲᠤ ᠶᠡᠭᠡ ᠦᠷ᠎ᠠ ᠪᠦᠲᠦᠮᠵᠢ ᠤᠯᠵᠠᠢ᠃ ᠨᠤᠷᠠᠬᠤ ᠠᠶᠤᠯᠳᠠᠢ ᠬᠡᠷ ᠪᠠᠢᠱᠢᠩ᠎ᠳᠤ ᠰᠠᠭᠤᠵᠤ ᠪᠠᠢᠭ᠍ᠰᠠᠨ 120 ᠡᠷᠤᠬᠡ᠎ᠶ᠋ᠢᠨ ᠭᠡᠷ ᠪᠠᠢᠱᠢᠩ᠎ᠢ ᠱᠢᠨ᠎ᠠ᠎ᠪᠠᠷ ᠪᠠᠢᠭᠤᠯᠵᠤ᠂ 127 ᠡᠷᠤᠬᠡ᠎ᠶ᠋ᠢᠨ ᠭᠡᠷ ᠪᠠᠢᠱᠢᠩ᠎ᠢ ᠵᠠᠰᠠᠨ ᠱᠢᠨᠡᠳᠭᠡᠵᠥ᠍᠂ 26 ᠡᠷᠤᠬᠡ᠎ᠶ᠋ᠢ ᠤᠨᠳᠤᠤ ᠭᠠᠵᠡᠷ ᠨᠡᠭᠦᠯᠭᠡᠵᠠᠢ; ᠬᠠᠮᠲᠤ᠎ᠶ᠋ᠢᠨ ᠠᠵᠤ ᠠᠬᠤᠢ᠎ᠶ᠋ᠢ ᠭᠦᠭ᠌ᠵᠢᠭᠦᠯᠬᠦ᠌ ᠪᠡᠯᠡ ᠮᠦᠡᠭ᠌ᠬᠦ 600 ᠲᠦᠮᠡᠨ ᠲᠦᠭᠦᠷᠢᠭ ᠭᠤᠶᠤᠴᠢᠯᠠᠨ ᠤᠯᠵᠤ᠂ 6 ᠲᠤᠰᠭᠤᠨ᠎ᠳᠤ 34 ᠬᠡᠷᠲᠤ ᠲᠡᠷᠭᠡ ᠬᠤᠳᠠᠯᠳᠤᠨ ᠠᠪᠴᠤ᠌ ᠦᠭ᠌ᠬᠦᠨ ᠵᠢᠭᠤᠯᠴᠢᠯᠠᠯ᠎ᠤᠨ ᠠᠵᠤ ᠠᠬᠤᠢ᠍ᠢᠯᠠᠯ᠎ᠳᠤ ᠲᠦᠷᠢᠶᠡᠰᠦᠯᠡᠭᠦᠯᠵᠤ᠂ ᠵᠢᠯ᠎ᠳᠤ 68 ᠲᠦᠮᠡᠨ ᠲᠦᠭᠦᠷᠢᠭ᠎ᠤᠨ ᠤᠷᠤᠯᠭ᠎ᠠ ᠤᠯᠵᠥ᠍ ᠪᠠᠢᠨ᠎ᠠ; 10 ᠬᠤᠳᠳᠤᠭ ᠮᠠᠯᠳᠠᠵᠤ᠂ 3.2 ᠺᠢᠯᠦᠮᠧᠲᠷ ᠱᠦᠢᠨᠢ ᠵᠠᠮ ᠲᠠᠪᠢᠰᠴᠤ᠌ ᠦᠭ᠌ᠭᠦᠭ᠌ᠰᠡᠨ ᠪᠠᠢᠨ᠎ᠠ ᠁

ᠤᠷᠲᠤ ᠬᠤᠭᠤᠴᠠᠭ᠎ᠠ᠎ᠪᠠᠷ ᠬᠡᠳᠤᠷᠬᠡᠢ ᠶᠠᠳᠠᠷᠠᠵᠤ ᠵᠥᠳᠡᠷᠡᠭ᠌ᠰᠡᠨ᠎ᠢᠶᠠᠷ ᠵᠠᠩ ᠶᠦᠡᠭ ᠱᠸᠡᠭ᠎ᠤᠨ ᠪᠠᠶ᠎ᠠ᠎ᠶ᠋ᠢᠨ ᠬᠦᠨᠳᠤ 160 ᠵᠢᠩ ᠪᠠᠢᠭ᠍ᠰᠠᠨ᠎ᠠᠴᠠ᠎ᠪᠠᠨ 30 ᠭᠠᠷᠤᠢ ᠵᠢᠩ ᠲᠤᠷᠠᠭᠠᠳ ᠲᠡᠨᠢᠬ᠍ᠳᠠᠬᠤ ᠦᠬᠡᠢ ᠪᠤᠯᠵᠡᠢ᠃ ᠲᠡᠷᠡ ᠪᠠᠰᠠ ᠬᠡᠳᠤᠨ ᠤᠳᠠᠭ᠎ᠠ ᠮᠠᠨᠠᠷᠠᠵᠤ ᠤᠷᠤ᠎ᠠᠴᠠ᠎ᠪᠠᠨ ᠪᠠᠭᠤᠵᠤ ᠲᠠᠢᠯᠬᠦ᠌ ᠦᠭᠡᠢ ᠪᠤᠯᠤᠭ᠍ᠰᠠᠨ᠎ᠳᠤ᠂ ᠭᠡᠷ᠎ᠤᠨ ᠬᠦᠮᠦᠰ᠎ᠨᠢ ᠢᠳᠭᠠᠬᠤ᠎ᠲᠠᠢ ᠠᠯᠪᠠᠳᠠᠬᠤ᠎ᠲᠠᠢ ᠡᠮᠨᠡᠯᠭᠡ᠎ᠳᠤ ᠠᠪᠠᠴᠢᠵᠥ᠍ ᠪᠠᠢᠴᠠᠭᠠᠯᠭᠠᠬ᠍ᠰᠠᠨ᠎ᠳᠤ ᠱᠢᠬᠢᠷ ᠱᠢᠵᠢᠩ ᠡᠪᠡᠳᠴᠢᠨ ᠪᠠ ᠪᠠᠮᠪᠠᠢ ᠪᠤᠯᠴᠢᠷᠬᠠᠢ᠎ᠳᠤᠨᠢ ᠦᠮᠡᠨ᠎ᠤ ᠢᠯᠠᠷᠠᠯ᠎ᠲᠠᠢ ᠬᠡᠵᠥ᠍ ᠤᠨᠤᠱᠢᠯᠠᠵᠠᠢ᠃ ᠵᠠᠩ ᠶᠦᠡᠭ ᠱᠸᠡᠭ ᠡᠮᠨᠡᠯᠭᠡ᠎ᠳᠤ 3 ᠡᠳᠤᠷ ᠰᠠᠭᠤᠭᠠᠳ ᠠᠵᠢᠯ᠎ᠤᠨ ᠪᠠᠢᠷᠢ᠎ᠳᠠᠭᠠᠨ ᠪᠤᠴᠠᠪᠠ᠃ ᠨᠢᠳᠤᠨᠤᠠ᠎ᠤ 5 ᠰᠠᠷ᠎ᠠ᠎ᠶ᠋ᠢᠨ 18 ᠎ᠤ ᠤᠷᠤᠢ᠂ ᠬᠦᠳᠡᠭᠡ ᠪᠠᠭᠤᠭᠠᠳ ᠪᠤᠴᠠᠬᠤ ᠵᠠᠮ᠎ᠳᠠᠭᠠᠨ ᠲᠠᠷᠢᠬᠢᠨ᠎ᠳᠤᠨᠢ ᠴᠢᠰᠤ ᠬᠠᠷᠪᠤᠵᠤ᠂ ᠦᠪᠦᠷ ᠮᠤᠩᠭᠤᠯ᠎ᠤᠨ ᠡᠮᠨᠡᠯᠭᠡ᠎ᠶ᠋ᠢᠨ ᠲᠠᠭᠡᠲᠤ ᠰᠤᠷᠭᠠᠭᠤᠯᠢ᠎ᠶ᠋ᠢᠨ ᠬᠠᠷᠢᠶᠠᠲᠤ ᠡᠮᠨᠡᠯᠭᠡ᠎ᠶ᠋ᠢᠨ ᠬᠤᠷᠢᠶᠠᠨ᠎ᠤ ICU ᠬᠦᠨᠳᠤ ᠡᠪᠡᠳᠴᠢᠳᠠᠨ ᠦᠷᠦᠭᠡ᠎ᠳᠤ ᠤᠷᠤᠪᠠ᠃ ᠬᠠᠷᠮᠠᠨ᠎ᠳᠤᠨᠢ ᠨᠢᠭᠡ ᠭᠠᠷ ᠤᠲᠠᠰᠤ ᠪᠠ ᠶᠠᠳᠠᠭᠤ ᠬᠦᠴᠢᠷᠳᠠᠯᠲᠠᠢ ᠡᠷᠤᠬᠡ᠎ᠶ᠋ᠢᠨ ᠱᠢᠢᠳᠪᠤᠷᠢᠯᠡᠭᠡᠳᠤᠢ ᠠᠰᠠᠭᠤᠳᠠᠯ᠎ᠤᠳ᠎ᠢ ᠲᠡᠮᠳᠡᠭ᠌ᠯᠡᠭ᠌ᠰᠡᠨ ᠲᠡᠮᠳᠡᠭ᠌ᠯᠡᠯ᠎ᠤᠨ ᠲᠡᠪᠳᠠᠷ ᠯᠠ ᠪᠠᠢᠵᠠᠢ᠃ ᠡᠮᠨᠡᠯᠬᠡ᠎ᠳᠤ ᠰᠠᠭᠤᠭᠠᠳ ᠪᠡᠶ᠎ᠡ᠎ᠨᠢ ᠲᠡᠩᠬᠡᠷᠡᠵᠥ᠍ ᠡᠬᠢᠯᠡᠬᠦ᠌᠎ᠲᠠᠢ ᠵᠡᠷᠬᠡ ᠲᠡᠷᠡ ᠮᠥᠨ ᠠᠵᠢᠯ᠎ᠤᠨ ᠪᠠᠢᠷᠢᠨ᠎ᠳᠠᠭᠠᠨ ᠪᠤᠴᠠᠵᠠᠢ᠃

《ᠪᠦᠬᠦ᠌ ᠤᠯᠤᠰ᠎ᠤᠨ ᠤᠢ᠍ᠢᠯᠡᠳᠪᠤᠷᠢ ᠬᠤᠳᠠᠯᠳᠤᠭᠠᠨ᠎ᠤ ᠱᠢᠰᠲ᠋ᠧᠮ᠎ᠤᠨ ᠱᠢᠯᠢᠳᠡᠭ ᠵᠠᠰᠠᠭ ᠵᠠᠬᠢᠷᠭᠠᠨ᠎ᠤ ᠬᠠᠮᠢᠶᠠᠷᠤᠯᠲᠠ᠎ᠶ᠋ᠢᠨ ᠠᠵᠢᠯᠲᠡᠨ》᠂ 《ᠪᠦᠬᠦ᠌ ᠤᠷᠤᠨ᠎ᠤ ᠤᠢ᠍ᠢᠯᠡᠳᠪᠤᠷᠢ ᠬᠤᠳᠠᠯᠳᠤᠭ᠎ᠠ ᠵᠠᠰᠠᠭ ᠵᠠᠬᠢᠷᠭᠠᠨ᠎ᠤ ᠬᠠᠮᠢᠶᠠᠷᠤᠯᠲᠠ᠎ᠶ᠋ᠢᠨ ᠱᠢᠰᠲᠧᠮ᠎ᠤᠨ ᠲᠠᠷᠢᠬᠦᠨ᠎ᠤ ᠠᠵᠢᠯᠲᠡᠨ》᠂ 《ᠲᠠᠪᠤᠳᠤᠭᠠᠷ ᠬᠤᠭᠤᠴᠠᠭᠠᠨ᠎ᠤ ᠦᠪᠦᠷ ᠮᠤᠩᠭᠤᠯ᠎ᠤᠨ ᠱᠢᠯᠢᠳᠡᠭ ᠵᠠᠯᠠᠭᠤ ᠬᠠᠮᠠᠭᠠᠯᠠᠭ᠍ᠴᠢ》᠂ 《ᠪᠦᠬᠦ᠌ ᠤᠷᠤᠨ᠎ᠤ ᠤᠢ᠍ᠢᠯᠡᠳᠪᠤᠷᠢ ᠬᠤᠳᠠᠯᠳᠤᠭᠠᠨ᠎ᠤ ᠱᠢᠰᠲ᠋ᠧᠮ᠎ᠤᠨ ᠠᠷᠠᠳ ᠲᠦᠮᠡᠨ᠎ᠳᠤ ᠲᠠᠭᠠᠱᠢᠶᠠᠭ᠍ᠳᠠᠭ᠍ᠰᠠᠨ ᠤᠢ᠍ᠢᠯᠡᠳᠪᠤᠷᠢ ᠬᠤᠳᠠᠯᠳᠤᠭᠠᠨ᠎ᠤ ᠴᠢᠭᠡᠴᠢ ᠺᠠᠳ᠋ᠷ》 《ᠠᠷᠠᠳ ᠲᠦᠮᠡᠨ᠎ᠳᠤ ᠲᠠᠭᠠᠱᠢᠶᠠᠭ᠍ᠳᠠᠭ᠍ᠰᠠᠨ ᠠᠯᠪᠠᠲᠠᠨ》 ᠬᠡᠬᠦ᠌ ᠵᠡᠷᠭᠡ ᠤᠯᠠᠨ ᠢᠷᠡᠭᠤ ᠠᠯᠳᠠᠷ᠎ᠨᠢ ᠵᠠᠩ ᠶᠦᠡᠭ ᠱᠸᠡᠭ᠎ᠤᠨ ᠡᠭᠡᠯ ᠵᠢᠷ᠎ᠤᠨ ᠠᠵᠢᠯ᠎ᠤᠨ ᠪᠠᠢᠷᠢ ᠲᠡᠭᠡᠷ᠎ᠠ᠎ᠪᠠᠨ ᠵᠢᠷ᠎ᠤᠨ ᠪᠤᠰᠤ ᠵᠢᠳᠬᠦᠯ ᠭᠠᠷᠭᠠᠵᠤ ᠶᠠᠪᠤᠭ᠎ᠠ ᠤᠯᠨ ᠮᠦᠷ᠎ᠢ᠎ᠨᠢ ᠲᠡᠮᠳᠡᠭ᠌ᠯᠡᠨ᠎ᠠ ᠁

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号