10 ᠰᠠᠷ᠎ᠠ᠎ᠶ᠋ᠢᠨ 8 ᠤ ᠡᠳᠣᠷ᠂ ᠰᠤᠷᠪᠤᠯᠵᠢᠯᠠᠭ᠍ᠴᠢ ᠦᠤᠱᠢᠨ ᠬᠤᠱᠢᠭᠤᠨ᠎ᠤ ᠭᠠᠯᠠᠭᠤᠳᠣ ᠪᠠᠯᠭᠠᠰᠣ᠎ᠶ᠋ᠢᠨ ᠰᠠᠷᠠᠭᠤᠯᠨᠤᠲᠤᠭ ᠭᠠᠴᠠᠭᠠᠨ᠎ᠤ ᠠᠳᠣᠭᠤᠴᠢᠨ ᠴᠢᠮᠡᠳᠳᠣᠷᠵᠢᠶ᠋ᠢᠨᠬᠢᠨᠳᠤ ᠬᠦᠷᠬᠦ᠌᠎ᠳᠤ᠂ ᠲᠡᠷᠡ
ᠭᠡᠷᠭᠡᠢ᠎ᠲᠠᠢ᠎ᠪᠠᠨ ᠠᠲᠤᠭᠤ᠎ᠪᠠᠨ ᠮᠠᠯᠯᠠᠵᠣ ᠬᠡᠬᠦᠥ ᠰᠠᠭᠠᠭᠠᠳ ᠶᠠᠭᠠᠷᠠᠤ ᠪᠠᠢᠯ᠎ᠠ᠃ ᠡᠳᠡᠨᠡᠢᠬᠢᠨ ᠪᠤᠯ
ᠦᠶ᠎ᠡ ᠳᠠᠮᠵᠢᠨ ᠦᠣᠱᠢᠨ ᠠᠳᠣᠭᠤ᠎ᠪᠠᠨ ᠠᠷᠠᠴᠢᠯᠡᠨ ᠠᠳᠣᠭᠤᠯᠣᠭ᠍ᠰᠠᠭᠠᠷ ᠢᠷᠡᠭ᠌ᠰᠡᠨ ᠡᠷᠦᠭᠡ᠂ ᠣᠢᠷ᠎ᠠ᠎ᠶ᠋ᠢᠨ
ᠬᠡᠳᠣᠨ ᠠᠷᠪᠡᠨ ᠵᠢᠯ᠎ᠤᠨ ᠪᠡᠯᠴᠢᠬᠡᠷ ᠨᠤᠳᠤᠭ᠂ ᠵᠠᠬ᠎ᠠ ᠲᠡᠯᠬᠡᠬᠦᠷ᠎ᠤᠨ ᠢᠪᠴᠤᠷᠠᠯ ᠵᠡᠷᠭᠡ ᠴᠠᠭ ᠦᠶ᠎ᠡ᠎ᠶ᠋ᠢᠨ
ᠠᠳᠣᠭᠤ ᠲᠡᠵᠢᠭᠡᠬᠦ᠌ ᠬᠦᠴᠢᠷᠳᠡᠯ ᠪᠠᠢᠳᠠᠯ᠎ᠢ ᠵᠣᠷᠢᠭ᠍ᠲᠠᠢ᠎ᠪᠠᠷ ᠲᠤᠭᠤᠯᠵᠤ᠂ ᠣᠯᠡᠨ ᠲᠠᠯ᠎ᠠ᠎ᠶ᠋ᠢᠨ
ᠳᠣᠬᠢᠳᠡᠢ ᠠᠷᠭ᠎ᠠ᠎ᠶ᠋ᠢ ᠰᠦᠪᠡᠭ᠌ᠴᠢᠯᠡᠨ ᠪᠠᠷᠢᠮᠲᠠᠯᠠᠵᠤ᠂ ᠤᠳᠤ ᠪᠣᠯᠬᠤ᠎ᠳᠤ ᠵᠠᠭᠤ ᠭᠠᠷᠣᠢ ᠦᠣᠱᠢᠨ
ᠠᠳᠣᠭᠤ᠎ᠲᠠᠢ᠂ ᠴᠡᠭᠡ ᠰᠠᠭᠠᠵᠤ ᠬᠤᠳᠠᠯᠳᠤᠬᠤ᠂ ᠠᠲᠤᠭᠤ ᠬᠤᠳᠠᠯᠳᠣᠬᠤ ᠵᠡᠷᠬᠡ ᠲᠠᠯ᠎ᠠ᠎ᠪᠠᠷ ᠵᠢᠯ᠎ᠳᠤ ᠪᠠᠷᠤᠭ 20 ᠭᠠᠷᠣᠢ ᠳᠦᠮᠡᠨ ᠳᠦᠭᠦᠷᠢᠭ᠎ᠤᠨ ᠴᠡᠪᠡᠷ
ᠤᠷᠤᠯᠭ᠎ᠠ ᠣᠯᠵᠣ ᠮᠠᠩᠨᠠᠢ ᠲᠠᠨ᠋ᠢᠨ ᠶᠠᠪᠤᠨ᠎ᠠ᠃

ᠠᠳᠤᠭᠤ᠎ᠪᠠᠨ ᠦᠰᠭᠡᠬᠦ᠌ ᠱᠢᠨᠳᠠᠷᠠᠰᠢ ᠦᠬᠡᠢ ᠴᠢᠷᠮᠠᠢᠯᠭ᠎ᠠ᠎ᠪᠠᠷ 2018 ᠣᠨ᠎ᠳᠤ ᠲᠡᠳᠡᠨᠡᠢᠬᠢᠨ ᠣᠷᠳᠣᠰ
ᠬᠤᠲᠠ᠎ᠶ᠋ᠢᠨ ᠴᠣᠷ᠎ᠤᠨ ᠭᠠᠭ᠍ᠴᠠ ᠤᠤᠯ᠎ᠤᠨ ᠬᠦᠳᠡᠭᠡ ᠠᠵᠤ ᠠᠬᠤᠢ᠎ᠶ᠋ᠢᠨ ᠶᠠᠮᠣᠨ᠎ᠠᠴᠠ ᠤᠯᠭᠤᠭ᠍ᠰᠠᠨ 《ᠦᠣᠱᠢᠨ ᠠᠳᠣᠭᠤᠨ᠎ᠤ ᠤᠳᠤᠮ ᠡᠭᠦᠯᠳᠡᠷ᠎ᠢ ᠬᠠᠮᠠᠭᠠᠯᠠᠭ᠍ᠴᠢ ᠡᠷᠣᠭᠡ》 ᠪᠣᠯᠵᠤ᠂ ᠵᠢᠯ ᠪᠦᠷᠢ 40 ᠲᠦᠮᠡᠨ ᠲᠦᠭᠦᠷᠢᠭ᠎ᠤᠨ ᠨᠦᠬᠦᠪᠦᠷᠢ ᠤᠯᠳᠠᠭ ᠪᠠᠢᠨ᠎ᠠ᠃
ᠠᠳᠤᠭᠤᠴᠢᠨ ᠴᠢᠮᠡᠳᠳᠤᠷᠵᠢ᠄ 《ᠦᠪᠦᠷ ᠮᠤᠩᠭᠤᠯ᠎ᠤᠨ ᠲᠦᠷᠪᠡᠨ ᠶᠡᠭᠡ ᠠᠳᠤᠭᠤᠨ᠎ᠤ ᠨᠢᠭᠡ ᠪᠤᠯᠬᠤ ᠦᠥᠱᠢᠨ ᠤᠰᠤᠨ
ᠵᠢᠷᠤᠭ᠎ᠠ ᠮᠤᠷᠢᠨ᠎ᠤ ᠤᠳᠤᠮ᠎ᠢ ᠬᠠᠮᠠᠭᠠᠯᠠᠬᠤ ᠡᠷᠦᠬᠡ ᠪᠤᠯᠤᠭ᠍ᠰᠠᠨ᠎ᠤ ᠬᠤᠪᠢ᠎ᠳᠤ᠂ ᠤᠰᠤᠨ ᠵᠢᠷᠤᠭ᠎ᠠ
ᠮᠤᠷᠢᠨ᠎ᠤ ᠤᠳᠤᠮ᠎ᠢ ᠴᠢᠰᠦ ᠬᠤᠯᠢᠵᠤ ᠡᠷᠯᠢᠰᠡᠵᠢᠬᠦᠯᠬᠦ᠌ ᠦᠬᠡᠢ ᠰᠠᠢᠬᠠᠨ ᠬᠠᠮᠠᠭᠠᠯᠠᠵᠤ᠂ ᠲᠡᠯᠡᠬᠡᠢ
ᠲᠠᠶᠠᠭᠠᠷ᠎ᠲᠤ ᠲᠦᠷᠦᠯᠬᠢ ᠡᠢᠮᠦ᠍ ᠤᠰᠤᠨ ᠵᠢᠷᠤᠭ᠎ᠠ ᠮᠤᠷᠢ ᠪᠠᠢᠳᠠᠭ ᠭᠡᠰᠡᠨ᠎ᠢ ᠲᠠᠨᠢᠭᠤᠯᠬᠤ᠎ᠪᠠᠷ
ᠬᠠᠮᠠᠭᠠᠯᠠᠨ ᠶᠠᠪᠤᠵᠤ ᠪᠠᠢᠨ᠎ᠠ᠃ ᠲᠠᠷᠠᠭᠠᠴᠢ᠎ᠶ᠋ᠢᠨ ᠠᠯᠬᠤᠮ᠎ᠳᠤ᠂ ᠦᠥᠱᠢᠨ ᠠᠳᠤᠭᠤᠨ᠎ᠤ ᠰᠦ ᠰᠠᠭᠠᠯᠢ᠎ᠪᠠᠷ
ᠰᠦ᠎ᠶ᠋ᠢᠨ ᠲᠠᠯᠬ᠎ᠠ ᠬᠢᠵᠦ᠍᠂ ᠵᠠᠬ᠎ᠠ ᠲᠠᠯᠭᠡᠭᠦᠷ᠎ᠲᠤ ᠭᠠᠷᠭᠠᠬᠤ ᠪᠤᠳᠤᠯ ᠪᠤᠢ᠃ ᠮᠤᠷᠢᠨ᠎ᠤ ᠲᠠᠯ᠎ᠠ᠎ᠪᠠᠷ
ᠡᠭᠦᠯᠳᠡᠷ ᠰᠠᠢᠲᠠᠢ ᠤᠰᠤᠨ ᠵᠢᠷᠤᠭ᠎ᠠ ᠮᠤᠷᠢ᠎ᠶ᠋ᠢ ᠡᠷᠦᠬᠡ᠎ᠳᠤ ᠦᠷ᠎ᠡ᠎ᠶ᠋ᠢᠨ ᠮᠠᠯ᠎ᠢᠶᠠᠷ ᠬᠠᠩᠭᠠᠬᠤ ᠲᠦᠰᠦᠪ
ᠪᠤᠳᠤᠯᠭ᠎ᠠ᠎ᠲᠠᠢ》 ᠭᠡᠵᠦ᠍ ᠰᠤᠷᠪᠤᠯᠵᠢᠯᠠᠭ᠍ᠴᠢ᠎ᠳᠤ ᠶᠠᠷᠢᠨ᠎ᠠ᠃
ᠦᠤᠱᠢᠨ ᠠᠲᠤᠭᠤ ᠪᠤᠯ ᠦᠤᠱᠢᠨ ᠬᠤᠱᠢᠭᠤᠨ᠎ᠤ ᠡᠯᠡᠰᠦ ᠮᠠᠩᠬᠠᠨ ᠨᠤᠲᠤᠭ ᠪᠤᠯᠤᠨ ᠲᠡᠭᠦᠨ᠎ᠤ
ᠡᠷᠬᠢᠨ ᠲᠤᠭᠤᠷᠢᠨ᠎ᠳᠤ ᠲᠦᠪᠯᠡᠷᠡᠵᠦ᠍ ᠪᠠᠢᠭ᠎ᠠ ᠮᠤᠩᠭᠤᠯ ᠠᠲᠤᠭᠤᠨ᠎ᠤ ᠨᠢᠭᠡ ᠱᠢᠯᠢᠲᠡᠭ ᠡᠭᠦᠯᠲᠡᠷ ᠪᠣᠯᠬᠤ
ᠪᠦᠭᠡᠳ ᠲᠡᠭᠦᠨ᠎ᠤ ᠲᠤᠲᠤᠷᠬᠠᠢ ᠱᠢᠨᠵᠢ ᠴᠢᠨᠠᠷ᠂ ᠤᠷᠤᠱᠢᠨ ᠠᠮᠢᠲᠤᠷᠠᠬᠤ ᠨᠤᠲᠤᠭ᠎ᠤᠨ ᠪᠠᠢᠲᠠᠯᠢᠶᠠᠷᠨᠢ
ᠦᠤᠱᠢᠨ ᠠᠲᠤᠭᠤ ᠭᠡᠮᠡᠨ ᠨᠡᠷᠡᠯᠡᠭ᠌ᠰᠡᠨ᠎ᠨᠢ ᠪᠠᠷᠠᠭᠤᠨ ᠬᠠᠨ ᠤᠯᠤᠰ᠎ᠤᠨ ᠦᠶ᠎ᠡ᠎ᠶ᠋ᠢᠨ ᠲᠡᠤᠬᠡᠨ
ᠲᠡᠮᠲᠡᠭ᠌ᠯᠡᠯ᠎ᠳᠤ ᠢᠯᠡᠷᠡᠭ᠌ᠰᠡᠨ ᠪᠠᠢᠲᠠᠭ᠃
ᠤᠷᠴᠢᠮ᠎ᠤᠨ ᠵᠢᠯ ᠦᠤᠱᠢᠨ ᠬᠤᠱᠢᠭᠤ᠂ ᠦᠥᠱᠢᠨ ᠠᠲᠤᠭᠤ᠎ᠶ᠋ᠢ ᠬᠦᠭ᠌ᠵᠢᠭᠦᠯᠦᠨ ᠬᠠᠮᠠᠭᠠᠯᠠᠵᠦ᠍ ᠠᠵᠦ᠍ ᠦᠢᠯᠡᠰᠵᠢᠭᠦᠯᠬᠦ᠌᠎ᠶ᠋ᠢ
ᠲᠡᠮᠵᠢᠭ᠌ᠰᠡᠨᠢᠶᠠᠷ ᠣᠳᠣᠬᠠᠨ᠎ᠳᠤ ᠪᠦᠬᠦ᠌ ᠬᠤᠱᠢᠭᠤᠨ᠎ᠤ ᠬᠡᠪᠴᠢᠶᠠᠨ᠎ᠳᠤ ᠦᠥᠱᠢᠨ ᠠᠳᠤᠭᠤ᠎ᠪᠠᠨ ᠠᠷᠠᠴᠢᠯᠠᠨ
ᠮᠠᠯᠵᠢᠵᠤ ᠪᠠᠢᠭ᠎ᠠ ᠡᠷᠦᠬᠡ 500 ᠤᠷᠴᠢᠮ᠎ᠳᠤ ᠬᠦᠷᠴᠤ᠌᠂ 5200 ᠭᠠᠷᠤᠢ ᠠᠳᠤᠭᠤ᠎ᠲᠠᠢ ᠪᠤᠯᠵᠤ᠂ ᠦᠣᠱᠢᠨ ᠠᠳᠤᠭᠤᠨ ᠦᠢᠯᠡᠰ᠎ᠤᠨ ᠴᠢᠨᠠᠷ ᠰᠠᠢᠳᠠᠢ
ᠬᠦᠭ᠌ᠵᠢᠯᠳᠡ᠎ᠶ᠋ᠢ ᠠᠬᠢᠭᠤᠯᠬᠤ᠎ᠳᠤ ᠲᠦᠯᠬᠢᠴᠡ ᠭᠦᠴᠦᠨ ᠪᠤᠯᠵᠠᠢ᠃
ᠥᠢᠷ᠎ᠠ᠎ᠳᠤ᠂ ᠦᠪᠦᠷ ᠮᠣᠩᠭᠤᠯ᠎ᠤᠨ ᠴᠡᠭᠡ᠎ᠲᠠᠢ ᠠᠮᠢᠳᠤ ᠪᠣᠳᠠᠰ᠎ᠤᠨ ᠱᠢᠨᠵᠢᠯᠡᠬᠦ᠌ ᠤᠬᠠᠭᠠᠨ
ᠲᠧᠭ᠌ᠨᠢᠭ ᠮᠡᠷᠭᠡᠵᠢᠯ᠎ᠤᠨ ᠺᠣᠮᠫᠠᠨᠢ᠂ ᠦᠥᠱᠢᠨ ᠬᠤᠱᠢᠭᠤᠨ᠎ᠤ ᠡᠯ᠎ᠡ ᠰᠤᠮᠤ ᠪᠠᠯᠭᠠᠰᠤ᠎ᠶ᠋ᠢᠨ ᠠᠲᠤᠭᠤ
ᠮᠠᠯᠵᠢᠵᠦ᠍ ᠪᠠᠢᠭ᠎ᠠ ᠮᠠᠯᠴᠢᠳ᠎ᠲᠠᠢ ᠣᠷᠣᠨ ᠨᠤᠲᠤᠭ᠎ᠤᠨ ᠭᠠᠷᠤᠯᠲᠠ ᠪᠣᠯᠬᠤ ᠦᠤᠱᠢᠨ ᠠᠲᠤᠭᠤᠨ᠎ᠤ ᠴᠡᠭᠡ᠎ᠶ᠋ᠢ
ᠠᠵᠤ ᠦᠢᠯᠡᠰᠵᠢᠬᠦᠯᠬᠦ᠌ ᠱᠢᠨ᠎ᠡ ᠮᠡᠷᠭᠡᠵᠢᠯ᠎ᠤᠨ ᠰᠡᠲᠦᠪ᠎ᠤᠨ ᠲᠤᠭᠤᠷᠢᠨ᠎ᠳᠤ ᠬᠠᠮᠲᠤᠷᠠᠯᠴᠠᠵᠤ ᠰᠤᠳᠤᠯᠤᠨ
ᠶᠠᠷᠢᠯᠴᠠᠭ᠍ᠰᠠᠨᠤ ᠬᠠᠮᠲᠤ ᠮᠠᠯᠴᠢᠳ᠎ᠲᠠᠢ ᠬᠤᠷᠱᠢᠨ ᠴᠡᠭᠡ᠎ᠶ᠋ᠢ ᠠᠵᠤ ᠦᠢᠯᠡᠰᠵᠢᠬᠦᠯᠬᠦ᠌ ᠭᠡᠷ᠎ᠡ
ᠳᠣᠭ᠍ᠳᠠᠭ᠍ᠰᠠᠨ ᠪᠠᠢᠨ᠎ᠠ᠃
ᠦᠪᠦᠷ ᠮᠣᠩᠭᠤᠯ᠎ᠤᠨ ᠴᠡᠭᠡ᠎ᠲᠠᠢ ᠠᠮᠢᠳᠤ ᠪᠣᠳᠠᠰ᠎ᠤᠨ ᠱᠢᠨᠵᠢᠯᠡᠬᠦ᠌ ᠤᠬᠠᠭᠠᠨ ᠲᠧᠭ᠌ᠨᠢᠭ
ᠮᠡᠷᠭᠡᠵᠢᠯ᠎ᠤᠨ ᠺᠣᠮᠫᠠᠨᠢ᠎ᠶ᠋ᠢᠨ ᠵᠠᠬ᠎ᠠ ᠲᠡᠯᠭᠡᠭᠦᠷ᠎ᠤᠨ ᠬᠡᠯᠲᠡᠰ᠎ᠤᠨ ᠳᠠᠭᠠᠭᠠᠮᠠᠯ᠂ ᠣᠳᠣᠨᠭᠡᠷᠡᠯ᠄ 《ᠦᠥᠱᠢᠨ ᠠᠳᠤᠭᠤ ᠥᠪᠥᠷ ᠮᠣᠩᠭᠤᠯ᠎ᠳᠤ ᠶᠡᠭᠡ ᠨᠡᠷ᠎ᠡ᠎ᠲᠠᠢ ᠪᠠᠢᠳᠠᠭ᠃ ᠠᠳᠤᠭᠤᠨ᠎ᠤ ᠠᠱᠢᠭ
ᠱᠢᠮ᠎ᠡ᠎ᠶ᠋ᠢ ᠵᠠᠬ᠎ᠠ ᠲᠡᠯᠭᠡᠭᠦᠷᠴᠢᠯᠡᠶᠠ ᠭᠡᠪᠡᠯ ᠡᠨᠡ ᠨᠤᠲᠤᠭ᠎ᠤᠨ ᠬᠦᠮᠦᠰ᠎ᠲᠠᠢ ᠬᠠᠷᠢᠯᠴᠠᠵᠤ ᠲᠣᠰ
ᠭᠠᠵᠠᠷ ᠣᠷᠣᠨ᠎ᠤ ᠮᠠᠯ ᠠᠵᠤ ᠠᠬᠤᠢ᠎ᠶ᠋ᠢ ᠣᠢᠯᠠᠭᠠᠬᠤ ᠬᠡᠷᠡᠭ᠌ᠲᠡᠢ᠃ ᠣᠯᠣᠰ᠎ᠤᠨ ᠬᠦᠳᠡᠭᠡ ᠲᠣᠰᠭᠤᠨ᠎ᠢ
ᠬᠦᠭ᠌ᠵᠢᠬᠦᠯᠦᠨ ᠮᠠᠨᠳᠤᠭᠤᠯᠬᠤ ᠳᠥᠷᠥ᠎ᠶ᠋ᠢᠨ ᠪᠣᠳᠣᠯᠭ᠎ᠠ᠎ᠪᠠᠷ ᠮᠠᠨ᠎ᠤ ᠺᠤᠮᠫᠠᠨᠢ ᠪᠠᠰᠠ ᠶᠠᠭ ᠮᠠᠯᠴᠢᠨ
ᠲᠦᠮᠡᠨ᠎ᠲᠠᠢ᠎ᠪᠠᠨ ᠬᠠᠮᠲᠤᠷᠠᠵᠤ ᠮᠠᠯ᠎ᠤᠨ ᠠᠱᠢᠭ ᠱᠢᠮ᠎ᠡ᠎ᠶ᠋ᠢᠨ ᠣᠷᠣᠯᠭ᠎ᠠ᠎ᠶ᠋ᠢ᠎ᠨᠢ ᠨᠡᠮᠡᠭ᠌ᠳᠡᠭᠦᠯᠵᠦ᠍᠂
ᠤᠯᠠᠮᠵᠢᠯᠠᠯᠲᠤ ᠮᠠᠯ ᠠᠵᠤ ᠠᠬᠤᠢ᠎ᠠᠴᠠ ᠨᠡᠩ ᠤᠯᠠᠨ ᠱᠢᠨ᠎ᠡ ᠴᠠᠭ ᠦᠶ᠎ᠡ᠎ᠶ᠋ᠢᠨ ᠠᠵᠤ ᠠᠬᠤᠢ᠎ᠶ᠋ᠢᠨ ᠥᠷ᠎ᠠ
ᠠᠱᠢᠭ ᠣᠯᠬᠤ ᠡᠭᠦᠳᠡᠨ᠎ᠠᠴᠠ ᠮᠠᠯᠴᠢᠨ ᠲᠦᠮᠡᠨ᠎ᠲᠠᠢ ᠬᠠᠮᠲᠤᠷᠠᠵᠤ ᠪᠠᠢᠭ᠎ᠠ ᠶᠣᠮ》 ᠬᠡᠵᠣ ᠪᠣᠳᠣᠯ᠎ᠢᠶᠠᠨ ᠲᠡᠯᠬᠡᠨ᠎ᠠ᠃