ᠬᠦᠪᠡᠬᠡᠲᠦ ᠱᠢᠷ᠎ᠠ ᠬᠤᠱᠢᠭᠤᠨ᠎ᠳᠤ ᠴᠠᠬᠠᠷ ᠬᠤᠨᠢᠨ᠎ᠤ ᠦᠨᠢᠷ ᠰᠦᠷᠦᠭ᠎ᠤᠨ ᠨᠠᠢᠷ ᠶᠠᠪᠤᠭ᠍ᠳᠠᠪᠠ
2021-10-09 10:14:25
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠤᠢ᠍ᠢᠷ᠎ᠠ᠎ᠳᠤ᠂ ᠬᠦᠪᠡᠬᠡᠲᠦ ᠱᠢᠷ᠎ᠠ ᠬᠤᠱᠢᠭᠤᠨ᠎ᠤ ᠲᠠᠪᠤᠳᠤᠭᠠᠷ ᠬᠤᠭᠤᠴᠠᠭᠠᠨ᠎ᠤ ᠠᠯᠲᠠᠨ ᠨᠠᠮᠤᠷ᠎ᠤᠨ ᠲᠠᠯ᠎ᠠ ᠨᠤᠲᠤᠭ᠎ᠤᠨ ᠡᠯᠪᠡᠭ ᠬᠤᠷᠢᠶᠠᠯᠲᠠ᠎ᠶ᠋ᠢᠨ ᠨᠠᠢᠷ ᠵᠢᠴᠢ ᠳᠤᠯᠥᠳᠤᠭᠠᠷ ᠣᠲᠠᠭᠠᠨ᠎ᠤ ᠴᠠᠬᠠᠷ ᠬᠤᠨᠢᠨ᠎ᠤ ᠦᠨᠢᠷ ᠰᠦᠷᠦᠭ᠎ᠤᠨ ᠨᠠᠢᠷ᠎ᠨᠢ ᠬᠠᠶᠢᠩᠬᠢᠷᠸ᠎ᠠ ᠨᠠᠢᠷ᠎ᠤᠨ ᠲᠠᠯᠠᠪᠠᠢ᠎ᠳᠤ ᠠᠮᠵᠢᠯᠲᠠ᠎ᠲᠠᠢ ᠶᠠᠪᠤᠭ᠍ᠳᠠᠵᠠᠢ᠃


微信图片_20210929095207.jpg


微信图片_20210929095219.jpg


ᠲᠣᠰ ᠣᠳᠠᠭᠠᠨ᠎ᠤ ᠨᠠᠢᠷ᠎ᠲᠤ ᠱᠢᠯᠢᠳᠡᠭ ᠡᠭᠦᠯᠳᠡᠷ᠎ᠤᠨ 191 ᠮᠠᠯ᠎ᠢ ᠠᠳᠠᠯᠢᠳᠭᠠᠵᠤ᠂ ᠡᠭᠦᠨ᠎ᠳᠤ ᠱᠢᠮᠧᠨ᠋ᠲᠡᠷ ᠡᠷ᠎ᠡ ᠲᠤᠭᠤᠯ᠂ ᠱᠢᠮᠧᠨ᠋ᠲᠡᠷ ᠦᠬᠢᠨ ᠲᠤᠭᠤᠯ᠂ ᠴᠠᠬᠠᠷ ᠱᠢᠳᠦᠯᠡᠩ ᠬᠤᠴᠠ᠂ ᠴᠠᠬᠠᠷ ᠵᠤᠰᠠᠭ᠂ ᠴᠠᠬᠠᠷ ᠦᠬᠢᠨ ᠬᠤᠷᠠᠭ᠎ᠠ᠂ ᠴᠠᠬᠠᠷ ᠡᠷ᠎ᠡ ᠬᠤᠷᠠᠭ᠎ᠠ᠂ ᠰᠠᠭᠠᠯᠢ᠎ᠶ᠋ᠢᠨ ᠦᠨᠢᠶ᠎ᠡ ᠵᠡᠷᠭᠡ ᠲᠦᠷᠥᠯ᠎ᠢᠶᠠᠷ ᠠᠳᠠᠯᠢᠳᠭᠠᠨ ᠱᠢᠯᠭᠠᠷᠠᠭᠤᠯᠤᠯᠲᠠ ᠬᠢᠭ᠌ᠰᠡᠨ ᠪᠠᠢᠨ᠎ᠠ᠃

ᠣᠢᠷ᠎ᠠ᠎ᠶ᠋ᠢᠨ ᠵᠢᠯ᠎ᠳᠤ᠂ ᠬᠦᠪᠡᠭᠡᠳᠦ ᠱᠢᠷ᠎ᠠ ᠬᠤᠱᠢᠭᠤ᠎ᠨᠢ ᠮᠠᠯ ᠠᠵᠤ ᠠᠬᠤᠢ᠎ᠶ᠋ᠢᠨ ᠬᠠᠩᠭᠠᠯᠭ᠎ᠠ᠎ᠶ᠋ᠢᠨ ᠲᠠᠯ᠎ᠠ᠎ᠶ᠋ᠢᠨ ᠪᠦᠲᠦᠴᠡ᠎ᠶ᠋ᠢᠨ ᠦᠬᠡᠷᠡᠴᠢᠯᠡᠯᠲᠡ᠎ᠶ᠋ᠢ ᠲᠠᠰᠤᠷᠠᠯᠳᠠ ᠦᠬᠡᠢ ᠭᠦᠨᠵᠡᠬᠡᠢᠷᠡᠬᠦᠯᠦᠨ᠂ ᠮᠠᠯ ᠠᠵᠤ ᠠᠬᠤᠢ᠎ᠶ᠋ᠢᠨ ᠰᠠᠭᠤᠷᠢ᠎ᠶ᠋ᠢ ᠪᠠᠬᠢᠵᠢᠬᠦᠯᠦᠨ᠂ ᠤᠳᠤᠬᠢᠴᠢᠯᠠᠭ᠍ᠰᠠᠨ ᠮᠠᠯ ᠠᠵᠤ ᠠᠬᠤᠢ᠎ᠶ᠋ᠢᠨ ᠦᠷ᠎ᠡ ᠠᠱᠢᠭ ᠪᠠ ᠮᠠᠯᠴᠢᠳ᠎ᠤᠨ ᠤᠷᠤᠯᠭ᠎ᠠ᠎ᠶ᠋ᠢ ᠮᠡᠳᠡᠭ᠌ᠳᠡᠮ᠎ᠡ ᠳᠡᠭᠡᠭ᠌ᠰᠢᠯᠡᠭᠦᠯᠵᠥ᠍᠂ 《ᠴᠠᠬᠠᠷ ᠬᠤᠨᠢᠨ》 ᠎ᠤ ᠨᠡᠷ᠎ᠡ ᠲᠡᠮᠳᠡᠭ᠎ᠢ ᠴᠢᠷᠮᠠᠢᠨ ᠡᠬᠦᠳᠴᠤ᠌ ᠪᠠᠢᠨ᠎ᠠ᠃ ᠡᠬᠦᠨ᠎ᠠᠴᠠ ᠭᠠᠳᠠᠨ᠎ᠠ ᠬᠤᠱᠢᠭᠤᠨ᠎ᠤ᠎ᠪᠠᠨ ᠪᠤᠲᠠᠲᠤ ᠪᠠᠢᠲᠠᠯ᠎ᠳᠤ ᠵᠤᠬᠢᠴᠠᠭᠤᠯᠤᠨ᠂ ᠴᠦᠬᠡᠨ ᠲᠤᠭᠠᠨ᠎ᠤ ᠱᠢᠯᠢᠳᠡᠭ ᠡᠭᠦᠯᠳᠡᠷ᠎ᠤᠨ ᠮᠠᠯ᠎ᠠᠴᠠ ᠦᠨᠳᠦᠷ ᠦᠷ᠎ᠡ ᠠᠱᠢᠭ ᠡᠭᠦᠳᠬᠦ᠌ ᠵᠠᠮ᠎ᠢ ᠪᠠᠷᠢᠮᠲᠠᠯᠠᠨ᠂ ᠴᠠᠬᠠᠷ ᠬᠤᠨᠢ ᠪᠠ ᠱᠢᠯᠢᠳᠡᠭ ᠡᠭᠦᠯᠲᠡᠷ᠎ᠤᠨ ᠮᠢᠬᠠᠨ᠎ᠤ ᠦᠬᠡᠷ᠎ᠤᠨ ᠠᠵᠤ ᠦᠢᠯᠡᠰ᠎ᠢ ᠵᠤᠬᠢᠰᠲᠠᠢ ᠬᠦᠭ᠌ᠵᠢᠭᠦᠯᠵᠦ᠍᠂ ᠮᠠᠯ ᠠᠵᠣ ᠠᠬᠤᠢ᠎ᠶ᠋ᠢᠨ ᠦᠨᠲᠦᠷ ᠦᠷ᠎ᠠ ᠠᠱᠢᠭ᠍ᠲᠣ ᠬᠦᠭ᠌ᠵᠢᠯᠲᠡ᠎ᠶ᠋ᠢ ᠲᠦᠯᠬᠢᠨ ᠠᠬᠢᠭᠤᠯᠵᠠᠢ᠃


微信图片_20210929095050.jpg


微信图片_20210929095127.jpg


微信图片_20210929095141.jpg


ᠲᠣᠰ ᠣᠳᠠᠭᠠᠨ᠎ᠤ ᠨᠠᠢᠷ᠎ᠲᠤ᠌᠂ ᠮᠠᠯ᠎ᠤᠨ ᠠᠳᠠᠯᠢᠳᠭᠠᠨ ᠱᠢᠯᠭᠠᠷᠠᠭᠤᠯᠤᠯᠳᠠ᠎ᠠᠴᠠ ᠭᠠᠳᠠᠨ᠎ᠠ ᠱᠢᠯᠢᠳᠡᠭ ᠡᠭᠦᠯᠳᠡᠷ᠎ᠤᠨ ᠮᠠᠯ᠎ᠤᠨ ᠦᠵᠡᠭᠦᠯᠭᠡ ᠬᠢᠵᠤ᠂ ᠱᠢᠯᠢᠳᠡᠭ ᠡᠬᠦᠯᠳᠡᠷ᠎ᠤᠨ ᠬᠦᠪᠦᠷᠡᠯ ᠱᠢᠯᠵᠢᠭᠦᠯᠵᠥ᠍ ᠪᠤᠢᠵᠢᠭᠤᠯᠤᠭ᠍ᠰᠠᠨ ᠬᠤᠷᠠᠭ᠎ᠠ᠂ ᠥᠷ᠎ᠡ᠎ᠶ᠋ᠢᠨ ᠮᠠᠯ᠂ ᠰᠠᠭᠠᠯᠢ᠎ᠶ᠋ᠢᠨ ᠦᠨᠢᠶᠡᠨ᠎ᠤ ᠦᠬᠢᠨ ᠲᠣᠭᠤᠯ᠎ᠢ ᠬᠦᠷᠦᠯᠴᠡᠨ ᠢᠷᠡᠭ᠌ᠰᠡᠨ ᠮᠠᠯᠴᠢᠳ᠎ᠲᠤ᠎ᠪᠠᠨ ᠦᠵᠡᠬᠦᠯᠵᠤ᠂ ᠬᠠᠷᠢᠯᠴᠠᠨ ᠳᠤᠷᠱᠢᠯᠭ᠎ᠠ ᠰᠤᠯᠢᠯᠴᠠᠬᠤ᠂ ᠮᠠᠯ᠎ᠤᠨ ᠰᠤᠯᠢᠯᠴᠠᠭ᠎ᠠ ᠬᠢᠬᠦ᠂ ᠠᠷᠠᠯᠵᠢᠶᠠᠯᠠᠬᠤ᠎ᠳᠤ ᠳᠦᠬᠦᠮ ᠦᠵᠡᠬᠦᠯᠦᠭ᠌ᠰᠡᠨ ᠪᠠᠢᠨ᠎ᠠ᠃

ᠬᠦᠪᠡᠭᠡᠳᠦ ᠱᠢᠷ᠎ᠠ ᠬᠤᠱᠢᠭᠤᠨ᠎ᠤ ᠬᠠᠮ ᠵᠠᠭᠤᠴᠢᠯᠠᠭᠤᠷ᠎ᠤᠨ ᠲᠦᠪ᠎ᠤᠨ ᠰᠤᠷᠪᠤᠯᠵᠢᠯᠠᠭ᠍ᠴᠢ᠄ ᠤᠷᠢᠬᠠᠨ  ᠱᠢᠨᠡᠬᠦᠦ  ᠵᠤᠨ᠎ᠠ



微信图片_20210929095157.jpg


微信图片_20210929095228.jpg


微信图片_20210929095237.jpg


微信图片_20210929095253.jpg


微信图片_20210929095304.jpg


微信图片_20210929095322.jpg


微信图片_20210929095333.jpg

微信图片_20210929095345.jpg


微信图片_20210929095355.jpg


微信图片_20210929095411.jpg

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号