ᠨᠠᠢᠷᠠᠭᠤᠯᠤᠭᠴᠢ ᠵᠢᠨ ᠦᠭᠡ᠄
ᠬᠦᠮᠦᠰᠤᠨ ᠬᠤᠭᠤᠯᠠᠨ ᠳ᠋ᠤ ᠯᠡ ᠰᠢᠮ᠎ᠠ ᠲᠠᠵᠢᠬᠡᠯᠤᠨ ᠮᠡᠷᠬᠡᠵᠢᠯᠳᠡᠨᠢ ᠱᠠᠭᠠᠷᠳᠠᠬᠤ ᠪᠢᠰᠢ᠂ ᠮᠠᠯ ᠤᠨᠤᠭᠠᠨᠤ ᠲᠠᠵᠢᠬᠡᠯ ᠳ᠋ᠤ ᠴᠦ᠍ ᠰᠢᠮ᠎ᠡ ᠳᠡᠵᠢᠭᠡᠯ ᠦ᠋ᠨ ᠮᠡᠷᠭᠡᠵᠢᠯᠳᠠᠨᠢ ᠱᠠᠭᠠᠷᠳᠠᠳᠠᠭ ᠶᠤᠮ᠃ ᠰᠢᠯᠢ ᠶ᠋ᠢᠨ ᠭᠤᠤᠯ ᠠᠢᠮᠠᠭ ᠦ᠋ᠨ ᠠᠯᠳᠠᠨᠬᠦ᠋ᠷᠳᠤ᠂ ᠭᠠᠨᠳᠢᠭ᠂ ᠪᠢᠨᠳᠠᠷᠢᠶ᠎ᠠ ᠭᠤᠷᠪᠠᠨ ᠵᠠᠯᠠᠭᠤ ᠶᠡᠬᠡ ᠰᠤᠷᠭᠠᠭᠤᠯᠢ ᠪᠠᠨ ᠲᠡᠬᠦᠰᠬᠡᠬᠡᠳ ᠬᠦᠳᠡᠭᠡ ᠨᠤᠳᠤᠭ ᠳᠠᠭᠠᠨ ᠪᠤᠴᠠᠨ ᠮᠠᠯ ᠤᠨᠤᠭᠠᠨᠤ ᠰᠢᠮ᠎ᠡ ᠳᠡᠵᠢᠭᠡᠯ ᠦ᠋ᠨ ᠮᠡᠷᠭᠡᠵᠢᠯᠳᠠᠨ ᠪᠤᠯᠵᠤ᠂ ᠨᠤᠳᠤᠭ ᠤᠰᠤᠨ ᠳ᠋ᠠᠭᠠᠨ ᠦᠩᠭᠡ ᠨᠡᠮᠡᠷᠢᠯᠡᠵᠤ ᠶᠠᠪᠤᠨ᠎ᠠ᠃
2017 ᠤᠨ ᠳ᠋ᠤ᠌᠂ ᠦᠪᠦᠷ ᠮᠣᠩᠭᠣᠯ ᠤ᠋ᠨ ᠳᠠᠷᠢᠶᠠᠯᠠᠩ ᠤ᠋ᠨ ᠶᠡᠭᠡ ᠰᠤᠷᠭᠠᠭᠤᠯᠢ ᠶ᠋ᠢᠨ ᠢᠳᠡᠭᠡᠨ ᠦ᠌ ᠮᠡᠷᠭᠡᠵᠢᠯ ᠵᠢᠡᠷ ᠳᠡᠭᠦᠰᠦᠭᠰᠡᠨ ᠠᠯᠳᠠᠨᠬᠦ᠋ᠷᠳᠤ ᠦᠪᠡᠷᠦᠨ ᠮᠡᠷᠭᠡᠵᠢᠯ ᠵᠢᠡᠷ ᠵᠢᠡᠨ ᠦᠢᠯᠡᠰ ᠪᠤᠰᠬᠠᠬᠤ ᠬᠡᠰᠡᠨ ᠰᠠᠨᠠᠭ᠎ᠠ ᠨᠢ ᠳᠡᠭᠦᠨᠦ ᠦᠨᠳᠦᠷ ᠳᠤᠮᠳᠠᠳᠤ ᠵᠢᠨ ᠰᠠᠢᠨ ᠨᠠᠢᠵᠠ ᠭᠠᠨᠳᠢᠭ᠂ ᠪᠢᠨᠳᠠᠷᠢᠶ᠎ᠠ ᠬᠤᠶᠠᠭᠤᠯᠠ ᠵᠢᠨ 《 ᠬᠦᠳᠡᠭᠡ ᠨᠤᠳᠤᠭ ᠳᠠᠭᠠᠨ ᠪᠤᠴᠠᠶ᠎ᠠ》 ᠬᠡᠰᠡᠨ ᠰᠠᠨᠠᠭ᠎ᠠ ᠳᠠᠢ ᠶᠠᠪ ᠨᠠᠢᠯᠠᠵᠤ᠂ ᠵᠠᠯᠠᠭᠤ ᠬᠦᠮᠦᠨᠦ ᠤᠮᠤᠭ ᠵᠢᠡᠷ ᠦᠢᠯᠡᠰᠦᠨ ᠵᠢᠯᠤᠭᠤ ᠪᠠᠨ ᠰᠤᠩᠭᠠᠯ᠎ᠠ᠃
ᠡᠨᠡ ᠭᠤᠷᠪᠠᠨ ᠵᠠᠯᠠᠭᠤ ᠬᠠᠷᠠᠬᠠᠨ ᠪᠠᠭ᠎ᠠ ᠡᠴᠡ ᠪᠠᠨ ᠮᠠᠯ ᠪᠡᠯᠴᠢᠭᠡᠷᠤᠨ ᠲᠤᠮᠳᠠ ᠳᠤᠭᠯᠠᠨ ᠥᠰᠦᠭᠰᠡᠨ ᠵᠢᠡᠷ ᠮᠠᠯᠴᠢᠳ ᠤ᠋ᠨ ᠮᠠᠯ ᠤᠨᠤᠭ᠎ᠠ ᠪᠠᠨ ᠠᠷᠠᠴᠢᠯᠠᠨ ᠳᠡᠵᠢᠭᠡᠭᠦ ᠳ᠋ᠤ᠌ ᠶᠠᠭᠤ ᠱᠠᠭᠠᠷᠳᠠᠭᠳᠠᠵᠤ ᠪᠠᠢᠭ᠎ᠠ ᠶ᠋ᠢ ᠰᠠᠢᠨ ᠮᠡᠳᠡᠳᠡᠭ ᠶᠤᠮ᠃ ᠳᠡᠳᠡ ᠦᠩᠬᠡᠷᠡᠭᠰᠡᠨ ᠲᠦᠷᠪᠡᠨ ᠵᠢᠯᠦᠨ ᠬᠤᠭᠤᠴᠠᠭᠠᠨ ᠳ᠋ᠤ᠌ ᠮᠠᠯᠵᠢᠬᠤ ᠣᠷᠣᠨ ᠤ᠋ ᠪᠡᠯᠴᠢᠭᠡᠷ ᠡᠪᠡᠰᠤᠨ ᠤ᠋ ᠲᠦᠷᠦᠯ ᠵᠦ᠋ᠢᠯ᠂ ᠠᠭᠤᠷ ᠠᠮᠢᠰᠭᠤᠯ ᠤ᠋ᠨ ᠣᠨᠴᠠᠯᠢᠭ ᠵᠢᠴᠢ ᠮᠠᠯ ᠤ᠋ᠨ ᠪᠠᠢᠳᠠᠯ ᠵᠡᠷᠭᠡ ᠳ᠋ᠤ᠌ ᠪᠠᠢᠴᠠᠭᠠᠨ ᠰᠤᠳᠤᠯᠤᠯᠳᠠ ᠬᠢᠭᠰᠡᠨ ᠰᠠᠭᠤᠷᠢᠨ ᠳᠡᠭᠡᠷ᠎ᠡ᠂ ᠬᠤᠷᠠᠭ᠎ᠠ ᠳᠤᠭᠤᠯ ᠦ᠋ᠨ ᠪᠣᠷᠳᠣᠭ᠎ᠠ ᠂ ᠰᠠᠭᠠᠯᠢ ᠶ᠋ᠢᠨ ᠦᠨᠢᠶ᠎ᠡ ᠶ᠋ᠢᠨ ᠪᠣᠷᠳᠣᠭ᠎ᠠ᠂ ᠤᠷᠤᠯᠳᠤᠭᠠᠨ ᠦ᠌ ᠮᠤᠷᠢᠨ ᠦ᠌ ᠪᠣᠷᠳᠣᠭ᠎ᠠ ᠵᠡᠷᠭᠡ 8 ᠵᠦ᠋ᠢᠯ ᠦ᠋ᠨ ᠪᠣᠷᠳᠣᠭ᠎ᠠ ᠶ᠋ᠢ ᠠᠮᠵᠢᠯᠳᠠ ᠳᠠᠢ ᠪᠡᠷ ᠰᠤᠳᠤᠯᠤᠨ ᠦᠢᠯᠡᠳᠪᠦᠷᠢᠯᠡᠵᠤ ᠂ ᠨᠢᠭᠡᠨᠳᠡ ᠤᠯᠤᠰ ᠤ᠋ᠨ ᠲᠠᠵᠢᠬᠡᠯ ᠪᠣᠷᠳᠣᠭᠠᠨ ᠤ᠋ ᠡᠷᠡᠭᠦᠯ ᠬᠠᠮᠠᠭᠠᠯᠠᠯ ᠤ᠋ᠨ ᠬᠢᠨᠡᠨ ᠪᠠᠢᠴᠠᠭᠠᠯᠳᠠ ᠶ᠋ᠢ ᠦᠩᠬᠡᠷᠡᠭᠦᠯᠦᠭᠡᠳ ᠴᠢᠨᠠᠷ ᠰᠠᠢᠳᠠᠢ ᠲᠠᠵᠢᠬᠡᠯ ᠪᠣᠷᠳᠣᠭ᠎ᠠ ᠵᠢ ᠵᠠᠬ᠎ᠠ ᠳᠡᠯᠭᠡᠭᠦᠷ ᠲᠦ᠍ ᠭᠠᠷᠭᠠᠨ ᠪᠤᠷᠤᠯᠠᠭᠤᠯᠵᠤ᠂ ᠮᠠᠯᠴᠢᠳᠦᠨ ᠵᠢᠡᠨ ᠬᠠᠯᠠᠭᠤᠨ ᠬᠦᠷᠢᠶᠡᠯᠡᠯ ᠪᠠ ᠮᠠᠭᠳᠠᠭᠠᠯ ᠰᠠᠢᠰᠢᠶᠠᠯᠢ ᠬᠦᠷᠳᠡᠭᠰᠡᠨ ᠪᠠᠢᠨ᠎ᠠ᠃
— ᠨᠤᠳᠤᠭ ᠲᠠᠭᠠᠨ ᠪᠤᠴᠠᠵᠤ ᠦᠢᠯᠡᠰ ᠪᠤᠰᠬᠠᠭᠰᠠᠨ ᠭᠤᠷᠪᠠᠨ ᠤᠶᠤᠳᠠᠨ ᠵᠠᠯᠠᠭᠤ ᠵᠢᠨ ᠦᠯᠢᠬᠡᠷ
《ᠶᠡᠬᠡ ᠰᠤᠷᠭᠠᠭᠤᠯᠢ ᠳ᠋ᠠᠭᠠᠨ ᠢᠳᠡᠬᠡᠨᠤ ᠮᠡᠷᠭᠡᠵᠢᠯᠢ ᠰᠤᠷᠤᠭᠰᠠᠨ᠂ ᠤᠳᠤ ᠳᠠᠪᠤᠨ ᠬᠤᠰᠢᠭᠤ ᠮᠠᠯᠦᠨ ᠲᠠᠵᠢᠬᠡᠯᠢ ᠰᠤᠳᠤᠯᠵᠤ ᠶᠠᠪᠤᠨ᠎ᠠ》

《ᠲᠠᠵᠢᠬᠡᠯ ᠪᠤᠷᠳᠤᠭ᠎ᠠ ᠬᠦᠷᠭᠡᠭᠦ ᠶᠠᠭᠠᠷᠠᠤ ᠴᠠᠭ ᠪᠤᠯᠤᠭᠠᠳ ᠪᠤᠢ᠂ ᠮᠠᠨᠤ ᠬᠢᠨ ᠠᠷᠪᠠᠨ ᠬᠤᠨᠤᠭ ᠲᠦ᠍ 2000 ᠭᠠᠷᠤᠢ ᠳᠤᠨ ᠭᠦᠷᠭᠡᠴᠢᠬᠡᠵᠡᠢ᠂ ᠨᠢᠳᠤᠨᠤᠨ 1.5 ᠲᠦᠮᠡᠨ ᠳᠤᠨ ᠲᠠᠵᠢᠬᠡᠯ ᠪᠣᠷᠳᠣᠭ᠎ᠠ ᠪᠣᠷᠣᠯᠠᠭᠤᠯᠪᠠ᠂ ᠡᠨᠡ ᠵᠢᠯ ᠳ᠋ᠤ 2 ᠲᠦᠮᠡᠨ ᠳᠤᠨᠢ ᠳᠠᠪᠠᠬᠤ ᠪᠤᠯᠤᠮᠵᠢ ᠳᠠᠢ》ᠭᠡᠵᠤ ᠤᠨᠠᠭᠰᠠᠨ ᠮᠠᠯᠠᠭᠠᠢ ᠪᠠᠨ ᠠᠪᠬᠤ ᠵᠠᠪ ᠦᠬᠡᠢ ᠶᠠᠭᠠᠷᠠᠯᠳᠤᠵᠤ ᠪᠠᠢᠭ᠎ᠠ ᠠᠯᠳᠠᠨᠬᠦ᠋ᠷᠳᠤ ᠤᠳᠠᠰᠤᠨᠦ ᠴᠠᠭᠠᠨ᠎ᠠ ᠡᠴᠡ ᠲᠤᠪᠴᠢᠬᠠᠨ ᠶᠠᠷᠢᠯ᠎ᠠ᠃ ᠲᠡᠷᠡ ᠡᠪᠤᠯᠦᠨ ᠬᠦᠢᠳᠡᠨ ᠡᠴᠡ ᠡᠮᠤᠨ᠎ᠠ ᠨᠤᠳᠤᠭ ᠤᠰᠤᠨᠤ ᠪᠠᠨ ᠮᠠᠯᠴᠢᠳᠤᠨ ᠠᠪᠤᠬᠰᠠᠨ ᠲᠡᠵᠢᠬᠡᠯ ᠪᠤᠷᠳᠤᠭ᠎ᠠ ᠵᠢ ᠠᠮᠵᠢᠭᠤᠯᠵᠤ ᠬᠦᠷᠬᠡᠬᠦ ᠪᠡᠷ ᠶᠠᠭᠠᠷᠠᠯᠳᠤᠵᠤ ᠪᠠᠢᠭ᠎ᠠ ᠨᠢ ᠡᠨᠡ ᠠᠵᠢ᠃
ᠰᠢᠯᠤᠭᠤᠨ ᠬᠦᠭᠡ ᠬᠤᠰᠢᠭᠤᠨᠦ ᠪᠤᠱᠤᠤᠳᠠᠢ ᠰᠤᠮᠤ ᠵᠢᠨ ᠵᠠᠷᠤᠳ ᠭᠠᠴᠠᠭᠠᠨ ᠳ᠋ᠤ ᠨᠤᠳᠤᠭᠳᠠᠢ ᠠᠯᠳᠠᠨᠬᠦ᠋ᠷᠳᠤ ᠪᠤᠯ ᠦᠪᠦᠷ ᠮᠤᠩᠭᠤᠯᠦᠨ ᠬᠦᠷᠳᠤ ᠮᠠᠯ ᠠᠵᠤ ᠠᠬᠤᠢ ᠵᠢᠨ ᠬᠢᠵᠠᠭᠠᠷᠳᠤ ᠺᠤᠮᠫᠠᠨᠢ ᠵᠢᠨ ᠡᠭᠦᠰᠭᠡᠨ ᠪᠠᠢᠭᠤᠯᠤᠭᠴᠢ ᠮᠦᠨ᠂ 2017 ᠤᠨ ᠳ᠋ᠤ ᠦᠪᠦᠷ ᠮᠤᠩᠭᠤᠯᠦᠨ ᠳᠠᠷᠢᠶᠠᠯᠠᠩᠦᠨ ᠶᠡᠭᠡ ᠰᠤᠷᠭᠠᠭᠤᠯᠢ ᠡᠴᠡ ᠳᠡᠭᠦᠰᠴᠠᠢ᠃ ᠳᠡᠷᠡ ᠰᠤᠷᠭᠠᠭᠤᠯᠢ ᠳᠡᠭᠦᠰᠭᠦ ᠵᠢᠯ ᠡᠴᠡ ᠪᠠᠨ ᠡᠬᠢᠯᠡᠨ ᠪᠠᠭᠰᠢ ᠵᠢᠡ ᠵᠢᠡᠨ ᠳᠠᠨᠢᠯᠴᠠᠭᠤᠯᠭ᠎ᠠ ᠵᠢᠯᠤᠭᠤᠳᠤᠯᠭ᠎ᠠ ᠳᠤᠤᠷ᠎ᠠ ᠺᠤᠮᠫᠠᠨᠢ ᠪᠠᠨ ᠡᠭᠦᠰᠭᠡᠨ ᠪᠠᠢᠭᠤᠯᠵᠤ ᠳᠡᠵᠢᠭᠡᠯ ᠪᠤᠷᠳᠤᠭ᠎ᠠ ᠨᠠᠢᠷᠠᠭᠤᠯᠵᠤ ᠡᠬᠢᠯᠡᠭᠰᠡᠨ ᠪᠢᠯᠡ᠃
ᠲᠦᠮᠡᠨ ᠠᠯᠬᠤᠮᠦᠨ ᠲᠦᠷᠦᠭᠦᠦ ᠠᠯᠬᠤᠮ ᠨᠢ ᠬᠦᠴᠢᠷ ᠬᠡᠭᠴᠢ ᠦᠨᠡᠨ᠂ ᠳᠡᠷᠡ ᠦᠢᠯᠡᠰ ᠪᠤᠰᠬᠠᠭᠰᠠᠨ ᠳᠦᠷᠦᠭᠦᠨᠦ ᠬᠤᠶᠠᠷ ᠵᠢᠯ ᠳ᠋ᠡᠭᠡᠨ ᠶᠡᠭᠡ ᠬᠦᠴᠢᠷᠳᠠᠵᠤ ᠶᠠᠪᠤᠵᠠᠢ᠃《ᠠᠩᠬ᠎ᠠ ᠡᠬᠢᠯᠡᠭᠦ ᠳ᠋ᠦ᠍ ᠮᠠᠨᠦ ᠲᠠᠵᠢᠬᠡᠯ ᠪᠤᠷᠳᠤᠭ᠎ᠠ ᠵᠢᠨ ᠴᠢᠨᠠᠷᠢ ᠤᠢᠯᠠᠭᠠᠬᠤ ᠦᠭᠡᠢ᠂ ᠬᠡᠪᠡᠴᠦ ᠦᠢᠯᠡᠰᠦᠨ ᠵᠢᠯᠤᠭᠤ ᠰᠤᠩᠭᠠᠵᠤ ᠪᠠᠢᠭ᠎ᠠ ᠬᠤᠢᠴᠢ ᠨᠢᠭᠡ ᠦᠶ᠎ᠡ ᠵᠢᠨ ᠬᠢᠨ ᠵᠢᠡᠨ ᠳᠡᠮᠵᠢᠶ᠎ᠡ ᠬᠡᠰᠡᠨ ᠪᠤᠳᠤᠯᠢ ᠡᠪᠦᠷᠯᠡᠨ ᠮᠠᠯᠴᠢᠳ ᠮᠢᠨᠢ ᠮᠠᠨᠦ ᠨᠠᠢᠷᠠᠭᠤᠯᠤᠭᠰᠠᠨ ᠲᠠᠵᠢᠬᠡᠯ ᠪᠤᠷᠳᠤᠭ᠎ᠠ ᠵᠢ ᠨᠢᠭᠡ ᠬᠤᠶᠠᠷ ᠳᠤᠨ ᠵᠢᠡᠷ ᠬᠤᠳᠠᠯᠳᠤᠨ ᠠᠪᠴᠦ ᠬᠡᠳᠤᠨ ᠮᠠᠯ ᠳ᠋ᠠᠭᠠᠨ ᠳᠤᠷᠰᠢᠨ ᠬᠡᠷᠡᠭᠯᠡᠵᠤ ᠪᠠᠢᠭᠰᠠᠨ ᠶᠤᠮ》 ᠭᠡᠵᠤ ᠠᠯᠳᠠᠨᠬᠦ᠋ᠷᠳᠤ ᠳᠠᠨᠢᠯᠴᠠᠭᠤᠯᠵᠤ ᠭᠠᠷᠤᠯ᠎ᠠ᠃
ᠳᠤᠷᠰᠢᠨ ᠬᠡᠷᠡᠭᠯᠡᠭᠰᠡᠨ ᠪᠤᠯᠭᠠᠨᠦ ᠮᠠᠯ ᠨᠢ ᠳᠠᠷᠭᠤ ᠬᠦᠴᠦ ᠰᠠᠢᠵᠢᠷᠠᠵᠤ ᠦᠷ᠎ᠡ ᠪᠦᠳᠦᠮᠵᠢ ᠨᠢ ᠢᠯᠡᠳᠳᠡ ᠪᠤᠯᠬᠤᠷ ᠵᠠᠯᠭᠠᠭᠠᠳ ᠪᠦᠬᠦ ᠮᠠᠯ ᠤᠨᠤᠭ᠎ᠠ ᠳ᠋ᠠᠭᠠᠨ ᠬᠡᠷᠡᠭᠯᠡᠭᠦᠯᠬᠦ ᠪᠤᠯᠵᠠᠢ᠃ ᠨᠤᠳᠤᠭ ᠤ᠋ᠨ ᠬᠥᠮᠦᠰ ᠨᠢ ᠰᠢᠨ᠎ᠡ ᠶ᠋ᠢ ᠡᠭᠦᠳᠦᠨ ᠦᠢᠯᠡᠰ ᠪᠤᠰᠭᠠᠵᠤ ᠶᠠᠪᠤᠭ᠎ᠠ ᠵᠠᠯᠠᠭᠤᠴᠤᠳ ᠵᠢᠡᠨ ᠤᠷᠮᠠᠱᠢᠭᠤᠯᠵᠤ᠂ ᠮᠦᠨ ᠴᠦ᠍ ᠵᠠᠯᠠᠭᠤᠴᠤᠳ ᠵᠢᠡᠨ ᠢᠳᠡᠬᠡᠵᠤ᠂ ᠬᠦᠷᠳᠤ ᠪᠣᠷᠳᠣᠭ᠎ᠠ ᠳ᠋ᠤ ᠶᠡᠭᠡ ᠡᠭᠡᠯᠢᠳᠠᠢ ᠪᠤᠯᠤᠯ᠎ᠠ᠃ ᠨᠢᠭᠡᠳᠦᠭᠡᠷ ᠵᠢᠯ ᠳ᠋ᠦ᠍ ᠬᠡᠷᠡᠭᠯᠡᠭᠴᠢᠳᠦᠨ ᠬᠢᠨᠢ 90% ᠨᠢ ᠪᠦᠷ 《ᠰᠠᠢᠨ》 ᠭᠡᠳ ᠳᠠᠭᠠᠰᠢᠶᠠᠵᠤ᠂ ᠬᠦᠷᠳᠤ ᠺᠤᠮᠫᠠᠨᠢ ᠵᠢᠨ ᠬᠢᠨ ᠲᠦᠷᠦᠭᠦᠦ ᠵᠢᠯ ᠳ᠋ᠡᠭᠡᠨ ᠭᠤᠷᠪᠠᠨ ᠰᠠᠷ᠎ᠠ ᠵᠢᠨ ᠬᠤᠭᠤᠴᠠᠭᠠᠨ ᠳ᠋ᠤ 1000 ᠭᠠᠷᠤᠢ ᠳᠤᠨ ᠲᠠᠵᠢᠬᠡᠯ ᠪᠤᠷᠳᠤᠭ᠎ᠠ ᠪᠤᠷᠤᠯᠠᠭᠤᠯᠵᠠᠢ᠃ ᠡᠨᠡ ᠨᠢ ᠠᠯᠳᠠᠨᠬᠦ᠋ᠷᠳᠤ ᠳ᠋ᠤ ᠶᠡᠭᠡ ᠵᠤᠷᠢᠭᠵᠢᠭᠤᠯᠤᠯ ᠪᠤᠯᠵᠤ᠂ ᠠᠵᠢᠯ ᠦᠢᠯᠡᠰ ᠳᠡᠭᠡᠨ ᠤᠯᠠᠮ ᠤᠷᠮ᠎ᠠ ᠳᠠᠢ ᠪᠤᠯᠵᠤ ᠤᠷᠤᠭᠰᠢ ᠵᠢᠳᠭᠦᠭᠰᠡᠨ ᠠᠵᠢ᠃ 《ᠪᠢ ᠶᠡᠭᠡ ᠰᠤᠷᠭᠠᠭᠤᠯᠢ ᠳ᠋ᠠᠭᠠᠨ ᠢᠳᠡᠭᠡᠨᠤ ᠮᠡᠷᠭᠡᠵᠢᠯᠢ ᠰᠤᠷᠤᠭᠰᠠᠨ ᠶᠤᠮ᠂ ᠤᠳᠤ ᠲᠠᠪᠤᠨ ᠬᠤᠰᠢᠭᠤ ᠮᠠᠯᠤᠨ ᠲᠠᠵᠢᠬᠡᠯ ᠢ ᠰᠤᠳᠤᠯᠵᠤ ᠪᠠᠢᠨ᠎ᠠ》ᠭᠡᠵᠤ ᠨᠤᠳᠤᠭ ᠤᠷᠤᠨ ᠳ᠋ᠠᠭᠠᠨ ᠬᠢᠯᠠᠷᠠᠭᠤᠯᠤᠨ ᠶᠠᠪᠤᠭ᠎ᠠ ᠠᠯᠳᠠᠨᠬᠦ᠋ᠷᠳᠤ ᠪᠠᠶᠠᠷᠳᠠᠢ ᠶᠠᠷᠢᠨ᠎ᠠ᠃
ᠡᠳᠦᠭᠡ ᠵᠠᠬ᠎ᠠ ᠳᠡᠯᠭᠡᠭᠦᠷ ᠳᠡᠭᠡᠷ᠎ᠡ ᠤᠯᠠᠨ ᠵᠦᠢᠯᠦᠨ ᠲᠠᠵᠢᠬᠡᠯ ᠪᠤᠷᠳᠤᠭ᠎ᠠ ᠵᠢᠨ ᠦᠢᠯᠡᠳᠪᠤᠷᠢ ᠺᠤᠮᠫᠠᠨᠢ ᠪᠤᠢ᠂ ᠵᠠᠷᠢᠮᠠᠳᠨᠢ ᠳᠤᠰᠬᠠᠢ ᠡᠪᠤᠯᠦᠨ ᠲᠠᠵᠢᠬᠡᠯ ᠪᠤᠷᠳᠤᠭ᠎ᠠ ᠦᠢᠯᠡᠳᠪᠦᠷᠢᠯᠡᠳᠡᠭ᠂ ᠡᠨᠧᠷᠬᠢ ᠵᠢᠨ ᠠᠭᠤᠯᠤᠭᠳᠠᠴᠠ ᠶᠡᠭᠡ ᠳᠠᠢ ᠡᠪᠤᠯᠤᠨ ᠲᠠᠵᠢᠬᠡᠯ ᠪᠤᠷᠳᠤᠭ᠎ᠠ ᠨᠢ ᠦᠭᠡᠷ᠎ᠡ ᠪᠤᠷᠳᠤᠭ᠎ᠠ ᠳᠠᠢ ᠪᠠᠨ ᠠᠳᠠᠯᠢᠳᠬᠠᠪᠠᠯ ᠦᠨ᠎ᠡ ᠬᠠᠩᠰᠢ ᠪᠡᠷ ᠬᠢᠮᠳᠠᠬᠠᠨ ᠪᠠᠢᠳᠠᠭ᠃ ᠡᠨᠡ ᠳᠤᠬᠠᠢ ᠠᠯᠳᠠᠨᠬᠦ᠋ᠷᠳᠤ᠄ 《ᠲᠤᠰᠬᠠᠢ ᠡᠪᠤᠯᠦᠨ ᠲᠠᠵᠢᠬᠡᠯ ᠪᠤᠷᠳᠤᠭ᠎ᠠ ᠪᠡᠷ ᠡᠪᠤᠯᠵᠢᠭ᠌ᠰᠡᠨ ᠦᠨᠢᠶ᠎ᠡ ᠵᠢᠨ ᠤᠷᠤᠭ᠎ᠠ ᠤᠷᠤᠬᠤ ᠨᠢ ᠤᠳᠠᠭᠠᠨ ᠪᠠᠢᠳᠠᠭ᠂ ᠭᠤᠷᠪᠠᠨ ᠵᠢᠯ ᠳ᠋ᠤ ᠬᠤᠶᠠᠷ ᠳᠤᠭᠤᠯᠯᠠᠬᠤ ᠪᠤᠯᠤᠮᠵᠢ ᠶᠡᠭᠡ᠂ ᠡᠨᠡ ᠳᠠᠯ᠎ᠡ ᠡᠴᠡ ᠠᠪᠴᠦ ᠬᠡᠯᠡᠪᠠᠯ ᠮᠠᠯᠴᠢᠳ ᠲᠦ᠍ ᠪᠠᠭ᠎ᠠ ᠪᠤᠰᠤ ᠵᠢᠨ ᠭᠠᠷᠤᠵᠠ ᠪᠤᠯᠬᠤ ᠶᠤᠮ》 ᠬᠡᠵᠤ ᠦᠵᠡᠯᠳᠡ ᠪᠠᠨ ᠶᠠᠷᠢᠨ᠎ᠠ᠃ ᠭᠤᠷᠪᠠᠨ ᠵᠠᠯᠠᠭᠤ ᠤᠶᠤᠳᠠᠨ ᠭᠠᠵᠠᠷ ᠤᠷᠤᠨᠦ ᠪᠠᠨ ᠤᠨᠴᠠᠯᠢᠭ ᠲᠦ᠍ ᠬᠠᠨᠳᠤᠭᠤᠯᠤᠨ ᠰᠢᠮ᠎ᠡ ᠳᠡᠵᠢᠭᠡᠯᠦᠨ ᠠᠭᠤᠯᠤᠭᠳᠠᠴᠠ ᠵᠢ ᠠᠩᠬᠠᠷᠤᠭᠰᠠᠨ᠂ ᠭᠠᠵᠠᠷ ᠤᠷᠤᠨᠦ ᠪᠠᠢᠳᠠᠯ ᠳ᠋ᠤ ᠳᠤᠬᠢᠷᠠᠭᠰᠠᠨ ᠨᠠᠷᠢᠯᠢᠭ ᠪᠤᠷᠳᠤᠭ᠎ᠠ ᠦᠢᠯᠡᠳᠪᠦᠷᠢᠯᠡᠳᠡᠭ᠂ ᠳᠡᠳᠡᠨᠤᠰᠦᠨ ᠬᠢᠵᠤ ᠪᠠᠢᠭ᠎ᠠ ᠲᠠᠵᠢᠬᠡᠯ ᠪᠤᠷᠳᠤᠭ᠎ᠠ ᠨᠢ ᠵᠠᠬ᠎ᠠ ᠳᠡᠯᠭᠡᠭᠦᠷ ᠲᠠᠬᠡᠷᠡᠬᠢ ᠠᠳᠠᠯᠢᠬᠠᠨ ᠰᠢᠮ᠎ᠡ ᠳᠡᠵᠢᠭᠡᠯᠦᠨ ᠠᠭᠤᠯᠤᠭᠳᠠᠴᠠ ᠲᠠᠢ ᠳᠡᠵᠢᠭᠡᠯ ᠪᠤᠷᠳᠤᠭ᠎ᠠ ᠵᠢᠨ ᠦᠨ᠎ᠡ ᠬᠠᠩᠰᠢ ᠡᠴᠡ ᠳᠤᠤᠷ᠎ᠠ ᠶᠤᠮ᠃ 《ᠬᠦᠷᠳᠤ ᠪᠤᠷᠳᠤᠭ᠎ᠠ ᠡᠪᠤᠯᠵᠢᠬᠦ ᠮᠠᠯ ᠤᠨᠤᠭ᠎ᠠ ᠵᠢᠨ ᠰᠢᠮ᠎ᠡ ᠲᠠᠵᠢᠬᠡᠯᠢ ᠪᠠᠳᠤᠯᠠᠵᠤ ᠲᠠᠢᠯᠦᠨᠡ᠂ ᠬᠦᠷᠳᠤ ᠪᠤᠷᠳᠤᠭ᠎ᠠ ᠪᠡᠷ ᠲᠡᠵᠢᠬᠡᠭᠰᠡᠨ ᠦᠨᠢᠶ᠎ᠡ ᠳᠤᠭᠤᠯᠯᠠᠭᠰᠠᠨᠦ ᠪᠠᠨ ᠳᠠᠷᠠᠭ᠎ᠠ 50 ᠭᠠᠷᠤᠢ ᠡᠳᠤᠷ ᠲᠦ᠍ ᠳᠠᠬᠢᠨ ᠤᠷᠤᠭ᠎ᠠ ᠤᠷᠤᠵᠤ᠂ ᠨᠢᠭᠡ ᠵᠢᠯ ᠳ᠋ᠤ ᠨᠢᠭᠡ ᠲᠤᠭᠤᠯᠯᠠᠬᠤ ᠵᠢ ᠪᠠᠳᠤᠯᠠᠴᠢᠬᠠᠨᠠ》ᠭᠡᠳ ᠠᠯᠳᠠᠨᠬᠦ᠋ᠷᠳᠤ ᠦᠪᠡᠷᠦᠨ ᠴᠤᠭᠴᠠᠯᠠᠵᠤ ᠶᠠᠪᠤᠭ᠎ᠠ ᠦᠢᠯᠡᠰ ᠳᠡᠭᠡᠨ ᠪᠡᠳᠤ ᠢᠳᠡᠭᠡᠯ ᠳᠠᠢ ᠶᠠᠪᠤᠨ᠎ᠠ᠃
《ᠪᠡᠯᠴᠢᠬᠡᠷᠡᠪᠡᠰᠤ ᠵᠢᠨ ᠰᠢᠮ᠎ᠡ ᠳᠡᠵᠢᠭᠡᠯᠦᠨ ᠠᠭᠤᠯᠤᠭᠳᠠᠴᠠᠵᠢ ᠨᠢ ᠦᠨᠳᠦᠰᠦᠯᠡᠨ ᠳᠡᠵᠢᠭᠡᠯ ᠪᠤᠷᠳᠤᠭ᠎ᠠ ᠵᠢᠨ ᠨᠠᠢᠷᠠᠯᠭ᠎ᠠ ᠪᠠᠨ ᠵᠤᠬᠢᠴᠠᠭᠤᠯᠳᠠᠭ》

ᠮᠠᠩᠬᠠᠨ ᠪᠠᠯᠴᠢᠭᠡᠷ ᠬᠢᠭᠡᠳ ᠳᠠᠯ᠎ᠠ ᠵᠢᠨ ᠪᠠᠯᠴᠢᠭᠡᠷᠤᠨ ᠤᠷᠭᠤᠮᠠᠯᠦᠨ ᠲᠦᠷᠦᠯ ᠵᠦᠢᠯ ᠤᠨᠳᠤᠤ ᠪᠠᠢᠳᠠᠭ᠂ ᠡᠢᠮᠦ ᠡᠴᠡ ᠠᠳᠠᠯᠢ ᠪᠤᠰᠤ ᠭᠠᠵᠠᠷ ᠤᠷᠤᠨᠦ ᠳᠠᠪᠤᠨ ᠬᠤᠰᠢᠭᠤ ᠮᠠᠯᠦᠨ ᠰᠢᠮ᠎ᠡ ᠳᠡᠵᠢᠭᠡᠯ ᠱᠠᠭᠠᠷᠳᠠᠭᠳᠠᠬᠤ ᠪᠠᠢᠳᠠᠯ ᠨᠢ ᠴᠦ᠍ ᠤᠨᠳᠤᠤ ᠶᠤᠮ᠃ 《ᠬᠠᠪᠤᠷ ᠪᠤᠯᠵᠤ ᠨᠤᠭᠤᠭ᠎ᠠ ᠭᠠᠷᠬᠤ ᠦᠶ᠎ᠡ ᠳ᠋ᠤ ᠪᠢᠳᠡ ᠰᠤᠩᠭᠤᠯᠳᠠ ᠳᠠᠢ ᠪᠡᠷ ᠬᠦᠳᠡᠭᠡ ᠨᠤᠳᠤᠭ ᠵᠢᠡᠷ ᠶᠠᠪᠤᠵᠤ ᠪᠠᠢᠴᠠᠭᠠᠯᠳᠠ ᠬᠢᠵᠤ᠂ ᠪᠡᠯᠴᠢᠭᠡᠷᠦᠨ ᠬᠢᠨᠢ ᠡᠪᠡᠰᠤᠨᠦ ᠲᠦᠷᠦᠯ ᠵᠢᠴᠢ ᠰᠢᠮ᠎ᠡ ᠳᠡᠵᠢᠭᠡᠯᠦᠨ ᠠᠭᠤᠯᠤᠭᠳᠠᠴᠠ ᠵᠢ ᠨᠢ ᠦᠨᠳᠦᠰᠦᠯᠡᠨ ᠳᠡᠵᠢᠭᠡᠯ ᠪᠤᠷᠳᠤᠭ᠎ᠠ ᠵᠢᠨ ᠨᠠᠢᠷᠠᠯᠭ᠎ᠠ ᠪᠠᠨ ᠵᠤᠬᠢᠴᠠᠭᠤᠯᠳᠠᠭ》 ᠭᠡᠵᠤ ᠦᠪᠦᠷ ᠮᠤᠩᠭᠤᠯᠦᠨ ᠳᠠᠷᠢᠶᠠᠯᠠᠩᠦᠨ ᠶᠡᠭᠡ ᠰᠤᠷᠭᠠᠭᠤᠯᠢ ᠳ᠋ᠤ ᠠᠮᠢ ᠵᠢᠨ ᠰᠢᠨᠵᠢᠯᠡᠭᠦ ᠤᠬᠠᠭᠠᠨᠦ ᠮᠡᠷᠭᠡᠵᠢᠯ ᠰᠤᠷᠤᠭᠰᠠᠨ ᠪᠢᠨᠳᠠᠷᠢᠶ᠎ᠠ ᠶᠠᠷᠢᠨ᠎ᠠ᠃ ᠳᠡᠷᠡ ᠶᠡᠭᠡ ᠰᠤᠷᠭᠠᠭᠤᠯᠢ ᠵᠢᠨ ᠬᠤᠭᠤᠴᠠᠭᠠᠨ ᠳ᠋ᠠᠭᠠᠨ ᠤᠷᠭᠤᠮᠠᠯᠦᠨ ᠲᠦᠷᠦᠯ ᠵᠦᠢᠯ ᠡᠮᠦᠨ ᠲᠦᠷᠦᠯ ᠵᠦᠢᠯᠦᠨ ᠳᠤᠬᠠᠢ ᠰᠢᠰᠲᠧᠮ ᠳᠠᠢ ᠪᠡᠷᠰᠤᠷᠤᠯᠴᠠᠵᠤ᠂ ᠶᠠᠮᠠᠷ ᠤᠷᠭᠤᠮᠠᠯ ᠳ᠋ᠤ ᠶᠠᠮᠠᠷ ᠠᠭᠤᠯᠤᠭᠳᠠᠴᠠ ᠪᠠᠢᠬᠤ ᠵᠢ ᠨᠠᠷᠢᠨ ᠤᠢᠯᠠᠭᠠᠳᠠᠭ ᠡᠴᠡ ᠳᠡᠵᠢᠭᠡᠯ ᠪᠤᠷᠳᠤᠭ᠎ᠠ ᠦᠢᠯᠡᠳᠭᠦ ᠦᠢᠯᠡᠰ ᠲᠤᠨᠢ ᠶᠡᠭᠡᠬᠡᠨ ᠳᠤᠰᠠ ᠪᠤᠯᠵᠠᠢ᠃
ᠬᠦᠪᠡᠭᠡᠳᠤ ᠰᠢᠷ᠎ᠡ ᠬᠤᠰᠢᠭᠤᠨᠦ ᠪᠠᠶᠠᠨᠳᠠᠯ᠎ᠠ ᠰᠤᠮᠤᠨ ᠳ᠋ᠤ ᠠᠢᠯ ᠭᠡᠷ ᠪᠤᠰᠬᠠᠨ ᠠᠵᠢᠯ ᠦᠢᠯᠡᠰ ᠴᠤᠭᠴᠠᠯᠠᠵᠤ ᠶᠠᠪᠤᠭ᠎ᠠ ᠪᠢᠨᠳᠠᠷᠢᠶ᠎ᠠ ᠤᠳᠤ ᠴᠦ᠍ ᠬᠡᠳ ᠦᠪᠡᠷ ᠵᠢᠡᠨ ᠮᠠᠯ ᠮᠠᠯᠵᠢᠵᠤ ᠪᠤᠢ᠃ ᠡᠢᠮᠦ ᠡᠴᠡ ᠳᠠᠷᠠ ᠮᠠᠯᠴᠢᠳᠦᠨ ᠱᠠᠭᠠᠷᠳᠠᠯᠭ᠎ᠠ ᠵᠢ ᠨᠡᠩ ᠰᠠᠢᠨ ᠤᠢᠯᠠᠭᠠᠳᠠᠭ ᠠᠵᠢ᠃ ᠵᠢᠯ ᠪᠤᠯᠭᠠᠨᠦ ᠳᠠᠪᠤᠨ ᠰᠠᠷ᠎ᠠ ᠵᠢᠨ ᠦᠶ᠎ᠡ ᠳ᠋ᠤ ᠪᠢᠨᠳᠠᠷᠢᠶ᠎ᠠ᠂ ᠠᠯᠳᠠᠨᠬᠦ᠋ᠷᠳᠤ᠂ ᠭᠠᠨᠳᠢᠭ ᠭᠤᠷᠪᠠᠭᠤᠯᠠ ᠡᠯ᠎ᠡ ᠭᠠᠵᠠᠷ ᠤᠷᠤᠨ ᠵᠢᠡᠷ ᠶᠠᠪᠤᠵᠤ 200 ᠦᠨᠢᠶ᠎ᠡ ᠪᠤᠶᠤ 500 ᠬᠤᠨᠢ ᠰᠤᠩᠭᠤᠨ ᠭᠡᠭᠡᠯ ᠳᠤᠭᠳᠠᠭᠰᠠᠨ ᠡᠰᠡᠭᠦ ᠵᠢ ᠪᠠᠢᠴᠠᠭᠠᠳᠠᠭ᠃ ᠬᠠᠪᠤᠷ ᠪᠤᠯᠪᠠᠯ ᠮᠠᠯᠴᠢᠳᠦᠨ ᠨᠦᠬᠡᠴᠡᠯᠡᠭᠰᠡᠨ ᠡᠪᠡᠰᠦ ᠴᠦᠭᠡᠷᠡᠵᠤ ᠮᠠᠯᠦᠨ ᠬᠢᠨᠢ ᠳᠡᠵᠢᠭᠡᠯ ᠪᠤᠷᠳᠤᠭ᠎ᠠ ᠪᠠᠭᠠᠰᠤᠨ᠂ ᠵᠠᠷᠢᠮ ᠮᠦᠩᠭᠦ ᠵᠤᠭᠤᠰ ᠬᠤᠮᠰᠠᠬᠠᠨ ᠠᠢᠯᠦᠨ ᠬᠢᠨᠢ ᠬᠢᠮᠳᠠᠬᠠᠨ ᠳᠡᠵᠢᠭᠡᠯ ᠪᠤᠷᠳᠤᠭ᠎ᠠ ᠬᠡᠷᠡᠭᠯᠡᠳᠡᠭ ᠶᠤᠮ᠃ ᠡᠨᠡ ᠦᠶ᠎ᠡ ᠳ᠋ᠤ ᠦᠨᠢᠶ᠎ᠡ ᠨᠢ ᠤᠷᠤᠭ᠎ᠠ ᠤᠷᠤᠭᠰᠠᠨ ᠵᠢᠡᠨ ᠮᠡᠳᠡᠭᠦ ᠦᠭᠡᠢ ᠭᠡᠭᠡᠯ ᠳᠤᠭᠳᠠᠭᠰᠠᠨ ᠡᠰᠡᠭᠦ ᠪᠠᠨ ᠮᠡᠳᠡᠭᠦ ᠦᠭᠡᠢ ᠠᠰᠠᠭᠤᠳᠠᠯ ᠭᠠᠷᠴᠦ᠂ ᠮᠠᠯᠴᠢᠳ ᠲᠦ᠍ ᠬᠤᠬᠢᠷᠠᠯ ᠠᠪᠴᠢᠷᠠᠳᠠᠭ᠃ ᠡᠨᠡ ᠦᠶ᠎ᠡ ᠳ᠋ᠤ ᠪᠠᠢᠴᠠᠭᠠᠯᠳᠠ ᠪᠡᠷ ᠲᠠᠮᠵᠢᠨ ᠭᠡᠭᠡᠯ ᠠᠪᠤᠭᠠᠳᠤᠢ ᠮᠠᠯ ᠤᠨᠤᠭ᠎ᠠ ᠳ᠋ᠠᠭᠠᠨ ᠰᠢᠮ᠎ᠡ ᠳᠡᠵᠢᠭᠡᠯ ᠨᠦᠭᠦᠪᠦᠷᠢᠯᠡᠬᠦ ᠵᠢ ᠰᠠᠨᠠᠭᠤᠯᠵᠤ᠂ ᠮᠠᠯᠴᠢᠳᠦᠨ ᠤᠷᠤᠯᠭ᠎ᠠ ᠵᠢ ᠨᠡᠮᠡᠭᠳᠡᠭᠦᠯᠳᠡᠭ ᠤᠴᠢᠷ ᠳᠤᠬᠢᠶᠠᠯᠳᠤᠯ ᠨᠢ ᠳᠡᠳᠡᠨ ᠳ᠋ᠤ ᠶᠡᠭᠡ ᠵᠢᠷᠭᠠᠯ ᠠᠪᠴᠢᠷᠠᠳᠠᠭ ᠪᠢᠯᠡ᠃
ᠠᠵᠢᠯ ᠦᠢᠯᠡᠰ ᠴᠤᠭᠴᠠᠯᠠᠨ ᠶᠠᠪᠤᠬᠤ ᠵᠠᠭᠤᠷ᠎ᠠ ᠳᠡᠳᠡ ᠨᠠᠷ ᠬᠠᠳᠠᠭᠤ ᠰᠢᠯᠭᠠᠯᠳᠠ ᠳ᠋ᠤ ᠬᠠᠶᠠ ᠳᠤᠯᠭᠠᠷᠠᠳᠠᠭ ᠨᠢ ᠶᠠᠷᠢᠶᠡᠨ ᠦᠬᠡᠢ᠃ ᠬᠤᠶᠠᠷ ᠵᠢᠯᠦᠨ ᠡᠮᠤᠨᠡᠬᠢ ᠨᠢᠭᠡᠨ ᠳᠤᠬᠢᠶᠠᠯᠳᠤᠯ ᠪᠢᠨᠳᠠᠷᠢᠶ᠎ᠠ ᠳ᠋ᠤ ᠬᠦᠨ ᠰᠠᠭᠤᠭᠳᠠᠯ ᠦᠯᠡᠳᠡᠭᠡᠵᠡᠢ᠃ ᠨᠢᠭᠡᠨ ᠮᠠᠯᠴᠢᠨᠠᠢᠯᠤᠨ ᠬᠤᠨᠢ ᠨᠢ ᠨᠢᠭᠡ ᠳᠠᠯ᠎ᠡ ᠡᠴᠡ ᠪᠠᠨ ᠦᠭᠦᠵᠤ ᠡᠬᠢᠯᠡᠭᠡᠳ 《ᠪᠤᠷᠳᠤᠭ᠎ᠠ ᠵᠢᠨ ᠴᠢᠨᠢ ᠤᠴᠢᠷ ᠪᠤᠯᠪᠠᠤ》 ᠭᠡᠮᠡᠨ ᠴᠢᠮᠡᠭᠡ ᠳᠠᠮᠵᠢᠭᠤᠯᠵᠤ ᠢᠷᠡᠵᠠᠢ᠃ ᠳᠡᠳᠡ ᠬᠠᠷᠢᠭᠤᠴᠠᠯᠭ᠎ᠠ ᠳᠦᠯᠬᠢᠭᠰᠡᠨ ᠦᠭᠡᠢ᠂ ᠬᠠᠷᠢᠨ ᠳᠠᠷᠤᠢ ᠳ᠋ᠤᠨᠢ ᠬᠦᠭᠡᠬᠤᠳᠠ ᠡᠴᠡ ᠳᠤᠰᠬᠠᠢ ᠮᠡᠷᠭᠡᠵᠢᠯᠳᠡᠨ ᠵᠠᠯᠠᠵᠤ᠂ ᠦᠪᠡᠷᠦᠨ ᠦᠢᠯᠡᠳᠪᠦᠷᠢᠯᠡᠭᠰᠡᠨ ᠪᠤᠷᠳᠤᠭ᠎ᠠ ᠵᠢᠴᠢ ᠳᠡᠷᠡ ᠠᠢᠯᠦᠨ ᠮᠠᠯ ᠳ᠋ᠠᠭᠠᠨ ᠬᠡᠷᠡᠭᠯᠡᠵᠤ ᠪᠠᠢᠭ᠎ᠠ ᠡᠮᠦᠨ ᠬᠢᠨᠢ ᠳᠤᠬᠠᠢ ᠨᠠᠷᠢᠨ ᠪᠠᠢᠴᠠᠭᠠᠯᠳᠠ ᠬᠢᠵᠤ᠂ ᠤᠴᠢᠷ ᠰᠢᠯᠳᠠᠭᠠᠨᠢ ᠨᠢ ᠤᠯᠵᠤ ᠦᠭᠭᠦᠭᠰᠡᠨ ᠶᠤᠮ᠃ ᠤᠤᠯ ᠨᠢ ᠬᠤᠨᠢᠨ ᠰᠦᠷᠦᠭ ᠳᠤᠨᠢ ᠴᠢᠰᠤᠨ ᠬᠤᠤᠷᠳᠠᠯᠦᠨ ᠬᠡᠮ ᠳᠡᠯᠭᠡᠷᠡᠭᠰᠡᠨ ᠪᠠᠢᠵᠠᠢ᠃ ᠡᠨᠡ ᠬᠦ᠌ ᠪᠠᠢᠳᠠᠯ ᠳᠤᠤᠷ᠎ᠡ ᠳᠡᠳᠡ ᠨᠠᠷ ᠮᠠᠯᠤᠨ ᠡᠮᠴᠢ ᠳᠠᠭᠠᠭᠤᠯᠤᠨ ᠳᠠᠷᠢᠯᠭ᠎ᠠ ᠬᠢᠵᠤ ᠦᠭᠭᠦᠭᠰᠡᠨ ᠡᠴᠡ ᠦᠯᠡᠳᠡᠭᠰᠡᠨ ᠬᠤᠨᠢᠳᠨᠢ ᠪᠦᠷ ᠰᠠᠢᠬᠠᠨ ᠤᠨᠳᠤᠷᠤᠭᠰᠠᠨ ᠪᠠᠢᠪᠠ᠃ 《ᠳᠡᠷᠡᠠᠢᠯᠦᠨ ᠬᠢᠨᠢ ᠪᠢᠳᠡᠨ ᠳᠠᠢ ᠰᠠᠢᠨ ᠨᠠᠢᠵᠠ ᠪᠤᠯᠤᠯᠴᠠᠵᠤ᠂ ᠬᠤᠨᠢ ᠮᠠᠯᠦᠨ ᠳᠤᠬᠠᠢ ᠶᠠᠮᠠᠷ ᠠᠰᠠᠭᠤᠳᠠᠯ ᠳ᠋ᠤ ᠳᠤᠯᠭᠠᠷᠠᠭᠰᠠᠭᠠᠷ ᠨᠠᠳᠠ ᠳᠠᠢ ᠪᠠᠷᠢᠨ ᠬᠤᠯᠪᠤᠭ᠎ᠠ ᠪᠠᠷᠢᠵᠤ ᠠᠰᠠᠭᠤᠨ ᠰᠤᠷᠠᠳᠠᠭ ᠪᠤᠯᠤᠭᠰᠠᠨ》 ᠭᠡᠬᠦ ᠡᠴᠡ ᠪᠢᠨᠳᠠᠷᠢᠶ᠎ᠠ ᠵᠢᠨ ᠰᠡᠳᠬᠢᠯ ᠲᠦᠭᠦᠷᠡᠩ᠃
ᠡᠨᠡ ᠮᠡᠳᠤ ᠮᠠᠯᠴᠢᠳ ᠨᠢ ᠠᠩᠬ᠎ᠠ ᠳᠡᠳᠡᠨᠢ ᠰᠡᠵᠢᠭᠯᠡᠵᠤ ᠪᠠᠢᠭᠰᠠᠨ ᠡᠴᠡ ᠪᠠᠨ ᠰᠡᠭᠦᠯᠳᠡᠵᠤ ᠢᠷᠡᠭᠡᠳ ᠢᠳᠡᠭᠡᠵᠤ ᠳᠡᠮᠵᠢᠵᠤ ᠨᠠᠢᠳᠠᠵᠤ ᠶᠠᠪᠤᠬᠤ ᠪᠤᠯᠤᠯ᠎ᠠ᠃ ᠵᠢᠯᠦᠨ ᠲᠦᠷᠪᠡᠨ ᠤᠯᠠᠷᠢᠯ ᠵᠢᠡᠷ ᠮᠠᠯᠴᠢᠳ ᠮᠠᠯ ᠠᠷᠠᠴᠢᠯᠠᠭ᠎ᠠ ᠶ᠋ᠢᠨ ᠳᠤᠬᠠᠢ ᠠᠰᠠᠭᠤᠨ ᠯᠠᠪᠯᠠᠭ᠎ᠠ ᠬᠢᠪᠡᠯ ᠪᠢᠨᠳᠠᠷᠢᠶᠠᠥᠪᠡᠷ ᠦ᠋ᠨ ᠰᠤᠷᠤᠭᠰᠠᠨ ᠮᠡᠷᠭᠡᠵᠢᠯ ᠵᠢᠡᠨ ᠠᠱᠢᠭᠯᠠᠨ ᠬᠦᠯᠢᠴᠡᠩᠭᠦᠢ ᠪᠡᠷ ᠬᠠᠷᠢᠭᠤᠯᠳᠠ ᠥᠭᠳᠡᠭ᠂ ᠮᠡᠳᠡᠭᠦ ᠦᠭᠡᠢ ᠴᠢᠳᠠᠬᠤ ᠦᠭᠡᠢ ᠵᠦ᠋ᠢᠯᠡᠰ ᠵᠢᠡᠨ ᠶᠡᠭᠡ ᠰᠤᠷᠭᠠᠭᠤᠯᠢ ᠵᠢᠡ ᠡᠷᠳᠡᠮᠳᠡᠨ ᠪᠠᠭᠱᠢ ᠨᠠᠷ ᠪᠤᠶᠤ ᠨᠤᠳᠤᠭᠦᠨ ᠮᠡᠷᠭᠡᠵᠢᠯᠳᠡᠨ ᠡᠴᠡ ᠠᠰᠠᠭᠤᠨ ᠰᠤᠷᠠᠵᠤ ᠬᠠᠷᠢᠭᠤᠯᠳᠠ ᠥᠭᠳᠡᠭ ᠪᠤᠯᠬᠤᠷ ᠮᠠᠯᠴᠢᠳ ᠨᠢ ᠴᠦ᠍ ᠳᠡᠳᠡᠨ ᠳᠠᠢ ᠰᠡᠳᠭᠢᠯᠦᠨ ᠨᠠᠢᠳᠠᠯᠭ᠎ᠠ ᠳᠠᠢ ᠪᠤᠯᠵᠤ ᠶᠠᠪᠤᠨ᠎ᠠ᠃
《ᠳᠣᠯᠣᠭᠠᠨ ᠬᠣᠨᠣᠭ ᠤ᠋ᠨ ᠳᠤᠳᠤᠷ᠎ᠠ ᠦᠢᠯᠡᠳᠪᠦᠷᠢᠯᠡᠭᠰᠡᠨ ᠲᠠᠵᠢᠬᠡᠯ ᠪᠣᠷᠳᠣᠭ᠎ᠠ ᠶ᠋ᠢ ᠬᠦᠷᠭᠡᠵᠤ ᠱᠢᠨ᠎ᠡ ᠰᠣᠷᠭᠣᠭ ᠴᠢᠨᠠᠷᠢ ᠨᠢ ᠪᠠᠳᠤᠯᠠᠵᠤ ᠪᠠᠢᠨ᠎ᠠ》

《2019 ᠤᠨ ᠳ᠋ᠤ᠌ ᠠᠩᠬ᠎ᠠ ᠬᠦᠷᠳᠤ ᠪᠤᠷᠳᠤᠭ᠎ᠠ ᠶ᠋ᠢ ᠬᠤᠷᠠᠭ᠎ᠠ ᠳᠤᠭᠤᠯ ᠳ᠋ᠠᠭᠠᠨ ᠬᠡᠷᠡᠭᠯᠡᠵᠠᠢ᠂ ᠬᠡᠷᠡᠭᠯᠡᠭᠰᠡᠨᠦ ᠳᠠᠷᠠᠭᠠᠬᠢ ᠳᠤᠯᠤᠭᠠᠨ ᠬᠤᠨᠤᠭ ᠲᠦ᠍ ᠦᠰᠦ ᠨᠢ ᠬᠢᠯᠳᠦᠬᠡᠨᠡᠬᠡᠳ᠂ ᠨᠢᠳᠤ ᠨᠢ ᠪᠦᠯᠳᠦ᠋ᠢᠭᠡᠳ᠂ ᠳᠤᠮᠤᠷᠠᠵᠤ ᠳᠠᠷᠭᠤᠯᠠᠬᠤ ᠨᠢ ᠢᠯᠡᠳᠳᠡ ᠮᠡᠳᠡᠭᠳᠡᠵᠠᠢ᠂ ᠳᠡᠭᠡᠭᠡᠳ ᠪᠢ ᠤᠳᠤᠬᠠᠨ ᠪᠤᠯᠳᠠᠯ᠎ᠠ ᠭᠤᠷᠪᠠᠨ ᠵᠢᠯ ᠬᠡᠷᠡᠭᠯᠡᠴᠢᠭᠡᠭᠰᠡᠨ ᠶᠤᠮ》ᠭᠡᠵᠤ ᠬᠦᠪᠡᠭᠡᠳᠤ ᠰᠢᠷ᠎ᠠ ᠬᠤᠱᠢᠭᠤᠨ ᠦ᠌ ᠪᠤᠭᠳᠠ ᠵᠢᠨ ᠭᠤᠤᠯ ᠰᠤᠮᠤ ᠵᠢᠨ ᠡᠯᠡᠰᠤᠳᠠᠢ ᠭᠠᠴᠠᠭᠠᠨᠤ ᠮᠠᠯᠴᠢᠨ ᠴᠡᠩᠭᠡᠯ ᠭᠤᠸᠠᠢ ᠬᠦᠷᠳᠤ ᠲᠠᠵᠢᠬᠡᠯ ᠪᠤᠷᠳᠤᠭ᠎ᠠ ᠶ᠋ᠢ ᠬᠡᠷᠡᠭᠯᠡᠭᠰᠡᠨ ᠦᠩᠬᠡᠷᠡᠯᠳᠡ ᠪᠠᠨ ᠳᠠᠨᠢᠯᠴᠠᠭᠤᠯᠤᠨ᠎ᠠ᠃ ᠭᠤᠷᠪᠠᠨ ᠵᠢᠯᠦᠨ ᠡᠮᠦᠨ᠎ᠡ ᠠᠷᠪᠠᠭᠠᠳ ᠦᠨᠢᠶ᠎ᠡ ᠳᠠᠢ ᠪᠠᠢᠭᠰᠠᠨ ᠬᠦᠪᠡᠭᠡᠳᠤ ᠰᠢᠷ᠎ᠡ ᠬᠤᠱᠢᠭᠤᠨᠦ᠌ ᠪᠤᠭᠳᠠᠵᠢᠨ ᠭᠤᠤᠯᠰᠤᠮᠤ ᠵᠢᠨ ᠵᠠᠪᠢᠯᠠᠬᠤ ᠭᠠᠴᠠᠭᠠᠨᠤ ᠮᠠᠯᠴᠢᠨ ᠮᠠᠩᠯᠠᠢᠪᠠᠭᠠᠳᠤᠷ 2019 ᠤᠨ ᠡᠴᠡ ᠡᠬᠢᠯᠡᠨ ᠬᠦᠷᠳᠤ ᠲᠡᠵᠢᠬᠡᠯ ᠪᠤᠷᠳᠤᠭ᠎ᠠ ᠵᠢ ᠬᠡᠷᠡᠭᠯᠡᠵᠤ᠂ ᠭᠠᠨᠳᠢᠭ ᠨᠠᠷᠦᠨ ᠦᠢᠯᠡᠴᠢᠯᠡᠭᠡ ᠳᠡᠮᠵᠢᠯᠭᠡ ᠳᠤᠤᠷ᠎ᠠ ᠡᠳᠦᠭᠡ 60 ᠭᠠᠷᠤᠢ ᠦᠭᠡᠷ ᠳᠡᠵᠢᠭᠡᠨ ᠬᠡᠷ ᠪᠦᠯᠢ ᠶ᠋ᠢᠨ ᠮᠠᠯᠵᠢᠯ ᠦ᠋ᠨ ᠳᠠᠯᠠᠪᠠᠢ ᠪᠠᠢᠭᠤᠯᠴᠢᠬᠠᠭᠰᠠᠨ ᠦᠭᠡᠳᠡᠯᠡᠭᠦ ᠠᠮᠢᠳᠤᠷᠠᠯ ᠵᠢᠡᠨ ᠴᠤᠭᠴᠠᠯᠠᠵᠤ ᠶᠠᠪᠤᠨ᠎ᠠ᠃ ᠡᠢᠮᠦᠷᠭᠦᠦ ᠬᠦᠷᠳᠤ ᠪᠤᠷᠳᠤᠭ᠎ᠠ ᠵᠢ ᠬᠡᠷᠡᠭᠯᠡᠭᠡᠳ ᠠᠰᠢᠭ ᠬᠦᠷᠳᠡᠭᠰᠡᠨ ᠮᠠᠯᠴᠢᠳ ᠵᠠᠬ᠎ᠠ ᠡᠴᠨ ᠤᠯᠠᠨ ᠪᠤᠢ᠃
ᠬᠦᠷᠳᠤ ᠪᠣᠷᠳᠣᠭ᠎ᠠ ᠵᠠᠬ᠎ᠠ ᠳᠡᠯᠭᠡᠭᠦᠷ ᠲᠦ᠍ ᠭᠠᠷᠤᠭᠠᠳ ᠬᠡᠳᠤᠭᠡᠨ ᠵᠢᠯ ᠪᠣᠯᠵᠤ ᠪᠠᠢᠭ᠎ᠠ ᠴᠦ᠍ ᠳᠡᠵᠢᠭᠡᠯ ᠪᠤᠷᠳᠤᠭ᠎ᠠ ᠵᠢᠨ ᠶᠠᠰᠤ ᠴᠢᠨᠠᠷ ᠰᠠᠢᠨ᠂ ᠭᠤᠷᠪᠠᠨ ᠵᠠᠯᠠᠭᠤ ᠵᠢᠨ ᠦᠢᠯᠡᠴᠢᠯᠡᠭᠡ ᠢᠳᠡᠭᠡᠯ ᠦᠨᠡᠮᠱᠢᠯ ᠲᠠᠢ ᠪᠤᠯᠬᠤᠷ ᠪᠣᠷᠣᠯᠠᠭᠤᠯᠭ᠎ᠠ ᠨᠢ ᠠᠭᠠᠵᠢᠮ ᠵᠢᠡᠷ ᠰᠠᠢᠵᠢᠷᠠᠭᠰᠠᠨ ᠪᠠᠢᠨ᠎ᠠ᠃ ᠭᠤᠷᠪᠠᠨ ᠵᠠᠯᠠᠭᠤ ᠴᠦ᠍ ᠪᠣᠷᠳᠣᠭ᠎ᠠ ᠪᠠᠨ ᠦᠢᠯᠡᠳᠪᠦᠷᠢᠯᠡᠵᠤ ᠪᠣᠷᠣᠯᠠᠭᠤᠯᠬᠤ ᠶ᠋ᠢᠨ ᠳᠠᠭᠠᠤ ᠦᠷᠭᠦᠯᠵᠢ ᠬᠥᠳᠡᠭᠡ ᠨᠤᠳᠤᠭ ᠵᠢᠡᠷ ᠬᠦᠨᠵᠡᠭᠡᠢᠷᠡᠨ᠂ ᠮᠠᠯᠴᠢᠳ ᠤ᠋ᠨ ᠰᠠᠨᠠᠯ ᠰᠠᠨᠠᠭᠤᠯᠭ᠎ᠠ ᠶ᠋ᠢ ᠴᠤᠭᠯᠠᠭᠤᠯᠳᠠᠭ ᠪᠥᠭᠡᠳ ᠮᠠᠯᠴᠢᠳ ᠲᠦ᠍ ᠳᠡᠵᠢᠭᠡᠯ ᠪᠣᠷᠳᠣᠭ᠎ᠠ ᠶ᠋ᠢᠨ ᠨᠠᠢᠷᠠᠯᠭ᠎ᠠ ᠂ ᠮᠠᠯᠤᠨ ᠠᠷᠠᠴᠢᠯᠠᠭ᠎ᠠ ᠳᠡᠵᠢᠭᠡᠯᠭᠡ ᠶ᠋ᠢᠨ ᠳᠤᠬᠠᠢ ᠮᠡᠷᠭᠡᠵᠢᠯ ᠦ᠋ᠨ ᠬᠢᠴᠢᠶᠡᠯ ᠳᠠᠢᠯᠤᠮᠵᠢ ᠬᠢᠵᠤ ᠶᠠᠪᠤᠳᠠᠭ ᠪᠠᠢᠯ᠎ᠠ᠃
ᠤᠳᠤᠬᠠᠨ ᠳ᠋ᠤ ᠳᠡᠳᠡᠨᠦ ᠺᠤᠮᠫᠠᠨᠢ ᠨᠢ ᠡᠳᠦᠷ ᠢᠷᠡᠭᠦᠶ᠎ᠡ ᠪᠤᠵᠠᠭᠠᠢᠷᠠᠵᠤ ᠪᠠᠢᠨ᠎ᠠ᠃ ᠡᠨᠡ ᠵᠢᠯ ᠳ᠋ᠤ ᠪᠠᠰᠠ ᠪᠤᠷᠤᠯᠠᠭᠤᠯᠭ᠎ᠠ ᠵᠢᠨ 8 ᠳᠡᠯᠭᠡᠭᠦᠷ ᠨᠡᠮᠡᠭᠳᠡᠭᠡᠳ ᠨᠡᠢᠳᠡ 36 ᠳᠡᠯᠭᠡᠭᠦᠷ ᠲᠠᠢ ᠪᠤᠯᠵᠠᠢ᠂ ᠬᠡᠷᠡᠭᠯᠡᠭᠴᠢ ᠨᠢ ᠰᠢᠯᠢ ᠵᠢᠨ ᠭᠤᠤᠯ᠂ ᠤᠷᠳᠤᠰ᠂ ᠤᠯᠠᠭᠠᠨᠴᠠᠪ᠂ ᠤᠯᠠᠭᠠᠨᠬᠠᠳᠠ᠂ ᠲᠦᠩᠯᠢᠶᠤᠤ᠂ ᠪᠠᠶᠠᠨᠨᠠᠭᠤᠷ ᠵᠡᠷᠭᠡ ᠠᠢᠮᠠᠭ ᠬᠤᠳᠠ ᠪᠡᠷ ᠳᠠᠷᠬᠠᠵᠤ ᠪᠤᠢ᠃ ᠨᠢᠭᠡ ᠠᠢᠮᠠᠭ ᠬᠤᠳᠠ ᠬᠠᠮᠤᠭᠦᠨ ᠪᠠᠭ᠎ᠠ ᠳ᠋ᠠᠭᠠᠨ ᠠᠷᠪᠠ ᠬᠤᠷᠢᠨ ᠳᠤᠨ ᠳᠡᠵᠢᠭᠡᠯ ᠪᠤᠷᠳᠤᠭ᠎ᠠ ᠤᠷᠤᠭᠤᠯᠵᠤ᠂ ᠪᠠᠷᠠᠭᠤᠨ ᠦᠵᠦᠮᠦᠴᠢᠨ ᠬᠤᠰᠢᠭᠤ᠂ ᠵᠡᠬᠦᠨ ᠦᠵᠦᠮᠦᠴᠢᠨ ᠬᠤᠰᠢᠭᠤ᠂ ᠠᠪᠠᠭ᠎ᠠ ᠬᠤᠰᠢᠭᠤ ᠵᠢᠴᠢ ᠤᠷᠳᠤᠰ ᠬᠤᠳᠠ᠂ ᠤᠯᠠᠭᠠᠨᠬᠠᠳᠠ ᠬᠤᠳᠠ ᠵᠢᠨ ᠵᠠᠷᠢᠮ ᠬᠤᠰᠢᠭᠤ ᠵᠢᠨ ᠬᠢᠨ ᠭᠤᠴᠢ ᠲᠦᠴᠢᠨ ᠳᠤᠨᠦ ᠵᠠᠬᠢᠶᠠᠯᠠᠭ᠎ᠠ ᠠᠪᠴᠦ ᠪᠤᠢ᠃ 《ᠪᠢᠳᠡ ᠲᠠᠵᠢᠬᠡᠯ ᠪᠣᠷᠳᠣᠭ᠎ᠠ ᠵᠠᠬᠢᠶᠠᠯᠠᠭᠰᠠᠨ ᠬᠡᠷᠡᠭᠯᠡᠭᠴᠢᠳ ᠲᠦ᠍ ᠳᠣᠯᠣᠭᠠᠨ ᠬᠣᠨᠣᠭ ᠤ᠋ᠨ ᠳᠤᠳᠤᠷ᠎ᠠ ᠦᠢᠯᠡᠳᠪᠦᠷᠢᠯᠡᠭᠰᠡᠨ ᠪᠣᠷᠳᠣᠭ᠎ᠠ ᠶ᠋ᠢ ᠬᠦᠷᠭᠡᠵᠤ ᠱᠢᠨ᠎ᠡ ᠰᠣᠷᠭᠣᠭ ᠴᠢᠨᠠᠷᠢ ᠨᠢ ᠪᠠᠳᠤᠯᠠᠵᠤ ᠪᠠᠢᠨ᠎ᠠ》 ᠭᠡᠵᠤ ᠭᠠᠨᠳᠢᠭ ᠶᠠᠷᠢᠨ᠎ᠠ᠃
ᠰᠢᠯᠤᠭᠤᠨ ᠬᠦᠭᠡ ᠬᠤᠰᠢᠭᠤᠨᠦ ᠰᠠᠢᠨᠬᠤᠳᠳᠤᠭ ᠰᠤᠮᠤ ᠵᠢᠨ ᠨᠠᠷᠠᠰᠤᠳᠤ ᠭᠠᠴᠠᠭᠠᠨ ᠳ᠋ᠤ ᠨᠤᠳᠤᠭᠳᠠᠢ ᠭᠠᠨᠳᠢᠭ ᠪᠤᠯ ᠺᠤᠮᠫᠠᠨᠢ ᠵᠢᠨ ᠵᠢᠡᠨ ᠳᠡᠵᠢᠭᠡᠯ ᠪᠤᠷᠳᠤᠭ᠎ᠠ ᠵᠢᠨ ᠲᠦᠭᠦᠭᠡᠢ ᠮᠠᠲᠧᠷᠢᠶᠠᠯ ᠤᠷᠤᠭᠤᠯᠬᠤ ᠪᠠ ᠳᠡᠵᠢᠭᠡᠯ ᠪᠤᠷᠳᠤᠭ᠎ᠠ ᠬᠦᠷᠭᠡᠭᠦ ᠵᠡᠷᠭᠡ ᠠᠵᠢᠯᠢ ᠬᠠᠷᠢᠭᠤᠴᠠᠵᠤ ᠪᠤᠢ᠃ ᠳᠡᠷᠡ ᠶᠡᠭᠡ ᠰᠤᠷᠭᠠᠭᠤᠯᠢ ᠳ᠋ᠠᠭᠠᠨ ᠪᠠᠷᠢᠯᠭ᠎ᠠ ᠵᠢᠨ ᠮᠡᠷᠭᠡᠵᠢᠯ ᠰᠤᠷᠴᠤ᠂ ᠦᠪᠡᠷᠦᠨ ᠮᠡᠷᠭᠡᠵᠢᠯ ᠳ᠋ᠡᠭᠡᠨ ᠪᠠᠬ᠎ᠠ ᠦᠭᠡᠢ ᠪᠤᠯᠬᠤᠷ ᠬᠦᠳᠡᠭᠡ ᠨᠤᠳᠤᠭ ᠳᠠᠭᠠᠨ ᠪᠤᠴᠠᠬᠤ ᠬᠦᠰᠡᠯᠢ ᠡᠪᠦᠷᠯᠡᠨ ᠰᠠᠢᠨ ᠨᠠᠢᠵᠠ ᠠᠯᠳᠠᠨᠬᠦ᠋ᠷᠳᠤ ᠳᠠᠢ ᠪᠠᠨ ᠰᠡᠳᠬᠢᠯ ᠨᠢᠭᠡᠳᠴᠦ ᠬᠦᠷᠳᠤ ᠺᠤᠮᠫᠠᠨᠢ ᠵᠢ ᠪᠠᠢᠭᠤᠯᠬᠤ ᠠᠩᠬᠠᠨᠦ ᠡᠳᠦᠷ ᠡᠴᠡ ᠬᠠᠮᠳᠤ ᠵᠢᠳᠬᠦᠵᠤ ᠶᠠᠪᠤᠭᠰᠠᠨ ᠶᠤᠮ᠃ ᠳᠡᠷᠡ ᠦᠭᠡ ᠳᠠᠭᠤ ᠴᠦᠭᠡᠨ ᠴᠦ᠍ ᠠᠵᠢᠯ ᠳ᠋ᠠᠭᠠᠨ ᠳᠤᠩ ᠬᠠᠷᠢᠭᠤᠴᠠᠯᠭ᠎ᠠ ᠳᠠᠢ᠃ ᠮᠠᠯᠦᠨ ᠳᠡᠵᠢᠭᠡᠯ ᠪᠤᠷᠳᠤᠭ᠎ᠠ ᠵᠢᠨ ᠴᠢᠨᠠᠷᠢ ᠴᠢᠩᠭ᠎ᠠ ᠪᠠᠳᠤᠯᠠᠬᠤ ᠵᠢᠨ ᠲᠦᠯᠦᠭᠡ ᠳᠡᠷᠡ ᠪᠤᠷᠳᠤᠭ᠎ᠠ ᠶ᠋ᠢᠨ ᠲᠦᠭᠦᠭᠡᠢ ᠮᠠᠲ᠋ᠧᠷᠢᠶᠠᠯ ᠰᠣᠩᠭᠣᠬᠤ ᠳ᠋ᠠᠭᠠᠨ ᠤᠯᠠᠨ ᠭᠠᠵᠠᠷ ᠲᠦ᠍ ᠪᠠᠢᠴᠠᠭᠠᠯᠳᠠ ᠬᠢᠵᠤ᠂ ᠬᠦᠷᠦᠰᠤᠨᠦ ᠴᠢᠨᠠᠷ᠂ ᠵᠢᠯᠦᠨ ᠪᠤᠷᠤᠭᠠᠨ ᠬᠤᠷ᠎ᠠ ᠵᠢᠨ ᠪᠠᠢᠳᠠᠯᠢ ᠦᠨᠳᠦᠰᠦᠯᠡᠵᠤ ᠦᠯᠢᠭᠡᠷ ᠬᠡᠪᠢ ᠵᠠᠳᠠᠯᠤᠭᠠᠳ ᠨᠢᠭᠡᠳᠦᠭᠡᠷ ᠳᠡᠰᠦᠨ ᠠᠮᠤ ᠪᠤᠳᠠᠭ᠎ᠠ ᠵᠢ ᠰᠤᠩᠭᠤᠨ ᠤᠷᠤᠭᠤᠯᠳᠠᠭ᠃
ᠳᠡᠷᠡ ᠦᠪᠡᠷ ᠵᠢᠡᠨ ᠴᠦ᠍ ᠮᠠᠯᠴᠢᠨ ᠬᠦᠮᠦᠨ ᠶᠤᠮ ᠴᠢᠨᠢ ᠮᠠᠯᠴᠢᠳᠦᠨ ᠳᠤᠮᠳᠠ ᠠᠭᠤᠰᠤᠯᠴᠠᠨ ᠨᠠᠢᠷᠳᠠᠢ ᠶᠠᠪᠤᠯᠴᠠᠳᠠᠭ ᠶᠤᠮ᠃ ᠮᠠᠯᠴᠢᠳᠦᠨ ᠵᠠᠬᠢᠶᠠᠯᠠᠭᠰᠠᠨ ᠳᠡᠵᠢᠭᠡᠯ ᠪᠤᠷᠳᠤᠭ᠎ᠠ ᠵᠢ ᠬᠦᠷᠭᠡᠭᠦ ᠵᠠᠭᠤᠷ᠎ᠠ ᠮᠠᠯᠴᠢᠳᠦᠨ ᠨᠠᠢᠳᠠᠭᠰᠠᠨ ᠮᠠᠯᠦᠨ ᠡᠮ᠂ ᠪᠠᠷᠢᠯᠭ᠎ᠠ ᠵᠢᠨ ᠮᠠᠲ᠋ᠧᠷᠢᠶᠠᠯ ᠵᠡᠷᠭᠡ ᠵᠢ ᠨᠢ ᠬᠠᠮᠳᠤ ᠳ᠋ᠤᠨᠢ ᠳᠡᠭᠡᠭᠡᠪᠦᠷᠢᠯᠡᠵᠤ ᠬᠦᠷᠭᠡᠳᠡᠭ ᠨᠢ ᠵᠦᠩᠳᠡᠭᠡᠨ᠃