
ᠨᠠᠮᠤᠷ᠎ᠤᠨ ᠰᠠᠷᠢᠬᠦᠨ ᠰᠠᠯᠬᠢ ᠬᠠᠴᠠᠷ᠎ᠢ ᠢᠯᠪᠢᠨ ᠠᠭᠤᠷ ᠠᠮᠢᠰᠭᠤᠯ ᠬᠦᠶ᠋ᠲᠡᠷᠡᠬᠦ ᠪᠡᠷ᠂ ᠳᠠᠷᠬᠠᠨ ᠮᠤᠸ᠋ᠮᠢᠩᠭᠠᠨ ᠬᠤᠯᠪᠤᠭᠠᠳᠤ ᠬᠣᠱᠢᠭᠤᠨ᠎ᠤ ᠦᠬᠡᠷᠬᠤᠳᠳᠤᠭ ᠪᠠᠯᠭᠠᠰᠤᠨ᠎ᠤ ᠨᠢᠶᠠᠨ ᠼᠤᠤ ᠸᠠᠨ ᠲᠣᠰᠭᠣᠨ᠎ᠤ ᠡᠷᠬᠢᠨ ᠲᠣᠭᠣᠷᠢᠨ᠎ᠤ ᠪᠣᠯᠪᠠᠰᠤᠷᠠᠭ᠍ᠰᠠᠨ ᠲᠠᠷᠢᠶ᠎ᠠ ᠲᠦᠮᠤᠰᠤ ᠰᠠᠯᠬᠢᠨ᠎ᠤ ᠠᠶ᠎ᠠ ᠪᠡᠷ ᠨᠠᠢᠭᠤᠨ᠎ᠠ᠃ ᠰᠤᠷᠪᠤᠯᠵᠢᠯᠠᠭ᠍ᠴᠢ ᠲᠣᠰᠭᠣᠨ᠎ᠤ ᠠᠷᠠᠳ ᠵᠠᠩ ᠮᠧᠶ ᠯᠢᠩ᠎ᠦᠨ ᠭᠡᠷ᠎ᠲᠦ ᠬᠦᠷᠬᠦ᠌᠎ᠳᠦ᠂ ᠴᠡᠪᠡᠷ ᠴᠡᠮᠴᠡᠭᠡᠷ ᠤᠷᠤᠨ ᠰᠠᠭᠤᠴᠠ ᠳ᠋ᠠᠭᠠᠨ ᠤᠰᠤ ᠴᠡᠪᠡᠷᠱᠢᠭᠦᠯᠬᠦ᠌ ᠲᠥᠬᠥᠭᠡᠷᠦᠮᠵᠢ᠂ ᠤᠰᠤ᠎ᠪᠠᠷ ᠤᠬᠢᠶᠠᠬᠤ ᠵᠣᠷᠯᠣᠩ ᠵᠡᠷᠭᠡ ᠪᠠᠭᠠᠵᠢ ᠬᠡᠷᠡᠭᠰᠡᠯ ᠪᠦᠷᠢᠨ ᠪᠠᠢᠵᠤ᠂ ᠬᠣᠶᠠᠷ ᠨᠠᠰᠤᠲᠠᠨ ᠭᠡᠷ᠎ᠲᠡᠬᠡᠨ ᠪᠠᠰᠠ wifi ᠤᠭ᠍ᠰᠠᠷᠠᠵᠤ᠂ ᠲᠠᠷᠢᠶᠠᠯᠠᠩ᠎ᠤᠨ ᠰᠡᠯᠡᠭᠦᠦ ᠴᠠᠭ᠎ᠲᠤ ᠰᠦᠯᠵᠢᠶ᠎ᠡ ᠳ᠋ᠤ ᠭᠠᠷᠴᠤ ᠣᠬᠣᠷ ᠸᠢᠳᠢᠣ᠋ ᠰᠤᠨᠢᠷᠬᠠᠬᠤ ᠶᠤᠮ ᠤᠤ ᠡᠰᠡᠬᠦᠯ᠎ᠠ ᠬᠡᠦᠬᠡᠳᠲᠡᠶᠪᠡᠨ ᠰᠦᠯᠵᠢᠶᠡᠨ ᠳᠡᠭᠡᠷ᠎ᠡ ᠵᠣᠭᠣᠭ᠍ᠳᠠᠳᠠᠭ ᠪᠠᠢᠨ᠎ᠠ᠃
ᠵᠠᠩ ᠮᠧᠶ ᠯᠢᠩ ᠡᠷ᠎ᠡ ᠡᠮ᠎ᠡ ᠬᠣᠶᠠᠭᠤᠯᠠ ᠪᠦᠷ ᠵᠡᠮᠳᠡᠭ ᠬᠥᠮᠦᠨ᠂ 2015 ᠣᠨ᠎ᠳᠤ ᠳᠡᠩᠰᠡᠯᠡᠵᠦ᠍ ᠺᠠᠷᠲ᠋ᠯᠠᠭ᠍ᠰᠠᠨ ᠶᠠᠳᠠᠭᠤ ᠬᠦᠴᠢᠷᠳᠡᠯᠲᠡᠶ ᠡᠷᠦᠬᠡ᠎ᠪᠡᠷ ᠲᠣᠭ᠍ᠳᠠᠭᠠᠭ᠍ᠳᠠᠪᠠ᠃ ᠲᠣᠰᠭᠣᠨ᠎ᠤ ᠠᠷᠠᠳ᠎ᠤᠨ ᠵᠥᠪᠯᠡᠯ ᠡᠴᠡ ᠲᠠᠳᠠᠨᠠᠢᠬᠢᠨᠳᠤ ᠭᠠᠬᠠᠶ᠎ᠶ᠋ᠢᠨ ᠲᠣᠷᠣᠶ᠂ ᠬᠤᠷᠠᠭ᠎ᠠ᠂ ᠲᠠᠬᠢᠶᠠᠨ ᠴᠤᠷᠪᠠᠭ᠎ᠠ ᠬᠦᠷᠭᠡᠵᠦ᠍᠂ ᠲᠣᠰᠭᠣᠨ᠎ᠤ ᠬᠣᠷᠱᠢᠶ᠎ᠠ᠎ᠳᠤ ᠬᠤᠪᠢ ᠣᠷᠣᠭᠤᠯᠤᠬᠰᠠᠨ ᠵᠢᠡᠷ ᠪᠠᠷᠠᠬᠤ ᠦᠬᠡᠢ ᠪᠠᠰᠠ ᠵᠠᠩ ᠮᠧᠶ ᠯᠢᠩ᠎ᠳᠦ ᠲᠣᠰᠭᠣᠨ᠎ᠤ ᠨᠡᠢᠲᠡ᠎ᠶ᠋ᠢᠨ ᠠᠰᠠᠷᠠᠮᠵᠢ᠎ᠶ᠋ᠢᠨ ᠠᠵᠢᠯ᠎ᠤᠨ ᠪᠠᠢᠷᠢ ᠣᠯᠵᠤ ᠥᠭ᠌ᠴᠡᠶ᠃ ᠡᠲᠡᠭᠡᠷ ᠬᠠᠪᠰᠤᠷᠤᠨ ᠲᠡᠳᠬᠦᠬᠦ᠌ ᠲᠥᠷᠥ᠎ᠶ᠋ᠢᠨ ᠪᠣᠳᠣᠯᠭ᠎ᠠ ᠪᠠ ᠬᠣᠶᠠᠷ ᠨᠠᠰᠤᠲᠠᠨ᠎ᠤ ᠰᠢᠷᠭᠠᠭᠤ ᠬᠦᠳᠡᠯᠮᠤᠷᠢ ᠪᠡᠷ ᠲᠠᠮᠵᠢᠨ 2019 ᠣᠨ᠎ᠳᠤ᠂ ᠵᠠᠩ ᠮᠧᠶ ᠯᠢᠩ᠎ᠦᠨ᠎ᠬᠢᠨ ᠶᠠᠳᠠᠭᠤ ᠬᠦᠴᠢᠷᠳᠡᠯᠲᠡᠶ ᠡᠷᠦᠬᠡ᠎ᠶ᠋ᠢᠨ ᠮᠠᠯᠠᠭᠠᠶ᠎ᠪᠠᠨ ᠠᠪᠴᠤ᠌ ᠬᠠᠶᠠᠵᠠᠶ᠃
ᠨᠢᠶᠠᠨ ᠼᠤᠤ ᠸᠠᠨ ᠲᠣᠰᠭᠣᠨ ᠪᠤᠯ ᠦᠬᠡᠷᠬᠤᠳᠳᠤᠭ ᠪᠠᠯᠭᠠᠰᠤ᠎ᠶ᠋ᠢᠨ ᠪᠠᠷᠠᠭᠤᠨ ᠬᠣᠢᠲᠤ ᠬᠡᠰᠡᠭ᠎ᠲᠦ ᠪᠠᠢᠷᠢᠯᠠᠵᠤ᠂ ᠡᠨᠳᠡᠬᠢ ᠭᠠᠵᠠᠷ᠎ᠤᠨ ᠪᠠᠢᠴᠠ ᠬᠥᠲᠥᠯ ᠳᠣᠪᠣᠷᠬᠠᠭ᠎ᠢᠶᠠᠷ ᠭᠣᠣᠯᠯᠠᠵᠤ᠂ ᠤᠰᠤᠯᠠᠯᠲᠠ᠎ᠶ᠋ᠢᠨ ᠲᠠᠷᠢᠶ᠎ᠠ ᠪᠠᠭ᠎ᠠ᠂ ᠪᠠᠢᠩᠭᠤ ᠰᠠᠭᠤᠭ᠎ᠠ ᠬᠥᠮᠦᠨ ᠠᠮᠠ ᠵᠢᠨ ᠤᠯᠠᠡᠭᠭᠢ ᠨᠢ ᠨᠠᠰᠤ ᠠᠬᠢᠭ᠍ᠰᠠᠨ ᠬᠦᠮᠦᠰ ᠪᠣᠯᠬᠣᠷ ᠶᠠᠳᠠᠭᠤ ᠬᠦᠴᠢᠷᠳᠡᠯᠲᠡᠢ ᠲᠣᠰᠭᠣᠨ᠎ᠤ ᠮᠠᠯᠠᠭᠠᠢ᠎ᠪᠠᠨ ᠬᠡᠷᠬᠢᠨ ᠠᠪᠴᠤ᠌ ᠬᠠᠶᠠᠬᠤ ᠪᠤᠯ ᠨᠢᠶᠠᠨ ᠼᠤᠤ ᠸᠠᠨ ᠲᠣᠰᠭᠣᠨ᠎ᠤ ᠺᠠᠳ᠋ᠷ᠎ᠤᠨ ᠡᠮᠦᠨ᠎ᠡ ᠲᠠᠯᠪᠢᠭ᠍ᠳᠠᠵᠤ ᠪᠠᠢᠭ᠎ᠠ ᠬᠠᠮᠤᠭ ᠶᠡᠭᠡ ᠬᠦᠴᠢᠷ ᠠᠰᠠᠭᠤᠳᠠᠯ ᠪᠣᠯᠵᠠᠢ᠃ ᠡᠨᠡ ᠪᠠᠢᠳᠠᠯ ᠳ᠋ᠤ ᠴᠢᠭᠯᠡᠬᠦᠯᠤᠨ ᠲᠣᠰᠭᠣᠨ᠎ᠳᠤ ᠰᠠᠭᠤᠭ᠎ᠠ ᠠᠵᠢᠯᠯᠠᠬᠤ ᠠᠩᠭᠢ ᠪᠣᠯᠤᠨ ᠲᠣᠰᠭᠣᠨ᠎ᠤ《ᠬᠣᠶᠠᠷ ᠵᠥᠪᠯᠡᠯ》ᠭᠠᠵᠠᠷ ᠣᠷᠣᠨ᠎ᠤ ᠪᠠᠢᠳᠠᠯ᠎ᠳᠠᠭᠠᠨ ᠲᠣᠬᠢᠷᠠᠭᠤᠯᠤᠨ᠂ ᠬᠥᠭ᠌ᠵᠢᠯᠲᠡ᠎ᠶ᠋ᠢᠨ ᠰᠡᠳᠭᠢᠴᠡ ᠪᠣᠯᠤᠨ ᠠᠷᠭ᠎ᠠ ᠬᠡᠯᠪᠡᠷᠢ᠎ᠪᠡᠨ ᠬᠤᠪᠢᠷᠠᠭᠤᠯᠬᠤ᠎ᠪᠡᠷ ᠲᠠᠮᠵᠢᠵᠤ᠂ ᠬᠠᠪᠰᠤᠷᠤᠨ ᠲᠡᠳᠬᠦᠬᠦ᠌ ᠠᠷᠭ᠎ᠠ ᠬᠡᠮᠵᠢᠶ᠎ᠡ᠎ᠶ᠋ᠢ《ᠴᠢᠰᠤ ᠶᠡᠭᠦᠯᠡᠬᠦ᠌ ᠮᠠᠶᠢᠭ》 ᠡᠴᠠ 《ᠴᠢᠰᠤ ᠪᠦᠲᠦᠭᠡᠬᠦ᠌ ᠮᠠᠶᠢᠭ》 ᠪᠣᠯᠭᠠᠨ ᠬᠤᠪᠢᠷᠠᠭᠤᠯᠬᠤ᠎ᠶ᠋ᠢᠨ ᠬᠠᠮᠲᠤ ᠲᠠᠷᠢᠶᠠᠴᠢᠳ᠎ᠤᠨ ᠲᠤᠰᠭᠠᠶ ᠠᠵᠢᠯ᠎ᠤᠨ ᠬᠣᠷᠱᠢᠶ᠎ᠠ᠂ ᠡᠯᠧᠺᠲ᠋ᠷᠣᠨ ᠬᠤᠳᠠᠯᠳᠤᠭ᠎ᠠ ᠵᠡᠷᠭᠡ ᠱᠢᠨ᠎ᠡ ᠮᠠᠶᠢᠭ᠎ᠤᠨ ᠡᠵᠡᠩᠨᠡᠯᠲᠡ᠎ᠶ᠋ᠢᠨ ᠭᠤᠤᠯ ᠴᠣᠭ᠍ᠴᠠ᠎ᠶ᠋ᠢ ᠪᠣᠢᠵᠢᠭᠤᠯᠵᠤ᠂ ᠲᠠᠷᠢᠶᠠᠯᠠᠩ᠎ᠤᠨ ᠠᠵᠤ ᠦᠢᠯᠡᠰᠵᠢᠯᠲᠡ᠎ᠶ᠋ᠢᠨ ᠬᠢᠷᠢ ᠬᠡᠮᠵᠢᠶ᠎ᠡ᠎ᠶ᠋ᠢ ᠳᠡᠭᠡᠭ᠌ᠰᠢᠯᠡᠭᠦᠯᠵᠡᠢ᠃
2017 ᠣᠨ᠎ᠳᠤ᠂ ᠵᠠᠩ ᠢ ᠠᠷᠠᠯᠵᠢᠶᠠᠴᠢᠨ ᠤᠷᠢᠵᠤ ᠪᠡᠯᠡ ᠣᠷᠣᠭᠤᠯᠬᠤ᠎ᠪᠠᠷ ᠳᠠᠮᠵᠢᠨ ᠨᠢᠶᠠᠨ ᠼᠤᠤ ᠸᠠᠨ ᠲᠣᠰᠭᠣᠨ᠎ᠳᠤ ᠢᠷᠠᠵᠤ᠂ ᠢ ᠾᠧᠩ ᠱᠧᠩ ᠲᠠᠷᠢᠶᠠᠯᠠᠩ ᠮᠠᠯ ᠠᠵᠤ ᠠᠬᠤᠢ᠎ᠶ᠋ᠢᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ᠎ᠶ᠋ᠢ ᠪᠠᠢᠭᠤᠯᠤᠬᠰᠠᠨ ᠡᠴᠡ ᠡᠨᠳᠡ ᠠᠮᠢᠳᠤᠷᠠᠵᠠᠢ᠃ 4 ᠵᠢᠯ ᠥᠩᠭᠡᠷᠡᠯ᠎ᠡ᠂ ᠢ ᠾᠧᠩ ᠱᠧᠩ ᠲᠠᠷᠢᠶᠠᠯᠠᠩ ᠮᠠᠯ ᠠᠵᠤ ᠠᠬᠤᠶ᠎ᠶ᠋ᠢᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠨᠢᠭᠡᠨᠲᠡ 500 ᠭᠠᠷᠤᠶ ᠭᠠᠬᠠᠶ ᠪᠣᠷᠳᠣᠵᠤ ᠲᠠᠷᠭᠤᠯᠠᠭᠤᠯᠬᠤ ᠪᠣᠯᠪᠠᠰᠤᠷᠠᠩᠭᠤᠶ ᠠᠵᠤ ᠠᠬᠤᠢᠯᠠᠯ ᠪᠣᠯᠵᠣ ᠬᠥᠭ᠌ᠵᠢᠪᠡ᠃ ᠵᠠᠩ ᠢ ᠥᠪᠡᠷ᠎ᠢᠶᠡᠨ ᠪᠠᠶᠠᠵᠢᠨ ᠴᠢᠨᠡᠭᠡᠯᠢᠭ᠌ᠵᠢᠬᠦ ᠵᠢᠡ ᠲᠠᠭᠤ᠌ ᠨᠢᠶᠠᠨ ᠼᠤᠤ ᠸᠠᠨ᠎ᠤ ᠨᠤᠲᠤᠭ᠎ᠤᠨ ᠠᠬ᠎ᠠ ᠳᠡᠭᠦᠦ᠍᠎ᠨᠡᠷ ᠵᠢᠡᠨ ᠲᠠᠭᠠᠭᠤᠯᠤᠨ᠂ ᠲᠡᠷᠡ ᠰᠠᠨᠠᠭᠠᠴᠢᠯᠠᠭ᠎ᠠ᠎ᠠᠴᠠ᠎ᠪᠠᠨ ᠲᠣᠰᠭᠣᠨ᠎ᠤ 43 ᠶᠠᠳᠠᠭᠤ ᠬᠦᠴᠢᠷᠳᠡᠯᠲᠡᠢ ᠡᠷᠦᠬᠡ᠎ᠶ᠋ᠢ ᠬᠠᠪᠰᠤᠷᠤᠨ᠂ ᠵᠠᠬ᠎ᠠ ᠳᠡᠯᠭᠡᠭᠦᠷ᠎ᠦᠨ ᠦᠨ᠎ᠡ᠎ᠡᠴᠡ ᠬᠣᠶᠠᠷ ᠭᠤᠷᠪᠠᠨ ᠵᠠᠭᠤᠨ ᠲᠥᠭᠥᠷᠢᠭ᠎ᠦᠨ ᠳᠣᠣᠷ᠎ᠠ ᠦᠨ᠎ᠡ᠎ᠪᠡᠷ 600 ᠭᠠᠷᠤᠢ ᠲᠤᠷᠤᠢ᠎ᠶ᠋ᠢ ᠶᠠᠳᠠᠭᠤ ᠬᠦᠴᠢᠷᠳᠡᠯᠲᠡᠢ ᠡᠷᠦᠬᠡ᠎ᠶ᠋ᠢᠨ ᠭᠡᠷ᠎ᠲᠦ ᠬᠦᠷᠭᠡᠭ᠌ᠰᠡᠨ ᠪᠥᠭᠡᠳ ᠲᠣᠰᠭᠣᠨ᠎ᠤ ᠬᠠᠮᠲᠤ ᠨᠡᠢᠲᠡ᠎ᠲᠡᠶ ᠬᠤᠪᠢ ᠣᠷᠣᠭᠤᠯᠬᠤ ᠲᠦᠷᠢᠮ᠎ᠢᠶᠡᠷ ᠬᠤᠷᠱᠢᠨ ᠡᠵᠡᠩᠨᠡᠵᠦ᠍᠂ ᠶᠠᠳᠠᠭᠤ ᠬᠦᠴᠢᠷᠳᠡᠯᠲᠡᠢ ᠡᠷᠦᠬᠡ᠎ᠶ᠋ᠢ ᠬᠤᠪᠢ ᠣᠷᠣᠭᠤᠯᠤᠨ ᠠᠱᠢᠭ ᠬᠤᠪᠢᠶᠠᠭ᠍ᠰᠠᠨ᠎ᠠᠴᠠ ᠶᠠᠳᠠᠭᠤ ᠬᠦᠴᠢᠷᠳᠡᠯᠲᠡᠢ ᠡᠷᠦᠬᠡ ᠨᠢᠭᠡᠪᠦᠷᠢ᠎ᠶ᠋ᠢᠨ ᠭᠠᠬᠠᠢ ᠲᠡᠵᠢᠭᠡᠬᠡᠳ ᠤᠯᠤᠭᠰᠠᠨ ᠤᠷᠤᠯᠭ᠎ᠠ ᠵᠢ 3000 ᠭᠠᠷᠤᠢ ᠲᠥᠭᠥᠷᠢᠭ ᠨᠡᠮᠡᠭ᠌ᠳᠡᠭᠦᠯᠵᠤ᠂ ᠪᠠᠰᠠ ᠵᠢᠯ ᠪᠦᠷᠢ ᠲᠣᠰᠭᠣᠨ᠎ᠤ ᠬᠠᠮᠲᠤ᠎ᠶ᠋ᠢᠨ ᠠᠵᠤ ᠠᠬᠤᠢ᠎ᠳᠤ 3 ᠲᠦᠮᠡ ᠭᠠᠷᠤᠢ ᠲᠥᠭᠥᠷᠢᠭ᠎ᠦᠨ ᠣᠷᠣᠯᠭ᠎ᠠ ᠠᠪᠴᠢᠷᠠᠵᠤ ᠥᠭ᠌ᠴᠡᠢ᠃ 《ᠭᠠᠬᠠᠢ ᠲᠡᠵᠢᠭᠡᠬᠦ᠌ ᠠᠵᠢᠯ ᠬᠡᠳᠦᠢᠪᠡᠷ ᠪᠤᠵᠠᠷ ᠪᠦᠭᠡᠳ ᠶᠠᠳᠠᠷᠠᠯᠲᠠᠢ ᠪᠣᠯᠪᠠᠴᠤ᠌ ᠲᠣᠰᠭᠣᠨ᠎ᠤ᠎ᠪᠠᠨ ᠣᠷᠣᠯᠭ᠎ᠠ᠎ᠶ᠋ᠢ ᠨᠡᠮᠡᠭ᠌ᠳᠡᠭᠦᠯᠵᠦ᠍᠂ ᠨᠤᠲᠤᠭ᠎ᠤᠨ ᠠᠬ᠎ᠠ ᠳᠡᠭᠦᠦ᠍᠎ᠨᠡᠷ᠎ᠢᠶᠡᠨ ᠬᠠᠪᠰᠤᠷᠤᠨ ᠶᠠᠳᠠᠭᠤ᠎ᠠᠴᠠ ᠠᠩᠭᠢᠵᠢᠷᠠᠭᠤᠯᠵᠤ ᠴᠢᠳᠠᠭ᠍ᠰᠠᠨ᠎ᠳᠤ ᠪᠢ ᠮᠠᠰᠢ ᠪᠠᠶᠠᠷᠯᠠᠵᠤ ᠪᠠᠢᠨ᠎ᠠ》 ᠭᠡᠵᠦ᠍ ᠵᠠᠩ ᠢ ᠤᠷᠮ᠎ᠠ᠎ᠲᠠᠶ ᠬᠡᠯᠡᠪᠡ᠃
ᠨᠢᠶᠠᠨ ᠼᠤᠤ ᠸᠠᠨ ᠲᠣᠰᠭᠣᠨ᠎ᠳᠤ᠂ ᠢ ᠾᠧᠩ ᠱᠧᠩ ᠺᠤᠮᠫᠠᠨᠢ ᠱᠢᠭ 《 ᠨᠠᠮ᠎ᠤᠨ ᠡᠭᠦᠷ + ᠬᠤᠷᠱᠢᠶ᠎ᠠ + ᠲᠠᠷᠢᠶᠠᠴᠢᠨ ᠡᠷᠦᠬᠡ》 ᠵᠢᠨ ᠵᠠᠭ᠍ᠪᠤᠷ᠎ᠢ ᠬᠡᠷᠡᠭᠵᠢᠬᠦᠯᠦᠭᠰᠡᠨ ᠠᠵᠤ ᠠᠬᠤᠢᠯᠠᠯ ᠡᠭᠦᠨ᠎ᠢᠶᠡᠷ ᠵᠣᠭ᠍ᠰᠣᠬᠤ ᠦᠭᠡᠢ᠃ ᠨᠢᠶᠠᠨ ᠼᠤᠤ ᠸᠠᠨ ᠲᠣᠰᠭᠣᠨ᠎ᠤ ᠪᠠᠷᠠᠭᠤᠨ ᠵᠠᠬ᠎ᠠ᠎ᠳᠤ ᠢᠷᠡᠪᠡᠯ᠂ ᠣᠳᠣᠬᠢᠴᠢᠯᠠᠭ᠍ᠰᠠᠨ ᠪᠠᠷᠢᠮᠵᠢᠶᠠᠵᠢᠭ᠍ᠰᠠᠨ ᠠᠯᠠᠱᠢᠨ ᠦᠬᠡᠷ ᠲᠡᠵᠢᠭᠡᠨ ᠦᠷᠡᠵᠢᠭᠦᠯᠬᠦ᠌ ᠲᠠᠯᠠᠪᠠᠶ ᠨᠢᠳᠦᠨ ᠡᠮᠦᠨ᠎ᠡ ᠲᠣᠳᠣᠷᠠᠵᠤ᠂ ᠦᠬᠡᠷ᠎ᠦᠨ ᠬᠠᠱᠢᠶᠠᠨ᠎ᠳᠤ ᠮᠦᠷ ᠮᠦᠷ ᠵᠢᠡᠷ ᠵᠢᠬᠰᠠᠭᠠᠬᠰᠠᠨ ᠱᠢᠮᠧᠨ᠋ᠳᠡᠷ ᠦᠬᠡᠷ ᠱᠢᠨ᠎ᠡ ᠰᠣᠷᠭᠣᠭ ᠡᠪᠡᠰᠦ ᠪᠣᠷᠳᠣᠭ᠎ᠠ᠎ᠶ᠋ᠢ ᠢᠳᠡᠵᠦ ᠵᠤᠬᠰᠤᠨ᠎ᠠ᠃ ᠡᠨᠡ ᠪᠣᠯ ᠲᠣᠰᠭᠣᠨ᠎ᠤ ᠠᠷᠠᠳ᠎ᠤᠨ ᠵᠥᠪᠯᠡᠯ᠎ᠦᠨ ᠳᠡᠮᠵᠢᠯᠭᠡ᠎ᠪᠡᠷ ᠪᠠᠢᠭᠤᠯᠤᠭ᠍ᠳᠠᠭ᠍ᠰᠠᠨ ᠵᠢᠨ ᠲᠢᠶᠠᠨ ᠶᠤᠸᠠᠨ ᠲᠠᠷᠢᠶᠠᠯᠠᠩ ᠮᠠᠯ ᠠᠵᠤ ᠠᠬᠤᠶ᠎ᠶ᠋ᠢᠨ ᠲᠤᠰᠭᠠᠶ ᠬᠣᠷᠱᠢᠶᠠᠵᠢᠯ ᠪᠣᠯᠤᠨ᠎ᠠ᠃ 2018 ᠣᠨ᠎ᠳᠤ ᠪᠠᠢᠭᠤᠯᠤᠭ᠍ᠳᠠᠭ᠍ᠰᠠᠨ ᠲᠤᠰ ᠬᠤᠷᠱᠢᠶ᠎ᠠ 300 ᠭᠠᠷᠤᠢ ᠦᠨᠢᠶ᠎ᠡ ᠲᠡᠵᠢᠭᠡᠵᠦ᠍᠂ ᠰᠦᠯᠵᠢᠶᠡᠨ ᠳᠡᠭᠡᠷᠡᠬᠢ ᠪᠣᠷᠣᠯᠠᠭᠤᠯᠭ᠎ᠠ ᠪᠣᠯᠤᠨ ᠰᠦᠯᠵᠢᠶᠡᠨ ᠭᠠᠳᠠᠨᠠᠬᠢ ᠪᠣᠷᠣᠯᠠᠭᠤᠯᠭ᠎ᠠ ᠵᠢ ᠬᠠᠮᠲᠤ᠎ᠪᠠᠷ ᠠᠳᠬᠤᠵᠦ᠂ ᠲᠤᠰᠬᠤᠨ᠎ᠤ ᠠᠷᠠᠳ ᠲᠦ᠍ ᠠᠰᠢᠬ ᠬᠦᠷᠳᠡᠭᠡᠪᠡ᠃
ᠨᠢᠶᠠᠨ ᠼᠤᠤ ᠸᠠᠨ ᠲᠣᠰᠭᠣᠨ᠎ᠤ ᠨᠠᠮ᠎ᠤᠨ ᠡᠭᠦᠷ᠎ᠦᠨ ᠱᠦᠵᠢ᠂ ᠡᠷᠬᠢᠯᠡᠭ᠌ᠴᠢ ᠯᠢᠦ ᡁᠢ ᠱᠢᠨ ᠲᠠᠨᠢᠯᠴᠠᠭᠤᠯᠬᠤ᠎ᠳᠠᠭᠠᠨ᠂ ᠡᠨᠡ ᠬᠡᠳᠦᠨ ᠵᠢᠯ᠎ᠳᠦ ᠲᠣᠰᠭᠣᠨ᠎ᠤ ᠬᠠᠮᠲᠤ᠎ᠶ᠋ᠢᠨ ᠠᠵᠤ ᠠᠬᠤᠶ᠎ᠶ᠋ᠢᠨ ᠣᠷᠣᠯᠭ᠎ᠠ ᠲᠠᠰᠤᠷᠠᠯᠲᠠ ᠥᠬᠡᠶ ᠨᠡᠮᠡᠭ᠌ᠳᠡᠵᠦ᠍ ᠪᠤᠢ᠃ ᠪᠢᠳᠡ ᠬᠠᠮᠲᠤ᠎ᠶ᠋ᠢᠨ ᠠᠵᠤ ᠠᠬᠤᠶ᠎ᠶ᠋ᠢᠨ ᠣᠷᠣᠯᠭ᠎ᠠ᠎ᠶ᠋ᠢᠨ 50%᠎ᠶ᠋ᠢ ᠶᠠᠳᠠᠭᠤ ᠬᠦᠴᠢᠷᠳᠡᠯᠲᠡᠶ ᠡᠷᠦᠬᠡ ᠪᠤᠶᠤ ᠪᠠᠢᠭᠠᠯᠢ᠎ᠶ᠋ᠢᠨ ᠭᠠᠮᠱᠢᠭ᠂ ᠬᠦᠨᠳᠦ ᠡᠪᠡᠳᠴᠢᠨ᠎ᠡᠴᠡ ᠪᠣᠯᠵᠣ ᠳᠠᠬᠢᠨ ᠶᠠᠳᠠᠭᠤᠷᠠᠭ᠍ᠰᠠᠨ ᠡᠷᠦᠬᠡ᠎ᠶ᠋ᠢ ᠠᠪᠤᠷᠠᠨ ᠲᠤᠰᠠᠯᠠᠬᠤ᠎ᠳᠤ ᠬᠡᠷᠡᠭ᠌ᠯᠡᠵᠦ᠍᠂ ᠨᠥᠭᠥᠭᠡ 50%᠎ᠶ᠋ᠢ ᠨᠢᠶᠠᠨ ᠼᠤᠤ ᠸᠠᠨ᠎ᠤ 10 ᠪᠠᠢᠭᠠᠯᠢ᠎ᠶ᠋ᠢᠨ ᠲᠣᠰᠭᠣᠨ᠎ᠤ ᠤᠰᠤ᠂ ᠴᠠᠬᠢᠯᠭᠠᠨ᠂ ᠵᠠᠮ ᠵᠡᠷᠭᠡ ᠵᠢᠵᠢᠭ ᠬᠡᠯᠪᠡᠷᠢ᠎ᠶ᠋ᠢᠨ ᠨᠡᠢᠲᠡ᠎ᠶ᠋ᠢᠨ ᠠᠰᠠᠷᠠᠮᠵᠢ᠎ᠶ᠋ᠢᠨ ᠴᠢᠨᠠᠷᠲᠠᠶ ᠲᠥᠷᠥᠯ ᠵᠦᠶ᠋ᠯ᠎ᠦᠨ ᠪᠥᠲᠥᠭᠡᠨ ᠪᠠᠢᠭᠤᠯᠤᠯᠲᠠ᠎ᠳᠤ ᠬᠡᠷᠡᠭ᠌ᠯᠡᠨ᠎ᠡ ᠭᠡᠵᠡᠶ᠃
2017 ᠣᠨ᠎ᠤ 12 ᠰᠠᠷ᠎ᠠ᠎ᠳᠤ᠂ ᠨᠢᠶᠠᠨ ᠼᠤᠤ ᠸᠠᠨ ᠲᠣᠰᠭᠣᠨ ᠥᠪᠡᠷᠲᠡᠭᠡᠨ ᠵᠠᠰᠠᠬᠤ ᠣᠷᠣᠨ᠎ᠤ ᠶᠠᠳᠠᠭᠤ ᠬᠦᠴᠢᠷᠳᠡᠯᠲᠡᠢ ᠲᠣᠰᠭᠣᠨ᠎ᠤ ᠡᠩᠨᠡᠭᠡ᠎ᠡᠴᠡ ᠭᠠᠷᠪᠠ; 2019 ᠣᠨ᠎ᠤ ᠡᠴᠦᠰ᠎ᠲᠦ᠂ ᠲᠠᠩᠰᠠᠯᠠᠵᠦ ᠺᠠᠷᠲ᠋ᠯᠠᠭᠰᠠᠨ ᠶᠠᠳᠠᠭᠤ ᠬᠦᠴᠢᠷᠳᠡᠯᠲᠡᠶ ᠬᠥᠮᠦᠨ ᠠᠮᠠ ᠪᠦᠬᠦᠨ᠎ᠢᠶᠡᠷ᠎ᠢᠶᠡᠨ《ᠬᠣᠶᠠᠷ᠎ᠲᠤ ᠵᠣᠪᠠᠬᠤ ᠥᠬᠡᠶ᠂ ᠭᠤᠷᠪᠠ᠎ᠶ᠋ᠢ ᠪᠠᠲᠤᠯᠠᠬᠤ》 ᠪᠠᠷᠢᠮᠵᠢᠶ᠎ᠠ᠎ᠳᠤ ᠬᠥᠷᠪᠡ; 2020 ᠣᠨ᠎ᠳᠤ᠂ ᠪᠦᠬᠦ᠌ ᠲᠣᠰᠭᠣᠨ᠎ᠳᠤ ᠶᠠᠳᠠᠭᠤ ᠬᠦᠴᠢᠷᠳᠡᠯ᠎ᠲᠠᠢ ᠬᠦᠮᠦᠨ ᠪᠠᠢᠬᠤ ᠦᠭᠡᠢ ᠪᠤᠯᠵᠠᠢ᠃
ᠲᠣᠰᠭᠣᠨ᠎ᠤ ᠨᠠᠮ᠎ᠤᠨ ᠡᠭᠦᠷ᠎ᠦᠨ ᠱᠦᠵᠢ᠂ ᠡᠷᠬᠢᠯᠡᠭ᠌ᠴᠢ ᠯᠢᠦ ᡁᠢ ᠱᠢᠨ ᠰᠤᠷᠪᠤᠯᠵᠢᠯᠠᠭ᠍ᠴᠢ᠎ᠳᠤ᠄《ᠡᠨᠡ ᠵᠢᠯ ᠪᠣᠯ ᠪᠠᠰᠠ ᠨᠢᠭᠡᠨ ᠡᠯᠪᠡᠭ ᠬᠤᠷᠢᠶᠠᠯᠲᠠ᠎ᠶ᠋ᠢᠨ ᠵᠢᠯ ᠪᠣᠯᠤᠨ᠎ᠠ᠂ ᠬᠥᠮᠦᠨ ᠳᠤᠮᠳᠠᠴᠢ᠎ᠶ᠋ᠢᠨ ᠣᠷᠣᠯᠭ᠎ᠠ 1 ᠲᠦᠮᠡᠨ ᠲᠥᠭᠥᠷᠢᠭ᠎ᠢ ᠳᠠᠪᠠᠵᠤ᠂ ᠲᠣᠰᠭᠣᠨ᠎ᠤ ᠬᠠᠮᠲᠤ᠎ᠶ᠋ᠢᠨ ᠠᠵᠤ ᠠᠬᠤᠢ ᠴᠤ᠌ 12 ᠲᠦᠮᠡᠨ ᠲᠥᠭᠥᠷᠢᠭ᠎ᠢ ᠳᠠᠪᠠᠵᠤ᠂ ᠲᠣᠰᠭᠣᠨ᠎ᠤ ᠠᠵᠤ ᠠᠬᠤᠢ ᠨᠡᠢᠭᠡᠮ᠎ᠦᠨ ᠬᠥᠭ᠌ᠵᠢᠯᠲᠡ ᠶᠠᠭ ᠡᠳᠦᠷ᠎ᠡᠴᠡ ᠡᠳᠦᠷ ᠥᠭᠡᠳᠡᠯᠡᠨ ᠮᠠᠨᠳᠤᠵᠤ ᠪᠠᠢᠭ᠎ᠠ ᠱᠠᠳᠤᠨ᠎ᠳᠠᠭᠠᠨ ᠪᠤᠢ》 ᠬᠡᠵᠤ ᠪᠠᠶᠠᠷᠳᠠᠢᠬᠠᠨ ᠶᠠᠷᠢᠨ᠎ᠠ᠃