ᠪᠠᠷᠢᠯᠭ᠎ᠠ ᠵᠢᠨ ᠮᠤᠳᠤᠨ ᠰᠠᠢᠯᠦᠮᠠᠯ ᠤᠷᠠᠯᠢᠬ᠎ᠤᠨ ᠷᠢᠳᠢ ᠰᠢᠳᠢ ᠵᠢ ᠭᠠᠢᠬᠠᠭᠤᠯᠤᠨ᠎ᠠ
2021-10-22 09:03:33
ᠵᠣᠬᠢᠶᠠᠭ᠍ᠴᠢ᠄
ᠶᠤᠸᠠᠨ ᠱᠢᠤ ᠴᠢᠨ
ᠣᠩᠱᠢᠭ᠍ᠰᠠᠨ ᠣᠳᠠᠭ᠎ᠠ᠄
★★★☆☆

ᠡᠷᠬᠡᠪᠰᠢ ᠳᠤᠮᠳᠠᠳᠤ ᠎ᠶ᠋ᠢᠨ ᠦᠨᠳᠦᠰᠦᠳᠡᠨ᠎ᠦ ᠬᠠᠮᠳᠤ ᠴᠤᠭ᠍ᠴᠠ᠎ᠶ᠋ᠢᠨ ᠤᠬᠠᠮᠰᠠᠷ᠎ᠢ ᠪᠠᠲᠤ ᠴᠤᠭ᠍ᠴᠠᠯᠠᠬᠤ ᠎ᠶ᠋ᠢ ᠱᠢᠨ᠎ᠡ ᠴᠠᠭ ᠥᠶ᠎ᠡ ᠎ᠶ᠋ᠢᠨ ᠦᠨᠳᠦᠰᠦᠳᠡᠨ ᠎ᠦ ᠠᠵᠢᠯ ᠎ᠤᠨ ᠭᠣᠣᠯ ᠱᠢᠵᠢᠮ ᠪᠤᠯᠭᠠᠵᠦ᠍᠂  ᠦᠨᠳᠦᠰᠦᠳᠡᠨ ᠨᠤᠭᠦᠳ᠎ᠤᠨ ᠠᠭᠤᠤ ᠶᠡᠬᠡ ᠡᠬᠡ ᠤᠯᠤᠰ᠂ ᠳᠤᠮᠳᠠᠳᠤ᠎ᠶ᠋ᠢᠨ ᠰᠤᠶᠤᠯ᠂  ᠳᠤᠮᠳᠠᠳᠤ ᠎ᠶ᠋ᠢᠨ ᠦᠨᠳᠦᠰᠦᠳᠡᠨ᠂  ᠳᠤᠮᠳᠠᠳᠤ᠎ᠶ᠋ᠢᠨ ᠰᠤᠶᠤᠯ᠂ ᠳᠤᠮᠳᠠᠳᠤ ᠤᠯᠤᠰ᠎ᠤᠨ ᠡᠪ ᠬᠠᠮᠳᠤ ᠨᠠᠮ᠂  ᠳᠤᠮᠳᠠᠳᠤ ᠤᠯᠤᠰ᠎ᠤᠨ ᠤᠨᠴᠠᠯᠢᠭ ᠲᠠᠢ ᠨᠡᠢᠭᠡᠮ ᠵᠢᠷᠤᠮ᠎ᠤᠨ ᠲᠤᠬᠠᠢ ᠳᠡᠭᠡᠳᠦ ᠬᠡᠮᠵᠢᠶᠡᠨ᠎ᠦ ᠬᠠᠮᠳᠤ ᠎ᠶ᠋ᠢᠨ ᠲᠠᠨᠢᠯᠲᠠ᠎ᠶ᠋ᠢ ᠪᠠᠳᠤᠳᠭᠠᠬᠤ ᠎ᠶ᠋ᠢ ᠠᠬᠢᠭᠤᠯᠵᠦ᠍᠂  ᠳᠤᠮᠳᠠᠳᠤ ᠎ᠶ᠋ᠢᠨ ᠦᠨᠳᠦᠰᠦᠳᠡᠨ᠎ᠦ ᠬᠠᠮᠳᠣ ᠴᠤᠭ᠍ᠴᠠ ᠎ᠶ᠋ᠢᠨ ᠪᠠᠢᠭᠤᠯᠤᠯᠲᠠ ᠎ᠶ᠋ᠢ ᠲᠠᠰᠤᠷᠠᠯᠲᠠ ᠦᠭᠡᠢ ᠠᠬᠢᠭᠤᠯᠬᠤ ᠬᠡᠷᠡᠭ᠌ᠳᠡᠢ

᠊᠊᠊᠊᠊᠊᠊  ᠶᠡᠷᠦᠩᠬᠡᠢ ᠱᠦᠵᠢ ᠰᠢ ᠵᠢᠨ ᠫᠢᠩ ᠎ᠦᠨ ᠲᠥᠪ ᠎ᠦᠨ ᠦᠨᠳᠦᠰᠦᠳᠡᠨ᠎ᠦ ᠠᠵᠢᠯ ᠎ᠤᠨ ᠬᠤᠷᠠᠯ ᠳᠡᠭᠡᠷᠡᠬᠢ ᠶᠠᠷᠢᠶ᠎ᠠ ᠎ᠠᠴᠠ ᠠᠪᠤᠪᠠ (2021 ᠣᠨ᠎ᠤ 8 ᠰᠠᠷ᠎ᠠ ᠎ᠶ᠋ᠢᠨ27 ᠎ᠡᠴᠡ 28 ᠎ᠤ ᠡᠳᠦᠷ ᠪᠤᠯᠳᠠᠯ᠎ᠠ )

 

ᠨᠠᠷᠢᠯᠢᠭ ᠬᠢᠴᠡᠲᠡᠶ ᠨᠠᠮ ᠰᠡᠯᠡᠭᠦᠨ ᠠᠷᠠᠳ᠎ᠤᠨ ᠣᠷᠣᠨ ᠰᠠᠭᠤᠴᠠ᠎ᠠᠴᠠ ᠰᠦᠷᠯᠢᠭ ᠬᠡᠬᠡᠨᠴᠢᠷ ᠣᠷᠳᠣ ᠬᠠᠷᠰᠢ ᠂ ᠲᠥᠪ ᠶᠡᠬᠡᠮᠰᠦᠭ ᠰᠦᠮ᠎ᠡ ᠬᠡᠢᠳ ᠬᠦᠷᠲᠡᠯ᠎ᠡ ᠁ ᠬᠡᠳᠦᠨ ᠮᠢᠩᠭᠠᠨ ᠵᠢᠯ᠎ᠤᠨ ᠲᠤᠷᠰᠢ ᠮᠠᠨ᠎ᠤ ᠤᠯᠤᠰ᠎ᠤᠨ ᠪᠠᠷᠢᠯᠭ᠎ᠠ᠎ᠶᠡᠷᠦ᠍᠎ᠨᠢ ᠮᠣᠳᠣ ᠪᠡᠷ ᠬᠡᠷ ᠪᠠᠢᠱᠢᠩ ᠤᠷᠳᠤ ᠬᠠᠷᠰᠢ ᠪᠠᠷᠢᠵᠤ᠂ ᠳᠤᠮᠳᠠᠳᠤ ᠤᠯᠤᠰ᠎ᠤᠨ ᠥᠪᠡᠷᠮᠢᠴᠡ ᠬᠡᠪ ᠨᠠᠮᠪᠠ᠎ᠲᠠᠢ ᠪᠠᠷᠢᠯᠭ᠎ᠠ᠎ᠶ᠋ᠢᠨ ᠤᠷᠠᠯᠢᠭ᠎ᠢ ᠪᠦᠲᠦᠭᠡᠭ᠌ᠰᠡᠭᠡᠷ ᠢᠷᠡᠵᠡᠶ᠃ ᠪᠠᠷᠢᠯᠭ᠎ᠠ᠎ᠶ᠋ᠢᠨ 《ᠦᠨᠭᠭᠡ ᠨᠢᠭᠤᠷ》 ᠪᠣᠯᠤᠭ᠍ᠰᠠᠨ ᠤᠯᠠᠮᠵᠢᠯᠠᠯᠲᠤ ᠮᠣᠳᠣᠨ ᠰᠠᠢᠯᠦᠮᠡᠯ᠎ᠤᠨ ᠤᠷ᠎ᠠ ᠮᠡᠷᠭᠡᠵᠢᠯ ᠪᠤᠯ ᠪᠠᠷᠢᠯᠭ᠎ᠠ᠎ᠶ᠋ᠢᠨ ᠪᠣᠳᠠᠲᠤ ᠴᠣᠭ᠍ᠴᠠ ᠳᠡᠭᠡᠷᠡᠬᠢ ᠤᠷᠠᠯᠢᠭ᠎ᠤᠨ ᠦᠨᠡᠲᠦ ᠪᠦᠲᠦᠭᠡᠯ ᠪᠤᠯᠤᠨ᠎ᠠ᠂ ᠪᠠᠷᠢᠯᠭ᠎ᠠ᠎ᠶ᠋ᠢᠨ ᠣᠨᠴᠠᠯᠢᠭ᠎ᠢ ᠦᠨᠳᠦᠰᠦᠯᠡᠨ ᠮᠠᠲ᠋ᠧᠷᠢᠶᠠᠯ ᠵᠢᠡᠨ ᠪᠣᠯᠪᠠᠰᠤᠷᠠᠭᠤᠯᠳᠠᠭ᠂ ᠢᠨᠭᠬᠢᠭᠡᠳ ᠣᠷᠳᠣ ᠤᠳᠠᠭᠠᠨ ᠲᠡᠦᠬᠡ ᠵᠢᠨ ᠤᠷᠴᠢᠯ᠎ᠳᠤ ᠪᠠᠶᠠᠯᠢᠭ ᠠᠭᠤᠯᠤᠭ᠍ᠳᠠᠬᠤᠨ᠎ᠲᠠᠢ ᠪᠣᠯᠵᠤ᠂ ᠭᠠᠵᠠᠷ ᠪᠣᠯᠭᠠᠨ᠎ᠳᠤ ᠳᠤᠮᠳᠠᠳᠤ ᠵᠢᠨ ᠤᠯᠠᠮᠵᠢᠯᠠᠯᠲᠤ ᠰᠣᠶᠣᠯ᠎ᠤᠨ ᠠᠭᠤᠯᠤᠭᠳᠠᠬᠤᠨ ᠬᠠᠳᠠᠭᠠᠯᠠᠭᠳᠠᠵᠤ ᠪᠠᠢᠳᠠᠭ᠃ ᠬᠥᠬᠡᠬᠤᠲᠠ᠎ᠶ᠋ᠢᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠥᠯᠥᠭᠡᠯᠡᠬᠦ᠌ ᠴᠢᠨᠠᠷᠲᠠᠶ ᠲᠥᠷᠥᠯ ᠵᠦᠢᠯ ᠪᠤᠯᠬᠤ ᠯᠢ ᠣᠪᠣᠭ᠍ᠲᠤ᠎ᠶ᠋ᠢᠨ ᠮᠣᠳᠣᠨ ᠰᠡᠢᠯᠦᠮᠡᠯ᠎ᠤᠨ ᠭᠠᠷ ᠮᠡᠷᠭᠡᠵᠢᠯ ᠥᠪᠥᠷ ᠮᠣᠩᠭᠤᠯ᠎ᠤᠨ ᠱᠢᠯᠢᠳᠡᠭ ᠲᠥᠯᠥᠭᠡᠯᠡᠭ᠌ᠴᠢ ᠪᠣᠯᠤᠭ᠍ᠰᠠᠨ᠎ᠤ ᠬᠤᠪᠢ᠎ᠳᠤ ᠮᠠᠨ᠎ᠤ ᠤᠯᠤᠰ᠎ᠤᠨ ᠤᠯᠠᠮᠵᠢᠯᠠᠯᠲᠤ ᠮᠣᠳᠣᠨ ᠰᠡᠢᠯᠦᠮᠡᠯ᠎ᠤᠨ ᠤᠷ᠎ᠠ ᠮᠡᠷᠭᠡᠵᠢᠯ᠎ᠤᠨ ᠴᠢᠬᠤᠯᠠ ᠪᠦᠷᠢᠯᠳᠦᠬᠦᠨ ᠬᠡᠰᠡᠭ ᠪᠣᠯᠤᠨ᠎ᠠ᠃

 

ᠡᠭᠦᠳᠡ ᠴᠣᠩᠬᠤ ᠤᠨᠢ ᠬᠡᠷᠡᠮ ᠳᠡᠭᠡᠷᠡᠬᠢ ᠰᠡᠢᠯᠦᠮᠡᠯ ᠴᠦ᠍ ᠤᠷᠠᠯᠢᠬ ᠮᠦᠨ


ᠰᠦᠷ ᠬᠦᠴᠦᠨ ᠵᠢᠡᠨ ᠭᠠᠢᠬᠠᠭᠤᠯᠤᠭᠰᠠᠨ ᠬᠤᠶᠠᠷ ᠯᠣᠣ ᠰᠤᠪᠤᠳ ᠨᠠᠭᠠᠳᠤᠨ᠎ᠠ᠃ ᠯᠣᠣ᠎ᠶ᠋ᠢᠨ ᠲᠣᠯᠣᠭᠠᠶ᠎ᠨᠢ ᠤᠮᠤᠭ ᠰᠦᠷ ᠲᠠᠢ᠂ ᠰᠡᠭᠦᠯ᠎ᠨᠢ ᠨᠠᠷᠢᠨ ᠤᠷᠲᠤ᠌᠂ ᠪᠡᠶ᠎ᠡ᠎ᠨᠢ ᠬᠦᠳᠡᠷ ᠴᠢᠭᠢᠷᠠᠭ᠂ ᠠᠭᠤᠷ ᠬᠢᠯᠢᠩ ᠪᠠᠳᠠᠷᠠᠭᠤᠯᠤᠨ ᠠᠮᠠ ᠪᠠᠨ ᠠᠩᠭᠠᠢᠨ᠎ᠠ ᠂ ᠰᠠᠪᠠᠷ᠎ᠨᠢ ᠬᠤᠷᠴᠠ ᠮᠡᠰᠡ ᠮᠡᠲᠦ᠂ ᠬᠤᠭᠤᠷᠣᠨᠳᠣ᠎ᠨᠢ ᠭᠠᠯᠲᠤ ᠡᠭᠦᠯᠡᠨ ᠬᠡ᠎ᠪᠡᠷ ᠴᠢᠮᠡᠭᠯᠡᠨ᠂ ᠠᠮᠢᠳᠤ ᠳᠦᠷᠰᠦᠯᠢᠭ ᠬᠠᠷᠠᠭᠳᠠᠨ᠎ᠠ᠃ ᠡᠨᠡ ᠮᠤᠳᠤᠨ ᠰᠡᠢᠯᠦᠮᠡᠯ᠎ᠢ ᠬᠥᠬᠡᠬᠤᠲᠠ᠎ᠶ᠋ᠢᠨ ᠪᠣᠳᠠᠰ᠎ᠤᠨ ᠪᠤᠰᠤ ᠰᠣᠶᠣᠯ᠎ᠤᠨ ᠥᠪ ᠪᠣᠯᠬᠤ ᠯᠢ ᠣᠪᠣᠭ᠍ᠲᠤ᠎ᠶ᠋ᠢᠨ ᠮᠣᠳᠣᠨ ᠰᠡᠢᠯᠦᠮᠡᠯ᠎ᠤᠨ ᠭᠠᠷ ᠤᠷᠠᠯᠠᠯ᠎ᠤᠨ ᠤᠷ᠎ᠠ ᠮᠡᠷᠭᠡᠵᠢᠯ᠎ᠤᠨ ᠤᠯᠠᠮᠵᠢᠯᠠᠭ᠍ᠴᠢ ᠯᠢ ᠶᠦᠩ ᠴᠢᠶᠠᠩ᠎ᠤᠷᠠᠯᠠᠨ ᠵᠤᠬᠢᠶᠠᠭᠰᠠᠨ ᠪᠠᠢᠨ᠎ᠠ᠃

ᠡᠨᠡ ᠵᠢᠯ 45 ᠨᠠᠰᠤᠲᠠᠢ ᠯᠢ ᠶᠦᠩ ᠴᠢᠶᠠᠩ ᠬᠥᠬᠡᠬᠤᠲᠠ᠎ᠶ᠋ᠢᠨ ᠲᠦᠮᠡᠳ ᠵᠡᠭᠦᠨ ᠬᠤᠱᠢᠭᠤᠨ᠎ᠤ ᠯᠤᠤᠰ ᠲᠣᠰᠭᠤᠨ᠎ᠳᠤ ᠲᠦᠷᠦᠵᠠᠢ᠂ ᠲᠩᠷᠢ ᠲᠡᠳᠬᠦᠭ᠌ᠴᠢ᠎ᠶ᠋ᠢᠨ ᠦᠶ᠎ᠡ᠎ᠳᠤ ᠡᠪᠦᠭᠡ ᠳᠡᠭᠡᠳᠦᠰ᠎ᠨᠢ ᠱᠠᠨ ᠰᠢ᠎ᠡᠴᠡ ᠥᠪᠥᠷ ᠮᠣᠩᠭᠤᠯ᠎ᠳᠤ ᠢᠷᠡᠪᠠ ᠂ ᠲᠡᠭᠦᠨ᠎ᠤ ᠠᠢᠮᠠᠬ ᠤᠭ᠍ᠰᠠᠭ᠎ᠠ ᠨᠢ ᠦᠶ᠎ᠡ᠎ᠶ᠋ᠢᠨ ᠦᠶ᠎ᠡ᠎ᠳᠡᠭᠡᠨ ᠮᠣᠳᠣᠨ ᠰᠡᠢᠯᠦᠮᠡᠯ᠎ᠤᠨ ᠭᠠᠷ ᠤᠷᠠᠯᠠᠯ᠎ᠤᠨ ᠪᠦᠲᠦᠭᠡᠯ ᠬᠢᠭᠰᠡᠭᠡᠷ ᠢᠷᠡᠵᠡᠢ᠂ ᠲᠡᠷᠡ ᠪᠣᠯ ᠨᠠᠢ᠍ᠮᠠᠳᠤᠭᠠᠷ ᠦᠶ᠎ᠡ᠎ᠶ᠋ᠢᠨ ᠤᠯᠠᠮᠵᠢᠯᠠᠭᠴᠢ ᠪᠣᠯᠤᠨ᠎ᠠ᠃ ᠯᠢ ᠶᠦᠩ ᠴᠢᠶᠠᠩ 14 ᠨᠠᠰᠤᠲᠠᠶ᠎ᠳᠠᠭᠠᠨ ᠠᠪᠤ᠎ᠪᠠᠨ ᠳᠠᠭᠠᠵᠤ ᠮᠣᠳᠣᠨ ᠰᠡᠢᠯᠦᠮᠠᠯ᠎ᠤᠨ ᠤᠷ᠎ᠠ ᠮᠡᠷᠭᠡᠵᠢᠯ ᠰᠤᠷᠴᠤ᠌᠂ ᠣᠲᠣ ᠪᠣᠯᠲᠠᠯ᠎ᠠ ᠨᠢᠭᠡᠨᠲᠡ 30 ᠭᠠᠷᠤᠶ ᠵᠢᠯ᠎ᠤᠨ ᠨᠢᠭᠤᠷ ᠎ᠢ ᠥᠵᠡᠵᠤ ᠪᠤᠢ᠃

ᠬᠤᠶᠠᠷ ᠵᠠᠭᠤ ᠭᠠᠷᠤᠢ ᠵᠢᠯ᠎ᠤᠨ ᠬᠥᠭ᠌ᠵᠢᠯᠲᠡ᠎ᠳᠤ ᠬᠡᠳᠦᠨ ᠦᠶ᠎ᠡ᠎ᠶ᠋ᠢᠨ ᠬᠥᠮᠦᠰ ᠬᠠᠲᠠᠭᠤᠵᠢᠯᠲᠠᠢ ᠴᠢᠷᠮᠠᠢᠨ᠂ ᠤᠯᠠᠮᠵᠢᠯᠠᠨ ᠵᠠᠯᠭᠠᠮᠵᠢᠯᠠᠵᠤ ᠂ ᠤᠷᠠᠨ ᠨᠠᠷᠢᠯᠢᠬ ᠰᠡᠢᠯᠵᠤ᠂ ᠯᠢ ᠣᠪᠣᠭ᠍ᠲᠤ᠎ᠶ᠋ᠢᠨ ᠮᠣᠳᠣᠨ ᠰᠡᠢᠯᠦᠮᠡᠯ᠎ᠢ ᠪᠦᠮᠪᠦᠷᠭᠡᠨ ᠪᠡᠶᠡᠲᠦ ᠵᠢᠨ ᠰᠡᠢᠯᠦᠮᠡᠯ᠂ ᠴᠤᠭᠤᠯᠪᠤᠷᠢ ᠰᠡᠢᠯᠦᠮᠡᠯ᠂ ᠭᠦᠳᠦᠭᠦᠷ ᠰᠡᠢᠯᠦᠮᠡᠯ ᠵᠡᠷᠭᠡ ᠭᠤᠷᠪᠠᠨ ᠲᠥᠷᠥᠯ᠎ᠲᠠᠢ ᠤᠶᠠᠯᠳᠤᠭᠤᠯᠵᠤ᠂ ᠤᠷ᠎ᠠ ᠮᠡᠷᠭᠡᠵᠢᠯ᠎ᠨᠢ ᠤᠯᠠᠮ ᠨᠢᠭᠡ ᠠᠯᠬᠤᠮ ᠳᠡᠭᠡᠭ᠌ᠰᠢᠯᠡᠵᠦ᠍᠂ ᠠᠭᠠᠵᠢᠮ᠎ᠢᠶᠠᠷ ᠢᠯᠡ ᠲᠣᠳᠣ ᠬᠡᠪ ᠨᠠᠮᠪᠠ᠎ᠲᠠᠢ ᠪᠣᠯᠵᠤ᠂ ᠤᠷᠠᠨ ᠨᠠᠷᠢᠯᠢᠭ ᠮᠣᠳᠣᠨ ᠰᠡᠢᠯᠦᠮᠡᠯ᠎ᠤᠨ ᠤᠷ᠎ᠠ ᠮᠡᠷᠭᠡᠵᠢᠯ᠎ᠢ ᠢᠯᠡᠷᠡᠭᠦᠯᠦᠭ᠌ᠰᠡᠨ ᠪᠠᠢᠨ᠎ᠠ᠃


QQ图片20211022085649.png

 

ᠯᠢ ᠶᠥᠩ ᠴᠢᠶᠠᠩ ᠮᠣᠳᠣᠨ ᠰᠡᠢᠯᠦᠮᠡᠯ ᠎ᠦᠨ ᠠᠵᠢᠯ ᠬᠢᠵᠦ᠍ ᠪᠠᠢᠨ᠎ᠠ

     ᠰᠤᠷᠪᠤᠯᠵᠢᠯᠠᠭ᠍ᠴᠢ  ᠶᠤᠸᠠᠨ ᠱᠢᠦ ᠴᠢᠨ ᠰᠡᠭᠦᠳᠡᠷᠯᠡᠪᠡ


ᠯᠢ ᠶᠦᠩ ᠴᠢᠶᠠᠩ᠎ᠤᠨ ᠲᠠᠨᠢᠯᠴᠠᠭᠤᠯᠤᠭ᠍ᠰᠠᠨ᠎ᠢᠶᠠᠷ᠂ ᠲᠠᠳᠠ ᠭᠤᠤᠯᠳᠠᠭᠤ ᠶᠡᠭᠡ ᠪᠠᠭ᠎ᠠ ᠠᠳᠠᠯᠢ ᠪᠤᠰᠤ 72 ᠬᠢᠲᠤᠭ᠎ᠠ ᠎ᠪᠡᠷ ᠪᠦᠳᠦᠭᠦᠨ᠎ᠠᠴᠠ ᠨᠠᠷᠢᠨ ᠬᠦᠷᠲᠡᠯ᠎ᠡ ᠥᠴᠦᠬᠡᠨ ᠴᠦ᠍ ᠣᠰᠣᠯᠳᠠᠯ ᠥᠬᠡᠶ ᠰᠡᠢᠯᠳᠡᠭ᠃ ᠴᠣᠭᠤᠯᠪᠤᠷᠢᠯᠠᠭ᠍ᠰᠠᠨ ᠬᠡᠰᠡᠭ᠎ᠢ᠎ᠡᠷᠭᠢᠯᠳᠦᠭᠦᠯᠦᠨ ᠥᠷᠥᠮᠳᠡᠭᠡᠳ ᠨᠦᠬᠡ ᠭᠠᠷᠭᠠᠵᠤ ᠪᠣᠯᠪᠠᠰᠤᠷᠠᠭᠤᠯᠤᠨ ᠬᠢᠳᠡᠭ ᠭᠡᠨ᠎ᠡ᠃

《ᠬᠢᠲᠤᠭ᠎ᠠ᠎ᠶ᠋ᠢᠨ ᠡᠷᠳᠡᠮ ᠪᠣᠯ ᠪᠣᠯᠪᠠᠰᠤᠷᠠᠭᠠᠳ ᠪᠠᠢᠪᠠᠯ ᠤᠷᠠᠨ ᠪᠣᠯᠤᠨ᠎ᠠ》 ᠭᠡᠵᠦ ᠯᠢ ᠶᠦᠩ ᠴᠢᠶᠠᠩ ᠶᠠᠷᠢᠨ᠎ᠠ᠂ ᠲᠡᠮᠦᠷ ᠰᠦᠬᠡ᠎ᠪᠡᠷ ᠬᠢᠲᠤᠭᠠᠨ᠎ᠤ ᠮᠣᠳᠣᠨ ᠪᠠᠷᠢᠭᠤᠯ᠎ᠢ ᠲᠣᠭ᠍ᠰᠢᠵᠤ᠂ ᠬᠢᠲᠤᠭᠠᠨ᠎ᠤ ᠦᠵᠦᠭᠦᠷ᠎ᠲᠦ ᠬᠦᠴᠦ ᠳᠠᠮᠵᠢᠭᠤᠯᠤᠭᠳᠠᠬᠤ ᠵᠢ ᠳᠠᠭᠠᠯᠳᠤᠨ᠂ ᠵᠢᠷᠤᠭᠠᠰᠤ᠎ᠶ᠋ᠢ ᠳᠠᠭᠠᠵᠤ ᠵᠦᠰᠦᠨ᠎ᠡ᠂ ᠪᠠᠭᠤᠤ᠎ᠶ᠋ᠢᠨ ᠬᠦᠴᠦ ᠪᠠ ᠲᠤᠭᠰᠢᠬᠤ ᠬᠦᠴᠦ ᠵᠢ ᠳᠡᠮᠲᠡᠢ ᠳᠠᠭᠠᠷᠠᠭᠤᠯᠬᠤ ᠪᠤᠯ ᠵᠠᠩᠭᠢᠯᠠᠭ᠎ᠠ ᠪᠢᠯᠡ᠃ ᠴᠣᠬᠢᠬᠤ᠂ ᠴᠠᠪᠴᠢᠬᠤ᠂ ᠵᠣᠷᠭᠤᠬᠤ ᠪᠣᠯ ᠰᠡᠢᠯᠬᠦ᠌ ᠦᠶ᠎ᠡ ᠵᠢᠨ ᠭᠤᠷᠪᠠᠨ ᠭᠤᠭᠴᠤᠭ᠎ᠠ ᠪᠤᠯᠤᠨ᠎ᠠ᠂ ᠶᠡᠭᠡ ᠬᠢᠲᠤᠭ᠎ᠠ ᠪᠡᠷ ᠳᠦᠷᠰᠦ᠎ᠶ᠋ᠢ᠎ᠨᠢ ᠭᠠᠷᠭᠠᠵᠤ᠂ ᠬᠤᠷᠴᠠ ᠬᠢᠲᠤᠭ᠎ᠠ᠎ᠪᠠᠷ ᠮᠣᠳᠣᠨ ᠬᠡᠰᠡᠭ᠎ᠤᠨ ᠬᠤᠭᠤᠷᠣᠨᠳᠣᠬᠢ ᠵᠠᠯᠭᠠᠳᠠᠰᠤ᠎ᠶ᠋ᠢ ᠰᠠᠯᠭᠠᠨ᠂ ᠳᠡᠰ ᠳᠠᠪᠬᠤᠷᠭ᠎ᠠ᠎ᠨᠢ ᠲᠣᠳᠣᠷᠬᠠᠶ ᠪᠤᠯᠵᠤ᠂ ᠬᠡᠯᠪᠡᠷᠢ ᠳᠦᠷᠰᠦ᠎ᠨᠢ ᠠᠭᠠᠵᠢᠮ᠎ᠢᠶᠠᠷ ᠢᠯᠡᠷᠡᠨ᠎ᠡ᠃ ᠳᠠᠬᠢᠨ ᠵᠣᠷᠭᠤᠬᠤ ᠠᠷᠭ᠎ᠠ᠎ᠪᠠᠷ ᠬᠤᠲᠣᠭᠤᠷ ᠬᠤᠪᠢᠯ᠎ᠤᠨ ᠬᠡᠰᠡᠭ᠎ᠢ ᠨᠠᠷᠢᠨ ᠭᠠᠷᠭᠠᠨ᠎ᠠ᠃

ᠬᠢᠲᠤᠭᠠᠨ ᠦᠵᠦᠭᠦᠷ᠎ᠤᠨ  ᠬᠠᠷᠠᠭᠠᠰᠤ ᠲᠠᠰᠤᠷᠠᠯᠲᠠ ᠦᠭᠡᠶ  ᠰᠣᠯᠢᠬᠳᠠᠵᠤ᠂ ᠯᠢ ᠶᠦᠩ ᠴᠢᠶᠠᠩ ᠵᠢᠷᠤᠭ᠎ᠢᠶᠠᠨ ᠰᠡᠢᠯᠵᠦ᠍ ᠪᠠᠢᠯ᠎ᠠ᠃ ᠬᠢᠳᠤᠭ᠎ᠠ ᠪᠠᠷᠢᠬᠤ — ᠲᠠᠪᠤᠨ ᠬᠤᠷᠤᠭᠤ᠎ᠪᠠᠷ᠎ᠢᠶᠠᠨ ᠬᠢᠳᠤᠭ᠎ᠠ ᠪᠠᠨ ᠴᠢᠩᠭ᠎ᠠ ᠪᠠᠷᠢᠵᠤ᠂ ᠪᠠᠢᠷᠢ᠎ᠪᠠᠨ ᠣᠨᠣᠪᠴᠢᠲᠠᠢ ᠲᠣᠭ᠍ᠲᠠᠭᠠᠵᠤ᠂ ᠬᠦᠴᠦ᠍ᠯᠡᠨ ᠰᠡᠢᠯᠦᠨ᠎ᠡ᠂ ᠡᠢᠮᠦᠷᠬᠦᠦ ᠬᠢᠳᠤᠭᠠᠨ ᠡᠷᠳᠡᠮ᠎ᠨᠢ ᠣᠨᠣᠪᠴᠢ᠎ᠶ᠋ᠢᠨ ᠬᠡᠮᠵᠢᠶ᠎ᠡ᠎ᠶ᠋ᠢ ᠨᠡᠩ ᠰᠠᠢᠨ ᠡᠵᠡᠮᠱᠢᠵᠦ᠍ ᠴᠢᠳᠠᠨ᠎ᠠ᠃ ᠬᠢᠲᠤᠭ᠎ᠠ ᠳᠠᠷᠤᠬᠤ — ᠬᠤᠷᠤᠭᠤ᠎ᠪᠠᠷ ᠵᠢᠡᠨ ᠬᠢᠲᠤᠭᠠᠨ᠎ᠤ ᠡᠮᠦᠨ᠎ᠡ ᠬᠡᠰᠡᠭ᠎ᠢ ᠳᠠᠷᠤᠨ᠎ᠠ᠂ ᠡᠨᠡ ᠨᠢ ᠨᠡᠩ ᠣᠨᠣᠪᠴᠢᠲᠡᠢ ᠰᠡᠢᠯᠦᠨ᠎ᠡ᠃ ᠬᠢᠲᠤᠭ᠎ᠠ᠎ᠡᠷᠭᠢᠭᠦᠯᠬᠦ᠌ — ᠡᠷᠡᠬᠡᠢ ᠬᠤᠷᠤᠭᠤ ᠪᠠ ᠳᠣᠯᠢᠶᠠᠪᠤᠷ ᠬᠤᠷᠤᠭᠤ᠎ᠪᠠᠷ ᠵᠢᠡᠨ ᠬᠢᠲᠤᠭᠠᠨ᠎ᠤ ᠬᠠᠷᠠᠭᠠᠰᠤ ᠵᠢ ᠬᠦᠩᠭᠡᠨ ᠬᠤᠪᠢᠷᠠᠭᠤᠯᠵᠤ᠂ ᠬᠢᠲᠤᠭᠠᠨ᠎ᠤ ᠡᠯ᠎ᠡ ᠵᠦᠢᠯ᠎ᠤᠨ ᠰᠡᠢᠯᠬᠦ ᠠᠷᠭ᠎ᠠ᠎ᠶ᠋ᠢ ᠭᠠᠷ᠎ᠤᠨ ᠠᠶ᠎ᠠ ᠪᠡᠷ ᠬᠤᠪᠢᠷᠠᠭᠤᠯᠵᠤ᠂ ᠬᠥᠮᠦᠨ ᠬᠢᠲᠤᠭ᠎ᠠ ᠤᠶᠠᠯᠳᠤᠨ᠎ᠠ᠃

ᠪᠦᠳᠦᠭᠦᠯᠢᠭ ᠰᠡᠢᠯᠵᠦ ᠳᠠᠭᠤᠰᠭᠠᠭᠰᠠᠨ᠎ᠤ ᠳᠠᠷᠠᠭ᠎ᠠ ᠡᠴᠦᠰ᠎ᠤᠨ ᠠᠯᠬᠤᠮ᠎ᠳᠤ ᠤᠷᠤᠨ᠎ᠠ᠂ ᠳᠠᠷᠤᠢ ᠨᠠᠷᠢᠯᠢᠬ ᠵᠠᠰᠠᠨ᠎ᠠ᠃ ᠬᠠᠮᠤᠭ ᠨᠠᠷᠢᠨ ᠬᠢᠲᠤᠭ᠎ᠠ ᠪᠡᠷ ᠥᠷᠭᠡᠰᠦ ᠪᠠ ᠬᠢᠲᠤᠭᠠᠨ᠎ᠤ ᠣᠷᠣᠮ᠎ᠢ ᠠᠷᠢᠯᠭᠠᠨ᠂ ᠭᠢᠯᠦᠭᠡᠷ ᠂ ᠴᠡᠪᠡᠷ ᠂ ᠲᠡᠭᠦᠯᠳᠡᠷ ᠪᠤᠯᠭᠠᠨ᠎ᠠ᠃ ᠬᠤᠶᠠᠷ ᠯᠣᠣ ᠰᠤᠪᠤᠳ ᠨᠠᠭᠠᠳᠤᠭᠰᠠᠨ ᠵᠢᠷᠤᠭ ᠠᠭᠠᠵᠢᠮ᠎ᠢᠶᠠᠷ ᠬᠠᠷᠠᠭᠠᠨ᠎ᠠ ᠲᠤᠳᠤᠷᠠᠨ᠎ᠠ᠂ ᠵᠢᠷᠤᠭᠠᠰᠤ᠎ᠨᠢ ᠢᠯᠭᠤᠮ᠂ ᠳᠦᠷᠰᠦ ᠪᠦᠲᠦᠭᠡᠯᠲᠡ᠎ᠨᠢ ᠪᠤᠯᠪᠠᠰᠤᠷᠠᠩᠭᠤᠢ ᠡᠨᠡ ᠬᠦ᠌ ᠠᠷᠠᠳ᠎ᠤᠨ ᠤᠯᠠᠮᠵᠢᠯᠠᠯᠲᠤ ᠲᠣᠲ᠋ᠧᠮ᠎ᠨᠢ ᠪᠠᠶᠠᠷ ᠪᠠᠶᠠᠰᠭᠤᠯᠠᠩ ᠥᠯᠵᠡᠢᠲᠦ ᠪᠡᠯᠭᠡ᠂ ᠪᠠᠶᠠᠨ ᠡᠷᠬᠢᠮ᠎ᠢ ᠪᠡᠯᠭᠡᠳᠡᠵᠦ᠍ ᠂ ᠤᠮᠠᠷᠠᠲᠤ᠎ᠶ᠋ᠢᠨ ᠡᠷᠲᠡᠨ᠎ᠤ ᠪᠠᠷᠢᠯᠭ᠎ᠠ᠎ᠶ᠋ᠢᠨ ᠮᠣᠳᠣᠨ ᠰᠡᠢᠯᠦᠮᠡᠯ᠎ᠤᠨ ᠰᠣᠶᠣᠯ ᠪᠠ ᠣᠶᠤᠨ ᠤᠬᠠᠭᠠᠨ᠎ᠢ ᠬᠤᠷᠠᠮᠳᠤᠭᠤᠯᠤᠭᠰᠠᠨ ᠪᠠᠢᠨ᠎ᠠ᠃

ᠨᠢᠷᠤᠭᠤ ᠪᠠᠭᠠᠨ᠎ᠠ᠂ ᠰᠠᠷᠠᠪᠴᠢᠨ ᠳᠡᠭᠡᠷᠡᠬᠢ ᠨᠠᠷᠢᠯᠢᠭ ᠵᠢᠷᠤᠭ ᠨᠢᠮᠪᠠᠢ ᠰᠡᠢᠯᠦᠮᠡᠯ᠂ ᠡᠭᠦᠳᠡ ᠴᠣᠩᠬᠤᠨ ᠳᠡᠭᠡᠷᠡᠬᠢ ᠰᠡᠢᠯᠦᠮᠡᠯ ᠬᠤᠸᠠᠷ᠎ᠪᠦᠭᠦᠨ ᠮᠡᠷᠭᠡᠵᠢᠯ ᠪᠦᠭᠡᠳ ᠤᠷᠠᠯᠢᠭ ᠪᠣᠯᠬᠤ ᠶᠤᠮ᠃

 

ᠵᠠᠰᠠᠨ ᠰᠡᠷᠭᠦᠭᠡᠬᠦ᠌ ᠠᠵᠢᠯ ᠪᠣᠯ ᠡᠷᠲᠡᠨ᠎ᠤ ᠪᠠᠷᠢᠯᠭ᠎ᠠ᠎ᠶ᠋ᠢᠨ ᠠᠮᠢᠯᠠᠯ ᠪᠦᠭᠡᠳ ᠰᠡᠢᠯᠦᠮᠡᠯ᠎ᠤᠨ ᠮᠥᠩᠬᠡ ᠤᠷᠤᠰᠢᠬᠤᠢ ᠪᠣᠯᠤᠨ᠎ᠠ

 

ᠲᠡᠦᠬᠡ ᠰᠣᠶᠣᠯ᠎ᠤᠨ ᠨᠠᠷᠠᠲᠤ ᠬᠤᠲᠠ ᠪᠤᠯᠤᠭᠰᠠᠨ ᠬᠦᠬᠡᠬᠤᠲᠠ᠎ᠳᠤ ᠠᠷᠪᠢᠨ ᠰᠦᠮ᠎ᠡ ᠪᠠᠢᠳᠠᠭ᠃ ᠰᠦᠮ᠎ᠡ ᠬᠡᠢᠳ᠎ᠢ ᠪᠤᠰᠬᠠᠬᠤ᠎ᠳᠤ ᠤᠯᠠᠨ ᠮᠣᠳᠣᠨ ᠰᠡᠢᠯᠦᠮᠡᠯ᠎ᠤᠨ ᠤᠷᠠᠯᠢᠬᠴᠢᠨ᠎ᠢ ᠬᠡᠷᠡᠭᠰᠡᠨ᠎ᠡ᠃

ᠯᠢ ᠶᠦᠩ ᠴᠢᠶᠠᠩ ᠮᠤᠳᠤᠨ ᠰᠡᠢᠯᠦᠮᠡᠯ᠎ᠤᠨ ᠤᠷ᠎ᠠ ᠮᠡᠷᠭᠡᠵᠢᠯ᠎ᠳᠡᠭᠡᠨ ᠲᠦᠰᠢᠭᠯᠡᠨ᠂ ᠰᠦᠮ᠎ᠡ ᠭᠡᠢᠳ᠎ᠤᠨ ᠡᠷᠲᠡᠨ᠎ᠤ ᠪᠠᠷᠢᠯᠭ᠎ᠠ ᠵᠢᠨ ᠮᠤᠳᠤᠨ ᠰᠡᠢᠯᠦᠮᠡᠯ᠎ᠤᠨ ᠤᠷ᠎ᠠ ᠮᠡᠷᠭᠡᠵᠢᠯ᠎ᠢ ᠰᠦᠪᠡᠭᠴᠢᠯᠡᠨ ᠰᠤᠳᠤᠯᠵᠠᠢ᠃ ᠲᠡᠷᠡ 21 ᠨᠠᠰᠤᠲᠠᠢ᠎ᠳᠠᠭᠠᠨ ᠶᠡᠭᠡ ᠵᠤᠤ ᠰᠦᠮ᠎ᠡ᠎ᠳᠤ ᠤᠨᠠᠭᠠᠨ ᠨᠠᠢᠵᠠ ᠪᠠᠨ ᠡᠷᠢᠵᠦ ᠣᠴᠢᠬᠤ᠎ᠳᠤ ᠶᠠᠭ ᠶᠡᠭᠡ ᠵᠤᠤ ᠰᠦᠮ᠎ᠡ᠎ᠳᠤ ᠮᠣᠳᠣᠨ ᠳᠠᠷᠬᠠᠨ ᠬᠥᠯᠥᠰᠥᠯᠡᠵᠦ᠍ ᠪᠠᠢᠬᠤ᠎ᠲᠠᠢ ᠲᠠᠭᠠᠷᠠᠯᠳᠤᠪᠠ᠃ ᠯᠢ ᠶᠦᠩ ᠴᠢᠶᠠᠩ ᠲᠡᠷᠡ ᠳᠣᠣᠷ᠎ᠠ᠎ᠪᠠᠨ ᠪᠡᠶ᠎ᠡ ᠪᠠᠨ ᠲᠠᠨᠢᠯᠴᠠᠭᠤᠯᠪᠠ᠂ ᠨᠦᠬᠦᠭᠡ ᠡᠲᠡᠭᠡᠳ᠎ᠨᠢ ᠲᠡᠭᠦᠨ᠎ᠢ ᠨᠠᠰᠤ ᠵᠠᠯᠠᠭᠤ ᠭᠡᠳ ᠢᠲᠡᠭᠡᠵᠤ ᠶᠠᠳᠠᠯ᠎ᠠ᠃ 《ᠨᠠᠳᠠ ᠪᠡᠷ ᠬᠢᠯᠭᠡᠵᠦ ᠦᠵᠡᠭᠡᠷᠡᠢ᠂ ᠰᠠᠢᠨ ᠬᠢᠪᠡᠯ ᠲᠠ ᠨᠠᠮᠠᠶ᠋ᠢ ᠵᠠᠷᠤ᠂ ᠮᠠᠭᠤ ᠬᠢᠪᠡᠯ ᠪᠢ ᠮᠣᠳᠣ ᠵᠢ ᠴᠢᠨᠢ ᠲᠥᠯᠥᠵᠦ᠍ ᠥᠭ᠌ᠭᠦᠶ᠎ᠡ ᠭᠡᠵᠦ ᠬᠡᠯᠡᠯ᠎ᠡ ᠂ ᠲᠡᠷᠡ ᠦᠶ᠎ᠡ᠎ᠳᠤ ᠨᠠᠰᠤ ᠪᠠᠭ᠎ᠠ  ᠤᠮᠤᠭ ᠲᠠᠢ ᠪᠠᠢᠯ᠎ᠠ᠂ ᠪᠢ ᠵᠠᠪᠠᠯ ᠲᠠᠨ᠎ᠳᠤ ᠬᠢᠵᠦ᠍ ᠥᠭ᠌ᠭᠦᠨ᠎ᠡ ᠭᠡᠬᠦ ᠪᠤᠳᠤᠯ ᠲᠠᠢ ᠪᠠᠢᠵᠠᠢ》 ᠭᠡᠳ ᠯᠢ ᠶᠦᠩ ᠴᠢᠶᠠᠩ ᠢᠨᠢᠶᠡᠮᠰᠦᠭ᠌ᠯᠡᠨ ᠶᠠᠷᠢᠨ᠎ᠠ᠃

ᠬᠡᠳᠦᠨ ᠡᠳᠦᠷ ᠥᠩᠭᠡᠷᠡᠯ᠎ᠡ ᠂ ᠯᠢ ᠶᠦᠩ ᠴᠢᠶᠠᠩ ᠠᠩᠬᠠᠨ᠎ᠤ ᠪᠦᠯᠦᠭ᠎ᠤᠨ ᠬᠡᠩᠭᠡᠷᠭᠡᠨ ᠵᠢᠶᠠᠰᠠ᠎ᠪᠠᠨ ᠬᠢᠵᠦ ᠳᠠᠭᠤᠰᠬᠠᠯ᠎ᠠ᠂ ᠠᠮᠠ ᠰᠡᠭᠡᠷ᠎ᠨᠢ ᠨᠡᠢᠯᠡᠵᠦ᠍᠂ ᠰᠡᠢᠯᠬᠦ᠌ ᠤᠷ᠎ᠠ ᠮᠡᠷᠭᠡᠵᠢᠯ᠎ᠨᠢ ᠭᠤᠢᠳᠠ ᠨᠠᠷᠢᠯᠢᠬ ᠪᠤᠯᠬᠤᠷ ᠪᠦᠲᠦᠭᠡᠯ᠎ᠨᠢ ᠲᠤᠬᠠᠢ ᠵᠢᠨ ᠲᠠᠯᠠᠪᠠᠢ᠎ᠳᠤ ᠪᠠᠢᠭ᠍ᠰᠠᠨ ᠪᠦᠬᠦ᠌ ᠬᠥᠮᠦᠰ᠎ᠲᠦ ᠱᠠᠭᠰᠢᠭᠳᠠᠵᠠᠢ᠃ ᠲᠡᠭᠦᠨ᠎ᠠᠴᠠ ᠬᠤᠢᠰᠢ ᠂ ᠯᠢ ᠶᠦᠩ ᠴᠢᠶᠠᠩ ᠶᠡᠭᠡ ᠵᠤᠤ ᠰᠦᠮ᠎ᠡ᠎ᠶ᠋ᠢᠨ ᠮᠣᠳᠣᠨ ᠲᠠᠷᠬᠠᠨ ᠪᠤᠯᠵᠤ᠂ ᠡᠷᠲᠡᠨ᠎ᠤ ᠪᠠᠷᠢᠯᠭ᠎ᠠ᠎ᠶ᠋ᠢ ᠰᠡᠯᠪᠢᠨ ᠵᠠᠰᠠᠵᠤ ᠂ ᠲᠠᠬᠢᠨ ᠪᠠᠢᠭᠤᠯᠬᠤ ᠵᠠᠮ᠎ᠢᠶᠠᠨ ᠡᠬᠢᠯᠡᠭᠦᠯᠵᠡᠢ᠃

1999 ᠣᠨ᠎ᠳᠤ ᠶᠡᠭᠡ ᠵᠤᠤ ᠰᠦᠮ᠎ᠡ᠎ᠶ᠋ᠢ ᠰᠡᠯᠪᠢᠨ ᠵᠠᠰᠠᠵᠤ᠂ 2004 ᠣᠨ᠎ᠳᠤ ᠶᠡᠭᠡ ᠵᠤᠤ ᠰᠦᠮ᠎ᠡ᠎ᠶ᠋ᠢ ᠥᠷᠭᠡᠳᠭᠡᠨ ᠪᠠᠢᠭᠤᠯᠵᠤ᠂ 2006 ᠣᠨ᠎ᠳᠤ ᠱᠢᠷᠡᠭᠡᠲᠦ ᠵᠤᠤ᠎ᠶ᠋ᠢ ᠥᠷᠭᠡᠳᠭᠡᠨ ᠪᠠᠢᠭᠤᠯᠤᠭᠰᠠᠨ ᠪᠦᠭᠡᠳ ᠲᠠᠷᠬᠠᠨ ᠮᠤᠤᠮᠢᠩᠭᠠᠨ ᠬᠤᠯᠪᠣᠭᠠᠲᠤ ᠬᠤᠱᠢᠭᠤ ᠂ ᠲᠦᠮᠡᠳ ᠵᠡᠭᠦᠨ ᠬᠤᠱᠢᠭᠤᠨ᠎ᠳᠤ ᠰᠦᠮ᠎ᠡ ᠭᠡᠢᠳ᠎ᠢ ᠵᠠᠰᠠᠨ ᠪᠠᠢᠭᠤᠯᠬᠤ᠎ᠳᠤ ᠯᠢ ᠶᠦᠩ ᠴᠢᠶᠠᠩ ᠮᠣᠳᠣᠨ ᠰᠡᠢᠯᠦᠮᠡᠯ᠎ᠤᠨ ᠤᠷ᠎ᠠ ᠡᠷᠳᠡᠮ ᠵᠢᠡᠨ ᠭᠠᠢᠬᠠᠭᠤᠯᠤᠭᠰᠠᠨ ᠪᠠᠢᠨ᠎ᠠ᠃ ᠯᠢ ᠶᠦᠩ ᠴᠢᠶᠠᠩ ᠡᠯ᠎ᠡ ᠶᠡᠭᠡ ᠰᠦᠮ᠎ᠡ ᠬᠡᠢᠳ᠎ᠢ ᠰᠡᠷᠭᠦᠭᠡᠨ ᠵᠠᠰᠠᠬᠤ ᠪᠠ ᠰᠡᠷᠭᠦᠭᠡᠨ ᠪᠠᠢᠭᠤᠯᠬᠤ᠎ᠳᠤ ᠣᠷᠣᠯᠴᠠᠭᠠᠳ᠂ ᠮᠣᠩᠭᠤᠯ᠂ ᠲᠥᠪᠡᠳ᠂ ᠬᠢᠲᠠᠳ ᠵᠡᠷᠭᠡ ᠦᠨᠳᠦᠰᠦᠲᠡᠨ ᠨᠤᠬᠦᠳ᠎ᠤᠨ ᠮᠣᠳᠣᠨ ᠰᠡᠢᠯᠦᠮᠡᠯ᠎ᠤᠨ ᠤᠷᠠᠴᠤᠳ᠎ᠲᠠᠢ ᠬᠠᠷᠢᠯᠴᠠᠨ ᠰᠤᠷᠤᠯᠴᠠᠵᠤ ᠂ ᠳᠠᠭᠤᠷᠢᠶᠠᠬᠤ ᠵᠢᠨ ᠬᠠᠮᠲᠤ ᠱᠢᠨ᠎ᠡ᠎ᠶ᠋ᠢ ᠡᠭᠦᠳᠤᠨ᠂ ᠱᠠᠱᠢᠨ᠎ᠤ ᠰᠣᠶᠣᠯ᠎ᠲᠠᠢ ᠤᠶᠠᠯᠳᠤᠭᠤᠯᠵᠤ᠂ ᠱᠠᠱᠢᠨ᠎ᠤ ᠤᠷᠠᠯᠢᠭ ᠪᠠ ᠦᠨᠳᠦᠰᠦᠲᠡᠨ᠎ᠤ ᠠᠭᠤᠰᠤᠯᠴᠠᠯ᠎ᠳᠡᠬᠢ ᠮᠣᠳᠣᠨ ᠰᠡᠢᠯᠦᠮᠡᠯ᠎ᠤᠨ ᠤᠷ᠎ᠠ ᠮᠡᠷᠭᠡᠵᠢᠯ᠎ᠢ ᠲᠦᠷᠭᠡᠨ ᠬᠥᠭ᠌ᠵᠢᠭᠦᠯᠵᠦ᠍᠂ ᠣᠯᠠᠨ ᠵᠦᠢᠯ᠎ᠤᠨ ᠬᠡᠪ ᠨᠠᠮᠪᠠ ᠵᠡᠷᠭᠡᠴᠡᠨ ᠣᠷᠣᠱᠢᠭ᠍ᠰᠠᠨ ᠥᠪᠡᠷᠮᠢᠴᠡ ᠣᠨᠴᠠᠯᠢᠭ᠎ᠲᠠᠢ ᠮᠣᠳᠣᠨ ᠰᠡᠢᠯᠦᠮᠡᠯ᠎ᠤᠨ ᠤᠷ᠎ᠠ ᠮᠡᠷᠭᠡᠵᠢᠯ᠎ᠢ ᠠᠭᠠᠵᠢᠮ᠎ᠢᠶᠠᠷ ᠪᠦᠷᠢᠯᠳᠦᠭᠦᠯᠪᠡ᠃《ᠪᠢ ᠡᠷᠲᠡ᠎ᠳᠡᠭᠡᠨ ᠱᠠᠱᠢᠨ᠎ᠤ ᠰᠡᠳᠦᠪ᠎ᠲᠠᠢ ᠬᠠᠪᠢᠳᠠᠵᠤ ᠥᠩᠭᠡᠷᠡᠭ᠌ᠰᠡᠨ ᠦᠭᠡᠢ ᠂ ᠱᠠᠪᠢ ᠠᠵᠢᠯᠴᠢᠨ ᠪᠠᠢᠬᠤ᠎ᠳᠠᠭᠠᠨ ᠵᠦᠪᠬᠡᠨ ᠲᠣᠰᠭᠤᠨ᠎ᠳᠤ ᠭᠡᠷ ᠪᠠᠢᠱᠢᠩ ᠪᠠᠷᠢᠵᠤ ᠪᠠᠢᠵᠠᠢ᠃ ᠡᠷᠲᠡᠨ᠎ᠤ ᠪᠠᠷᠢᠯᠭ᠎ᠠ᠎ᠶ᠋ᠢ ᠰᠡᠯᠪᠢᠨ ᠵᠠᠰᠠᠭ᠍ᠰᠠᠨ ᠴᠤ᠌ ᠲᠡᠷᠡ᠂ ᠭᠡᠷ ᠪᠠᠢᠰᠢᠩ ᠪᠠᠷᠢᠭ᠍ᠰᠠᠨ ᠴᠤ᠌ ᠲᠡᠷᠡ ᠂ ᠦᠨᠡᠨ᠎ᠳᠡᠭᠡᠨ ᠪᠦᠲᠦᠴᠡ᠎ᠶ᠋ᠢᠨ ᠠᠷᠭ᠎ᠠ᠎ᠨᠢ ᠪᠦᠷ ᠠᠳᠠᠯᠢ ᠂ ᠭᠠᠷ ᠤᠷᠠᠴᠢᠨ ᠪᠣᠯᠤᠭ᠍ᠰᠠᠨ᠎ᠤ ᠬᠤᠪᠢ᠎ᠳᠤ ᠵᠥᠪᠬᠡᠨ ᠦᠵᠡᠵᠦ᠍ ᠥᠩᠭᠡᠷᠡᠭ᠌ᠰᠡᠨ᠂ ᠬᠢᠵᠦ᠍ ᠥᠩᠭᠡᠷᠡᠭ᠌ᠰᠡᠨ ᠶᠠᠭᠤᠮ᠎ᠠ ᠪᠠᠨ ᠬᠢᠵᠦ᠍ ᠴᠢᠳᠠᠭᠠᠳ ᠯᠡ ᠪᠤᠯᠬᠤ ᠪᠢᠰᠢ ᠂ ᠦᠵᠡᠭᠡ ᠥᠬᠡᠶ ᠶᠠᠭᠤᠮ᠎ᠠ᠎ᠶ᠋ᠢ ᠦᠵᠡᠮᠡᠭ᠌ᠴᠡ ᠬᠢᠵᠦ᠍ ᠴᠢᠳᠠᠨ᠎ᠠ᠂ ᠮᠣᠳᠣ᠎ᠪᠠᠷ ᠬᠢᠭ᠌ᠰᠡᠨ ᠯᠡ ᠶᠤᠮ ᠪᠣᠯ ᠯᠠᠪᠲᠠᠶ ᠬᠢᠵᠦ᠍ ᠴᠢᠳᠠᠨ᠎ᠠ᠂ ᠡᠭᠦᠨ᠎ᠢ ᠰᠠᠶᠢ ᠭᠠᠷ ᠤᠷᠠᠴᠤᠳ ᠭᠡᠨ᠎ᠡ》 ᠭᠡᠵᠦ ᠯᠢ ᠶᠦᠩ ᠴᠢᠶᠠᠩ ᠰᠤᠷᠪᠤᠯᠵᠢᠯᠠᠭ᠍ᠴᠢ᠎ᠳᠤ ᠬᠡᠯᠡᠬᠦ ᠶᠤᠮ᠃

ᠡᠷᠲᠡᠨ᠎ᠤ ᠪᠠᠷᠢᠯᠭ᠎ᠠ᠎ᠶ᠋ᠢ ᠵᠠᠰᠠᠵᠤ ᠰᠡᠷᠭᠦᠭᠡᠬᠦ᠌᠎ᠠᠴᠠ ᠭᠠᠳᠠᠨ᠎ᠠ᠂ ᠵᠢᠭᠤᠯᠴᠢᠯᠠᠯ᠎ᠤᠨ ᠦᠵᠡᠮᠵᠢ᠎ᠶ᠋ᠢᠨ ᠣᠷᠣᠨ᠎ᠤ ᠪᠥᠲᠥᠭᠡᠨ ᠪᠠᠢᠭᠤᠯᠤᠯᠲᠠ ᠵᠢᠴᠢ ᠤᠯᠠᠮᠵᠢᠯᠠᠯᠲᠤ ᠳᠤᠮᠳᠠᠳᠤ ᠮᠠᠶᠢᠭ᠎ᠤᠨ ᠪᠠᠷᠢᠯᠭ᠎ᠠ᠎ᠶ᠋ᠢᠨ ᠪᠠᠭ᠍ᠠᠲᠠᠳ ᠴᠦ᠍ ᠯᠢ ᠶᠦᠩ ᠴᠢᠶᠠᠩ᠎ᠢ ᠡᠷᠢᠵᠦ ᠳᠤᠷᠠᠲᠠᠢ ᠵᠦᠢᠯ ᠵᠢᠡᠨ ᠬᠢᠯᠭᠡᠳᠡᠭ ᠪᠤᠯᠵᠠᠢ᠃

2011 ᠣᠨ᠎ᠳᠤ᠂ ᠯᠢ ᠶᠦᠩ ᠴᠢᠶᠠᠩ ᠰᠦᠯᠵᠢᠶᠡᠨ᠎ᠤ ᠨᠡᠷᠡᠲᠦ ᠲᠤᠰᠬᠤᠨ ᠪᠤᠯᠤᠭᠰᠠᠨ ᠤᠪᠤᠭ᠎ᠠ ᠲᠣᠰᠭᠤᠨ᠎ᠤ ᠮᠣᠳᠣᠨ ᠳᠠᠷᠬᠠᠨ᠎ᠤ ᠠᠵᠢᠯ᠎ᠢ ᠳᠠᠭᠠᠭᠠᠴᠢᠯᠠᠨ ᠠᠪᠴᠤ᠌᠂ ᠳᠣᠲᠣᠷᠠᠬᠢ ᠶᠡᠭᠡ ᠪᠠᠭ᠎ᠠ ᠡᠷᠲᠡᠨ᠎ᠤ᠎ᠬᠢ᠎ᠶ᠋ᠢ ᠳᠠᠭᠤᠷᠢᠶᠠᠭ᠍ᠰᠠᠨ ᠪᠠᠷᠢᠯᠭ᠎ᠠ᠎ᠨᠢ ᠪᠦᠷ ᠯᠢ ᠣᠪᠣᠭ᠍ᠲᠤ᠎ᠶ᠋ᠢᠨ ᠮᠣᠳᠣᠨ ᠰᠡᠢᠯᠦᠮᠡᠯ᠎ᠤᠨ ᠪᠦᠲᠦᠭᠡᠯ ᠪᠠᠢᠵᠤ ᠂ ᠤᠷᠢᠳ ᠬᠤᠵᠢᠳ 3 ᠵᠢᠯ᠎ᠤᠨ ᠴᠠᠭ ᠵᠠᠷᠤᠴᠠᠭᠤᠯᠪᠠ᠃ 《ᠡᠳᠡᠭᠡᠷ᠎ᠢ ᠪᠦᠷ ᠤᠯᠠᠮᠵᠢᠯᠠᠯᠲᠤ ᠤᠭ᠍ᠯᠠᠭᠤᠷᠭ᠎ᠠ᠎ᠶ᠋ᠢᠨ ᠪᠦᠲᠦᠴᠡ ᠶᠣᠰᠣᠭᠠᠷ ᠪᠠᠢᠭᠤᠯᠵᠠᠢ᠂ ᠰᠠᠯᠬᠢᠨ᠎ᠳᠤ ᠦᠯᠢᠶᠡᠭ᠌ᠳᠡᠵᠦ᠍ ᠨᠡᠷᠡᠨ᠎ᠳᠤ ᠱᠢᠷᠠᠭ᠍ᠳᠠᠭ᠍ᠰᠠᠨ ᠴᠤ᠌ ᠬᠡᠳᠦᠨ ᠵᠠᠭᠤᠨ ᠵᠢᠯ ᠠᠵᠢᠬ ᠦᠭᠡᠢ ᠰᠦᠨᠳᠡᠷᠯᠡᠵᠤ ᠴᠢᠳᠠᠨ᠎ᠠ᠂ ᠬᠡᠷᠪᠡ ᠰᠠᠢᠲᠤᠷ ᠬᠠᠮᠠᠭᠠᠯᠠᠪᠠᠯ ᠡᠭᠦᠷᠢᠳᠡ ᠬᠤᠷᠣᠬᠠᠢᠲᠤᠬᠤ ᠦᠭᠡᠢ》 ᠭᠡᠵᠦ᠍ ᠯᠢ ᠶᠦᠩ ᠴᠢᠶᠠᠩ ᠬᠡᠯᠡᠪᠡ᠃


QQ图片20211022085656.png


      ᠴᠠᠢ ᠎ᠶ᠋ᠢᠨ ᠱᠢᠷᠡᠭᠡ

    


QQ图片20211022085702.png

          

    ᠳᠦᠷᠪᠡᠯᠵᠢᠨ ᠬᠦᠷᠢᠶᠡᠨ ᠎ᠦ ᠭᠤᠳᠤᠮ


 

ᠮᠣᠳᠣᠨ ᠰᠡᠢᠯᠦᠮᠡᠯ᠎ᠤᠨ ᠤᠷ᠎ᠠ ᠮᠡᠷᠭᠡᠵᠢᠯ᠎ᠢ ᠰᠤᠷᠤᠯᠴᠠᠬᠤ ᠪᠣᠯ ᠤᠷᠠᠨ ᠳᠠᠷᠬᠠᠨ᠎ᠤ ᠵᠣᠷᠢᠭ ᠰᠠᠨᠠᠭ᠎ᠠ᠎ᠶ᠋ᠢᠨ ᠤᠯᠠᠮᠵᠢᠯᠠᠯ ᠪᠦᠭᠡᠳ ᠤᠯᠠᠮᠵᠢᠯᠠᠯᠲᠤ ᠰᠣᠶᠣᠯ᠎ᠤᠨ ᠵᠠᠯᠭᠠᠮᠵᠢᠯᠠᠯ ᠮᠥᠨ

 

ᠦᠴᠦᠸᠠᠨ ᠱᠢᠶᠠᠨ᠎ᠤ ᠰᠣᠶᠣᠯ᠎ᠤᠨ ᠣᠷᠳᠣᠨ᠎ᠤ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠥᠪ᠎ᠲᠤ ᠠᠵᠢᠯᠯᠠᠵᠤ ᠪᠠᠢᠭ᠍ᠰᠠᠨ ᠬᠤ᠌ ᠭᠦᠸᠧ ᠳ᠋ᠦᠩ ᠭᠡᠨᠡᠳᠲᠡ᠎ᠶ᠋ᠢᠨ ᠲᠣᠬᠢᠶᠠᠯ᠎ᠢᠶᠠᠷ ᠯᠢ ᠶᠦᠩ ᠴᠢᠶᠠᠩ᠎ᠤᠨ ᠮᠣᠳᠣᠨ ᠰᠡᠢᠯᠦᠮᠡᠯ᠎ᠢ ᠣᠯᠵᠤ ᠦᠵᠡᠭᠡᠳ ᠲᠡᠭᠦᠨ᠎ᠤ ᠭᠤᠢᠳᠠ ᠰᠠᠢᠬᠠᠨ ᠤᠷ᠎ᠠ ᠮᠡᠷᠭᠡᠵᠢᠯ᠎ᠢ ᠮᠠᠭ᠍ᠲᠠᠨ ᠰᠠᠢᠱᠢᠶᠠᠵᠤ ᠂ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠦᠷᠦᠯ ᠵᠦᠢᠯ᠎ᠵᠢᠡᠷ ᠭᠤᠶᠤᠴᠢᠯᠠᠨ ᠮᠡᠳᠡᠭᠦᠯᠬᠦ᠌᠎ᠶ᠋ᠢ ᠰᠠᠨᠠᠭᠤᠯᠪᠠ᠃ 《ᠯᠢ ᠶᠦᠩ ᠴᠢᠶᠠᠩ᠎ᠤᠨ ᠮᠡᠷᠭᠡᠵᠢᠯ ᠮᠠᠰᠢ ᠪᠦᠷᠢᠨ᠂ ᠭᠦᠳᠦᠭᠦᠷ ᠰᠡᠢᠯᠦᠮᠡᠯ᠂ ᠴᠣᠭᠤᠯᠪᠤᠷᠢ ᠰᠡᠢᠯᠦᠮᠡᠯ ᠵᠡᠷᠭᠡ᠎ᠶ᠋ᠢ ᠪᠦᠷ ᠴᠢᠳᠠᠨ᠎ᠠ᠂ ᠲᠡᠭᠦᠨ᠎ᠤ ᠬᠢᠭᠰᠡᠨ ᠵᠦᠢᠯᠡᠰ᠎ᠢ ᠦᠵᠡᠭᠦ᠎ᠳᠤ ᠡᠷᠲᠡᠨ᠎ᠤ ᠬᠥᠮᠦᠨ ᠬᠢᠭ᠌ᠰᠡᠨ ᠶᠤᠮ ᠦᠦ ᠣᠲᠣ ᠦᠶ᠎ᠡ᠎ᠶ᠋ᠢᠨ ᠬᠥᠮᠦᠨ ᠬᠢᠭ᠌ᠰᠡᠨ ᠶᠤᠮ ᠦᠦ ᠭᠡᠵᠦ ᠲᠣᠳᠣᠷᠬᠠᠶ ᠢᠯᠭᠠᠵᠦ ᠳᠡᠢᠯᠬᠦ ᠥᠬᠡᠶ᠃ ᠮᠡᠳᠡᠭᠦᠯᠬᠦ᠌ ᠶᠠᠪᠤᠴᠠ ᠳᠤᠮᠳᠠ ᠲᠤᠰᠭᠠᠶ ᠮᠡᠷᠭᠡᠵᠢᠯᠲᠡᠨ᠂ ᠡᠷᠳᠡᠮᠲᠡᠳ ᠪᠦᠷ ᠯᠢ ᠤᠪᠤᠭᠲᠦ᠎ᠶ᠋ᠢᠨ ᠮᠣᠳᠣᠨ ᠰᠡᠢᠯᠦᠮᠡᠯ ᠮᠠᠰᠢ ᠥᠨᠳᠥᠷ ᠤᠷᠠᠯᠢᠭ᠎ᠤᠨ ᠲᠦᠪᠰᠢᠨ᠎ᠳᠤ ᠬᠦᠷᠦᠭᠰᠡᠨ ᠭᠡᠵᠦ ᠦᠵᠡᠵᠡᠭᠡᠨ᠂ ᠲᠡᠭᠦᠨ᠎ᠤ ᠪᠦᠲᠦᠭᠡᠯ᠎ᠢ ᠬᠠᠷᠠᠭᠠᠳ ᠮᠠᠰᠢ ᠭᠠᠢᠬᠠᠵᠠᠭᠠᠵᠠᠢ》᠃

2020 ᠣᠨ᠎ᠳᠤ᠂ ᠯᠢ ᠣᠪᠣᠭ᠍ᠲᠤ᠎ᠶ᠋ᠢᠨ ᠮᠣᠳᠣᠨ ᠰᠡᠢᠯᠦᠮᠡᠯ᠎ᠤᠨ ᠭᠠᠷ ᠤᠷᠠᠯᠠᠯ᠎ᠤᠨ ᠤᠷ᠎ᠠ ᠮᠡᠷᠭᠡᠵᠢᠯ ᠬᠥᠬᠡᠬᠤᠲᠠ᠎ᠶ᠋ᠢᠨ ᠨᠠᠢ᠍ᠮᠠᠳᠤᠭᠠᠷ ᠪᠦᠯᠦᠭ᠎ᠤᠨ ᠬᠤᠲᠠ᠎ᠶ᠋ᠢᠨ ᠲᠠᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠥᠯᠥᠭᠡᠯᠡᠬᠦ᠌ ᠴᠢᠨᠠᠷᠲᠠᠶ ᠲᠥᠷᠥᠯ ᠵᠦᠢᠯ᠎ᠢᠶᠠᠷ ᠵᠥᠪᠱᠢᠶᠡᠷᠡᠭ᠌ᠳᠡᠪᠡ᠃

ᠯᠢ ᠶᠦᠩ ᠴᠢᠶᠠᠩ ᠳᠡᠬᠦᠦ ᠯᠢ ᠯᠢᠨ ᠴᠢᠶᠠᠩ ᠲᠠᠢ ᠪᠠᠨ ᠬᠤᠶᠠᠭᠤᠯᠠ ᠨᠡᠢᠳᠡᠮ ᠮᠤᠳᠤᠨ ᠰᠡᠢᠯᠦᠮᠡᠯ᠎ᠤᠨ ᠠᠵᠢᠯ ᠬᠢᠵᠦ ᠪᠠᠢᠨ᠎ᠠ ᠂ ᠲᠡᠳᠡ ᠬᠦᠴᠢᠷ ᠲᠤᠯᠭᠠᠷᠠᠪᠠᠯ ᠠᠪᠤ ᠯᠢ ᠼᠠᠢ ᠸᠠᠩ᠎ᠠᠴᠠ᠎ᠪᠠᠨ ᠠᠰᠠᠭᠤᠨ᠎ᠠ᠃ ᠯᠢ ᠣᠪᠣᠭ᠍ᠲᠤ᠎ᠶ᠋ᠢᠨ ᠮᠣᠳᠣᠨ ᠰᠡᠢᠯᠦᠮᠡᠯ᠎ᠤᠨ ᠤᠷᠠᠨ ᠨᠠᠷᠢᠯᠢᠬ ᠤᠷ᠎ᠠ ᠮᠡᠷᠭᠡᠵᠢᠯ᠎ᠢ ᠴᠥᠭᠡᠨ ᠪᠤᠰᠤ ᠵᠠᠯᠠᠭᠤᠴᠤᠳ ᠱᠠᠪᠢᠯᠠᠨ ᠰᠤᠷᠤᠯᠴᠠᠵᠤ ᠂ ᠬᠤᠵᠢᠮ ᠡᠷᠲᠡᠨ᠎ᠤ ᠪᠠᠷᠢᠯᠭ᠎ᠠ᠎ᠶ᠋ᠢᠨ ᠮᠣᠳᠣᠨ ᠰᠡᠢᠯᠦᠮᠡᠯ᠎ᠤᠨ ᠠᠵᠢᠯ ᠬᠢᠬᠦ᠌᠎ᠶ᠋ᠢ ᠬᠦᠰᠡᠵᠡᠭᠡᠵᠦ᠍ ᠪᠠᠢᠨ᠎ᠠ ᠂ ᠣᠲᠣ ᠯᠢ ᠶᠦᠩ ᠴᠢᠶᠠᠩ᠎ᠤᠨ ᠬᠠᠮᠲᠤ ᠪᠦᠯᠬᠦᠮ ᠨᠡᠢᠲᠡ 20 ᠭᠠᠷᠤᠶ ᠬᠥᠮᠦᠨ᠎ᠲᠠᠢ ᠪᠣᠯᠵᠠᠶ᠃

ᠡᠨᠡ ᠵᠢᠯ 47 ᠨᠠᠰᠤᠲᠠᠶ ᠳ᠋ᠦ᠋ ᠵᠢᠶᠦ᠋ᠨ ᠹᠸᠢ ᠯᠢ ᠶᠦᠩ ᠴᠢᠶᠠᠩ᠎ᠢ ᠳᠠᠭᠠᠵᠤ ᠮᠣᠳᠣᠨ ᠰᠡᠢᠯᠦᠮᠡᠯ᠎ᠤᠨ ᠤᠷ᠎ᠠ ᠮᠡᠷᠭᠡᠵᠢᠯ ᠰᠣᠷᠣᠭᠠᠳ ᠨᠢᠭᠡᠨᠲᠡ ᠠᠷᠪᠠᠨ ᠬᠡᠳᠦᠨ ᠵᠢᠯ᠎ᠤᠨ ᠨᠢᠭᠤᠷ ᠎ᠢ ᠦᠵᠡᠵᠦ ᠪᠤᠢ ᠂ ᠠᠩᠬ᠎ᠠ ᠡᠬᠢᠨ᠎ᠳᠡᠭᠡᠨ ᠳᠤᠷ᠎ᠠ ᠰᠣᠨᠢᠷᠬᠠᠯ᠎ᠠᠴᠠ ᠪᠣᠯᠵᠣ ᠰᠤᠷᠤᠯᠴᠠᠵᠤ ᠪᠠᠢᠵᠠᠢ ᠂᠎ᠣᠲᠣ ᠲᠡᠷᠡ ᠰᠤᠷᠪᠤᠯᠵᠢᠯᠠᠭᠴᠢ᠎ᠳᠤ᠄ 《ᠬᠤᠢᠱᠢᠳᠠ ᠨᠢᠭᠡ ᠰᠡᠳᠭᠢᠯ ᠨᠢᠭᠡ ᠵᠣᠷᠢᠭ᠎ᠢᠶᠠᠷ ᠡᠨᠡ ᠬᠦ᠌ ᠤᠯᠠᠮᠵᠢᠯᠠᠯᠲᠤ ᠤᠷ᠎ᠠ ᠮᠡᠷᠭᠡᠵᠢᠯ᠎ᠢ ᠦᠷᠭᠦᠯᠵᠢᠯᠡᠨ ᠪᠠᠳᠠᠷᠠᠭᠤᠯᠤᠨ᠎ᠠ》 ᠭᠡᠵᠦ ᠢᠲᠡᠭᠡᠯ ᠲᠡᠭᠦᠯᠳᠡᠷ ᠶᠠᠷᠢᠨ᠎ᠠ᠃

ᠰᠤᠷᠪᠤᠯᠵᠢᠯᠠᠭ᠍ᠴᠢ ᠰᠤᠷᠪᠤᠯᠵᠢᠯᠠᠬᠤ ᠦᠶ᠎ᠡ᠎ᠳᠤ ᠯᠢ ᠶᠦᠩ ᠴᠢᠶᠠᠩ ᠬᠥᠬᠡᠬᠤᠲᠠ᠎ᠶ᠋ᠢᠨ ᠱᠢᠨ᠎ᠡ ᠬᠤᠲᠠ ᠲᠣᠭᠤᠷᠢᠭ᠎ᠤᠨ ᠲᠤᠰᠬᠤ ᠭᠡᠷ ᠲᠣᠰᠭᠤᠨ᠎ᠳᠡᠬᠢ ᠠᠵᠢᠯ᠎ᠤᠨ ᠦᠷᠦᠭᠡ ᠪᠠᠨ ᠥᠭᠡᠷᠡᠴᠢᠯᠡᠨ ᠪᠠᠢᠭᠤᠯᠵᠤ᠂ ᠲᠠᠪᠤ ᠵᠢᠷᠭᠤᠭᠠᠨ ᠭᠠᠷ ᠤᠷᠠᠯᠢᠭ᠍ᠴᠢᠨ ᠲᠤᠬᠠᠶ᠎ᠶ᠋ᠢᠨ ᠲᠠᠯᠠᠪᠠᠶ᠎ᠳᠤ ᠶᠠᠭᠠᠷᠠᠯᠲᠠᠶ ᠠᠵᠢᠯᠯᠠᠵᠤ ᠪᠠᠢᠯ᠎ᠠ᠃ ᠯᠢ ᠶᠦᠩ ᠴᠢᠶᠠᠩ ᠰᠤᠷᠪᠤᠯᠵᠢᠯᠠᠭ᠍ᠴᠢ᠎ᠳᠤ᠄《ᠪᠢ ᠶᠠᠭ ᠯᠢ ᠣᠪᠣᠭ᠍ᠲᠤ᠎ᠶ᠋ᠢᠨ ᠡᠷᠲᠡᠨ᠎ᠤ ᠪᠠᠷᠢᠯᠭ᠎ᠠ᠎ᠶ᠋ᠢᠨ ᠮᠣᠳᠣᠨ ᠰᠡᠢᠯᠦᠮᠠᠯ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠪᠣᠯᠪᠠᠰᠤᠷᠠᠯ᠎ᠤᠨ ᠰᠠᠭᠤᠷᠢᠨ ᠪᠠᠢᠭᠤᠯᠬᠤ᠎ᠪᠠᠷ ᠭᠤᠶᠤᠴᠢᠯᠠᠵᠤ ᠪᠠᠢᠨ᠎ᠠ᠂ ᠡᠨᠡ ᠭᠠᠵᠠᠷ ᠴᠢᠯᠸ ᠵᠢᠨ  ᠲᠠᠯ᠎ᠠ ᠡᠴᠡ ᠮᠠᠰᠢ ᠣᠢᠷ᠎ᠠ᠂ ᠦᠵᠡᠮᠵᠢ᠎ᠨᠢ ᠴᠦ᠍ ᠭᠤᠶᠣ᠂ ᠬᠤᠵᠢᠮ ᠵᠢᠭᠤᠯᠴᠢᠯᠠᠭᠰᠠᠳ᠂ ᠰᠤᠷᠤᠭ᠍ᠴᠢᠳ ᠵᠢᠴᠢ ᠡᠷᠲᠡᠨ᠎ᠤ ᠪᠠᠷᠢᠯᠭ᠎ᠠ᠎ᠶ᠋ᠢᠨ ᠮᠣᠳᠣᠨ ᠰᠡᠢᠯᠦᠮᠡᠯ᠎ᠤᠨ ᠪᠠᠭ᠍ᠠᠲᠠᠳ ᠠᠳᠡ ᠢᠷᠡᠭᠡᠳ ᠲᠣᠭᠤᠷᠢᠨ ᠰᠤᠷᠤᠯᠴᠠᠵᠤ ᠪᠤᠯᠤᠨ᠎ᠠ᠂ ᠮᠠᠨ᠎ᠤ ᠳᠤᠮᠳᠠᠳᠤ ᠤᠯᠤᠰ᠎ᠤᠨ ᠤᠯᠠᠮᠵᠢᠯᠠᠯᠲᠤ ᠪᠠᠷᠢᠯᠭ᠎ᠠ ᠵᠢᠴᠢ ᠮᠣᠳᠣᠨ ᠰᠡᠢᠯᠦᠮᠡᠯ᠎ᠤᠨ ᠤᠷ᠎ᠠ ᠮᠡᠷᠭᠡᠵᠢᠯ᠎ᠤᠨ ᠷᠢᠳᠢ ᠱᠢᠳᠢ᠎ᠶ᠋ᠢ ᠨᠠᠩ ᠣᠯᠠᠨ ᠬᠥᠮᠦᠰ᠎ᠲᠤ ᠦᠵᠡᠭᠦᠯᠦᠨ᠎ᠡ 》 ᠭᠡᠵᠦ ᠰᠤᠷᠪᠤᠯᠵᠢᠯᠠᠭᠴᠢ᠎ᠳᠤ ᠶᠠᠷᠢᠵᠤ ᠪᠠᠢᠯ᠎ᠠ᠃


QQ图片20211022085710.png

     

    ᠮᠤᠳᠤᠨ ᠪᠦᠳᠦᠴᠡᠲᠦ ᠪᠠᠷᠢᠯᠭ᠎ᠠ


ᠡᠨᠳᠡᠬᠢ ᠶᠡᠭᠡ᠎ᠠᠴᠠ ᠬᠤᠸᠠᠷ ᠰᠡᠢᠯᠦᠭ᠌ᠰᠡᠨ ᠤᠯᠠᠭᠠᠨ ᠮᠣᠳᠣᠨ ᠡᠭᠦᠳᠡ᠂ ᠪᠠᠭ᠎ᠠ᠎ᠠᠴᠠ ᠴᠣᠭᠤᠯᠪᠤᠷᠢᠯᠠᠵᠤ ᠰᠡᠢᠯᠦᠭᠰᠡᠨ ᠰᠠᠷᠠᠪᠴᠢ ᠵᠢᠨ ᠰᠡᠢᠯᠦᠮᠡᠯ ᠬᠦᠷᠲᠡᠯ᠎ᠡ ᠴᠥᠮ ᠭᠠᠷ ᠤᠷᠠᠴᠤᠳ᠎ᠤᠨ ᠤᠷᠠᠨ ᠨᠠᠷᠢᠯᠢᠬ ᠪᠦᠲᠦᠭᠡᠯ᠎ᠪᠤᠯᠬᠤ ᠶᠤᠮ᠃

ᠤᠷᠠᠨ ᠨᠠᠷᠢᠯᠢᠭ ᠰᠡᠢᠯᠬᠦ᠌ ᠪᠣᠯ ᠭᠠᠷ ᠤᠷᠠᠴᠤᠳ᠎ᠤᠨ ᠲᠡᠭᠦᠰ ᠰᠠᠢᠬᠠᠨ᠎ᠢ ᠬᠥᠭᠡᠭᠡᠴᠡᠯᠳᠦᠬᠦ᠌ ᠴᠥᠬᠦᠷᠡᠰᠢ ᠦᠭᠡᠢ ᠬᠥᠭᠡᠭᠡᠴᠡᠯᠳᠦᠯ ᠮᠥᠨ᠂ ᠪᠠᠰᠠ ᠴᠤ᠌ ᠨᠢᠭᠡ ᠵᠦᠢᠯ᠎ᠤᠨ ᠤᠷ᠎ᠠ ᠮᠡᠷᠭᠡᠵᠢᠯ᠎ᠢ ᠡᠳᠦᠭᠡ ᠪᠣᠯᠲᠠᠯ᠎ᠠ ᠤᠯᠠᠮᠵᠢᠯᠠᠭ᠍ᠰᠠᠨ ᠬᠥᠳᠡᠯᠭᠡᠬᠦ᠌ ᠬᠦᠴᠦᠨ ᠮᠥᠨ᠃

(ᠨᠡᠷ᠎ᠡ ᠬᠠᠳᠠᠭ᠍ᠰᠠᠨ᠎ᠠᠴᠠ ᠪᠤᠰᠤᠳ ᠵᠢᠷᠤᠭ᠎ᠢ ᠰᠤᠷᠪᠤᠯᠵᠢᠯᠠᠭ᠎ᠠ ᠬᠦᠯᠢᠶᠡᠭ᠌ᠴᠢ ᠬᠠᠩᠭᠠᠪᠠ )

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠨ᠎ᠤ ᠰᠤᠨᠢᠨ ᠮᠡᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号