ᠤᠷᠠᠳ᠎ᠤᠨ ᠡᠮᠦᠨᠡᠲᠦ ᠬᠤᠱᠢᠭᠤᠨ᠎ᠤ ᠤᠯᠤᠰ᠎ᠤᠨ ᠭᠠᠵᠠᠷ ᠵᠦᠶ᠎ᠶ᠋ᠢᠨ ᠢᠯᠡᠷᠬᠡ ᠵᠢᠯᠡᠯᠳᠤ ᠲᠠᠸᠠᠷ᠎ᠤᠨ ᠲᠡᠮᠳᠡᠭ ᠾᠧᠢ ᠯᠢᠦ ᠽᠢᠶ᠋ᠢᠨ ᠪᠠᠢ ᠯᠢ ᠼᠦᠢ ᠠᠮᠲᠠᠲᠦ ᠬᠡᠮᠬᠡ᠎ᠶ᠋ᠢ ᠰᠦᠯᠵᠢᠶᠡᠨ ᠳᠡᠭᠡᠷ᠎ᠡ ᠪᠠ ᠰᠦᠯᠵᠢᠶᠡᠨ ᠭᠠᠳᠠᠨ᠎ᠠ ᠨᠢᠬᠡ ᠯᠡ ᠡᠳᠤᠷ᠎ᠲᠤ 9000 ᠬᠠ ᠵᠢᠷᠴᠠᠭ ᠬᠤᠳᠠᠯᠳᠤᠭᠠᠳ ᠲᠡᠬᠢᠠ ᠨᠢᠬᠡ ᠤᠳᠠᠭ᠎ᠠ ᠠᠯᠳᠠᠷ ᠨᠠᠷᠠ᠎ᠪᠠᠨ ᠲᠡᠭᠤᠷᠢᠰᠤᠭᠤᠯᠪᠠ᠃
ᠠᠳᠠᠬᠢ ᠲᠡᠷᠢᠶᠠᠴᠢᠳ ᠾᠧᠢ ᠯᠢᠦ ᠽᠢᠶ᠋ᠢᠨ ᠪᠠᠢ ᠯᠢ ᠼᠦᠢ ᠠᠮᠲᠠᠲᠤ ᠬᠡᠮᠬᠡ᠎ᠶ᠋ᠢ 50 ᠭᠠᠷᠤᠢ ᠵᠢᠯ ᠳᠠᠷᠢᠭ᠍ᠰᠠᠨ ᠲᠡᠦᠬᠡ᠎ᠲᠠᠢ᠂ ᠲᠤᠰ ᠬᠡᠮᠬᠡ᠎ᠶ᠋ᠢᠨ ᠥᠩᠭᠡ᠎ᠨᠢ ᠬᠤᠷᠴᠠ᠂ ᠱᠢᠬᠢᠷ᠎ᠤᠨ ᠠᠬᠤᠭᠤᠯᠤᠭ᠍ᠳᠠᠴᠠ ᠮᠠᠰᠢ ᠥᠨᠳᠥᠷ᠂ ᠠᠮᠲᠠ᠎ᠨᠢ ᠱᠢᠬᠢᠷᠯᠢᠭ᠂ ᠬᠡᠯᠪᠡᠷᠢ᠎ᠨᠢ ᠠᠯᠢᠮ᠎ᠠ ᠱᠢᠭ᠋ ᠪᠣᠯᠬᠤᠷ 《ᠪᠠᠢ ᠯᠢ ᠼᠦᠢ》 ᠭᠡᠮᠠᠠ ᠨᠠᠷᠠᠯᠡᠵᠡᠢ᠃ ᠳᠤᠰ ᠠᠮᠲᠠᠲᠤ ᠬᠡᠮᠬᠡ᠎ᠶ᠋ᠢ ᠳᠠᠷᠢᠬᠤ᠎ᠳᠤ ᠨᠡᠢᠲᠡ᠎ᠳᠤ ᠬᠤᠤᠷᠳᠠᠯ ᠥᠬᠡᠶ ᠳᠠᠷᠢᠬᠤ ᠮᠡᠷᠭᠡᠵᠢᠯ᠎ᠢ ᠬᠡᠷᠡᠭ᠌ᠯᠡᠵᠦ᠍᠂ 《ᠳᠤᠮᠳᠠᠳᠤ ᠤᠯᠤᠰ᠎ᠤᠨ ᠪᠣᠬᠢᠷᠲᠤᠯ ᠥᠬᠡᠶ ᠢᠳᠡᠭᠡᠨ》 ᠤ A ᠲᠠᠰ᠎ᠤᠨ ᠪᠦᠲᠦᠭᠡᠭ᠌ᠳᠡᠬᠦᠨ᠎ᠢᠶᠠᠷ ᠦᠨᠡᠯᠡᠨ ᠲᠣᠭ᠍ᠲᠠᠭᠠᠬ᠍ᠳᠠᠪᠠ᠃ 2016 ᠣᠨ᠎ᠤ 8 ᠰᠠᠷ᠎ᠠ᠎ᠶ᠋ᠢᠨ 16 ᠤ ᠡᠳᠦᠷ᠂ ᠤᠤᠯ᠎ᠤᠨ ᠤᠯᠤᠰ᠎ᠤᠨ ᠬᠦᠳᠡᠭᠡ ᠠᠵᠤ ᠠᠬᠤᠢ᠎ᠶ᠋ᠢᠨ ᠶᠠᠮᠤᠨ᠎ᠠᠴᠠ 《ᠾᠧᠢ ᠯᠢᠦ ᠽᠢᠶ᠋ᠢᠨ ᠪᠠᠢ ᠯᠢ ᠼᠦᠢ ᠠᠮᠲᠠᠲᠤ ᠬᠡᠮᠬᠡ》 ᠶ᠋ᠢ ᠤᠯᠤᠰ᠎ᠤᠨ ᠬᠦᠳᠡᠭᠡ ᠠᠵᠤ ᠠᠬᠤᠢ᠎ᠶ᠋ᠢᠨ ᠪᠦᠲᠦᠭᠡᠭ᠌ᠳᠡᠬᠦᠨ᠎ᠤ ᠭᠠᠵᠠᠷ ᠵᠦᠶ᠎ᠶ᠋ᠢᠨ ᠢᠯᠡᠷᠬᠡ ᠵᠢᠯᠡᠯᠳᠦ ᠲᠠᠸᠠᠷ᠎ᠤᠨ ᠲᠡᠮᠳᠡᠭ᠎ᠢᠶᠠᠷ ᠳᠡᠩᠰᠡᠯᠡᠨ ᠬᠠᠮᠠᠭᠠᠯᠠᠬᠤ᠎ᠶ᠋ᠢ ᠵᠥᠪᠱᠢᠶᠡᠷᠡᠪᠡ᠃ ᠤᠳᠤ ᠱᠢᠶᠠᠨ ᠹᠧᠩ ᠪᠠᠯᠭᠠᠰᠤ᠎ᠶ᠋ᠢᠨ ᠲᠠᠷᠢᠬᠤ ᠬᠡᠪᠴᠢᠶ᠎ᠡ ᠨᠡᠮᠡᠭ᠌ᠳᠡᠬᠡᠳ 4 ᠲᠦᠮᠡᠨ ᠮᠦ᠍ ᠪᠣᠯᠵᠤ᠂ ᠵᠢᠯ᠎ᠤᠨ ᠭᠠᠷᠤᠯᠲᠠ 8 ᠲᠦᠮᠡᠨ ᠲᠣᠨ᠎ᠳᠤ ᠬᠦᠷᠴᠡᠶ᠃
《ᠪᠠᠯᠭᠠᠰᠤᠨ᠎ᠠᠴᠠ ᠰᠦᠯᠢᠶᠣᠣ ᠬᠦᠯᠡᠮᠵᠢ ᠪᠠᠢᠭᠤᠯᠤᠨ ᠥᠭ᠌ᠴᠦ᠂ ᠲᠡᠷᠢᠶᠠᠴᠢᠳ ᠬᠦᠯᠡᠮᠵᠢ᠎ᠳᠡᠭᠡᠨ ᠪᠠᠢ ᠯᠢ ᠼᠦᠢ ᠠᠮᠲᠠᠲᠤ ᠬᠡᠮᠬᠡ ᠳᠠᠷᠢᠵᠤ᠂ ᠲᠠᠷᠢᠶᠠᠯᠠᠩ᠎ᠤᠨ ᠲᠤᠰᠭᠠᠶ ᠮᠡᠷᠭᠡᠵᠢᠯᠲᠡᠨ᠎ᠠᠴᠠ ᠲᠣᠭ᠍ᠲᠠᠮᠠᠯ ᠬᠤᠭᠤᠴᠠᠭ᠎ᠠ᠎ᠲᠠᠢ ᠮᠡᠷᠭᠡᠵᠢᠯ᠎ᠤᠨ ᠵᠢᠯᠣᠭᠤᠳᠣᠯᠭ᠎ᠠ ᠬᠢᠵᠥ᠍ ᠦᠭ᠌ᠳᠡᠭ᠎ᠢᠶᠠᠷ ᠮᠥ᠍ ᠨᠢᠬᠡᠴᠢ᠎ᠶ᠋ᠢᠨ ᠳᠤᠮᠳᠠᠴᠢ ᠴᠡᠪᠡᠷ ᠣᠷᠣᠯᠭ᠎ᠠ 1.5 ᠲᠦᠮᠡ ᠭᠠᠷᠤᠶ ᠲᠥᠭᠦᠷᠢᠭ ᠬᠦᠷᠴᠦ᠍᠂ ᠶᠡᠷᠤ᠎ᠶ᠋ᠢᠨ ᠲᠠᠷᠢᠮᠠᠯ᠎ᠤᠨ ᠣᠷᠣᠯᠭ᠎ᠠ᠎ᠠᠴᠠ ᠬᠡᠳᠦᠨ ᠳᠠᠬᠢᠨ ᠨᠡᠮᠡᠭ᠌ᠳᠡᠪᠡ᠃ ᠣᠳᠣ ᠡᠯ᠎ᠡ ᠱᠠᠲᠤᠨ᠎ᠤ ᠤᠳᠤᠷᠢᠳᠤᠯᠭ᠎ᠠ ᠪᠠᠰᠠ ᠪᠢᠳᠡᠨ᠎ᠢ ᠬᠠᠪᠰᠤᠷᠤᠨ ᠰᠦᠯᠵᠢᠶᠡᠨ ᠪᠣᠷᠣᠯᠠᠭᠤᠯᠭ᠎ᠠ᠎ᠶ᠋ᠢᠨ ᠲᠠᠪᠴᠠᠩ ᠪᠠ ᠵᠢᠭᠤᠯᠵᠤ᠂ ᠪᠣᠷᠣᠯᠠᠭᠤᠯᠭ᠎ᠠ᠎ᠶ᠋ᠢᠨ ᠬᠦᠷᠢᠶ᠎ᠡ ᠬᠡᠪᠴᠢᠶ᠎ᠡ᠎ᠶ᠋ᠢ ᠥᠷᠭᠡᠳᠭᠡᠵᠦ᠍ ᠪᠠ ᠵᠢᠨ᠎ᠠ᠂ ᠦᠨᠡᠭᠡᠷ ᠰᠠᠢᠨ ᠶᠠᠭᠤᠮ᠎ᠠ ᠬᠤᠳᠠᠯᠳᠤᠵᠤ ᠭᠠᠷᠬᠤ ᠦᠭᠡᠢ ᠭᠡᠵᠦ᠍ ᠵᠣᠪᠠᠭ᠍ᠤ ᠦᠭᠡᠢ》 ᠬᠡᠮᠡᠨ ᠱᠢᠶᠠᠨ ᠹᠧᠩ ᠲᠣᠰᠭᠤᠨ᠎ᠤ ᠬᠡᠮᠬᠡ ᠲᠠᠷᠢᠬᠤ ᠴᠢᠳᠠᠪᠤᠷᠢᠲᠠᠨ ᠵᠠᠩ ᠸᠧᠢ ᠵᠦ᠍ ᠪᠠᠶᠠᠷᠳᠠ ᠵᠢᠬᠠᠠ ᠶᠠᠷᠢᠨ᠎ᠠ᠃