ᠬᠥᠬᠡ ᠬᠤᠸᠠᠷ ᠲᠠᠢ ᠬᠣᠣᠰ ᠭᠠᠷᠤᠳᠢ᠎ᠶ᠋ᠢᠨ ᠬᠡ᠎ᠲᠡᠶ ᠥᠨᠳᠥᠷ ᠬᠥᠯᠲᠦ ᠬᠤᠨᠳᠠᠭ᠎ᠠ᠄ᠶᠤᠸᠠᠨ ᠤᠯᠤᠰ᠎ᠤᠨ ᠦᠶ᠎ᠡ᠎ᠶ᠋ᠢᠨ ᠴᠦᠯᠭᠡ ᠵᠢᠨ ᠳᠡᠰ᠎ᠤᠨ ᠬᠣᠲᠠ᠎ᠶ᠋ᠢᠨ ᠣᠯᠠᠨ ᠡᠱᠢᠲᠦ ᠬᠥᠭ᠌ᠵᠢᠯ ᠪᠠᠳᠠᠷᠠᠯ᠎ᠢ ᠭᠡᠷᠡᠴᠢᠯᠡᠨ᠎ᠡ
2021-11-05 10:02:08
ᠵᠣᠬᠢᠶᠠᠭ᠍ᠴᠢ᠄
ᠭᠣᠣ ᠷᠦᠢ ᠹᠸᠩ
ᠣᠩᠱᠢᠭ᠍ᠰᠠᠨ ᠣᠳᠠᠭ᠎ᠠ᠄
★★★☆☆

ᠳᠤᠮᠳᠠᠳᠤ᠎ᠶ᠋ᠢᠨ ᠰᠣᠶᠣᠯ ᠪᠣᠯ ᠦᠨᠳᠦᠰᠦᠲᠡᠨ᠎ᠨᠦᠭᠦᠳ᠎ᠦᠨ ᠰᠣᠶᠣᠯ᠎ᠤᠨ ᠴᠤᠭᠯᠠᠷᠠᠯ ᠮᠥᠨ᠃ ᠮᠠᠨ᠎ᠤ ᠤᠯᠤᠰ᠎ᠤᠨ ᠦᠨᠳᠦᠰᠦᠲᠡᠨ ᠨᠤᠬᠦᠳ ᠱᠢᠯᠦᠭ᠌ᠯᠡᠯᠲᠦ ᠨᠣᠮ ᠂ ᠴᠥ ᠤᠯᠤᠰ᠎ᠤᠨ ᠤᠶᠠᠩᠭ᠎ᠠ ᠂ ᠬᠠᠨ ᠤᠯᠤᠰ᠎ᠤᠨ ᠮᠠᠭ᠍ᠲᠠᠭᠠᠯ ᠂ ᠲᠠᠩ ᠤᠯᠤᠰ᠎ᠤᠨ ᠱᠢᠯᠦᠭ ᠂ ᠰᠦᠩ ᠤᠯᠤᠰ᠎ᠤᠨ ᠳᠠᠭᠤᠯᠠᠯ ᠂ ᠶᠤᠸᠠᠨ ᠤᠯᠤᠰ᠎ᠤᠨ ᠳᠠᠭᠤᠤᠷᠢᠯᠢᠭ ᠂ ᠮᠢᠩ ᠴᠢᠩ᠎ᠤᠨ ᠦᠯᠢᠭᠡᠷ᠎ᠤᠨ ᠵᠤᠬᠢᠶᠠᠯ ᠵᠡᠷᠭᠡ ᠠᠭᠤᠤ ᠶᠡᠬᠡ ᠪᠦᠲᠦᠭᠡᠯ᠎ᠢ ᠵᠣᠬᠢᠶᠠᠨ ᠪᠦᠲᠦᠭᠡᠵᠦ᠍᠂ ᠭᠡᠰᠡᠷ᠎ᠤᠨ ᠲᠤᠭᠤᠵᠢ᠂ ᠮᠠᠨᠠᠰ ᠂ ᠵᠠᠩᠭᠠᠷ ᠵᠡᠷᠭᠡ ᠬᠥᠮᠦᠰ᠎ᠦᠨ ᠰᠡᠳᠭᠢᠯ᠎ᠢ ᠳᠤᠩᠰᠤᠯᠭᠠᠮ᠎ᠠ ᠠᠭᠤᠤ ᠶᠡᠬᠡ ᠲᠤᠤᠯᠢ᠎ᠵᠢ ᠤᠯᠠᠮᠵᠢᠯᠠᠨ ᠵᠠᠯᠭᠠᠮᠵᠢᠯᠠᠵᠤ ᠂ ᠲᠦᠮᠡᠨ ᠭᠠᠵᠠᠷ᠎ᠤᠨ ᠤᠷᠲᠤ ᠴᠠᠭᠠᠨ ᠬᠡᠷᠡᠮ᠂ ᠳ᠋ᠦ᠋ ᠵᠢᠶᠠᠩ ᠶᠠᠨ ᠬᠠᠰᠢᠯᠭ᠎ᠠ᠂ ᠶᠡᠬᠡ ᠲᠠᠲᠠᠮᠠᠯ ᠭᠣᠣᠯ᠂ ᠬᠠᠭᠠᠨ᠎ᠤ ᠣᠷᠳᠣᠨ᠂ ᠪᠤᠳᠠᠯᠠ ᠣᠷᠳᠣᠨ ᠂ ᠳᠠᠯᠳᠠ ᠰᠤᠪᠠᠭ ᠵᠡᠷᠭᠡ ᠠᠭᠤᠤ ᠶᠡᠬᠡ ᠢᠨᠵᠧᠨᠧᠷᠢᠩ᠎ᠢ ᠪᠦᠳᠦᠭᠡᠨ ᠪᠠᠢᠭᠤᠯᠪᠠ᠃ ᠳᠤᠮᠳᠠᠳᠤ᠎ᠶ᠋ᠢᠨ ᠰᠣᠶᠣᠯ ᠡᠢᠮᠤ ᠭᠣᠢᠳᠠ ᠰᠠᠢᠬᠠᠨ ᠂ ᠥᠷᠭᠡᠨ ᠳᠡᠯᠭᠡᠷ ᠭᠦᠨ ᠭᠦᠨᠵᠡᠭᠡᠢ ᠪᠠᠢᠳᠠᠭ ᠨᠢ ᠲᠡᠭᠦᠨ᠎ᠦ ᠪᠦᠬᠦᠨ᠎ᠢ ᠠᠪᠴᠦ ᠪᠠᠢᠳᠠᠭ᠎ᠢ ᠬᠠᠳᠠᠭᠠᠯᠠᠬᠤ ᠪᠠᠭ᠍ᠲᠠᠭᠠᠮᠵᠢᠲᠤ ᠴᠢᠨᠠᠷ᠎ᠲᠤᠨᠢ ᠪᠠᠢᠭ᠎ᠠ ᠶᠤᠮ᠃

— ᠶᠡᠷᠦᠩᠬᠡᠢ ᠱᠦᠵᠢ ᠰᠢ᠎ᠶ᠋ᠢᠨ ᠫᠢᠩ᠎ᠦᠨ ᠪᠦᠬᠦ᠌ ᠤᠯᠤᠰ᠎ᠤᠨ ᠦᠨᠳᠦᠰᠦᠲᠡᠨ᠎ᠦ ᠪᠦᠯᠬᠦᠮᠳᠡᠯ ᠲᠠᠪᠱᠢᠯᠳᠠ᠎ᠶ᠋ᠢᠨ ᠬᠥᠬᠢᠭᠦᠯᠦᠨ ᠰᠠᠢᠱᠢᠶᠠᠬᠤ ᠶᠡᠬᠡ ᠬᠤᠷᠠᠯ ᠳᠡᠭᠡᠷᠡᠬᠢ ᠶᠠᠷᠢᠶ᠎ᠠ ᠡᠴᠡ ( 2019 ᠣᠨ᠎ᠤ 9 ᠰᠠᠷ᠎ᠠ᠎ᠶ᠋ᠢᠨ 27 ᠎ᠤ᠋  ᠡᠳᠦᠷ )


                       

ᠶᠤᠸᠠᠨ ᠤᠯᠤᠰ᠎ᠤᠨ ᠦᠶ᠎ᠡ ᠵᠢᠨ ᠨᠢᠭᠡᠨ ᠰᠠᠷ᠎ᠠ᠎ᠲᠠᠢ ᠰᠥᠨᠢ ᠪᠠᠢᠯ᠎ᠠ᠂ ᠰᠠᠯᠬᠢ ᠦᠭᠡᠢ᠃ ᠬᠥᠷ ᠬᠥᠭ᠌ᠵᠢᠶᠡᠨ᠎ᠲᠡᠶ ᠵᠢᠨᠢᠩ ᠴᠦᠯᠭᠡ ᠵᠢᠨ ᠡᠷᠲᠡᠨ᠎ᠦ ᠬᠣᠲᠠ ᠨᠠᠮ ᠬᠦᠮ᠃

ᠨᠢᠭᠡ ᠪᠠᠶᠠᠨ ᠠᠢᠯ᠎ᠤᠨ ᠪᠤᠢ᠌ᠳᠠ ᠵᠢᠭᠦᠷ᠎ᠤᠨ ᠭᠡᠷ ᠲᠦ᠍ ᠲᠣᠰᠣᠨ ᠳ᠋ᠧᠩ᠎ᠤᠨ ᠪᠦᠲᠡᠬᠢ ᠭᠡᠷᠡᠯ ᠳᠤᠤᠷ᠎ᠡ ᠭᠡᠷ᠎ᠦᠨ ᠡᠵᠡᠨ ᠪᠦᠰᠡᠭᠦᠢ ᠲᠠᠢ ᠪᠠᠨ ᠠᠶᠠᠭ᠎ᠠ᠂ ᠯᠣᠩᠬᠣ᠂ ᠳᠡᠪᠦᠷ᠎ᠡ᠂ ᠴᠣᠮᠣ ᠵᠡᠷᠭᠡ ᠬᠣᠪᠣᠷ ᠨᠠᠨᠳᠢᠨ ᠱᠠᠭᠠᠵᠠᠩ ᠰᠠᠪᠠ᠎ᠪᠠᠨ ᠨᠦᠬᠡᠨ ᠳᠣᠲᠣᠷᠠᠬᠢ ᠲᠤᠮᠤ ᠪᠣᠳᠣᠩ᠎ᠳᠤ ᠪᠤᠯᠭᠤᠮᠵᠢᠲᠡᠢ ᠬᠢᠭᠡᠳ ᠱᠢᠷᠣᠶ ᠪᠡᠷ ᠪᠤᠯᠠᠵᠦ ᠰᠠᠢᠲᠤᠷ ᠭᠢᠰᠭᠢᠵᠦ ᠬᠠᠶᠠᠵᠠᠢ᠂ ᠲᠡᠭᠡᠭᠡᠳ ᠳᠡᠭᠡᠷ᠎ᠡ ᠨᠢ ᠬᠠᠶᠠᠭᠳᠠᠮᠠᠯ ᠠᠪᠳᠠᠷ᠎ᠠ ᠬᠣᠷᠭᠣ᠂ ᠲᠦᠯᠡᠭᠡ ᠵᠡᠷᠭᠡ ᠵᠢ ᠣᠪᠣᠭᠠᠯᠠᠵᠤ ᠲᠠᠯᠪᠢᠯ᠎ᠠ᠂ ᠵᠢᠭᠦᠷ᠎ᠦᠨ ᠭᠡᠷ᠎ᠢ ᠦᠵᠡᠬᠦ᠌᠎ᠳᠦ ᠪᠠᠰᠠ ᠯᠡ ᠤᠷᠢᠳᠤᠬᠢ᠎ᠲᠡᠶ ᠪᠠᠨ ᠠᠳᠠᠯᠢ ᠪᠤᠵᠠᠷ ᠪᠦᠭᠡᠳ ᠵᠠᠮᠪᠠᠷᠠᠭ᠎ᠠ ᠦᠭᠡᠢ᠃

ᠡᠨᠡ ᠪᠣᠯ ᠬᠠᠭᠤᠴᠢ ᠰᠤᠳᠤᠯᠤᠯ᠎ᠤᠨ ᠲᠤᠬᠠᠶ᠎ᠶ᠋ᠢᠨ ᠲᠠᠯᠠᠪᠠᠢ᠎ᠵᠢᠨ ᠪᠠᠢᠳᠠᠯ᠎ᠢ ᠦᠨᠳᠦᠰᠦᠯᠡᠨ ᠬᠤᠯᠪᠤᠨ ᠲᠦᠰᠦᠭᠡᠯᠡᠭᠰᠡᠨ ᠪᠠᠢᠳᠠᠯ ᠪᠤᠯᠤᠨ᠎ᠠ᠃

ᠣᠳᠣ᠎ᠶ᠋ᠢᠨ ᠬᠥᠮᠦᠨ ᠪᠣᠯᠤᠭ᠍ᠰᠠᠨ᠎ᠤ ᠬᠤᠪᠢ᠎ᠳᠤ᠂ ᠵᠢᠨᠢᠩ ᠴᠦᠯᠭᠡ ᠵᠢᠨ ᠡᠷᠲᠡᠨ᠎ᠦ ᠬᠣᠲᠠ᠎ᠳᠦ ᠠᠮᠢᠳᠤᠷᠠᠵᠤ ᠪᠠᠢᠬᠰᠠᠨ ᠪᠠᠶᠠᠨ ᠠᠢᠯ᠎ᠤᠨ ᠬᠢᠨ᠎ᠤ ᠰᠠᠷᠠ ᠲᠠᠢ ᠰᠦᠨᠢ ᠡᠷᠳᠡᠨᠢ ᠪᠠᠨ ᠨᠢᠭᠤᠭᠰᠠᠨ᠎ᠳᠤ ᠪᠢᠳᠡ ᠲᠠᠯᠠᠷᠬᠠᠪᠠᠯ ᠵᠣᠬᠢᠬᠤ ᠴᠦ᠍ ᠪᠢᠯᠢᠤ᠃ ᠬᠡᠷᠪᠡ ᠡᠢᠮᠦ᠍ ᠪᠢᠰᠢ ᠪᠣᠯ 600 ᠭᠠᠷᠤᠢ ᠵᠢᠯ᠎ᠦᠨ ᠳᠠᠷᠠᠭ᠎ᠠ ᠪᠢᠳᠡ ᠶᠤᠸᠠᠨ ᠤᠯᠤᠰ᠎ᠤᠨ ᠦᠶ᠎ᠡ᠎ᠶ᠋ᠢᠨ ᠬᠤᠳᠠ᠎ᠶ᠋ᠢᠨ ᠬᠥᠭ᠌ᠵᠢᠯ ᠪᠠᠳᠠᠷᠠᠯ᠎ᠢ ᠮᠡᠳᠡᠬᠦ᠌ ᠪᠣᠯᠤᠯᠴᠠᠭ᠎ᠠ ᠦᠭᠡᠢ ᠮᠥᠷᠲᠡᠭᠡᠨ ᠡᠷᠲᠡᠨ᠎ᠦ ᠪᠣᠯᠪᠠᠰᠤᠨ᠎ᠤ ᠰᠣᠯᠢᠯᠴᠠᠭ᠎ᠠ ᠠᠭᠤᠰᠤᠯᠴᠠᠯ᠎ᠤᠨ ᠭᠦᠨᠵᠡᠭᠡᠢᠷᠡᠯ᠎ᠢ ᠴᠦ᠍ ᠮᠡᠳᠡᠬᠦ᠌ ᠪᠣᠯᠤᠯᠴᠠᠭ᠎ᠠ ᠦᠭᠡᠢ ᠶᠤᠮ᠃

ᠶᠤᠸᠠᠨ᠎ᠤ ᠱᠠᠭᠠᠵᠠᠩ ᠰᠠᠪᠠ ᠬᠢᠬᠦ᠌ ᠤᠷᠠᠨ ᠨᠠᠷᠢᠯᠢᠬ ᠤᠷ᠎ᠠ ᠮᠡᠷᠭᠡᠵᠢᠯ ᠎ᠢ ᠲᠥᠯᠥᠭᠡᠯᠡᠵᠤ ᠪᠤᠢ

ᠥᠪᠥᠷ ᠮᠣᠩᠭᠣᠯ᠎ᠤᠨ ᠮᠦᠽᠧᠶ᠎ᠶ᠋ᠢᠨ ᠬᠦᠷᠢᠶᠡᠯᠡᠩ᠎ᠤᠨ 《ᠠᠭᠤᠰᠤᠯᠴᠠᠯ᠎ᠤᠨ ᠷᠢᠳᠢ ᠱᠢᠳᠢ》 ᠭᠡᠬᠦ ᠦᠵᠡᠭᠦᠯᠭᠡ᠎ᠶ᠋ᠢᠨ ᠲᠢᠩᠬᠢᠮ᠎ᠳᠦ ᠬᠥᠬᠡ ᠬᠤᠸᠠᠷ ᠲᠠᠢ ᠬᠤᠤᠰ ᠭᠠᠷᠤᠳᠢ᠎ᠶ᠋ᠢᠨ ᠬᠡ᠎ᠲᠡᠶ ᠥᠨᠳᠥᠷ ᠬᠥᠯᠲᠦ ᠬᠤᠨᠳᠠᠭ᠎ᠠ ᠮᠠᠰᠢ ᠣᠯᠠᠨ ᠬᠣᠪᠣᠷ ᠴᠤᠬᠠᠭ ᠡᠳ᠋᠎ᠤᠨ ᠳᠤᠮᠳᠠ ᠨᠠᠮ ᠲᠠᠯᠪᠢᠭᠠᠰᠤᠲᠠᠢ᠃

ᠲᠤᠰ ᠬᠤᠨᠳᠠᠭ᠎ᠠ 9.5 ᠰᠠᠨᠲ᠋ᠢᠮᠧᠲ᠋ᠷ ᠥᠨᠳᠥᠷ᠂ ᠠᠮᠠᠰᠠᠷ᠎ᠤᠨ ᠳ᠋ᠢᠶᠠᠮᠧᠲ᠋ᠷ ᠨᠢ 9.4 ᠰᠠᠨᠲ᠋ᠢᠮᠧᠲ᠋ᠷ᠂ ᠬᠥᠯ᠎ᠦᠨ ᠳ᠋ᠢᠶᠠᠮᠧᠲ᠋ᠷ ᠨᠢ 3.4 ᠰᠠᠨᠲ᠋ᠢᠮᠧᠲ᠋ᠷ ᠪᠠᠢᠵᠤ᠂ ᠴᠣᠮᠣ᠎ᠶ᠋ᠢᠨ ᠠᠮᠠᠰᠠᠷ᠎ᠨᠢ ᠠᠶᠠᠭᠠᠨ ᠬᠡᠯᠪᠡᠷᠢ ᠲᠠᠢ᠂ ᠥᠨᠳᠥᠷ ᠬᠥᠯ᠎ᠨᠢ ᠬᠤᠯᠤᠰᠤ ᠰᠢᠬ ᠦᠶ᠎ᠡ ᠲᠡᠶ᠂ ᠪᠦᠳᠡᠭᠢ ᠭᠡᠷᠡᠯ ᠰᠠᠴᠤᠷᠠᠭᠤᠯᠵᠤ᠂ ᠠᠮᠠᠰᠠᠷ᠎ᠢ ᠨᠢ ᠡᠭᠦᠯᠡᠨ ᠬᠡ ᠪᠡᠷ ᠭᠤᠶᠤᠯᠠᠵᠠᠢ᠃ ᠭᠦᠨ ᠬᠦᠬᠡ ᠦᠩᠭᠡ ᠲᠠᠢ ᠬᠤᠶᠠᠷ ᠭᠠᠷᠤᠳᠢ ᠨᠠᠷᠢᠨ ᠤᠷᠲᠤ ᠬᠦᠵᠦᠭᠦᠦ᠍᠎ᠪᠡᠨ ᠰᠤᠩᠭᠠᠵᠤ᠂ ᠬᠣᠣᠰ ᠵᠢᠭᠦᠷ ᠵᠢᠡᠨ ᠳᠡᠯᠭᠡᠨ᠂ ᠭᠠᠳᠠᠷ ᠬᠠᠨ᠎ᠠ᠎ᠠᠴᠠ᠎ᠨᠢᠰᠦᠨ ᠤᠳᠬᠤ ᠮᠡᠲᠦ᠍ ᠰᠠᠨᠠᠭᠳᠠᠭᠤᠯᠤᠨ᠎ᠠ᠃

ᠡᠨᠡ ᠬᠦ᠌ ᠶᠤᠸᠠᠨ ᠤᠯᠤᠰ᠎ᠤᠨ ᠦᠶ᠎ᠡ᠎ᠶ᠋ᠢᠨ ᠬᠣᠪᠣᠷ ᠡᠷᠳᠡᠨᠢ᠎ᠶ᠋ᠢ 2003 ᠣᠨ᠎ᠳᠤ ᠵᠢᠨᠢᠩ ᠴᠦᠯᠭᠡ ᠵᠢᠨ ᠡᠷᠲᠡᠨ᠎ᠦ ᠬᠣᠲᠠ᠎ᠶ᠋ᠢᠨ ᠪᠠᠭᠤᠷᠢ᠎ᠠᠴᠠ ᠮᠠᠯᠲᠠᠵᠤ ᠭᠠᠷᠭᠠᠭ᠍ᠰᠠᠨ ᠶᠤᠮ᠂ ᠡᠨᠡ ᠨᠢ ᠪᠠᠷᠤᠭ ᠰᠠᠷᠠ ᠲᠠᠢ ᠰᠦᠨᠢ ᠨᠢᠭᠤᠵᠤ ᠲᠠᠯᠪᠢᠭᠰᠠᠨ ᠡᠷᠳᠡᠨᠢᠰ᠎ᠦᠨ ᠳᠣᠲᠣᠷᠠᠬᠢ ᠨᠢᠭᠡ ᠨᠢ ᠪᠠᠢᠵᠤ ᠮᠡᠳᠡᠨ᠎ᠡ᠃

ᠶᠤᠸᠠᠨ ᠤᠯᠤᠰ᠎ᠤᠨ ᠦᠶ᠎ᠡ᠎ᠶ᠋ᠢᠨ ᠵᠢᠨᠢᠩ ᠴᠦᠯᠭᠡ ᠵᠢᠨ ᠡᠷᠲᠡᠨ᠎ᠦ ᠬᠤᠲᠠ᠎ᠶ᠋ᠢᠨ ᠪᠠᠭᠤᠷᠢ ᠤᠯᠠᠭᠠᠨᠴᠠᠪ ᠬᠤᠲᠠ᠎ᠶ᠋ᠢᠨ ᠴᠠᠬᠠᠷ ᠪᠠᠷᠠᠭᠤᠨ ᠭᠠᠷᠤᠨ ᠡᠮᠦᠨᠡᠲᠦ ᠬᠣᠱᠢᠭᠤᠨ᠎ᠤ ᠪᠠᠶᠠᠨᠲᠠᠯ᠎ᠠ ᠱᠢᠶᠠᠩ᠎ᠤᠨ ᠲᠦ ᠴᠧᠩ ᠽᠢ ᠲᠣᠰᠭᠣᠨ᠎ᠳᠤ ᠪᠠᠢᠷᠢᠯᠠᠵᠤ᠂ ᠬᠣᠢᠰᠢ ᠪᠠᠨ 110 ᠤᠯᠤᠰ᠎ᠤᠨ ᠵᠠᠮ᠎ᠲᠠᠶ ᠬᠠᠪᠢᠳᠠᠵᠤ᠂ ᠡᠮᠦᠨᠡᠰᠢ ᠪᠠᠨ ᠬᠢᠬᠢᠷᠢ ᠵᠢᠨ ᠨᠠᠭᠤᠷ ᠲᠠᠢ ᠬᠦᠷᠰᠢᠯᠡᠵᠤ  ᠂ ᠪᠠᠷᠠᠭᠤᠨ ᠲᠠᠯ᠎ᠠ ᠨᠢ ᠤᠯᠠᠭᠠᠨᠴᠠᠪ ᠬᠤᠲᠠ᠎ᠶ᠋ᠢᠨ ᠲᠦᠪ ᠬᠤᠲᠠ ᠪᠤᠯᠬᠤ ᠵᠢᠨᠢᠩ ᠲᠣᠭᠣᠷᠢᠭ᠎ᠠᠴᠠ 25 ᠺᠢᠯᠣᠮᠧᠲ᠋ᠷ ᠵᠠᠢᠲᠠᠢ ᠪᠠᠢᠳᠠᠭ᠃

98 ᠵᠢᠯ᠎ᠦᠨ ᠡᠮᠦᠨ᠎ᠡ ᠂ ᠳᠠᠷᠤᠢ 1923 ᠣᠨ᠎ᠳᠤ ᠡᠨᠳᠡ᠎ᠡᠴᠡ 《 ᠵᠢᠨᠢᠩ ᠴᠦᠯᠭᠡ 》᠂ 《ᠬᠤᠸᠠᠩᠴᠢᠩ᠎ᠤᠨ ᠲᠡᠷᠢᠭᠦᠨ ᠤᠨ 》 (  ᠨᠡᠢᠳᠡ ᠵᠢᠨ ᠤᠨ ᠲᠤᠭᠠᠯᠠᠯ᠎ᠤᠨ 1312  ᠤᠨ  ) ᠭᠡᠬᠦ᠌ ᠪᠢᠴᠢᠭᠡᠰᠦ ᠲᠠᠢ ᠴᠢᠯᠠᠭᠤᠨ ᠬᠥᠱᠢᠶ᠎ᠡ ᠵᠢ ᠢᠯᠡᠷᠡᠭᠦᠯᠦᠭᠰᠡᠨ ᠪᠠᠢᠨ᠎ᠠ᠃ ᠡᠭᠦᠨ ᠡᠴᠡ ᠲᠤᠰ ᠭᠠᠵᠠᠷ᠎ᠢ ᠶᠤᠸᠠᠨ ᠤᠯᠤᠰ᠎ᠤᠨ ᠦᠶ᠎ᠡ᠎ᠶ᠋ᠢᠨ《ᠵᠢᠨᠢᠩ ᠴᠦᠯᠭᠡ᠎ᠶ᠋ᠢᠨ ᠶᠡᠷᠦᠩᠬᠡᠢ ᠬᠠᠮᠢᠶᠠᠷᠤᠭᠴᠢ᠎ᠶ᠋ᠢᠨ ᠣᠷᠳᠣᠨ 》 ᠭᠡᠳᠡᠭ᠎ᠢ ᠮᠡᠳᠡᠵᠡᠢ᠃

2002 ᠣᠨ ᠡᠴᠡ 2005  ᠤᠨ  ᠪᠣᠯᠲᠠᠯ᠎ᠠ᠂ ᠥᠪᠡᠷᠲᠡᠭᠡᠨ ᠵᠠᠰᠠᠬᠤ ᠣᠷᠣᠨ᠎ᠤ ᠲᠡᠦᠬᠡ᠎ᠶ᠋ᠢᠨ ᠳᠤᠷᠠᠰᠭᠠᠯᠲᠤ ᠵᠦᠶ᠋ᠯᠡᠰ ᠬᠠᠭᠤᠴᠢ ᠰᠤᠳᠤᠯᠤᠯ᠎ᠤᠨ ᠭᠠᠵᠠᠷ ᠡᠴᠡ ᠤᠯᠠᠭᠠᠨᠴᠠᠪ ᠬᠣᠲᠠ᠎ᠶ᠋ᠢᠨ ᠮᠦᠽᠧᠶ᠂ ᠴᠠᠬᠠᠷ ᠪᠠᠷᠠᠭᠤᠨ ᠭᠠᠷᠤᠨ ᠡᠮᠦᠨᠡᠲᠦ ᠬᠣᠱᠢᠭᠤᠨ᠎ᠤ ᠲᠡᠦᠬᠡ᠎ᠶ᠋ᠢᠨ ᠳᠤᠷᠠᠰᠭᠠᠯᠲᠤ ᠵᠦᠶ᠋ᠯᠡᠰ᠎ᠦᠨ ᠬᠠᠮᠢᠶᠠᠷᠤᠯᠲᠠ᠎ᠶ᠋ᠢᠨ ᠭᠠᠵᠠᠷ᠎ᠢ ᠵᠣᠬᠢᠶᠠᠨ ᠪᠠᠢᠭᠤᠯᠵᠤ᠂ ᠬᠠᠮᠲᠤᠷᠠᠬᠰᠠᠨ ᠲᠤᠭᠤᠢᠯᠠᠩ᠎ᠢ ᠪᠠᠢᠭᠤᠯᠤᠨ ᠵᠢᠨᠢᠩ ᠴᠦᠯᠭᠡ ᠵᠢᠨ ᠬᠠᠭᠤᠴᠢ ᠰᠤᠳᠤᠯᠤᠯ᠎ᠤᠨ ᠠᠵᠢᠯᠯᠠᠬᠤ ᠠᠩᠭᠢ᠎ᠪᠠᠢᠭᠤᠯᠵᠤ᠂ ᠡᠨᠳᠡ ᠬᠠᠭᠤᠴᠢ ᠰᠤᠳᠤᠯᠤᠯ᠎ᠤᠨ ᠨᠡᠭᠡᠭᠡᠨ ᠮᠠᠯᠲᠠᠬᠤ ᠠᠵᠢᠯ᠎ᠢ ᠡᠬᠢᠯᠡᠭᠦᠯᠪᠡ᠃

ᠥᠪᠥᠷ ᠮᠣᠩᠭᠣᠯ᠎ᠤᠨ ᠮᠦᠽᠧᠶ᠎ᠶ᠋ᠢᠨ ᠬᠦᠷᠢᠶᠡᠯᠡᠩ᠎ᠤᠨ ᠳᠠᠷᠤᠭ᠎ᠠ ᠴᠧᠨ ᠶᠦᠩ ᡁᠢ ᠲᠤᠬᠠᠶ᠎ᠶ᠋ᠢᠨ ᠦᠶ᠎ᠡ᠎ᠳᠤ ᠥᠪᠡᠷᠲᠡᠭᠡᠨ ᠵᠠᠰᠠᠬᠤ ᠣᠷᠣᠨ᠎ᠤ ᠲᠡᠦᠬᠡ᠎ᠶ᠋ᠢᠨ ᠳᠤᠷᠠᠰᠭᠠᠯᠲᠤ ᠵᠦᠶ᠋ᠯᠡᠰ ᠬᠠᠭᠤᠴᠢ ᠰᠤᠳᠤᠯᠤᠯ᠎ᠤᠨ ᠭᠠᠵᠠᠷ᠎ᠤᠨ ᠳᠡᠳ᠋ ᠳᠠᠷᠤᠭ᠎ᠠ᠂ ᠬᠠᠭᠤᠴᠢ ᠰᠤᠳᠤᠯᠤᠯ᠎ᠤᠨ ᠠᠵᠢᠯᠯᠠᠬᠤ ᠠᠩᠭᠢ᠎ᠶ᠋ᠢᠨ ᠳᠠᠷᠤᠭ᠎ᠠ ᠵᠢᠨ ᠲᠤᠰᠢᠶᠠᠯ᠎ᠢ ᠬᠠᠷᠢᠭᠤᠴᠠᠵᠤ ᠪᠠᠢᠵᠠᠢ᠃ 19 ᠵᠢᠯ᠎ᠦᠨ ᠡᠮᠦᠨᠡᠬᠢ ᠢᠯᠡᠷᠡᠭᠦᠯᠦᠯᠲᠡ᠎ᠪᠡᠨ ᠡᠷᠭᠢᠴᠡᠭᠦᠯᠬᠦᠶ᠎ᠡ᠂ ᠲᠡᠷᠡ ᠤᠳᠤ ᠴᠸ᠋ ᠭᠡᠰᠡᠨ ᠲᠣᠪ ᠲᠣᠳᠣᠷᠬᠠᠢ ᠴᠡᠭᠡᠵᠢᠯᠡᠭ᠌ᠰᠡᠭᠡᠷ᠃

《ᠠᠯᠲᠠᠨ ᠤᠯᠤᠰ᠂ ᠶᠤᠸᠠᠨ ᠤᠯᠤᠰ᠎ᠤᠨ ᠦᠶ᠎ᠡ᠎ᠶ᠋ᠢᠨ ᠱᠠᠭᠠᠵᠠᠩ ᠰᠠᠪᠠ᠎ᠶ᠋ᠢ ᠠᠷᠪᠢᠨ ᠢᠯᠡᠷᠡᠭᠦᠯᠵᠦ᠍᠂ ᠪᠦᠷᠢᠨ ᠪᠦᠲᠦᠨ ᠱᠠᠭᠠᠵᠠᠩ ᠰᠠᠪᠠ ᠵᠢ 500 ᠭᠠᠷᠤᠶ ᠮᠠᠯᠲᠠᠵᠤ ᠭᠠᠷᠭᠠᠵᠠᠢ᠂ ᠰᠡᠷᠭᠦᠭᠡᠨ ᠵᠤᠬᠢᠶᠠᠵᠤ ᠪᠣᠯᠬᠤ ᠱᠠᠭᠠᠵᠠᠩ ᠰᠠᠪᠠ᠎ᠶ᠋ᠢᠨ ᠵᠠᠭ᠍ᠪᠤᠷ 7800 ᠭᠠᠷᠤᠶ ᠪᠤᠢ᠂ ᠪᠤᠰᠤᠳ ᠡᠯ᠎ᠡ ᠲᠥᠷᠥᠯ᠎ᠦᠨ ᠬᠣᠪᠣᠷ ᠨᠠᠨᠳᠢᠨ ᠱᠠᠭᠠᠵᠠᠩ ᠰᠠᠪᠠ᠎ᠶ᠋ᠢᠨ ᠵᠠᠭ᠍ᠪᠤᠷ ᠲᠦᠮᠡ ᠭᠠᠷᠤᠶ ᠵᠦᠶ᠋ᠯ ᠪᠤᠢ᠂ ᠡᠭᠦᠨ᠎ᠳᠤ ᠼᠢ ᠵᠧᠸ᠋ ᠵᠢᠨ ᠤᠭᠤᠷᠬᠠᠢ᠂ ᠵᠢᠩ ᠳ᠋ᠸ ᠵᠧᠨ᠎ᠤ ᠤᠭᠤᠷᠬᠠᠢ᠂ ᠯᠦᠩ ᠴᠢᠤᠸᠠᠨ᠎ᠤ ᠤᠭᠤᠷᠬᠠᠢ᠂ ᠵᠢᠶᠦ᠋ᠨ ᠶᠤᠤ ᠵᠢᠨ ᠤᠭᠤᠷᠬᠠᠢ᠂ ᠶᠣᠣ ᠵᠧᠸ᠋ ᠵᠢᠨ ᠤᠭᠤᠷᠬᠠᠢ᠂ ᠵᠢᠶᠠᠨ ᠶᠤᠤ ᠵᠢᠨ ᠤᠭᠤᠷᠬᠠᠢ᠂ ᠳ᠋ᠢᠩ ᠶᠤᠤ ᠵᠢᠨ ᠤᠭᠤᠷᠬᠠᠢ ᠵᠡᠷᠭᠡ ᠲᠤᠯᠤᠭᠠᠨ ᠶᠡᠬᠡ ᠤᠭᠤᠷᠬᠠᠶ᠎ᠶ᠋ᠢᠨ ᠱᠢᠰᠲ᠋ᠧᠮ᠎ᠲᠠᠢ ᠬᠣᠯᠪᠣᠭ᠍ᠳᠠᠨ᠂ ᠭᠤᠤᠯᠢ ᠵᠢᠨ ᠱᠠᠭᠠᠵᠠᠩ ᠰᠠᠪᠠ᠎ᠶ᠋ᠢᠨ ᠳᠣᠲᠣᠷᠠᠬᠢ ᠬᠣᠪᠣᠷ ᠨᠠᠨᠳᠢᠨ ᠵᠦᠶ᠋ᠯᠡᠰ᠎ᠢ ᠢᠯᠡᠷᠡᠭᠦᠯᠵᠡᠶ》 ᠭᠡᠵᠦ ᠴᠧᠨ ᠶᠦᠩ ᡁᠢ ᠬᠡᠯᠡᠨ᠎ᠡ᠂ ᠡᠭᠦᠨ᠎ᠳᠦ ᠤᠯᠠᠭᠠᠨ ᠬᠤᠸᠠᠷ ᠲᠠᠢ ᠨᠠᠷᠢᠨ ᠬᠦᠵᠦᠭᠦᠦ ᠲᠠᠢ ᠱᠠᠭᠠᠵᠠᠩ ᠯᠣᠩᠬᠣ᠂ ᠵᠢᠶᠦ᠋ᠨ ᠶᠤᠤ ᠵᠢᠨ ᠤᠭᠤᠷᠬᠠᠢ ᠵᠢᠨ ᠬᠦᠯᠢᠰ᠂ ᠵᠢᠩ ᠳ᠋ᠸ ᠵᠧᠨ᠎ᠤ ᠤᠭᠤᠷᠬᠠᠶ᠎ᠶ᠋ᠢᠨ ᠬᠦᠬᠡ ᠬᠤᠸᠠᠷ ᠲᠠᠢ ᠥᠨᠳᠥᠷ ᠬᠥᠯᠲᠦ ᠬᠤᠨᠳᠠᠭ᠎ᠠ᠂ ᠬᠥᠬᠡ ᠬᠤᠸᠠᠷ ᠲᠠᠢ ᠴᠣᠮᠣ᠂ ᠬᠥᠬᠡ ᠬᠤᠸᠠᠷ ᠲᠠᠢ ᠠᠯᠢᠮ᠎ᠠ ᠬᠡᠯᠪᠡᠷᠢᠲᠦ ᠳᠡᠪᠦᠷ᠎ᠡ᠂ ᠯᠦᠩ ᠴᠢᠤᠸᠠᠨ ᠤᠭᠤᠷᠬᠠᠢ᠎ᠶ᠋ᠢᠨ ᠭᠤᠷᠪᠠᠨ ᠬᠥᠯᠲᠦ ᠬᠤᠨᠳᠠᠭ᠎ᠠ ᠵᠡᠷᠭᠡ 61 ᠱᠠᠭᠠᠵᠠᠩ ᠰᠠᠪᠠ ᠪᠣᠯ ᠬᠠᠮᠤᠭ᠎ᠤᠨ ᠴᠢᠬᠤᠯᠠ ᠬᠠᠳᠠᠭᠠᠯᠠᠵᠤ ᠪᠠᠢᠭ᠎ᠠ ᠡᠳ᠋ ᠪᠣᠯᠤᠨ᠎ᠠ᠃《ᠡᠳᠡᠭᠡᠷ ᠱᠠᠭᠠᠵᠠᠩ ᠰᠠᠪᠠ᠎ᠶ᠋ᠢ ᠤᠷᠠᠨ ᠨᠠᠷᠢᠯᠢᠭ ᠵᠤᠬᠢᠶᠠᠵᠤ᠂ ᠥᠩᠭᠡ ᠪᠤᠳᠤᠭ ᠨᠢ ᠴᠦ᠍ ᠮᠠᠰᠢ ᠰᠠᠢᠨ᠂ ᠬᠥᠬᠡ ᠬᠤᠸᠠᠷ ᠲᠠᠢ ᠱᠠᠭᠠᠵᠠᠩ᠂ ᠤᠯᠠᠭᠠᠨ ᠬᠤᠸᠠᠷ ᠲᠠᠢ ᠱᠠᠭᠠᠵᠠᠩ᠂ ᠴᠠᠭᠠᠨ ᠱᠠᠭᠠᠵᠠᠩ᠂ ᠬᠥᠬᠡ ᠱᠠᠭᠠᠵᠠᠩ᠂ ᠬᠠᠷ᠎ᠠ ᠱᠠᠭᠠᠵᠠᠩ ᠵᠡᠷᠭᠡ ᠡᠯ᠎ᠡ ᠲᠥᠷᠥᠯ᠎ᠦᠨ ᠪᠦᠲᠦᠭᠡᠭ᠌ᠳᠡᠬᠦᠨ ᠪᠦᠷ ᠪᠠᠢᠵᠤ᠂ ᠶᠤᠸᠠᠨ ᠤᠯᠤᠰ᠎ᠤᠨ ᠦᠶ᠎ᠡ ᠵᠢᠨ ᠱᠠᠭᠠᠵᠠᠩ ᠰᠠᠪᠠ ᠬᠢᠬᠦ ᠳᠡᠭᠡᠳᠦ ᠤᠷ᠎ᠠ ᠮᠡᠷᠭᠡᠵᠢᠯ᠎ᠢ ᠲᠦᠯᠦᠭᠡᠯᠡᠵᠦ ᠪᠠᠢᠨ᠎ᠠ 》 ᠭᠡᠵᠦ ᠴᠸᠨ ᠶᠦᠩ ᡁᠢ ᠶᠠᠷᠢᠵᠦ ᠪᠠᠢᠯ᠎ᠠ᠃

2003 ᠣᠨ᠎ᠳᠤ ᠶᠤᠸᠠᠨ ᠤᠯᠤᠰ᠎ᠤᠨ ᠦᠶ᠎ᠡ᠎ᠶ᠋ᠢᠨ ᠵᠢᠨᠢᠩ ᠴᠦᠯᠭᠡ᠎ᠶ᠋ᠢᠨ ᠡᠷᠲᠡᠨ᠎ᠦ ᠬᠣᠲᠠ ᠲᠤᠬᠠᠢ᠎ᠶ᠋ᠢᠨ ᠵᠢᠯ᠎ᠦᠨ ᠪᠦᠬᠦ᠌ ᠤᠯᠤᠰ᠎ᠤᠨ ᠬᠠᠭᠤᠴᠢ ᠰᠤᠳᠤᠯᠤᠯ᠎ᠤᠨ 10 ᠱᠢᠨ᠎ᠡ ᠢᠯᠡᠷᠡᠭᠦᠯᠦᠯᠲᠡ᠎ᠶ᠋ᠢᠨ ᠨᠢᠭᠡ ᠪᠤᠯᠵᠠᠢ᠃

ᠶᠤᠸᠠᠨ ᠎ᠤ ᠬᠥᠬᠡ ᠬᠤᠸᠠᠷ ᠲᠠᠶ ᠱᠠᠭᠠᠵᠠᠩ ᠎ᠤᠨ ᠰᠢᠲᠠᠭᠠᠵᠤ ᠦᠢᠯᠡᠳᠦᠭᠰᠡᠨ ᠴᠠᠭ᠎ᠢ ᠲᠤᠳᠤᠷᠬᠠᠢᠯᠠᠪᠠ

ᠶᠤᠸᠠᠨ᠎ᠤ ᠬᠥᠬᠡ ᠬᠤᠸᠠᠷ ᠲᠠᠢ ᠱᠠᠭᠠᠵᠠᠩ ᠰᠠᠪᠠ ᠶᠡᠷᠦ᠍᠎ᠡᠴᠡ ᠬᠣᠪᠣᠷ ᠨᠠᠨᠳᠢᠨ ᠪᠠᠢᠳᠠᠭ᠃

ᠶᠠᠭᠠᠬᠢᠭᠠᠳ ᠪᠤᠢ?

ᠦᠯᠡᠳᠡᠭ᠌ᠳᠡᠵᠦ ᠢᠷᠡᠭᠰᠡᠨ ᠨᠢ ᠴᠥᠭᠡᠨ ᠪᠠᠢᠳᠠᠭ ᠪᠤᠯ ᠲᠡᠷᠢᠭᠦᠨ ᠰᠢᠯᠲᠠᠭᠠᠨ ᠪᠤᠯᠤᠨ᠎ᠠ᠂ ᠣᠳᠣᠬᠠᠨ᠎ᠳᠤ ᠤᠯᠤᠰ᠎ᠤᠨ ᠳᠣᠲᠣᠭᠠᠳᠤ ᠭᠠᠳᠠᠭᠠᠳᠤ᠎ᠳᠤ 400 ᠬᠦᠷᠬᠦ᠌ ᠦᠭᠡᠶ ᠪᠠᠢᠨ᠎ᠠ;ᠡᠭᠦᠨ ᠡᠴᠡ ᠭᠠᠳᠠᠨ᠎ᠠ ᠪᠠᠷᠠᠭᠤᠨ ᠠᠽᠢᠶ᠎ᠠ ᠡᠴᠡ ᠭᠠᠷᠤᠯᠲᠠ᠎ᠲᠠᠶ ᠬᠥᠬᠡ ᠬᠤᠸᠠᠷ᠎ᠤᠨ ᠪᠤᠳᠤᠭ᠎ᠤᠨ ᠮᠠᠲᠸᠷᠢᠶᠠᠯ ᠪᠤᠯᠬᠤ ᠺᠣᠪᠠᠯᠲ ᠬᠣᠪᠣᠷ ᠴᠤᠬᠠᠭ;ᠬᠡ ᠤᠭᠠᠯᠵᠠ ᠨᠢ ᠲᠠᠩ ᠰᠦᠩ ᠤᠯᠤᠰ᠎ᠤᠨ ᠬᠢ ᠡᠴᠡ ᠨᠠᠩ ᠨᠠᠷᠢᠯᠢᠭ ᠭᠤᠶᠤ ᠪᠤᠯᠵᠠᠢ;ᠰᠢᠯ ᠪᠤᠳᠤᠭ ᠨᠢ ᠣᠨᠴᠠᠭᠠᠢ᠂ ᠳᠠᠭᠤᠷᠢᠶᠠᠵᠤ ᠳᠡᠢᠯᠬᠦ᠌ ᠦᠭᠡᠢ ᠪᠠᠢᠳᠠᠭ᠃

ᠵᠢᠨᠢᠩ ᠴᠦᠯᠭᠡ ᠵᠢᠨ ᠡᠷᠲᠡᠨ᠎ᠦ ᠬᠣᠲᠠ᠎ᠶ᠋ᠢᠨ ᠪᠠᠭᠤᠷᠢ᠎ᠶ᠋ᠢ ᠮᠠᠯᠲᠠᠬᠤ ᠶᠠᠪᠤᠴᠠ᠎ᠳᠤ ᠨᠡᠢᠲᠡ 9 ᠱᠠᠭᠠᠵᠠᠩ ᠰᠠᠪᠠ ᠵᠢᠨ ᠵᠣᠭᠣᠷᠢ᠎ᠶ᠋ᠢ ᠢᠯᠡᠷᠡᠭᠦᠯᠵᠦ᠍᠂ ᠬᠥᠬᠡ ᠬᠤᠸᠠᠷ ᠲᠠᠢ ᠱᠠᠭᠠᠵᠠᠩ ᠰᠠᠪᠠ ᠵᠢ 8 ᠤᠯᠤᠭᠠᠳ ᠪᠦᠬᠦᠢᠯᠡ ᠬᠠᠭᠤᠴᠢ ᠰᠤᠳᠤᠯᠤᠯ᠎ᠤᠨ ᠢᠯᠡᠷᠡᠭᠦᠯᠦᠯᠲᠠ ᠵᠢᠨ ᠬᠢᠯᠠᠰ ᠴᠡᠭ ᠪᠣᠯᠤᠭ᠍ᠰᠠᠨ ᠪᠠᠢᠨ᠎ᠠ᠃ ᠡᠭᠦᠨ᠎ᠳᠦ 30 ᠭᠠᠷᠤᠢ ᠲᠠᠰᠤᠯᠭ᠎ᠠ ᠪᠠᠢᠱᠢᠩ᠎ᠲᠠᠶ ᠪᠠᠶᠠᠨ ᠠᠢᠯ᠎ᠤᠨ ᠬᠢ ᠡᠴᠡ  ᠵᠢᠩ ᠳ᠋ᠸ ᠵᠧᠨ᠎ᠦ ᠤᠭᠤᠷᠬᠠᠢ᠎ᠶ᠋ᠢᠨ ᠪᠦᠷᠢᠨ ᠪᠦᠲᠦᠨ ᠥᠨᠳᠥᠷ ᠬᠥᠯᠲᠦ ᠬᠤᠨᠳᠠᠭ᠎ᠠ᠎ᠶ᠋ᠢ 6 ᠢᠯᠡᠷᠡᠭᠦᠯᠪᠡ᠂ ᠡᠨᠡ ᠪᠣᠯ ᠣᠳᠣᠬᠠᠨ᠎ᠳᠤ ᠶᠤᠸᠠᠨ᠎ᠤ ᠦᠶ᠎ᠡ᠎ᠶ᠋ᠢᠨ ᠥᠨᠳᠥᠷ ᠬᠥᠯᠲᠦ ᠬᠤᠨᠳᠠᠭ᠎ᠠ᠎ᠶ᠋ᠢ ᠬᠠᠮᠤᠭ ᠠᠷᠪᠢᠨ ᠮᠠᠯᠲᠠᠵᠤ ᠭᠠᠷᠭᠠᠭ᠍ᠰᠠᠨ ᠵᠣᠭᠣᠷᠢ ᠪᠠᠢᠵᠤ᠂ ᠲᠤᠬᠠᠢ᠎ᠶ᠋ᠢᠨ ᠲᠠᠯᠠᠪᠠᠢ᠎ᠶ᠋ᠢᠨ ᠪᠤᠢ ᠪᠦᠬᠦᠢ ᠬᠠᠭᠤᠴᠢ ᠰᠤᠳᠤᠯᠤᠭ᠍ᠴᠢᠳ᠎ᠢ ᠰᠣᠴᠢᠭᠠᠬᠰᠠᠨ ᠪᠠᠢᠨ᠎ᠠ᠃

ᠡᠲᠡᠭᠡᠷ ᠤᠨ ᠵᠢᠯ ᠪᠠ ᠨᠡᠷ᠎ᠡ ᠴᠤᠯᠠ ᠵᠢ ᠲᠠᠮᠲᠡᠭᠯᠡᠵᠦ ᠪᠠᠢᠭ᠎ᠠ ᠱᠠᠭᠠᠵᠠᠩ ᠰᠠᠪᠠ᠎ᠶ᠋ᠢ ᠮᠠᠯᠲᠠᠨ ᠭᠠᠷᠭᠠᠭ᠍ᠰᠠᠨ ᠨᠢ ᠬᠣᠪᠣᠷ ᠨᠠᠨᠳᠢᠨ ᠪᠠᠢᠳᠠᠭ ᠡᠴᠡ ᠭᠠᠳᠠᠨ᠎ᠠ᠂ ᠡᠷᠳᠡᠮ ᠱᠢᠨᠵᠢᠯᠡᠭᠡᠨ᠎ᠦ ᠬᠢᠨ᠎ᠤ ᠶᠡᠷᠦ᠍᠎ᠳᠡᠭᠡᠨ ᠶᠤᠸᠠᠨ᠎ᠤ ᠬᠥᠬᠡ ᠬᠤᠸᠠᠷ ᠲᠠᠢ ᠱᠠᠭᠠᠵᠠᠩ ᠰᠠᠪᠠ ᠵᠢ ᠰᠢᠲᠠᠭᠠᠵᠦ ᠦᠢᠯᠡᠳᠦᠭᠰᠡᠨ ᠨᠢ ᠶᠤᠸᠠᠨ ᠤᠯᠤᠰ᠎ᠤᠨ ᡁᠢ ᠵᠧᠩ᠎ᠦᠨ ᠦᠶ᠎ᠡ᠂ ᠳᠠᠷᠤᠶ 14 ᠳ᠋ᠤᠭᠡᠷ ᠵᠠᠭᠤᠨ᠎ᠤ ᠳᠤᠮᠳᠠᠴᠢ ᠦᠶ᠎ᠡ ᠭᠡᠵᠦ᠍ ᠦᠵᠡᠵᠡᠭᠡᠵᠦ ᠪᠠᠢᠬᠰᠠᠨ ᠦᠵᠡᠯᠲᠡ ᠵᠢ ᠨᠢᠴᠤᠭᠠᠭᠰᠠᠨ ᠪᠠᠢᠨ᠎ᠠ᠃

《ᠵᠢᠨᠢᠩ ᠴᠦᠯᠭᠡ ᠵᠢᠨ ᠡᠷᠲᠡᠨ᠎ᠦ ᠬᠣᠲᠠ᠎ᠶ᠋ᠢᠨ ᠪᠠᠭᠤᠷᠢ ᠡᠴᠡ ᠮᠠᠯᠲᠠᠵᠤ ᠭᠠᠷᠭᠠᠭ᠍ᠰᠠᠨ ᠬᠥᠬᠡ ᠬᠤᠸᠠᠷ ᠲᠠᠢ ᠱᠠᠭᠠᠵᠠᠩ ᠰᠠᠪᠠ᠎ᠶ᠋ᠢ ᠬᠡᠯᠪᠡᠷᠢ᠂ ᠱᠢᠯ ᠪᠤᠳᠤᠭ᠎ᠤᠨ ᠥᠩᠭᠡ ᠴᠢᠮᠡᠭ᠌ᠯᠡᠯ ᠵᠢᠴᠢ ᠵᠢᠷᠤᠭ᠎ᠤᠨ ᠰᠡᠳᠭᠢᠮᠵᠢ ᠵᠡᠷᠭᠡ ᠣᠯᠠᠨ ᠲᠠᠯ᠎ᠠ ᠡᠴᠡ ᠦᠵᠡᠪᠡᠯ ᠱᠢᠲᠠᠭᠠᠨ ᠦᠶ᠋ᠯᠡᠳᠬᠦ᠌ ᠮᠡᠷᠭᠡᠵᠢᠯ ᠨᠢ ᠨᠢᠭᠡᠨᠲᠡ ᠨᠡᠯᠢᠶᠡᠳ ᠪᠣᠯᠪᠠᠰᠤᠷᠠᠩᠭᠤᠶ ᠪᠣᠯᠵᠠᠶ》 ᠭᠡᠵᠦ᠍ ᠴᠧᠨ ᠶᠦᠩ ᡁᠢ ᠬᠡᠯᠡᠨ᠎ᠡ᠃

ᠲᠡᠦᠬᠡᠨ ᠮᠠᠲ᠋ᠧᠷᠢᠶᠠᠯ᠎ᠳᠤ ᠲᠡᠮᠳᠡᠭ᠌ᠯᠡᠭ᠌ᠰᠡᠨ᠎ᠢᠶᠡᠷ᠂ 1351 ᠎ᠤᠨ(ᠶᠤᠸᠠᠨ ᠤᠯᠤᠰ᠎ᠤᠨ ᡁᠢ ᠵᠧᠩ᠎ᠦᠨ ᠠᠷᠪᠠᠨ ᠨᠢᠭᠡᠳᠦᠭᠡᠷ ᠤᠨ)ᠳ᠋ᠤ ᠶᠤᠸᠠᠨ ᠤᠯᠤᠰ ᠲᠦ᠍ ᠤᠯᠠᠭᠠᠨ ᠠᠯᠴᠢᠭᠤᠷᠳᠠᠨ᠎ᠤ ᠴᠡᠷᠢᠭ ᠪᠣᠰᠣᠯᠭ᠎ᠠ ᠡᠭᠦᠰᠦᠭᠰᠡᠨ᠎ᠤ ᠳᠠᠷᠠᠭ᠎ᠠ ᠪᠦᠬᠦ᠌ ᠤᠯᠤᠰ᠎ᠤᠨ ᠡᠯ᠎ᠡ ᠭᠠᠵᠠᠷ᠎ᠲᠤ ᠲᠠᠷᠢᠶᠠᠴᠢᠨ᠎ᠤ ᠪᠣᠰᠣᠯᠭ᠎ᠠ ᠰᠦᠷ ᠳᠠᠯᠠᠢᠴᠠᠲᠠᠶ ᠥᠷᠨᠢᠵᠡᠶ᠃ 1352 ᠣᠨ᠎ᠳᠤ ᠬᠥᠬᠡ ᠬᠤᠸᠠᠷ ᠲᠠᠢ ᠱᠠᠭᠠᠵᠠᠩ᠎ᠰᠠᠪᠠ ᠦᠢᠯᠡᠳᠪᠦᠷᠢᠯᠡᠵᠦ᠍ ᠪᠠᠢᠭ᠍ᠰᠠᠨ ᠵᠢᠶᠠᠩᠰᠢ᠎ᠶ᠋ᠢᠨ ᠵᠢᠩ ᠳ᠋ᠸ ᠵᠧᠨ ᠪᠠᠯᠭᠠᠰᠤ ᠴᠦ᠍ ᠳᠠᠭᠠᠷᠢᠭᠳᠠᠨ ᠰᠦᠢᠳᠪᠡ᠂ ᠨᠡᠢᠲᠡ᠎ᠶ᠋ᠢᠨ ᠤᠨ ᠲᠣᠭᠠᠯᠠᠯ᠎ᠤᠨ 1354 ᠤᠨ(ᠶᠤᠸᠠᠨ ᠤᠯᠤᠰ᠎ᠤᠨ ᡁᠢ ᠵᠧᠩ᠎ᠦᠨ ᠠᠷᠪᠠᠨ ᠳᠥᠷᠪᠡᠳᠦᠭᠡᠷ ᠤᠨ) ᠎ᠪᠣᠯᠬᠤ᠎ᠳᠤ ᠶᠤᠸᠠᠨ ᠤᠯᠤᠰ᠎ᠤᠨ ᠵᠢᠶᠠᠩᠰᠢ᠎ᠶ᠋ᠢᠨ ᠡᠯ᠎ᠡ ᠭᠠᠵᠠᠷ᠎ᠲᠠᠬᠢ ᠵᠠᠰᠠᠭ ᠨᠢ ᠵᠠᠯᠭᠠᠪᠡᠷ ᠨᠤᠷᠠᠭᠰᠠᠨ ᠪᠠᠢᠨ᠎ᠠ᠃

 《ᠲᠥᠪ ᠵᠠᠰᠠᠭ᠎ᠤᠨ ᠬᠦᠴᠦᠲᠡᠶ ᠬᠠᠮᠢᠶᠠᠷᠤᠯᠲᠠ ᠪᠠ ᠲᠣᠭ᠍ᠲᠠᠭᠤᠨ ᠨᠡᠢᠭᠡᠮ᠎ᠦᠨ ᠡᠮᠬᠢ ᠲᠢᠭᠯᠢᠮ᠂ ᠦᠶ᠋ᠯᠡᠳᠪᠦᠷᠢᠯᠡᠯ᠎ᠦᠨ ᠡᠮᠬᠢ ᠲᠢᠭᠯᠢᠮ ᠪᠠᠢᠬᠤ ᠥᠬᠡᠶ ᠪᠣᠯ ᠴᠢᠨᠠᠷ ᠰᠠᠢᠲᠠᠶ ᠬᠥᠬᠡ ᠬᠤᠸᠠᠷ ᠲᠠᠢ ᠱᠠᠭᠠᠵᠠᠩ ᠰᠠᠪᠠ ᠵᠢ ᠱᠢᠲᠠᠭᠠᠨ ᠦᠶ᠋ᠯᠡᠳᠴᠦ᠍ ᠴᠢᠳᠠᠬᠤ ᠥᠬᠡᠶ᠂ ᠢᠯᠠᠩᠭᠤᠶ᠎ᠠ ᠴᠢᠨᠠᠷ ᠰᠠᠢᠲᠠᠶ ᠬᠥᠬᠡ ᠬᠤᠸᠠᠷ ᠲᠠᠢ ᠱᠠᠭᠠᠵᠠᠩ᠎ᠰᠠᠪᠠ ᠵᠢ ᠱᠢᠲᠠᠭᠠᠨ ᠦᠶ᠋ᠯᠡᠳᠬᠦ᠌᠎ᠳᠦ ᠬᠡᠷᠡᠭ᠌ᠰᠡᠬᠦ᠌ ᠺᠣᠪᠠᠯᠲ᠎ᠢ ᠡᠷᠬᠡᠪᠰᠢ ᠪᠠᠷᠠᠭᠤᠨ ᠠᠽᠢᠶ᠎ᠠ ᠡᠴᠡ ᠣᠷᠣᠭᠤᠯᠬᠤ ᠬᠡᠷᠡᠭ᠌ᠲᠡᠶ᠂ ᠲᠡᠢᠨ ᠳᠠᠵᠢᠨ ᠨᠢ ᠲᠦᠭᠦᠬᠡᠶ ᠮᠠᠲ᠋ᠧᠷᠢᠶᠠᠯ᠎ᠤᠨ ᠬᠠᠩᠭᠠᠯᠭ᠎ᠠ᠎ᠳᠤ ᠵᠠᠢᠯᠠᠰᠢ ᠥᠬᠡᠶ ᠬᠦᠴᠢᠷᠳᠡᠯ ᠤᠴᠠᠷᠠᠭᠤᠯᠬᠤ ᠨᠢ ᠶᠠᠷᠢᠶᠠᠨ ᠦᠭᠡᠢ ᠶᠤᠮ》ᠭᠡᠵᠦ ᠴᠧᠨ ᠶᠦᠩ ᡁᠢ ᠶᠠᠷᠢᠨ᠎ᠠ᠂ ᠲᠤᠬᠠᠶ᠎ᠶ᠋ᠢᠨ ᠦᠶ᠎ᠡ᠎ᠳᠦ ᠡᠯ᠎ᠡ ᠭᠠᠵᠠᠷ ᠲᠦ᠍ ᠲᠠᠷᠢᠶᠠᠴᠢᠨ᠎ᠤ ᠪᠣᠰᠣᠯᠭ᠎ᠠ᠎ᠡᠭᠦᠰᠦᠭᠡᠳ ᠡᠮᠦᠨᠡᠲᠦ ᠤᠮᠠᠷᠠᠲᠤ᠎ᠶ᠋ᠢᠨ ᠵᠠᠮ ᠬᠠᠷᠢᠯᠴᠠᠭ᠎ᠠ ᠲᠠᠰᠤᠯᠤᠭ᠍ᠳᠠᠵᠤ᠂ ᠡᠳᠡᠭᠡᠷ ᠬᠣᠪᠣᠷ ᠬᠡᠪᠡᠷᠡᠭ ᠬᠥᠬᠡ ᠬᠤᠸᠠᠷ ᠲᠠᠶ ᠱᠠᠭᠠᠵᠠᠩ ᠰᠠᠪᠠ᠎ᠶ᠋ᠢ ᠳᠠᠢᠨ ᠳᠠᠵᠢᠨ᠎ᠤ ᠳᠤᠮᠳᠠ ᠤᠮᠠᠷᠠᠲᠤ ᠣᠷᠣᠨ᠎ᠳᠤ ᠪᠠᠢᠭ᠎ᠠ ᠵᠢᠨᠢᠩ ᠴᠦᠯᠭᠡ᠎ᠳᠤ ᠵᠥᠭᠡᠭᠡᠪᠦᠷᠢᠯᠡᠬᠦ᠎ᠳᠦ ᠮᠠᠰᠢ ᠬᠦᠴᠢᠷ ᠪᠤᠯᠬᠤ ᠨᠢ ᠶᠠᠷᠢᠶᠠᠨ ᠦᠭᠡᠢ᠃

ᠴᠧᠨ ᠶᠦᠩ ᡁᠢ ᠵᠢᠨ ᠬᠡᠯᠡᠬᠦ᠌᠎ᠪᠡᠷ᠂ ᠵᠢᠩ ᠳ᠋ᠸ ᠵᠧᠨ ᠪᠠᠯᠭᠠᠰᠤ ᠡᠴᠡ ᠭᠣᠪᠢ᠎ᠶ᠋ᠢᠨ ᠡᠮᠦᠨᠡᠬᠢ ᠲᠠᠯ᠎ᠠ ᠨᠤᠲᠤᠭ ᠲᠡᠬᠢ ᠵᠢᠨᠢᠩ ᠴᠦᠯᠭᠡ ᠬᠦᠷᠲᠡᠯ᠎ᠡ ᠬᠡᠳᠦᠨ ᠮᠢᠩᠭᠠᠨ ᠺᠢᠯᠣᠮᠧᠲ᠋ᠷ ᠬᠤᠯᠠ ᠪᠠᠢᠵᠤ᠂ ᠵᠠᠮ ᠨᠢ ᠴᠦ᠍ ᠡᠩᠬᠦᠯ ᠳᠤᠩᠬᠤᠯ ᠪᠤᠯᠬᠤᠷ ᠠᠳᠠᠭ᠎ᠲᠠᠭᠠᠨ ᠭᠤᠷᠪᠠ ᠡᠴᠡ ᠲᠠᠪᠤᠨ ᠵᠢᠯ᠎ᠦᠨ ᠴᠠᠭ ᠬᠡᠷᠡᠭ᠌ᠰᠡᠨ᠎ᠡ᠂ ᠳᠠᠬᠢᠨ ᠵᠢᠨᠢᠩ ᠴᠦᠯᠭᠡ ᠵᠢᠨ ᠡᠷᠲᠡᠨ᠎ᠦ ᠬᠣᠲᠠ᠎ᠶ᠋ᠢᠨ ᠪᠠᠭᠤᠷᠢ ᠡᠴᠡ ᠮᠠᠯᠲᠠᠵᠤ ᠭᠠᠷᠭᠠᠭ᠍ᠰᠠᠨ ᠤᠨ ᠵᠢᠯ᠎ᠢ ᠲᠠᠮᠲᠡᠭᠯᠡᠭᠰᠡᠨ ᠱᠠᠭᠠᠵᠠᠩ ᠰᠠᠪᠠ᠎ᠲᠠᠶ ᠤᠶᠠᠯᠳᠤᠭᠤᠯᠪᠠᠯ᠂ ᠬᠠᠮᠤᠭ᠎ᠤᠨ ᠣᠷᠣᠶ᠎ᠳᠠᠭᠠᠨ ᡁᠢ ᠵᠧᠩ᠎ᠦᠨ ᠲᠡᠷᠢᠭᠦᠨ ᠤᠨ ᠪᠣᠯᠤᠨ᠎ᠠ᠃ ᠡᠭᠦᠨ ᠡᠴᠡ ᠮᠠᠭᠠᠳᠯᠠᠪᠠᠯ᠂ ᠡᠨᠡ ᠪᠦᠯᠦᠭ ᠤᠷ᠎ᠠ ᠮᠡᠷᠭᠡᠵᠢᠯ ᠪᠤᠯᠪᠠᠰᠤᠷᠠᠩᠭᠤᠢ ᠪᠤᠯᠤᠭᠰᠠᠨ ᠶᠤᠸᠠᠨ᠎ᠤ ᠬᠥᠬᠡ ᠬᠤᠸᠠᠷ ᠲᠠᠢ ᠱᠠᠭᠠᠵᠠᠩ ᠰᠠᠪᠠ ᠵᠢ 1341 ᠤᠨ  ( ᠶᠤᠸᠠᠨ ᠤᠯᠤᠰ᠎ᠤᠨ ᡁᠢ ᠵᠧᠩ᠎ᠦᠨ ᠲᠡᠷᠢᠭᠦᠨ ᠤᠨ ) ᠎ᠡᠴᠡ ᠡᠮᠦᠨ᠎ᠡ᠂ ᠪᠠᠷᠤᠭ 1313 ᠣᠨ᠎ᠤ ᠤᠷᠢᠳ ᠬᠣᠵᠢᠳ ( ᠶᠤᠸᠠᠨ ᠤᠯᠤᠰ᠎ᠤᠨ ᠶᠠᠨ ᠶᠢᠦ ᠵᠢᠨ ᠤᠨ᠎ᠤ ᠬᠣᠭᠣᠷᠣᠨᠳᠣ ) ᠦᠢᠯᠡᠳᠪᠦᠷᠢᠯᠡᠭ᠌ᠰᠡᠨ ᠭᠡᠨ᠎ᠡ᠃

《ᠱᠠᠭᠠᠵᠠᠩ ᠰᠠᠪᠠ᠎ᠶ᠋ᠢ ᠱᠢᠲᠠᠭᠠᠨ ᠦᠶ᠋ᠯᠡᠳᠬᠦ᠌ ᠮᠡᠷᠭᠡᠵᠢᠯ᠎ᠤᠨ ᠪᠣᠶ ᠪᠣᠯᠬᠤ᠂ ᠬᠥᠭ᠌ᠵᠢᠬᠦ᠌ ᠪᠠ ᠪᠣᠯᠪᠠᠰᠤᠷᠠᠬᠤ ᠶᠠᠪᠤᠴᠠ ᠲᠠᠢ ᠤᠶᠠᠯᠳᠤᠭᠤᠯᠤᠭᠠᠳ᠂ ᠶᠤᠸᠠᠨ᠎ᠤ ᠬᠥᠬᠡ ᠬᠤᠸᠠᠷ ᠲᠠᠢ ᠱᠠᠭᠠᠵᠠᠩ ᠰᠠᠪᠠ ᠵᠢ ᡁᠢ ᠶᠤᠸᠠᠨ᠎ᠤ ᠡᠬᠢᠨ᠎ᠦ ᠦᠶ᠎ᠡ᠎ᠳᠦ ᠰᠢᠲᠠᠭᠠᠵᠤ ᠦᠢᠯᠡᠳᠪᠦᠷᠢᠯᠡᠭᠰᠡᠨ ᠭᠡᠵᠦ ᠮᠠᠭᠠᠳᠯᠠᠵᠤ ᠪᠣᠯᠤᠨ᠎ᠠ 》  ᠭᠡᠵᠦ᠍ ᠴᠧᠨ ᠶᠦᠩ ᡁᠢ ᠬᠡᠯᠡᠪᠡ᠃

ᠵᠢᠨᠢᠩ ᠴᠦᠯᠭᠡ ᠵᠢᠨ ᠠᠷᠠᠯᠵᠢᠶᠠᠨ᠎ᠤ ᠬᠦᠭᠵᠢᠯ ᠴᠡᠴᠡᠭᠯᠡᠯ᠎ᠢ ᠭᠡᠷᠡᠴᠢᠯᠡᠪᠡ

《ᠥᠨᠳᠥᠷ ᠬᠥᠯᠲᠦ ᠬᠤᠨᠳᠠᠭ᠎ᠠ᠎ᠵᠢ ᠶᠡᠷᠦ᠎ᠳᠡᠭᠡᠨ ᠠᠷᠢᠬᠢ ᠤᠤᠭᠤᠬᠤ᠎ᠳᠤ ᠬᠡᠷᠡᠭᠯᠡᠳᠡᠭ᠂ ᠶᠤᠸᠠᠨ ᠤᠯᠤᠰ᠎ᠤᠨ ᠦᠶ᠎ᠡ ᠵᠢᠨ ᠦᠷᠭᠦᠯᠵᠢ ᠬᠡᠷᠡᠭ᠌ᠯᠡᠳᠡᠭ ᠰᠠᠪᠠ ᠪᠤᠯᠤᠨ᠎ᠠ᠃ ᠦᠨᠳᠦᠷ ᠬᠦᠯᠲᠦ ᠬᠤᠨᠳᠠᠭ᠎ᠠ ᠵᠢᠨ ᠬᠡᠯᠪᠡᠷᠢ ᠨᠢ ᠬᠡᠪᠰᠢᠭᠰᠡᠨ ᠪᠠᠢᠳᠠᠭ᠂ ᠱᠠᠭᠠᠵᠠᠩ ᠮᠠᠲᠸᠷᠢᠶᠠᠯ ᠡᠴᠡ ᠤᠨᠳᠤᠤ ᠪᠠᠰᠠ ᠪᠤᠰᠤᠳ ᠮᠠᠲ᠋ᠧᠷᠢᠶᠠᠯ᠎ᠤᠨ ᠥᠨᠳᠥᠷ ᠬᠥᠯᠲᠦ ᠬᠤᠨᠳᠠᠭ᠎ᠠ ᠪᠠᠢᠨ᠎ᠠ》 ᠃ ᠥᠪᠥᠷ ᠮᠣᠩᠭᠣᠯ᠎ᠤᠨ ᠮᠦᠽᠧᠶ᠎ᠶ᠋ᠢᠨ ᠬᠦᠷᠢᠶᠡᠯᠡᠩ᠎ᠤᠨ 《ᠠᠭᠤᠰᠤᠯᠴᠠᠯ᠎ᠤᠨ ᠷᠢᠳᠢ ᠱᠢᠳᠢ 》 ᠭᠡᠬᠦ ᠦᠵᠡᠭᠦᠯᠭᠡ ᠵᠢᠨ ᠤᠬᠠᠭᠠᠯᠠᠭᠴᠢ ᠵᠠᠩ ᠲᠦᠩ ᠰᠤᠳᠤᠯᠤᠭᠴᠢ᠄ 《ᠡᠨᠡ ᠬᠦ᠌ ᠥᠨᠳᠥᠷ ᠬᠥᠯᠲᠦ ᠬᠤᠨᠳᠠᠭᠠᠨ ᠳᠡᠭᠡᠷᠡᠬᠢ ᠭᠠᠷᠤᠳᠢ᠎ᠶ᠋ᠢᠨ ᠬᠡ ᠪᠣᠯ ᠳᠤᠮᠳᠠᠳᠤ᠎ᠶ᠋ᠢᠨ ᠤᠯᠠᠮᠵᠢᠯᠠᠯᠲᠤ ᠰᠣᠶᠣᠯ᠎ᠳᠡᠬᠢ ᠦᠷᠭᠦᠯᠵᠢ ᠬᠡᠷᠡᠭ᠌ᠯᠡᠳᠡᠭ ᠬᠡ ᠪᠤᠯᠤᠨ᠎ᠠ᠂ ᠶᠤᠸᠠᠨ ᠤᠯᠤᠰ᠎ᠤᠨ ᠦᠶ᠎ᠡ᠎ᠳᠦ ᠦᠷᠭᠦᠯᠵᠢ ᠬᠠᠷᠠᠭ᠍ᠳᠠᠳᠠᠭ ᠥᠨᠳᠥᠷ ᠬᠥᠯᠲᠦ ᠬᠤᠨᠳᠠᠭᠠᠨ ᠳᠡᠭᠡᠷ᠎ᠡ ᠢᠯᠡᠷᠡᠵᠦ᠍᠂ ᠳᠤᠮᠳᠠᠳᠤ ᠣᠷᠣᠨ᠎ᠤ ᠰᠣᠶᠣᠯ ᠪᠠ ᠤᠮᠠᠷᠠᠲᠤ᠎ᠶ᠋ᠢᠨ ᠨᠡᠭᠦᠳᠡᠯ ᠰᠣᠶᠣᠯ᠎ᠤᠨ ᠠᠭᠤᠰᠤᠯᠴᠠᠯ᠎ᠢ ᠬᠠᠷᠠᠭᠤᠯᠵᠤ ᠪᠠᠢᠨ᠎ᠠ 》 ᠭᠡᠵᠦ ᠲᠠᠢᠯᠪᠤᠷᠢᠯᠡᠨ᠎ᠠ᠃

ᠬᠣᠶᠠᠷ ᠵᠦᠶ᠋ᠯ᠎ᠦᠨ ᠠᠳᠠᠯᠢ ᠪᠤᠰᠤ ᠰᠣᠶᠣᠯ᠎ᠤᠨ ᠠᠭᠤᠰᠤᠯᠴᠠᠯ ᠨᠢ ᠱᠠᠭᠠᠵᠠᠩ ᠰᠠᠪᠠ ᠳᠡᠭᠡᠷ᠎ᠡ ᠢᠯᠡᠷᠡᠭᠰᠡᠨ᠎ᠡᠴᠡ ᠤᠨᠳᠤᠤ ᠪᠠᠰᠠ ᠶᠠᠮᠠᠷ ᠶᠠᠮᠠᠷ ᠲᠠᠯ᠎ᠠ ᠪᠡᠷ ᠢᠯᠡᠷᠡᠵᠦ ᠪᠠᠢᠬᠤ ᠪᠣᠶ? ᠬᠠᠭᠤᠴᠢ ᠰᠤᠳᠤᠯᠤᠯ᠎ᠤᠨ ᠠᠭᠠᠵᠢᠮ᠎ᠢᠶᠠᠷ ᠭᠦᠨᠵᠡᠭᠡᠢᠷᠡᠬᠦ᠌᠎ᠶ᠋ᠢ ᠳᠠᠭᠠᠯᠳᠤᠨ᠂ ᠠᠷᠠᠯᠵᠢᠶ᠎ᠠ ᠬᠤᠳᠠᠯᠳᠤᠭ᠎ᠠ ᠴᠡᠴᠡᠭ᠌ᠯᠡᠨ ᠬᠥᠭ᠌ᠵᠢᠵᠤ᠂ ᠳᠡᠭᠡᠳᠦ ᠬᠡᠮᠵᠢᠶ᠎ᠡ᠎ᠪᠡᠷ ᠠᠭᠤᠰᠤᠯᠴᠠᠭ᠍ᠰᠠᠨ ᠶᠤᠸᠠᠨ ᠤᠯᠤᠰ᠎ᠤᠨ ᠬᠣᠲᠠ ᠣᠯᠠᠨ᠎ᠤ ᠡᠮᠦᠨ᠎ᠡ ᠢᠯᠡᠷᠡᠪᠡ᠃

ᠲᠡᠦᠬᠡᠨ ᠮᠠᠲ᠋ᠧᠷᠢᠶᠠᠯ᠎ᠳᠤ ᠲᠡᠮᠳᠡᠭ᠌ᠯᠡᠭ᠌ᠰᠡᠨ᠎ᠢᠶᠡᠷ᠂ ᠶᠤᠸᠠᠨ ᠤᠯᠤᠰ ᠪᠦᠬᠦ᠌ ᠤᠯᠤᠰ᠎ᠢ ᠨᠢᠭᠡᠳᠭᠡᠭ᠌ᠰᠡᠨ᠎ᠦ ᠳᠠᠷᠠᠭ᠎ᠠ᠂ ᠵᠠᠬᠢᠷᠭᠠᠨ ᠮᠤᠵᠢ᠎ᠶ᠋ᠢᠨ ᠳᠦᠷᠢᠮ᠎ᠢ ᠬᠡᠷᠡᠭ᠌ᠵᠢᠭᠦᠯᠵᠦ᠍᠂ ᠳᠣᠣᠷ᠎ᠠ᠎ᠪᠠᠨ ᠴᠦᠯᠭᠡ᠂ ᠹᠦ᠋᠂ ᠵᠧᠸ᠋᠂ ᠱᠢᠶᠠᠨ ᠪᠠᠢᠭᠤᠯᠵᠤ᠂ ᠪᠦᠬᠦ᠌ ᠤᠯᠤᠰ᠎ᠲᠤ ᠭᠠᠵᠠᠷ ᠣᠷᠣᠨ᠎ᠢᠶᠠᠷ ᠨᠢ ᠠᠷᠪᠠᠨ ᠨᠢᠭᠡᠨ ᠮᠤᠵᠢ ᠪᠣᠯᠭᠠᠨ ᠬᠤᠪᠢᠶᠠᠵᠤ᠂ ᠮᠤᠨᠢ ᠠᠭᠤᠯᠠ ᠡᠴᠡ ᠬᠤᠢᠰᠢ ᠭᠤᠪᠢ ᠵᠢᠨ ᠤᠮᠠᠷ᠎ᠠ᠎ᠳᠡᠬᠢ ᠭᠠᠵᠠᠷ᠎ᠢ ᠳᠠᠪᠠᠭᠠᠨ ᠠᠷᠤ ᠵᠢᠨ ᠵᠠᠬᠢᠷᠭᠠᠨ ᠮᠤᠵᠢ ᠪᠣᠯᠭᠠᠵᠠᠶ᠃ 1192  ᠤᠨ ᠎ᠤ (ᠠᠯᠳᠠᠨ ᠤᠯᠤᠰ᠎ᠤᠨ ᠮᠢᠩ ᠴᠠᠩ᠎ᠤᠨ ᠭᠤᠷᠪᠠᠳᠤᠭᠠᠷ ᠤᠨ)ᠳ᠋ᠤ ᠪᠠᠢᠭᠤᠯᠤᠭ᠍ᠳᠠᠭ᠍ᠰᠠᠨ ᠵᠢᠨᠢᠩ ᠴᠦᠯᠭᠡ ᠵᠢᠨ ᠡᠷᠲᠡᠨ᠎ᠦ ᠬᠣᠲᠠ ᠶᠤᠸᠠᠨ ᠤᠯᠤᠰ᠎ᠤᠨ ᠦᠶ᠎ᠡ᠎ᠳᠦ ᠴᠦᠯᠭᠡ ᠵᠢᠨ ᠳᠡᠰ (ᠥᠨᠥᠳᠦᠷ᠎ᠦᠨ ᠲᠤᠰᠬᠠᠢ ᠤᠷᠤᠨ᠎ᠤ ᠳᠡᠰ᠎ᠲᠠᠶ ᠲᠡᠩᠴᠡᠨ᠎ᠡ)ᠲᠦ᠍ ᠳᠡᠪᠰᠢᠨ᠂ ᠤᠮᠠᠷᠠᠲᠤ ᠣᠷᠣᠨ᠎ᠤ ᠵᠦᠩᠶᠤᠸᠠᠨ᠎ᠤ ᠳᠣᠲᠣᠷ᠎ᠠ ᠭᠠᠵᠠᠷ᠎ᠲᠠᠶ ᠠᠷᠠᠯᠵᠢᠶ᠎ᠠ ᠮᠠᠢᠮᠠᠶ ᠬᠢᠳᠡᠭ ᠵᠠᠬ᠎ᠠ ᠳᠡᠯᠭᠡᠭᠦᠷ ᠪᠣᠯᠵᠠᠶ᠃

ᠮᠠᠯᠲᠠᠵᠤ ᠭᠠᠷᠭᠠᠭ᠍ᠰᠠᠨ ᠬᠣᠲᠠ᠎ᠶ᠋ᠢᠨ ᠬᠡᠷᠡᠮ᠎ᠦᠨ ᠪᠦᠲᠦᠴᠡ᠎ᠪᠡᠷ ᠬᠡᠮᠵᠢᠨ ᠪᠣᠳᠣᠪᠠᠯ᠂ ᠵᠢᠨᠢᠩ ᠴᠦᠯᠭᠡ ᠵᠢᠨ ᠡᠷᠲᠡᠨ᠎ᠦ ᠬᠣᠲᠠ᠎ᠶ᠋ᠢᠨ ᠬᠣᠢᠲᠤ ᠬᠡᠷᠡᠮ᠎ᠦᠨ ᠣᠷᠳᠣ ᠨᠢ 640 ᠮᠧᠲ᠋ᠷ᠂ ᠪᠠᠷᠠᠭᠤᠨ ᠬᠡᠷᠡᠮ᠎ᠦᠨ ᠣᠷᠳᠣ ᠨᠢ 940 ᠮᠧᠲ᠋ᠷ᠂ ᠤᠷᠳᠤ ᠳᠦᠷᠪᠡᠯᠵᠢᠨ ᠬᠡᠯᠪᠡᠷᠢ ᠲᠠᠢ ᠪᠠᠢᠵᠤ᠂ ᠬᠣᠲᠠ᠎ᠶ᠋ᠢᠨ ᠬᠡᠷᠡᠮ᠎ᠤᠨ ᠲᠠᠯᠠᠪᠠᠢ ᠨᠢ 60 ᠭᠠᠷᠤᠶ ᠲᠦᠮᠡᠨ ᠲᠡᠭ᠌ᠰᠢ ᠳᠥᠷᠪᠡᠯᠵᠢᠨ ᠮᠧᠲ᠋ᠷ ᠪᠠᠢᠨ᠎ᠠ᠃

ᠬᠣᠲᠠ᠎ᠶ᠋ᠢᠨ ᠪᠠᠭᠤᠷᠢ᠎ᠶ᠋ᠢᠨ ᠳᠤᠮᠳᠠ ᠪᠠᠷᠠᠭᠤᠨ ᠬᠡᠰᠡᠭ᠎ᠦᠨ ᠲᠥᠪ ᠣᠷᠣᠨ ᠪᠣᠯ ᠵᠢᠨᠢᠩ ᠴᠦᠯᠭᠡ ᠵᠢᠨ ᠡᠷᠲᠡᠨ᠎ᠦ ᠬᠣᠲᠠ᠎ᠶ᠋ᠢᠨ ᠲᠠᠸᠠᠷ᠎ᠤᠨ ᠠᠷᠠᠯᠵᠢᠶ᠎ᠠ ᠬᠢᠬᠦ᠌ ᠭᠤᠤᠯ ᠵᠠᠬ᠎ᠠ ᠳᠡᠯᠭᠡᠭᠦᠷ ᠪᠣᠯᠤᠨ᠎ᠠ᠃ ᠵᠠᠬ᠎ᠠ ᠳᠡᠯᠭᠡᠭᠦᠷ᠎ᠤᠨ ᠪᠠᠭᠤᠷᠢ ᠨᠢ ᠵᠡᠭᠦᠨᠰᠢ ᠪᠠᠷᠠᠭᠤᠨᠰᠢ 100 ᠮᠧᠲ᠋ᠷ᠂ ᠡᠮᠦᠨᠡᠰᠢ ᠤᠮᠠᠷᠠᠰᠢ 60 ᠮᠧᠲ᠋ᠷ ᠥᠷᠭᠡᠨ ᠪᠠᠢᠵᠤ᠂ ᠮᠠᠢᠮᠠᠢ ᠵᠢᠨ ᠭᠡᠷ ᠨᠢ ᠲᠣᠨᠣᠯᠵᠢᠨ ᠵᠡᠭᠡᠯᠢ᠎ᠶ᠋ᠢᠨ ᠬᠣᠶᠠᠷ ᠲᠠᠯ᠎ᠠ᠎ᠪᠠᠷ ᠲᠠᠷᠬᠠᠵᠤ᠂ ᠪᠦᠷ ᠡᠮᠦᠨᠡᠰᠢ ᠤᠮᠠᠷᠠᠰᠢ ᠴᠢᠭᠯᠡᠯ ᠲᠡᠢ ᠣᠯᠠᠨ ᠲᠠᠰᠤᠯᠭ᠎ᠠ᠎ᠲᠠᠶ ᠣᠯᠠᠨ ᠢᠵᠢ ᠪᠠᠢᠱᠢᠩ᠎ᠢᠶᠠᠷ ᠪᠦᠷᠢᠯᠳᠦᠵᠡᠶ᠃

ᠵᠢᠨᠢᠩ ᠴᠦᠯᠭᠡ ᠵᠢᠨ ᠡᠷᠲᠡᠨ᠎ᠦ ᠬᠣᠲᠠ᠎ᠶ᠋ᠢᠨ ᠪᠠᠭᠤᠷᠢ ᠡᠴᠡ ᠠᠷᠪᠢᠨ ᠱᠠᠭᠠᠵᠠᠩ ᠰᠠᠪᠠ ᠮᠠᠯᠲᠠᠨ ᠭᠠᠷᠭᠠᠭ᠍ᠰᠠᠨ ᠡᠴᠡ ᠭᠠᠳᠠᠨ᠎ᠠ᠂ ᠪᠠᠰᠠ ᠠᠷᠪᠢᠨ ᠡᠷᠲᠡᠨ᠎ᠦ ᠵᠣᠭᠣᠰ᠂ ᠬᠠᠢᠯᠤᠭᠤᠷ᠂ ᠵᠡᠰ᠎ᠦᠨ ᠱᠢᠭᠠᠷᠤ᠂ ᠪᠦᠮᠪᠦᠭᠡ᠂ ᠵᠠᠪᠠ᠂ ᠲᠡᠮᠦᠷ ᠬᠢᠲᠤᠭ᠎ᠠ᠂ ᠲᠡᠮᠦᠷ ᠬᠠᠳᠠᠭᠠᠰᠤ᠂ ᠠᠨᠵᠢᠰᠤ ᠨᠠᠷᠠᠭᠳᠠᠭᠤᠷ ᠠᠷᠴᠢᠭᠤᠷ ᠵᠢᠴᠢ ᠶᠠᠰᠤᠨ ᠰᠠᠪᠠ᠂ ᠠᠷᠠᠰᠤ ᠱᠢᠷᠢ ᠪᠣᠯᠪᠠᠰᠤᠷᠠᠭᠤᠯᠬᠤ ᠬᠡᠷᠡᠭ᠌ᠰᠡᠯ᠂ ᠦᠬᠡᠷ ᠮᠣᠷᠢᠨ᠎ᠤ ᠬᠡᠷᠡᠭ᠌ᠰᠡᠯ᠂ ᠵᠠᠰᠠᠯ ᠵᠢᠮᠰᠡᠭ ᠎ᠤᠨ ᠡᠳ᠋ᠯᠡᠯ  ᠬᠡᠷᠡᠭ᠌ᠰᠡᠯ ᠵᠡᠷᠭᠡ᠎ᠶ᠋ᠢ ᠮᠠᠯᠲᠠᠨ ᠭᠠᠷᠭᠠᠵᠠᠶ᠃ ᠶᠤᠸᠠᠨ ᠤᠯᠤᠰ᠎ᠤᠨ ᠦᠶ᠎ᠡ᠎ᠶ᠋ᠢᠨ ᠵᠢᠨᠢᠩ ᠴᠦᠯᠭᠡ᠎ᠶ᠋ᠢᠨ ᠡᠷᠲᠡᠨ᠎ᠦ ᠬᠣᠲᠠ ᠪᠣᠭᠣᠮᠲᠠ᠎ᠶ᠋ᠢᠨ ᠭᠠᠳᠠᠨᠠᠬᠢ ᠠᠷᠠᠯᠵᠢᠶᠠᠨ᠎ᠤ ᠬᠣᠲᠠ ᠪᠣᠯᠤᠭ᠍ᠰᠠᠨ᠎ᠤ ᠬᠤᠪᠢ᠎ᠳᠤ᠂ ᠬᠣᠲᠠ᠎ᠶ᠋ᠢᠨ ᠴᠢᠳᠠᠮᠵᠢ ᠨᠢ ᠨᠡᠯᠢᠶᠡᠳ ᠪᠦᠷᠢᠨ᠂ ᠲᠠᠸᠠᠷ᠎ᠤᠨ ᠰᠣᠯᠢᠯᠴᠠᠭ᠎ᠠ᠎ᠨᠢ ᠥᠷᠭᠡᠨ ᠳᠡᠯᠭᠡᠷ᠂ ᠳᠠᠪᠠᠭᠠᠨ ᠠᠷᠤ ᠵᠢᠨ ᠮᠣᠩᠭᠣᠯ᠎ᠤᠨ ᠡᠯ᠎ᠡ ᠠᠢᠮᠠᠭ᠎ᠯᠤᠭ᠎ᠠ᠎ᠶ᠋ᠢᠨ ᠠᠷᠠᠯᠵᠢᠶ᠎ᠠ ᠮᠠᠰᠢ ᠶᠠᠭᠠᠷᠠᠯᠲᠠᠶ ᠪᠠᠢᠵᠤ᠂ ᠳᠠᠪᠠᠭᠠᠨ ᠠᠷᠤ ᠵᠢᠨ ᠵᠠᠬᠢᠷᠭᠠᠨ ᠮᠤᠵᠢ ᠵᠢᠨ ᠵᠦᠩᠶᠤᠸᠠᠨ᠎ᠤ ᠳᠣᠲᠣᠷ᠎ᠠ ᠭᠠᠵᠠᠷ᠎ᠲᠤ ᠨᠡᠪᠲᠡᠷᠡᠬᠦ᠌ ᠡᠳ᠋ ᠪᠣᠳᠠᠰ ᠲᠥᠪᠯᠡᠷᠡᠭᠦᠯᠵᠦ᠍ ᠲᠠᠷᠬᠠᠭᠠᠬᠤ ᠪᠤᠶᠤ ᠳᠠᠮᠵᠢᠨ ᠱᠢᠯᠵᠢᠭᠦᠯᠬᠦ᠌ ᠭᠠᠵᠠᠷ᠂ ᠪᠣᠯᠪᠠᠰᠤᠷᠠᠭᠤᠯᠬᠤ ᠲᠠᠯᠠᠪᠠᠶ ᠪᠠᠢᠬᠰᠠᠨ᠎ᠢ ᠬᠠᠷᠠᠭᠤᠯᠵᠤ ᠪᠠᠢᠨ᠎ᠠ᠃ ᠡᠨᠳᠡ ᠮᠠᠯ ᠠᠵᠤ ᠠᠬᠤᠶ ᠪᠠ ᠲᠠᠷᠢᠶᠠᠯᠠᠩ᠎ᠤᠨ ᠰᠣᠯᠢᠯᠴᠠᠭ᠎ᠠ ᠬᠢᠵᠦ᠂ ᠮᠣᠩᠭᠣᠯ᠂ ᠬᠢᠲᠠᠳ᠂ ᠵᠦᠷᠴᠢᠨ᠂ ᠬᠢᠳᠠᠨ ᠵᠡᠷᠭᠡ ᠣᠯᠠᠨ ᠦᠨᠳᠦᠰᠦᠲᠡᠨ ᠠᠭᠤᠰᠤᠯᠴᠠᠪᠠ᠃

ᠴᠧᠨ ᠶᠦᠩ ᡁᠢ ᠵᠢᠨ ᠬᠡᠯᠡᠬᠦ᠌᠎ᠪᠡᠷ᠂ ᠶᠤᠸᠠᠨ ᠤᠯᠤᠰ᠎ᠤᠨ ᠬᠠᠭᠤᠷᠠᠶ ᠵᠠᠮ᠎ᠤᠨ ᠠᠷᠠᠯᠵᠢᠶ᠎ᠠ ᠲᠡᠯᠡᠶ ᠳᠡᠭᠡᠷᠡᠬᠢ ᠠᠷᠠᠯᠵᠢᠶ᠎ᠠ ᠡᠴᠡ ᠳᠤᠤᠷ᠎ᠠ ᠥᠬᠡᠶ ᠬᠦᠭᠵᠢᠵᠡᠢ᠂ ᠡᠷᠲᠡᠨ᠎ᠦ ᠮᠤᠨᠢ ᠠᠭᠤᠯᠠ(ᠣᠲᠣ᠎ᠶ᠋ᠢᠨ ᠳᠠᠯᠠᠨ ᠬᠠᠷ᠎ᠠ ᠠᠭᠤᠯᠠ)ᠡᠴᠡ ᠤᠮᠠᠷᠠᠱᠢᠬᠢ ᠮᠠᠯ ᠠᠵᠤ ᠠᠬᠤᠶ ᠲᠠᠷᠢᠶᠠᠯᠠᠩ  ᠎ᠤᠨ   ᠤᠶᠠᠯᠳᠤᠯ᠎ᠤᠨ ᠪᠦᠰᠡ᠎ᠳᠦ ᠪᠠᠢᠷᠢᠯᠠᠵᠤ ᠪᠠᠢᠭ᠎ᠠ ᠵᠢᠨᠢᠩ ᠴᠦᠯᠭᠡ ᠵᠢᠨ ᠡᠷᠲᠡᠨ᠎ᠦ ᠬᠣᠲᠠ ᠪᠣᠯ ᠧᠦ᠋ᠷᠣᠫᠠ ᠠᠽᠢᠶ᠎ᠠ᠎ᠶ᠋ᠢᠨ ᠠᠷᠠᠯᠵᠢᠶ᠎ᠠ ᠬᠤᠳᠠᠯᠳᠤᠭᠠᠨ᠎ᠤ ᠶᠠᠪᠤᠯᠴᠠᠭ᠎ᠠ ᠬᠢᠭᠡᠳ ᠰᠣᠶᠣᠯ᠎ᠤᠨ ᠰᠣᠯᠢᠯᠴᠠᠭᠠᠨ᠎ᠤ ᠶᠠᠪᠤᠴᠠ᠎ᠳᠠᠬᠢ ᠬᠦᠶ᠋ᠰᠦ ᠪᠠ ᠬᠥᠭᠥᠷᠭᠡ ᠪᠠᠢᠵᠤ᠂ ᠲᠠᠯ᠎ᠠ ᠨᠤᠲᠤᠭ᠎ᠤᠨ ᠲᠣᠷᠭᠠᠨ ᠵᠠᠮ᠎ᠤᠨ ᠵᠡᠭᠦᠨ ᠦᠵᠦᠭᠦᠷ᠎ᠦᠨ ᠨᠢᠭᠡᠨ ᠴᠢᠬᠤᠯᠠ ᠡᠬᠢᠯᠡᠯᠲᠡ ᠪᠤᠯᠬᠤ ᠶᠤᠮ᠃

 ( ᠵᠢᠷᠤᠭ᠎ᠢ ᠥᠪᠥᠷ ᠮᠣᠩᠭᠣᠯ᠎ᠤᠨ ᠮᠦᠽᠧᠶ ᠵᠢᠨ ᠬᠦᠷᠢᠶᠡᠯᠡᠩ ᠬᠠᠩᠭᠠᠪᠠ )

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号