ᠡᠯ ᠷᠧᠨ᠎ᠲᠠᠢ ᠵᠦᠴᠦᠭᠡ ᠪᠤᠯ ᠬᠤᠶᠠᠷ ᠬᠥᠮᠦᠨ᠎ᠤ ᠲᠤᠭ᠍ᠯᠠᠳᠠᠭ ᠵᠦᠴᠦᠭᠡ ᠪᠠᠢᠵᠤ᠂ ᠪᠠᠷᠠᠭᠤᠨᠰᠢ ᠲᠡᠨᠦᠭᠦᠴᠢᠯᠡᠵᠦ᠍ ᠶᠠᠪᠤᠭ᠍ᠰᠠᠨ ᠬᠦᠮᠦᠰ᠎ᠤᠨ ᠪᠦᠲᠦᠭᠡᠯ ᠪᠤᠯᠤᠨ᠎ᠠ᠂ ᠤᠳᠤ ᠪᠤᠯᠲᠠᠯ᠎ᠠ ᠬᠤᠶᠠᠷ ᠵᠠᠭᠤ ᠱᠢᠬᠠᠮ ᠵᠢᠯ᠎ᠤᠨ ᠲᠡᠦᠬᠡ᠎ᠲᠠᠢ ᠪᠤᠯᠵᠠᠢ᠃ ᠱᠠᠨ ᠰᠢ᠂ ᠥᠪᠥᠷ ᠮᠣᠩᠭᠤᠯ᠂ ᠱᠠᠨᠰᠢ᠂ ᠾᠧᠪᠸᠢ᠎ᠶ᠋ᠢᠨ ᠵᠠᠷᠢᠮ ᠭᠠᠵᠠᠷ ᠣᠷᠣᠨ᠎ᠳᠤ ᠤᠯᠠᠮᠵᠢᠯᠠᠭ᠍ᠳᠠᠨ ᠳᠡᠯᠭᠡᠷᠡᠵᠦ᠍᠂ ᠱᠠᠨ ᠰᠢ᠂ ᠱᠠᠨᠰᠢ᠂ ᠾᠧᠪᠸᠢ᠎ᠶ᠋ᠢᠨ ᠬᠤᠢᠲᠤ ᠬᠡᠰᠡᠭ ᠪᠠ ᠥᠪᠥᠷ ᠮᠣᠩᠭᠤᠯ᠎ᠤᠨ ᠳᠤᠮᠳᠠ᠂ ᠪᠠᠷᠠᠭᠤᠨ ᠬᠡᠰᠡᠭ᠎ᠲᠤ ᠬᠠᠷᠢᠴᠠᠩᠭᠤᠢ ᠲᠦᠪᠯᠡᠷᠡᠵᠦ᠍ ᠪᠠᠢᠨ᠎ᠠ᠃ ᠡᠭᠦᠨ᠎ᠳᠤ ᠲᠦᠮᠡᠳ᠎ᠤᠨ ᠲᠠᠯ᠎ᠠ ᠪᠣᠯ ᠡᠯ ᠷᠧᠨ᠎ᠲᠠᠢ ᠵᠦᠴᠦᠭᠡ᠎ᠶ᠋ᠢᠨ ᠡᠭᠦᠰᠦᠯ᠎ᠤᠨ ᠭᠠᠵᠠᠷ ᠪᠣᠯᠤᠨ᠎ᠠ᠃
ᠰᠢ ᠲᠠᠭᠤᠷᠢᠯᠢᠭ ᠪᠣᠯᠤᠭ᠍ᠰᠠᠨ᠎ᠤ ᠬᠤᠪᠢ᠎ᠳᠤ᠂ ᠡᠯ ᠷᠧᠨ᠎ᠲᠠᠢ ᠵᠦᠴᠦᠭᠡ ᠲᠣᠮᠣ ᠵᠦᠴᠦᠭᠡ ᠱᠢᠭ ᠶᠠᠪᠤᠴᠠ ᠵᠢᠷᠤᠮᠵᠢᠯ ᠭᠡᠵᠦ᠍ ᠪᠠᠢᠬᠤ ᠥᠬᠡᠶ᠂ ᠲᠣᠭ᠍ᠯᠠᠭ᠍ᠴᠢ᠎ᠨᠢ ᠨᠢᠭᠡ ᠬᠤᠲᠤᠭᠤᠴᠢᠨ ᠨᠢᠭᠡ ᠡᠮᠡᠭ᠌ᠲᠡᠢ ᠲᠤᠭ᠍ᠯᠠᠭ᠍ᠴᠢ᠎ᠪᠠᠷ ᠪᠦᠷᠢᠯᠳᠦᠵᠡᠢ᠃ ᠵᠦᠴᠦᠭᠡ᠎ᠶ᠋ᠢᠨ ᠳᠦᠷᠢ᠎ᠨᠢ ᠪᠦᠷ ᠬᠥᠳᠡᠭᠡ᠎ᠶ᠋ᠢᠨ ᠪᠦᠰᠡᠭᠦᠶ᠂ ᠬᠤᠨᠢᠴᠢᠨ ᠬᠡᠦᠬᠡᠳ᠂ ᠭᠤᠣᠨᠢ ᠡᠷ᠎ᠡ ᠪᠡᠯᠪᠡᠰᠦᠨ ᠪᠦᠰᠡᠭᠦᠢ ᠵᠡᠷᠭᠡ ᠪᠤᠢ᠂ ᠬᠦᠭ᠌ᠵᠢᠮ᠎ᠤᠨ ᠵᠢᠮᠰᠡᠭ᠎ᠨᠢ ᠵᠥᠪᠬᠡᠨ ᠳᠥᠷᠪᠡᠨ ᠤᠲᠠᠰᠤᠲᠤ ᠬᠤᠭᠤᠷ᠂ ᠶᠠᠩᠴᠢᠨ ᠪᠠ ᠯᠢᠮᠪᠦ᠌ ᠭᠡᠬᠦ᠌ 《ᠭᠤᠷᠪᠠᠨ ᠡᠳ᠋》 ᠲᠠᠢ᠂ ᠳᠥᠭᠦᠮ ᠪᠥᠭᠡᠳ ᠬᠡᠷᠡᠭ᠌ᠴᠡᠭᠡ᠎ᠳᠡᠭᠡᠨ ᠳᠤᠬᠢᠷᠠᠭ᠍ᠰᠠᠨ ᠪᠠᠢᠳᠠᠭ᠃ ᠲᠡᠢᠮᠦ᠎ᠠᠴᠠ ᠡᠯ ᠷᠧᠨ᠎ᠲᠠᠢ ᠵᠦᠴᠦᠭᠡ᠎ᠶ᠋ᠢ ᠪᠠᠰᠠ ᠪᠠᠭ᠎ᠠ ᠵᠦᠴᠦᠭᠡ ᠭᠡᠳᠡᠭ᠃
ᠡᠯ ᠷᠧᠨ᠎ᠲᠠᠢ ᠵᠦᠴᠦᠭᠡ᠎ᠶ᠋ᠢᠨ ᠪᠦᠯᠬᠦᠮ 《ᠦᠯᠢᠭᠡᠷ ᠳᠠᠭᠤᠷᠢᠶᠠᠯ᠎ᠲᠦ ᠰᠢ ᠵᠦᠴᠦᠭᠡ》 ᠶ᠋ᠢᠨ ᠪᠦᠯᠬᠦᠮ᠎ᠠᠴᠠ ᠤᠯᠠᠷᠢᠨ ᠬᠤᠪᠢᠷᠠᠵᠤ ᠢᠷᠡᠪᠡ᠃ ᠵᠦᠴᠦᠭᠡ᠎ᠶ᠋ᠢᠨ ᠪᠦᠯᠬᠦᠮ᠎ᠤᠨ ᠬᠡᠪᠴᠢᠶ᠎ᠡ᠎ᠨᠢ ᠶᠡᠭᠡ ᠪᠢᠰᠢ᠂ ᠲᠣᠭ᠍ᠯᠠᠭ᠍ᠴᠢ ᠪᠠ ᠬᠥᠭ᠌ᠵᠢᠮ᠎ᠤᠨ ᠪᠦᠯᠬᠦᠮ ᠨᠡᠢᠯᠡᠭᠡᠳ ᠨᠠᠢ᠍ᠮᠠ ᠶᠢᠰᠦᠬᠡᠨ ᠬᠦᠮᠦᠨ᠎ᠲᠠᠢ᠃ ᠡᠳᠡᠭᠡᠷ ᠲᠣᠭ᠍ᠯᠠᠭ᠍ᠴᠢᠳ ᠴᠥᠮ ᠲᠤᠰᠭᠠᠶ ᠮᠡᠷᠭᠡᠵᠢᠯ᠎ᠤᠨ ᠪᠤᠯᠪᠠᠰᠤᠷᠠᠯ ᠬᠦᠷᠲᠡᠭ᠌ᠰᠡᠨ ᠦᠭᠡᠢ᠂ ᠣᠯᠠᠩᠬᠢ᠎ᠨᠢ ᠪᠠᠭ᠍ᠰᠢ ᠨᠠᠷ᠎ᠤᠨ ᠠᠮᠠ᠎ᠪᠠᠷ ᠤᠯᠠᠮᠵᠢᠯᠠᠵᠤ᠂ ᠲᠡᠳᠡᠨᠡᠷ ᠨᠢᠭᠡ ᠵᠦᠯᠳᠤ ᠮᠡᠷᠭᠡᠱᠢᠵᠦ᠍ ᠤᠯᠠᠨ ᠵᠠᠭᠤᠮᠠᠶ᠋ᠢ ᠴᠢᠳᠠᠵᠤ᠂ ᠵᠠᠷᠢᠮ᠎ᠳᠠᠭᠠᠨ ᠲᠣᠭ᠍ᠯᠠᠭ᠍ᠴᠢ᠂ ᠵᠠᠷᠢᠮ᠎ᠳᠠᠭᠠᠨ ᠬᠥᠭ᠌ᠵᠢᠮᠴᠢᠨ ᠪᠣᠯᠳᠠᠭ᠃ ᠲᠣᠭ᠍ᠯᠠᠯᠲᠠ᠎ᠶ᠋ᠢᠨ ᠪᠠᠭᠠᠵᠢ ᠬᠡᠷᠡᠭ᠌ᠰᠡᠯ᠎ᠨᠢ ᠮᠠᠰᠢ ᠳᠥᠭᠦᠮ᠂ ᠬᠡᠳᠦᠬᠡᠨ ᠵᠠᠬ᠎ᠠ ᠡᠩ᠎ᠤᠨ ᠠᠷᠠᠳ᠎ᠤᠨ ᠬᠤᠪᠴᠠᠰᠤ᠂ ᠨᠢᠭᠡ ᠳᠡᠪᠢᠭᠦᠷ ᠨᠢᠭᠡ ᠲᠣᠷᠭ᠎ᠠ ᠨᠢᠭᠡ ᠱᠢᠳᠠᠮ᠎ᠲᠠᠢ ᠪᠤᠯ ᠪᠤᠯᠴᠢᠬᠠᠨ᠎ᠠ᠃ ᠵᠢᠷᠤᠵᠤ ᠪᠤᠳᠤᠬᠤ ᠡᠳ᠋᠎ᠨᠢ ᠨᠠᠩ ᠴᠤ᠌ ᠲᠤᠬᠠᠶ᠎ᠶ᠋ᠢᠨ ᠭᠠᠵᠠᠷ᠎ᠠᠴᠠ᠎ᠪᠠᠨ ᠠᠪᠳᠠᠭ᠂ ᠡᠮᠡᠭ᠌ᠲᠡᠢ ᠳᠦᠷᠢ᠎ᠨᠢ ᠤᠯᠠᠭᠠᠨ ᠴᠠᠭᠠᠰᠤ᠎ᠶ᠋ᠢ ᠤᠰᠤᠨ᠎ᠳᠤ ᠳᠦᠷᠦᠭᠡᠳ ᠨᠢᠭᠤᠷ᠎ᠢᠶᠠᠨ ᠪᠤᠳᠤᠨ᠎ᠠ᠂ ᠬᠤᠳᠣᠭᠤᠴᠢᠨᠨᠢ ᠲᠣᠭᠤᠭᠠᠨ ᠢᠷᠣᠭᠠᠷ᠎ᠤᠨ ᠬᠠᠷ᠎ᠠ ᠬᠦ᠋ ᠪᠠ ᠴᠠᠭᠠᠨ ᠱᠢᠪᠠᠷ᠎ᠢᠶᠠᠷ ᠪᠤᠳᠤᠨ᠎ᠠ᠃ ᠲᠣᠭ᠍ᠯᠠᠯᠲᠠ᠎ᠶ᠋ᠢᠨ ᠲᠠᠯᠠᠪᠤᠷ ᠲᠤᠩ ᠳᠥᠭᠦᠮ᠂ ᠨᠠᠶᠮᠠ ᠶᠢᠰᠦᠬᠡᠨ ᠮᠣᠳᠣ᠎ᠪᠠᠷ ᠵᠦᠴᠦᠭᠡ᠎ᠶ᠋ᠢᠨ ᠲᠠᠢᠰᠠ ᠪᠣᠰᠭᠠᠴᠢᠬᠠᠳᠠᠭ᠂ ᠵᠦᠴᠦᠭᠡ᠎ᠶ᠋ᠢᠨ ᠲᠠᠢᠰᠠᠨ ᠳᠡᠭᠡᠷ᠎ᠡ ᠲᠤᠭ᠍ᠯᠠᠬᠤ᠎ᠳᠤ ᠴᠤ᠌ ᠬᠥᠱᠢᠭᠡ ᠮᠡᠲᠦ᠎ᠶ᠋ᠢᠨ ᠴᠢᠮᠡᠭ᠌ᠯᠡᠯ ᠪᠠᠢᠬᠤ ᠦᠭᠡᠢ᠃
ᠬᠡᠦᠬᠡᠳ ᠪᠠᠭ᠎ᠠ ᠨᠠᠰᠤᠨ᠎ᠳᠤ ᠲᠣᠰᠭᠤᠨ᠎ᠳᠤ ᠲᠠᠢᠰᠠ ᠪᠤᠰᠭᠠᠨ ᠵᠦᠴᠦᠭᠡ ᠲᠣᠭ᠍ᠯᠠᠪᠠᠯ ᠬᠠᠪᠢ ᠲᠦᠰᠦᠷ᠎ᠤᠨ ᠡᠷᠡᠭ᠌ᠲᠡᠶ ᠡᠮᠡᠭ᠌ᠲᠡᠶ ᠬᠦᠭ᠌ᠰᠢᠨ ᠵᠠᠯᠠᠭᠤ ᠬᠡᠦᠭᠡᠳ ᠨᠢᠯᠬ᠎ᠠ ᠪᠦᠷ ᠢᠷᠡᠭᠡᠳ ᠦᠵᠡᠵᠡᠭᠡᠳᠡᠭ᠃ ᠲᠣᠰᠭᠤᠨ᠎ᠤ ᠬᠥᠮᠦᠰ ᠰᠢ ᠦᠵᠡᠬᠦ᠌᠎ᠳᠡᠭᠡᠨ ᠲᠣᠭᠤᠰᠭᠠᠨ ᠳᠡᠭᠡᠷ᠎ᠡ ᠰᠠᠭᠤᠬᠤ ᠪᠤᠶᠤ ᠡᠪᠡᠰᠦ ᠳᠡᠪᠢᠰᠳᠡᠭ᠂ ᠡᠪᠦᠭᠡᠴᠦᠳ ᠱᠢᠭᠤᠳ ᠬᠦᠰᠡᠷ ᠰᠠᠭᠤᠭᠠᠳ ᠰᠤᠨᠢᠷᠬᠠᠵᠠᠭᠠᠳᠠᠭ᠃ ᠵᠦᠴᠦᠭᠡ᠎ᠶ᠋ᠢᠨ ᠲᠠᠯᠠᠪᠠᠢ᠎ᠳᠤ ᠲᠣᠭᠤᠰᠣ ᠱᠢᠷᠣᠶ ᠳᠡᠭ᠌ᠳᠡᠭ᠌ᠰᠡᠨ ᠴᠦ᠍ ᠬᠥᠮᠦᠰ᠎ᠤᠨ ᠵᠦᠴᠦᠭᠡ ᠦᠵᠡᠬᠦ᠌ ᠬᠠᠯᠠᠭᠤᠨ ᠰᠡᠳᠭᠢᠯᠭᠡ᠎ᠶ᠋ᠢ ᠨᠥᠯᠥᠭᠡᠯᠡᠬᠦ᠌ ᠦᠭᠡᠢ᠃ ᠡᠯ ᠷᠧᠨ᠎ᠲᠠᠢ ᠵᠦᠴᠦᠭᠡ ᠬᠥᠳᠡᠭᠡ ᠲᠣᠰᠭᠤᠨ᠎ᠳᠤ ᠡᠭᠦᠰᠦᠭ᠌ᠰᠡᠨ ᠦᠨᠡᠨ ᠦᠯᠢᠭᠡᠷ᠎ᠢᠶᠠᠷ ᠰᠡᠳᠦᠪᠯᠡᠳᠡᠭ᠂ ᠵᠢᠱ᠌ᠢᠶᠡᠯᠡᠪᠡᠯ 《ᠲᠠᠪᠤᠳᠤᠭᠠᠷ ᠠᠬ᠎ᠠ ᠬᠤᠨᠢ ᠬᠠᠷᠢᠭᠤᠯᠤᠭ᠍ᠰᠠᠨ᠎ᠨᠢ》᠂ 《ᠭᠤᠣᠨᠢ ᠡᠷ᠎ᠡ ᠡᠬᠡᠨᠡᠷ᠎ᠤᠨ ᠲᠦᠯᠦᠭᠡ ᠤᠬᠢᠯᠠᠭ᠍ᠰᠠᠨᠨᠢ》᠂ 《ᠵᠠᠯᠠᠭᠤ ᠪᠡᠯᠪᠡᠰᠦᠨ ᠡᠬᠡᠨᠡᠷ ᠤᠩᠭᠤᠨ ᠳᠡᠭᠡᠷ᠎ᠡ ᠱᠢᠷᠤᠢ ᠨᠡᠮᠡᠭ᠌ᠰᠡᠨ᠎ᠨᠢ》 ᠵᠡᠷᠭᠡ ᠪᠤᠢ᠂ ᠨᠢᠭᠡ ᠵᠦᠴᠦᠭᠡ᠎ᠨᠢ ᠬᠡᠳᠦᠨ ᠵᠠᠭᠤᠨ ᠵᠢᠯ᠎ᠤᠨ ᠬᠦᠭ᠌ᠵᠢᠯᠲᠡ ᠬᠤᠪᠢᠷᠠᠯᠲᠠ᠎ᠶ᠋ᠢ ᠬᠠᠷᠠᠭᠤᠯᠵᠤ ᠪᠠᠢᠳᠠᠭ᠃
ᠨᠤᠲᠤᠭ᠎ᠤᠨ ᠠᠶᠠᠯᠭᠤ᠎ᠪᠠᠷ ᠲᠤᠭ᠍ᠯᠠᠳᠠᠭ ᠡᠯ ᠷᠧᠨ᠎ᠲᠠᠢ ᠵᠦᠴᠦᠭᠡ ᠵᠦᠴᠦᠭᠡ ᠨᠠᠢᠷᠠᠭᠤᠯᠤᠭ᠍ᠴᠢ ᠭᠡᠵᠦ᠍ ᠦᠭᠡᠢ᠂ ᠤᠳᠤᠷᠢᠳᠤᠭᠠᠴᠢ ᠭᠡᠵᠦ᠍ ᠴᠤ᠌ ᠦᠭᠡᠢ᠂ ᠥᠪᠡᠷ᠎ᠤᠨ ᠪᠡᠶ᠎ᠡ᠎ᠪᠠᠨ᠂ ᠡᠪᠦᠭᠡ ᠳᠡᠭᠡᠳᠦᠰ᠎ᠢᠶᠠᠨ ᠲᠣᠭ᠍ᠯᠠᠵᠤ᠂ ᠪᠠᠶᠠᠷ ᠭᠤᠨᠢᠭ ᠤᠴᠠᠭᠠᠷ ᠵᠣᠪᠠᠨᠢᠯ᠎ᠢᠶᠠᠨ ᠰᠢ ᠵᠦᠴᠦᠭᠡ᠎ᠪᠠᠷ ᠳᠠᠮᠵᠢᠨ ᠠᠭᠤᠵᠢᠷᠠᠲᠠᠯ᠎ᠠ ᠲᠣᠭ᠍ᠯᠠᠳᠠᠭ᠃
ᠣᠳᠣᠬᠠᠨ᠎ᠳᠤ᠂ ᠲᠣᠰᠭᠤᠨ᠎ᠳᠤ ᠡᠯ ᠷᠧᠨ᠎ᠲᠠᠢ ᠵᠦᠴᠦᠭᠡ ᠲᠤᠩ ᠴᠥᠭᠡᠨ ᠳᠠᠭᠤᠯᠠᠳᠠᠭ ᠪᠣᠯᠵᠠᠢ᠂ ᠵᠢᠯ ᠴᠠᠭᠠᠨ ᠰᠠᠷ᠎ᠠ ᠪᠤᠯᠬᠤ ᠪᠦ᠍ᠷᠢ ᠨᠤᠲᠤᠭ᠎ᠲᠠᠭᠠᠨ ᠬᠠᠷᠢᠵᠤ ᠱᠢᠨᠡᠯᠡᠬᠦ᠌ ᠵᠠᠯᠠᠭᠤᠴᠤᠳ ᠴᠤᠭ᠍ᠯᠠᠷᠠᠵᠠᠭᠠᠭᠠᠳ᠂ ᠬᠠᠮᠲᠤ᠎ᠪᠠᠷ ᠵᠣᠭᠤᠰ ᠭᠠᠷᠭᠠᠵᠤ ᠡᠯ ᠷᠧᠨ᠎ᠲᠠᠢ ᠵᠦᠴᠦᠭᠡ᠎ᠶ᠋ᠢᠨ ᠪᠦᠯᠬᠦᠮ᠎ᠢ ᠤᠷᠢᠨ᠂ ᠲᠣᠰᠭᠤᠨ᠎ᠤ ᠨᠠᠰᠤᠲᠠᠢᠴᠤᠳ᠎ᠲᠤ ᠵᠦᠴᠦᠭᠡ ᠲᠤᠭ᠍ᠯᠠᠨ ᠰᠤᠨᠢᠷᠬᠠᠭᠤᠯᠳᠠᠭ᠃
ᠨᠤᠲᠤᠭ᠎ᠤᠨ ᠳᠠᠭᠤᠤ ᠠᠶᠠᠯᠭᠤ ᠪᠤᠯᠤᠭ᠍ᠰᠠᠨ ᠡᠯ ᠷᠧᠨ᠎ᠲᠠᠢ ᠵᠦᠴᠦᠭᠡ ᠤᠷᠲᠤ ᠤᠳᠠᠭᠠᠨ ᠲᠡᠦᠬᠡ᠎ᠶ᠋ᠢᠨ ᠤᠷᠤᠰᠭᠠᠯ ᠲᠠᠮᠵᠢᠨ ᠤᠯᠠᠮᠵᠢᠯᠠᠭ᠍ᠳᠠᠨ᠎ᠠ᠃

《ᠲᠠᠪᠤᠳᠤᠭᠠᠷ ᠠᠬ᠎ᠠ ᠬᠤᠨᠢ ᠬᠠᠷᠢᠭᠤᠯᠤᠭ᠍ᠰᠠᠨ᠎ᠨᠢ》 ᠭᠡᠬᠦ᠌ ᠡᠯ ᠷᠧᠨ᠎ᠲᠠᠢ ᠵᠦᠴᠦᠭᠡ᠎ᠶ᠋ᠢᠨ ᠰᠡᠭᠦᠳᠡᠷ᠃
(ᠵᠢᠷᠤᠭ᠎ᠢ ᠰᠦᠯᠵᠢᠶ᠎ᠡ᠎ᠠᠴᠠ ᠠᠪᠤᠪᠠ)