10 ᠰᠠᠷ᠎ᠠ ᠵᠢᠨ 23 ᠤ᠋ ᠡᠳᠦᠷ᠂ ᠨᠠᠷᠠ ᠵᠢᠷᠭᠠᠬᠤ ᠵᠢᠨ ᠠᠯᠳᠠ ᠪᠡᠷ᠂ ᠮᠠᠨᠤ ᠰᠤᠷᠪᠤᠯᠵᠢᠯᠠᠭ᠎ᠠ ᠵᠢᠨ ᠪᠦᠯᠬᠦᠮᠤᠨ ᠬᠢᠨ ᠭᠤᠤᠯ ᠤᠰᠤ ᠮᠡᠯᠳᠡᠭᠡᠨᠠᠡ᠂ ᠨᠡᠬᠦᠳᠡᠯᠤᠨ ᠰᠢᠪᠠᠭᠤᠳ ᠲᠤᠨᠭᠭᠤᠳᠴᠤ᠂ ᠦᠭᠡᠷ ᠬᠤᠨᠢᠳ ᠲᠠᠯ᠎ᠠ ᠲᠦᠬᠦᠷᠡᠨᠭ ᠪᠡᠯᠴᠢᠨ᠂ ᠡᠪᠡᠰᠦ ᠪᠤᠷᠳᠤᠭ᠎ᠠ ᠬᠠᠰᠢᠶ᠎ᠡ ᠲᠦᠬᠦᠷᠡᠩ ᠨᠦᠭᠡᠴᠡᠯᠡᠵᠦ᠂ ᠬᠦᠮᠦᠨ ᠠᠷᠠᠳᠤᠨ ᠴᠢᠷᠠᠢ ᠳ᠋ᠤ ᠡᠯᠪᠡᠭ ᠬᠤᠷᠢᠶᠠᠯᠳᠠ ᠵᠢᠨ ᠪᠠᠶᠠᠷᠤᠨ ᠮᠦᠰᠢᠶᠡᠳᠦ ᠲᠤᠳᠤᠷᠠᠭᠰᠠᠨ ᠰᠠᠢᠬᠠᠨ ᠨᠤᠳᠤᠭ᠂ ᠬᠠᠭᠤᠴᠢᠨ ᠪᠠᠷᠭᠤ ᠬᠤᠰᠢᠭᠤᠨᠤ ᠪᠠᠶᠠᠨᠬᠠᠳᠠ ᠰᠤᠮᠤ ᠵᠢᠨ ᠤᠯᠠᠭᠠᠨᠴᠢᠯᠠᠭᠤ ᠭᠠᠴᠠᠭᠠᠨ ᠳ᠋ᠤ ᠬᠦᠷᠴᠦ ᠢᠷᠡᠵᠦ ᠪᠢᠯᠠ᠃ ᠭᠠᠴᠠᠭᠠᠨᠤ ᠨᠠᠮᠤᠨ ᠬᠡᠰᠢᠬᠦᠨ ᠪᠠ ᠤᠯᠠᠨ ᠲᠦᠮᠡᠨᠤ ᠦᠢᠯᠡᠴᠢᠯᠡᠭᠡᠨᠤ ᠲᠦᠪ ᠲᠡᠬᠢ ᠬᠠᠨ᠎ᠠ ᠵᠢᠨ ᠰᠠᠮᠪᠠᠷ᠎ᠠ ᠨᠢ ᠡᠨᠡ ᠭᠠᠴᠠᠭᠠᠨᠤ ᠪᠦᠯᠬᠦᠮᠳᠡᠯ ᠲᠠᠪᠰᠢᠯᠳᠠ ᠵᠢᠨ ᠦᠯᠢᠭᠡᠷᠦᠢᠯᠡ ᠵᠢ ᠶᠠᠭᠤᠨᠤ ᠡᠮᠦᠨ᠎ᠡ ᠪᠢᠳᠡ ᠨᠠᠷ ᠲᠸ᠋ ᠬᠦᠤᠷᠨᠢᠨ ᠲᠡᠯᠭᠡᠨ᠎ᠡ᠃
《ᠮᠠᠨᠤ ᠭᠠᠴᠠᠭᠠᠨ ᠳ᠋ᠤ ᠭᠠᠳᠠᠨ᠎ᠠ ᠤᠷᠤᠨ ᠡᠴᠡ ᠨᠡᠭᠦᠵᠦ ᠢᠷᠡᠭᠰᠡᠨ ᠬᠦᠮᠦᠨ ᠪᠤᠶᠤ ᠠᠳᠠᠯᠢ ᠪᠤᠰᠤ ᠦᠨᠳᠦᠰᠦᠳᠡᠨ ᠤᠷᠤᠭᠯᠠᠭᠰᠠᠨ ᠠᠢᠯ ᠤᠯᠠᠨᠲᠠᠢ᠂ ᠦᠨᠳᠦᠰᠦᠲᠡᠨ ᠨᠤᠬᠥᠳᠤᠨ ᠤᠯᠠᠨ ᠲᠦᠮᠡᠨ ᠬᠠᠮᠲᠤ ᠪᠡᠷ ᠤᠷᠤᠰᠢᠨ ᠰᠠᠭᠤᠷᠢᠰᠢᠵᠥ ᠬᠠᠮᠲᠤ ᠪᠡᠷ ᠪᠦᠲᠦᠭᠡᠨ ᠪᠠᠢᠭᠤᠯᠵᠤ ᠢᠷᠡᠭᠰᠡᠨ》ᠬᠡᠵᠦ ᠲᠡᠳ᠋ ᠭᠠᠴᠠᠭᠠᠨ ᠲᠠᠷᠤᠭ᠎ᠠ ᠲᠡᠨᠢᠭᠦᠨ ᠪᠢᠳᠡᠨ ᠳ᠋ᠦ ᠬᠠᠯᠠᠭᠤᠮᠰᠤᠭ ᠲᠠᠨᠢᠯᠴᠠᠭᠤᠯᠵᠤ ᠭᠠᠷᠤᠯ᠎ᠠ᠃
ᠬᠠᠭᠤᠴᠢᠨ ᠪᠠᠷᠭᠤ ᠬᠤᠰᠢᠭᠤᠨᠤ ᠪᠠᠶᠠᠨᠬᠠᠳᠠ ᠰᠤᠮᠤᠨᠤ ᠤᠯᠠᠭᠠᠨᠴᠢᠯᠠᠭᠤ ᠭᠠᠴᠠᠭ᠎ᠠ ᠪᠤᠯ ᠨᠢᠭᠡᠨ ᠤᠯᠡᠨ ᠦᠨᠳᠦᠰᠦᠲᠡᠨ ᠵᠢᠡᠷ ᠪᠦᠷᠢᠯᠳᠦᠭᠰᠡᠨ ᠴᠤᠯ ᠮᠠᠯᠵᠢᠬᠤ ᠭᠠᠴᠠᠭ᠎ᠠ ᠪᠤᠯᠤᠨ᠎ᠠ᠃ 99 ᠮᠠᠯᠵᠢᠬᠤ ᠡᠷᠦᠭᠡ᠂ 272 ᠬᠦᠮᠦᠨ ᠠᠮᠠ ᠲᠠᠢ᠃ ᠮᠤᠩᠭᠤᠯ᠂ ᠬᠢᠲᠠᠳ᠂ ᠲᠠᠭᠤᠷ᠂ ᠡᠸᠡᠩᠬᠢ ᠵᠡᠷᠭᠡ ᠦᠨᠳᠦᠰᠦᠲᠡᠨ ᠵᠢᠡᠷ ᠪᠦᠷᠢᠯᠳᠦᠵᠦ ᠦᠨᠳᠦᠰᠦᠳᠡᠨᠤ ᠪᠦᠯᠬᠦᠮᠳᠡᠯ ᠲᠠᠪᠰᠢᠯᠳᠠ ᠵᠢᠨ ᠢᠷᠠᠭᠤ ᠠᠯᠳᠠᠷᠳᠤ ᠤᠯᠠᠮᠵᠢᠯᠠᠯ ᠲᠠᠢ᠃ ᠤᠢᠷ᠎ᠠ ᠵᠢᠨ ᠵᠢᠯ ᠡᠴᠡ ᠤᠯᠠᠭᠠᠨᠴᠢᠯᠠᠭᠤ ᠭᠠᠴᠠᠭ᠎ᠠ ᠨᠡᠩ ᠴᠸ᠋ ᠲᠤᠮᠳᠠᠳᠤ ᠵᠢᠨ ᠦᠨᠳᠦᠰᠦᠳᠡᠨᠤ ᠬᠠᠮᠳᠤ ᠴᠤᠭᠴᠠ ᠵᠢᠨ ᠤᠬᠠᠮᠰᠠᠷᠢ ᠪᠠᠳᠤ ᠴᠤᠭᠴᠠᠯᠠᠬᠤ ᠡᠨᠡ ᠬᠥ᠌ ᠭᠤᠤᠯ ᠰᠢᠵᠢᠮᠤᠨ ᠲᠤᠭᠤᠷᠢᠨ ᠳ᠋ᠤ᠂ ᠤᠬᠠᠭᠤᠯᠭ᠎ᠠ ᠰᠤᠷᠳᠠᠯᠴᠢᠯᠠᠭ᠎ᠠ ᠵᠢ ᠴᠢᠩᠭᠠᠳᠬᠠᠨ᠂ ᠭᠠᠴᠠᠭᠠᠨᠤ ᠬᠠᠮᠲᠤ ᠵᠢᠨ ᠠᠵᠤ ᠠᠬᠤᠢ ᠵᠢ ᠬᠦᠭᠵᠢᠭᠦᠯᠦᠨ᠂ ᠴᠢᠨᠡᠭᠡᠯᠢᠭᠵᠢᠯᠤᠨ ᠵᠠᠮ ᠲᠠᠭᠡᠷ᠎ᠡ ᠨᠢᠭᠡ ᠬᠦᠮᠦᠨ ᠨᠢᠭᠡ ᠦᠨᠳᠦᠰᠦᠲᠡᠨᠢ ᠴᠸ᠋ ᠤᠷᠬᠢᠬᠳᠠᠭᠤᠯᠤᠯ ᠦᠭᠡᠢ ᠬᠠᠮᠲᠤ ᠪᠡᠷ ᠤᠷᠤᠬᠰᠢᠯᠠᠨ᠎ᠠ᠃
ᠮᠠᠯᠴᠢᠨ ᠵᠤᠤ ᠱᠢ ᠵᠢᠶᠦ᠋ᠨ ᠪᠤᠯ ᠾᠸᠨᠠᠨ ᠨᠤᠲᠤᠬ ᠲᠠᠢ᠂ ᠬᠢᠲᠡᠳ ᠦᠨᠳᠦᠰᠦᠲᠡᠨ᠂ ᠠᠪᠤ ᠨᠢ ᠠᠮᠸᠷᠢᠺᠠ ᠵᠢ ᠡᠰᠡᠷᠭᠦᠴᠡᠵᠦ ᠰᠤᠯᠤᠩᠭᠤᠰᠢ ᠲᠤᠰᠠᠯᠠᠬᠤ ᠲᠠᠢᠨ ᠳ᠋ᠦ ᠤᠷᠤᠯᠴᠠᠭᠰᠠᠨ ᠴᠡᠷᠢᠭ ᠪᠠᠢᠯᠳᠤᠬᠴᠢ᠂ ᠲᠡᠭᠦᠨᠢ ᠬᠤᠶᠠᠷ ᠨᠠᠰᠤᠲᠠᠢ ᠪᠠᠢᠬᠤ ᠳ᠋ᠤᠨᠢ ᠴᠡᠷᠢᠭ ᠡᠴᠡ ᠪᠠᠨ ᠬᠠᠯᠠᠭᠳᠠᠨ᠂ ᠬᠠᠭᠤᠴᠢᠨ ᠪᠠᠷᠭᠤ ᠬᠤᠰᠢᠭᠤᠨᠤ ᠲᠤᠬᠤᠢ ᠮᠠᠯᠵᠢᠯᠤᠨ ᠲᠠᠯᠠᠪᠠᠢ ᠳ᠋ᠦ ᠠᠵᠢᠯᠴᠢᠨ ᠵᠢᠡᠷ ᠢᠷᠡᠵᠡᠢ᠃
— ᠨᠠᠮᠠᠶ᠋ᠢ ᠪᠠᠭ᠎ᠠ ᠪᠠᠢᠬᠤ ᠳ᠋ᠦ ᠠᠮᠢᠳᠤᠷᠠᠯ ᠲᠤᠩ ᠬᠦᠴᠢᠷᠲᠠᠢ ᠪᠠᠢᠬᠰᠠᠨ᠂ ᠮᠠᠯᠵᠢᠬᠤ ᠠᠮᠢᠳᠤᠷᠠᠯ ᠳ᠋ᠦ ᠲᠠᠳᠬᠤ ᠦᠭᠡᠢ᠂ ᠮᠤᠩᠭᠤᠯ ᠦᠭᠡ ᠤᠢᠯᠠᠭᠠᠬᠤ ᠦᠭᠡᠢ ᠡᠯ᠎ᠠ ᠲᠠᠯ᠎ᠠ ᠪᠡᠷ ᠭᠠᠴᠢᠭᠳᠠᠵᠤ ᠪᠠᠢᠵᠠᠢ᠃ ᠬᠡᠪᠡᠴᠦ᠂ ᠨᠠᠮ ᠵᠠᠰᠠᠭᠤᠨ ᠬᠠᠢᠷ᠎ᠠ ᠬᠠᠯᠠᠮᠵᠢ ᠪᠠ ᠠᠪᠤ ᠵᠢᠨ ᠬᠡᠳᠦᠨ ᠲᠠᠨᠢᠯᠤᠨ ᠲᠤᠳᠤᠨᠤ ᠬᠠᠪᠰᠤᠷᠤᠯᠭ᠎ᠠ ᠪᠡᠷ ᠪᠢᠳᠡᠨᠤ ᠠᠮᠢᠳᠤᠷᠠᠯ ᠡᠳᠦᠷ ᠡᠴᠡ ᠡᠳᠦᠷ ᠰᠠᠢᠵᠢᠷᠠᠵᠠᠢ ᠬᠡᠵᠦ ᠵᠤᠤ ᠱᠢ ᠵᠢᠶᠦ᠋ᠨᠤ ᠦᠭᠡᠨᠤ ᠤᠭᠤᠳᠠ ᠨᠢ ᠨᠡᠭᠡᠭᠡᠭᠳᠡᠯ᠎ᠡ᠃
— ᠲᠤᠬᠠᠢ ᠵᠢᠨ ᠦᠶ᠎ᠡ ᠳ᠋ᠦ ᠪᠢᠳᠡ ᠬᠠᠢᠯᠠᠷ ᠤᠢᠷᠠᠯᠴᠠᠭᠠᠬᠢ ᠲᠤᠬᠤᠢ ᠮᠠᠯᠵᠢᠯᠤᠨ ᠲᠠᠯᠠᠪᠠᠢ ᠳ᠋ᠦ ᠰᠠᠭᠤᠵᠤ ᠪᠠᠢᠵᠠᠢ᠂ ᠤᠯᠠᠭᠠᠨᠴᠢᠯᠠᠭᠤ ᠭᠠᠴᠠᠭᠠᠨᠤ ᠮᠠᠯᠴᠢᠳ ᠨᠠᠭᠠᠱᠢ ᠴᠠᠭᠠᠰᠢ ᠶᠠᠪᠤᠬᠤ ᠳ᠋ᠠᠭᠠᠨ ᠴᠠᠰᠤ ᠪᠤᠷᠤᠭᠠᠨ ᠲᠤᠬᠢᠶᠠᠯᠳᠤᠪᠠᠯ ᠮᠠᠨ ᠤ ᠬᠢᠨ ᠳ᠋ᠦ ᠬᠤᠨᠤᠬᠯᠠᠳᠠᠬ ᠪᠠᠢᠭᠰᠠᠨ᠃ ᠲᠡᠷᠡ ᠦᠶ᠎ᠡ ᠳ᠋ᠦ ᠤᠷᠤ ᠲᠡᠪᠢᠰᠭᠡᠷ ᠬᠡᠵᠦ ᠬᠠᠮᠢᠭ᠎ᠠ ᠡᠴᠡ ᠤᠳᠤᠬᠢ ᠰᠢᠬ ᠪᠦᠷᠢᠨ ᠬᠦᠢᠴᠡᠳ ᠪᠠᠢᠬᠤᠪ᠂ ᠠᠷᠠᠰᠤᠨ ᠲᠡᠪᠡᠯ ᠵᠢᠡᠨ ᠭᠠᠵᠠᠷ ᠲᠠᠪᠢᠰᠤᠭᠡᠳ ᠯᠡ ᠰᠦᠨᠢ ᠵᠢ ᠦᠨᠵᠢᠳᠡᠭ ᠪᠠᠢᠬᠰᠠᠨ᠃ 1989 ᠤᠨ ᠳ᠋ᠦ ᠶᠡᠭᠡ ᠬᠦᠦ ᠮᠠᠨᠢ ᠲᠤᠳᠤᠷ ᠪᠦᠭᠡᠷᠠᠶᠢᠨ ᠬᠥᠨᠳᠤ ᠡᠪᠡᠳᠴᠢᠨ ᠳ᠋ᠦ ᠨᠡᠷᠪᠡᠭᠳᠡᠭᠰᠡᠨ ᠡᠴᠡ ᠪᠢᠳᠡ ᠬᠡᠷᠤᠨ ᠵᠢᠡᠨ ᠬᠤᠳᠠᠯᠳᠤᠵᠤ ᠪᠤᠯᠳᠠᠬ ᠶᠠᠭᠤᠮ᠎ᠠ ᠪᠦᠬᠦᠨᠢ ᠬᠤᠳᠠᠯᠳᠤᠵᠤ ᠲᠠᠭᠤᠰᠴᠠᠢ᠃ ᠰᠠᠭᠤᠬᠤ ᠬᠡᠷ ᠦᠭᠡᠢ᠂ ᠢᠳᠡᠬᠦ ᠪᠤᠳᠠᠭ᠎ᠠ ᠦᠭᠡᠢ ᠪᠤᠯᠵᠤ᠂ ᠠᠷᠭ᠎ᠠ ᠮᠤᠬᠤᠷᠳᠠᠬᠤ ᠳ᠋ᠠᠭᠠᠨ ᠪᠢ ᠬᠡᠷ ᠡᠷᠦᠭᠡ ᠪᠡᠨ ᠠᠪᠴᠤ ᠠᠪᠤ ᠵᠢᠨ ᠲᠠᠨᠢᠯ ᠤᠯᠠᠭᠠᠨᠴᠢᠯᠠᠭᠤ ᠭᠠᠴᠠᠭᠠᠨᠤ ᠤᠶᠦᠨᠪᠢᠯᠢᠭ ᠠᠪᠠᠭ᠎ᠠ ᠵᠢ ᠵᠤᠷᠢᠵᠤ ᠤᠴᠢᠨ ᠤᠶᠦᠨᠪᠢᠯᠢᠭ ᠠᠪᠠᠭ᠎ᠠ ᠪᠤᠯᠤᠨ ᠯᠤᠤᠰ ᠱᠦᠵᠢ ᠵᠢᠨ ᠬᠡᠷ ᠲᠸ᠋ ᠬᠡᠳᠦᠨ ᠵᠢᠯ ᠵᠢᠡᠷ ᠡᠭᠡᠯᠵᠢᠯᠡᠨ ᠰᠠᠭᠤᠵᠠᠢ᠃ ᠰᠡᠭᠦᠯᠡᠷ ᠨᠢ ᠯᠤᠤᠰ ᠱᠦᠵᠢ ᠵᠢᠨ ᠲᠡᠮᠵᠢᠯᠭᠡ ᠪᠡᠷ ᠦᠪᠡᠷᠤᠨ ᠬᠡᠳᠦᠨ ᠬᠤᠨᠢ ᠲᠠᠢ ᠪᠤᠯᠵᠤ᠂ ᠠᠭᠠᠵᠢᠮ ᠵᠢᠡᠷ ᠤᠳᠤ ᠵᠢᠨ ᠠᠮᠢᠳᠤᠷᠠᠯ ᠲᠠᠢ ᠪᠤᠯᠤᠯ᠎ᠠ ᠬᠡᠵᠦ ᠶᠠᠪᠤᠵᠤ ᠢᠷᠡᠭᠰᠡᠨ ᠤᠯᠠ ᠮᠦᠷ ᠵᠢᠡᠨ ᠡᠷᠬᠢᠴᠡᠭᠦᠯᠬᠦ ᠳ᠋ᠦ ᠵᠤᠤ ᠱᠢ ᠵᠢᠶᠦ᠋ᠨᠤ ᠬᠤᠭᠤᠯᠠᠢ ᠨᠢ ᠡᠷᠢᠶᠡᠨᠳᠦᠨᠡ᠃
ᠠᠮᠢᠳᠤᠷᠠᠯ ᠠᠬᠤᠢ ᠵᠦᠨᠭᠳᠡᠭᠡᠨ ᠶᠠᠳᠠᠭᠤ ᠵᠦᠳᠡᠭᠦᠦ ᠪᠡᠷᠭᠡ ᠬᠠᠳᠠᠭᠤᠵᠢᠯᠳᠠᠢ ᠪᠠᠢᠭᠰᠠᠨ ᠴᠠᠭ ᠦᠶ᠎ᠡ᠂ ᠭᠠᠴᠠᠭᠠᠨᠤ ᠤᠯᠠᠨ ᠲᠦᠮᠡᠨ ᠦᠨᠳᠦᠰᠦᠳᠡᠨᠤ ᠢᠯᠭᠠᠯ ᠦᠭᠡᠢ᠂ ᠦᠪᠡᠷ ᠪᠤᠰᠤᠳᠤᠨ ᠵᠠᠢ ᠦᠭᠡᠢ ᠦᠭᠬᠢᠶᠡᠮᠦᠷ ᠬᠠᠢᠷ᠎ᠠ ᠪᠡᠷ ᠵᠢᠠᠨ ᠭᠠᠴᠢᠭᠳᠠᠵᠤ ᠲᠦᠪᠡᠭᠳᠡᠭᠰᠡᠨ ᠵᠢᠡᠨ ᠲᠤᠰᠠᠯᠠᠵᠤ᠂ ᠶᠡᠷᠦ ᠪᠤᠰᠤ ᠵᠢᠨ ᠴᠠᠭ ᠦᠶ᠎ᠡ ᠵᠢ ᠬᠠᠮᠳᠤ ᠳ᠋ᠠᠭᠠᠨ ᠲᠤᠭᠤᠯᠵᠤ ᠢᠷᠡᠭᠰᠡᠨ ᠨᠢ ᠨᠡᠭᠡᠷᠡᠨ ᠡᠷᠬᠢᠮ ᠪᠢᠯᠠ !
《ᠤᠷᠳᠤ ᠬᠤᠭᠤᠴᠠᠭᠠᠨᠤ ᠲᠤᠷᠰᠢ ᠬᠠᠮᠳᠤ ᠰᠠᠭᠤᠵᠤ ᠬᠠᠮᠳᠤ ᠠᠵᠢᠯᠯᠠᠵᠤ ᠬᠠᠮᠳᠤ ᠠᠮᠢᠳᠤᠷᠠᠬᠤ ᠲᠤᠮᠳᠠ ᠪᠢᠳᠡ ᠮᠠᠰᠢ ᠬᠦᠨ ᠵᠤᠵᠠᠭᠠᠨ ᠬᠠᠢᠷ᠎ᠠ ᠰᠡᠳᠬᠢᠯᠭᠡ ᠲᠠᠢ ᠪᠤᠯᠵᠠᠢ᠃ ᠬᠡᠨᠤ ᠬᠢᠨᠢ ᠶᠠᠮᠠᠷ ᠠᠵᠢᠯ ᠲᠠᠢ ᠪᠤᠯᠤᠬᠰᠠᠭᠠᠷ ᠪᠢᠳᠡ ᠪᠦᠷ ᠬᠠᠮᠲᠤ ᠪᠡᠷ ᠶᠠᠭᠠᠷᠠᠯᠳᠠᠳᠠᠬ᠃ ᠴᠢᠨᠦ ᠮᠢᠨᠦ ᠬᠡᠵᠦ ᠢᠯᠭᠠᠯ ᠦᠭᠡᠢ ᠠᠷᠭ᠎ᠠ ᠦᠭᠡᠢ ᠲᠠᠰᠤᠯᠴᠠᠭᠰᠠᠨ᠂ ᠤᠳᠤ ᠤᠶᠦᠨᠪᠢᠯᠢᠭ ᠠᠪᠠᠭ᠎ᠠ ᠨᠠᠰᠤ ᠪᠠᠷᠠᠵᠤ᠂ ᠲᠤᠬᠠᠢ ᠵᠢᠨ ᠦᠶ᠎ᠡ ᠵᠢᠨ ᠦᠯᠢᠭᠡᠷ ᠤᠴᠠᠷᠠᠯ ᠤᠭᠤᠷᠠᠬ ᠲᠠᠷᠢᠬᠢᠨ ᠳ᠋ᠦ ᠮᠦᠨᠭᠭᠡ ᠵᠢᠨ ᠲᠤᠷᠠᠳᠬᠠᠯ ᠪᠤᠯᠵᠤ ᠦᠯᠡᠳᠡᠵᠡᠢ 》 ᠬᠡᠵᠦ ᠡᠷᠬᠢᠴᠡᠬᠦᠯᠬᠦ ᠳ᠋ᠤ ᠵᠤᠤ ᠱᠢ ᠵᠢᠶᠦ᠋ᠨᠤ ᠡᠭᠡᠨᠡᠷ ᠯᠢᠦ ᠸᠸᠨ ᠹᠠᠩᠤᠨ ᠨᠢᠳᠦ ᠵᠠᠢᠷᠳᠦᠨᠡ᠃
ᠤᠳᠤ ᠵᠤᠤ ᠱᠢ ᠵᠢᠶᠦ᠋ᠨᠤ ᠬᠢᠨ ᠬᠦᠳᠡᠭᠡ ᠪᠠᠢᠰᠢᠡᠭ ᠲᠠᠢ᠂ ᠬᠤᠳᠠ ᠳ᠋ᠦ ᠪᠠᠰᠠ ᠬᠤᠶᠠᠷ ᠲᠠᠪᠬᠤᠷ ᠠᠰᠠᠷ ᠲᠠᠢ᠃ 3000 ᠭᠠᠷᠤᠢ ᠮᠸ᠋ ᠨᠤᠲᠤᠬ ᠪᠡᠯᠴᠢᠭᠡᠷ ᠵᠢᠡᠨ ᠪᠤᠰᠤᠳ ᠲᠸ᠋ ᠲᠦᠷᠢᠶᠡᠰᠦᠯᠡᠭᠦᠯᠵᠦ᠂ ᠦᠪᠡᠷ ᠵᠢᠡᠨ ᠵᠢᠵᠢᠭ ᠮᠠᠰᠢᠨ ᠵᠢᠯᠤᠭᠤᠳᠤᠨ ᠵᠢᠭᠤᠯᠴᠢᠯᠠᠯᠤᠨ ᠦᠢᠯᠡᠰ ᠡᠷᠬᠢᠯᠡᠵᠦ ᠪᠤᠢ᠃
ᠤᠯᠠᠭᠠᠨᠴᠢᠯᠠᠭᠤ ᠭᠠᠴᠠᠭᠠᠨᠤ ᠦᠨᠳᠦᠰᠦᠲᠡᠨ ᠨᠤᠭᠦᠳᠤᠨ ᠤᠯᠠᠨ ᠲᠦᠮᠡᠨ ᠤᠯᠠᠨ ᠵᠢᠯᠤᠨ ᠲᠤᠷᠰᠢ ᠨᠢᠭᠡ ᠭᠡᠷᠤᠨ ᠬᠦᠮᠦᠨ ᠰᠢᠭ ᠡᠶ᠎ᠡ ᠨᠠᠢᠷᠲᠠᠢ ᠲᠤᠳᠤᠨᠤᠰᠤᠬ ᠶᠠᠪᠤᠯᠴᠠᠵᠤ᠂ ᠬᠠᠷᠢᠯᠴᠠᠨ ᠬᠠᠪᠰᠤᠷᠤᠯᠴᠠᠨ᠂ ᠦᠨᠳᠦᠰᠦᠲᠡᠨᠤ ᠪᠦᠯᠬᠦᠮᠳᠡᠯᠤᠨ ᠰᠡᠳᠬᠢᠯ ᠬᠦᠳᠡᠯᠭᠡᠮ᠎ᠡ ᠦᠯᠢᠭᠡᠷ ᠦᠢᠯᠡ ᠵᠢ ᠬᠦᠤᠷᠨᠢᠭ᠌ᠰᠡᠨ ᠲᠡᠳᠦᠢ ᠦᠭᠡᠢ᠂ ᠨᠠᠮ ᠵᠠᠰᠠᠭᠤᠨ ᠬᠦᠴᠦᠳᠡᠢ ᠲᠡᠮᠵᠢᠯᠭᠡ ᠵᠢᠯᠤᠭᠤᠳᠤᠯᠭ᠎ᠠ ᠲᠤᠤᠷ᠎ᠠ ᠴᠢᠨᠡᠭᠡᠯᠢᠭᠵᠢᠯᠤᠨ ᠵᠠᠮ ᠳ᠋ᠦ ᠬᠡᠨᠨᠢᠭᠡᠨᠢ ᠴᠸ᠋ ᠤᠷᠬᠢᠭᠳᠠᠭᠤᠯᠤᠯ ᠦᠭᠡᠢ ᠬᠠᠮᠲᠤ ᠪᠡᠷ ᠤᠷᠤᠭᠰᠢᠯᠠᠨᠠᠮ᠃
ᠪᠦᠯᠬᠦᠮᠳᠡᠯ ᠪᠤᠯ ᠴᠡᠴᠡᠭᠯᠡᠯ ᠬᠦᠭᠵᠢᠯᠤᠨ ᠰᠠᠭᠤᠷᠢ ᠮᠦᠨ᠃ ᠭᠠᠴᠠᠭᠠᠨᠤ ᠬᠢᠨ ᠦᠨᠳᠦᠰᠦᠳᠡᠨᠤ ᠪᠦᠯᠬᠦᠮᠳᠡᠯ ᠲᠠᠪᠰᠢᠯᠳᠠ ᠪᠡᠷ ᠠᠵᠤ ᠠᠬᠤᠢᠶ᠋ᠢᠨ ᠴᠢᠨᠠᠷ ᠰᠠᠢᠲᠠᠢ ᠬᠥᠭ᠌ᠵᠢᠯᠲᠡᠶ᠋ᠢ ᠠᠬᠢᠭᠤᠯᠬᠤᠳᠤ ᠠᠩᠬᠠᠷᠤᠯᠢᠶᠠᠨ ᠲᠥᠪᠯᠡᠷᠡᠭᠦᠯᠵᠦ᠍᠂ ᠠᠵᠤ ᠦᠢᠯᠡᠰᠤ᠋ᠨ ᠪᠦᠲᠦᠴᠡ ᠶ᠋ᠢ ᠬᠤᠪᠢᠷᠠᠭᠤᠯᠤᠨ ᠲᠡᠰ ᠳᠡᠪᠱᠢᠭᠦᠯᠬᠦ ᠳᠡᠭᠡᠷ᠎ᠡ ᠬᠦᠴᠦ ᠲᠠᠯᠪᠢᠵᠤ᠂ ᠮᠠᠯᠤ᠋ᠨ ᠡᠭᠦᠯᠳᠡᠷᠢ ᠰᠠᠢᠵᠢᠷᠠᠭᠤᠯᠬᠤ ᠪᠠ ᠵᠢᠭᠤᠯᠴᠢᠯᠠᠯᠤᠨ ᠦᠢᠯᠡᠰᠢᠶᠡᠷ ᠲᠤᠯᠭᠠᠭᠤᠷᠢ ᠠᠵᠤ ᠦᠢᠯᠡᠰ ᠪᠣᠯᠭᠠᠵᠤ᠂ ᠭᠠᠴᠠᠭᠠᠨᠤ ᠪᠤᠬᠢᠷᠳᠤᠯ ᠦᠭᠡᠢ ᠴᠢᠨᠠᠷ ᠰᠠᠢᠳᠠᠢ ᠬᠦᠭᠵᠢᠯᠳᠡ ᠵᠢ ᠠᠬᠢᠭᠤᠯᠪᠠ᠃ 2019 ᠤᠨ ᠳ᠋ᠦ᠂ ᠬᠤᠰᠢᠭᠤᠨᠤ ᠵᠠᠰᠠᠬᠤᠨ ᠤᠷᠳᠤᠨᠤ ᠲᠡᠮᠵᠢᠯᠭᠡ ᠪᠡᠷ ᠭᠠᠴᠠᠭᠠᠨᠤ ᠬᠢᠨ 25 ᠦᠭᠡᠷ ᠬᠤᠳᠠᠯᠳᠤᠨ ᠠᠪᠴᠤ᠂ ᠲᠠᠪᠤᠨ ᠵᠢᠯᠤᠨ ᠬᠤᠭᠤᠴᠠᠭ᠎ᠠ ᠲᠠᠢ ᠪᠡᠷᠭᠠᠴᠠᠭᠠᠨᠤ 5 ᠶᠠᠳᠠᠭᠤ ᠬᠦᠴᠢᠷᠳᠡᠯᠲᠡᠢᠡᠷᠦᠭᠡ ᠳ᠋ᠦ ᠬᠤᠪᠢᠶᠠᠨ ᠦᠭᠴᠦ ᠲᠡᠵᠢᠭᠡᠯᠭᠡᠵᠡᠢ᠃
ᠲᠠᠯ᠎ᠠ ᠵᠢ ᠲᠦᠭᠦᠵᠦ ᠪᠠᠢᠭ᠎ᠠ ᠤᠷᠠᠨᠰᠠᠢᠬᠠᠨ ᠨᠠᠰᠤᠲᠠᠨ ᠪᠤᠯ ᠭᠠᠴᠠᠭᠠᠨᠤ ᠶᠠᠳᠠᠭᠤ ᠬᠦᠴᠢᠷᠳᠡᠯᠲᠡᠢ ᠡᠷᠦᠭᠡ ᠪᠠᠢᠪᠠ᠃ ᠦᠬᠢᠨ ᠪᠠ ᠵᠢᠭᠡ ᠤᠮᠪᠤᠯᠤ ᠲᠠᠢ ᠪᠡᠨ ᠬᠠᠮᠲᠤ ᠠᠮᠢᠳᠤᠷᠠᠳᠠᠬ᠃ ᠦᠬᠢᠨ ᠨᠢ ᠬᠤᠰᠢᠭᠤᠨ ᠲᠦᠪ ᠲᠸ᠋ ᠬᠦᠯᠦᠰᠦᠨ ᠠᠵᠢᠯ ᠬᠢᠵᠦ᠂ ᠵᠢᠭᠡ ᠤᠮᠪᠤᠯᠤ ᠨᠢ ᠰᠤᠷᠭᠠᠭᠤᠯᠢ ᠳ᠋ᠦ ᠰᠠᠭᠤᠵᠤ ᠪᠤᠢ᠂ ᠨᠠᠰᠤᠲᠠᠨ ᠡᠳᠦᠷ ᠲᠤᠳᠤᠮᠤᠨ ᠠᠷᠰᠠᠷ ᠠᠵᠢᠯ ᠵᠢᠡᠨ ᠲᠤᠳᠤᠮᠳᠠᠬᠤ ᠡᠴᠡ ᠭᠠᠳᠠᠨ᠎ᠠ ᠪᠤᠰᠤᠳ ᠠᠵᠢᠯ ᠬᠢᠵᠦ ᠲᠡᠢᠯᠬᠦ ᠦᠭᠡᠢ᠃ 2019 ᠤᠨ ᠳ᠋ᠦ ᠭᠠᠴᠠᠭ᠎ᠠ ᠡᠴᠡ ᠡᠳᠡᠨᠡᠢᠬᠢᠨ ᠳ᠋ᠦ 5 ᠦᠨᠢᠶ᠎ᠡ ᠬᠤᠪᠢᠶᠠᠨ ᠦᠭᠴᠤ ᠲᠡᠵᠢᠭᠡᠯᠭᠡᠭᠰᠡᠨ ᠪᠠᠢᠯ᠎ᠠ᠃ ᠪᠢᠳᠠ ᠲᠡᠳᠡᠨᠠᠢᠬᠢᠨ ᠳ᠋ᠤ ᠬᠦᠷᠬᠦ ᠳ᠋ᠦ ᠨᠠᠰᠤᠲᠠᠨ ᠶᠠᠬ ᠬᠡᠳᠦᠨ ᠮᠠᠯ ᠳ᠋ᠠᠭᠠᠨ ᠪᠤᠷᠳᠤᠭ᠎ᠠ ᠦᠭᠴᠤ ᠶᠠᠭᠠᠷᠠᠨ᠎ᠠ᠃ 《ᠤᠳᠤᠬᠠᠨ ᠲᠠᠪᠤᠨ ᠮᠠᠯ ᠡᠴᠡ ᠬᠤᠶᠠᠷᠨᠢ ᠲᠤᠭᠤᠯᠯᠠᠵᠠᠢ᠂ ᠡᠨᠡ ᠬᠤᠶᠠᠷ ᠦᠭᠡᠷ ᠪᠠᠢᠨ᠎ᠠ᠂ ᠲᠤᠬᠢᠷᠠᠮᠵᠢᠳᠠᠢ ᠦᠨ᠎ᠡ ᠬᠠᠩᠰᠢ ᠲᠠᠭᠠᠷᠠᠪᠠᠯ ᠬᠤᠳᠠᠯᠳᠤᠬᠤ ᠰᠠᠨᠠᠭ᠎ᠠ ᠲᠠᠢ》 ᠬᠡᠵᠦ ᠶᠠᠷᠢᠬᠤ ᠳ᠋ᠸ᠋ ᠨᠠᠰᠤᠲᠠᠨᠤ ᠴᠢᠷᠠᠢ ᠳ᠋ᠦ ᠪᠠᠶᠠᠷᠤᠨ ᠮᠦᠰᠢᠶᠡᠳᠦ ᠲᠤᠳᠤᠷᠠᠭᠤᠨ᠃《ᠤᠤᠯ ᠨᠢ ᠨᠤᠳᠤᠭ ᠪᠡᠯᠴᠢᠭᠡᠷᠤᠨ ᠲᠦᠷᠢᠶᠡᠰᠦᠨ ᠮᠦᠩᠬᠦ ᠵᠢᠯᠳ᠋ᠤ ᠲᠦᠮᠡ ᠢᠯᠡᠭᠦᠦ ᠲᠦᠭᠦᠷᠢᠭ ᠤᠯᠵᠤ᠂ ᠠᠮᠢᠳᠤᠷᠠᠯᠤᠨ ᠨᠠᠭᠠᠳᠤ ᠵᠠᠬ᠎ᠠ ᠵᠢᠨ ᠪᠠᠲᠤᠯᠠᠭ᠎ᠠ ᠵᠢᠨ ᠨᠦᠭᠦᠪᠦᠷᠢ ᠵᠢᠯᠳ᠋ᠤ 7000 ᠰᠢᠬᠠᠮ ᠲᠦᠭᠦᠷᠢᠭ ᠤᠯᠵᠤ ᠪᠠᠢᠵᠠᠢ᠃ ᠤᠳᠤ ᠭᠠᠴᠠᠭ᠎ᠠ ᠡᠴᠡ 5 ᠮᠠᠯ ᠦᠭᠴᠤ ᠲᠡᠵᠢᠭᠡᠯᠭᠡᠭᠰᠡᠨ ᠵᠢᠡᠷ ᠮᠠᠨᠠᠢᠬᠢᠨᠤ ᠤᠷᠤᠯᠭ᠎ᠠ ᠵᠢᠯ ᠳ᠋ᠤ 2 ᠲᠦᠮᠡ ᠭᠠᠷᠤᠢ ᠲᠦᠭᠦᠷᠢᠭ ᠨᠡᠮᠡᠭᠳᠡᠵᠡᠢ᠃ ᠦᠬᠢᠨ ᠲᠤᠭᠤᠯ ᠲᠤᠭᠤᠯᠯᠠᠪᠠᠯ ᠦᠯᠡᠳᠡᠭᠡᠨ ᠲᠡᠵᠢᠭᠡᠵᠦ᠂ ᠡᠷ᠎ᠡ ᠲᠤᠭᠤᠯ ᠲᠤᠭᠤᠯᠯᠠᠪᠠᠯ ᠬᠤᠳᠠᠯᠳᠤᠨ᠎ᠠ》 ᠬᠡᠵᠦ ᠨᠠᠰᠤᠳᠠᠨ ᠭᠤᠸᠠᠢ ᠪᠢᠳᠡᠨ ᠳ᠋ᠤ ᠠᠵᠤ ᠠᠬᠤᠢ ᠵᠢᠨ ᠲᠠᠩᠰᠠ ᠪᠤᠳᠤᠵᠤ ᠦᠭᠴᠠᠢ᠃
ᠬᠠᠮᠳᠤ ᠵᠢᠨ ᠠᠵᠤ ᠠᠬᠤᠢ ᠵᠢ ᠪᠤᠵᠠᠭᠠᠢᠷᠠᠭᠤᠯᠵᠤ᠂ ᠠᠷᠠᠳ ᠤᠯᠠᠨᠤ ᠬᠦᠷᠳᠡᠮᠵᠢ ᠵᠢᠨ ᠲᠦᠷᠦᠭᠳᠡᠯ᠂ ᠵᠢᠷᠭᠠᠯᠳᠤ ᠲᠦᠷᠦᠭᠳᠡᠯᠢ ᠨᠡᠮᠡᠭᠳᠡᠬᠦᠯᠬᠦ ᠪᠤᠯ ᠭᠠᠴᠠᠭᠠᠨᠤ ᠬᠦᠭᠵᠢᠯᠳᠡ ᠵᠢᠨ ᠪᠤᠳᠠᠳᠠᠢ ᠬᠠᠷᠠᠯᠳᠠ ᠪᠠᠢᠭ᠎ᠠ ᠶᠤᠮ᠃ 2020 ᠤᠨ ᠳ᠋ᠦ ᠭᠠᠴᠠᠭᠠᠨᠤ ᠬᠢᠨ ᠪᠠᠰᠠ 50 ᠦᠭᠡᠷ ᠬᠤᠳᠠᠯᠳᠤᠨ ᠠᠪᠴᠤ᠂ ᠲᠤᠰᠬᠠᠢ ᠬᠤᠷᠰᠢᠶ᠎ᠠ ᠪᠠᠢᠭᠤᠯᠤᠨ᠂ ᠭᠠᠴᠠᠭᠠᠨᠤ ᠠᠷᠠᠳ ᠤᠯᠠᠨ ᠳ᠋ᠤ ᠬᠠᠮᠲᠤ ᠳ᠋ᠤᠨᠢ ᠠᠰᠢᠬ ᠬᠦᠷᠳᠡᠭᠡᠬᠦ ᠪᠤᠯᠵᠠᠢ᠃《ᠤᠳᠤᠬᠠᠨᠤ ᠭᠠᠴᠠᠭᠠᠨᠤ ᠬᠠᠮᠲᠤ ᠵᠢᠨ ᠠᠵᠤ ᠠᠬᠤᠢ ᠵᠢᠨ ᠵᠢᠯ ᠤᠨ ᠤᠷᠤᠯᠭ᠎ᠠ 35 ᠲᠦᠮᠡᠨ ᠲᠦᠬᠦᠷᠢᠭ ᠲᠸ᠋ ᠬᠦᠷᠴᠤ ᠪᠠᠢᠨ᠎ᠠ᠂ ᠪᠢᠳᠡ ᠡᠳᠡᠭᠡᠷ ᠤᠷᠤᠯᠭ᠎ᠠ ᠪᠡᠷ ᠵᠢᠡᠨ ᠭᠤᠤᠯᠳᠠᠭᠤ ᠬᠠᠷᠢᠴᠠᠩᠭᠤᠢ ᠶᠠᠳᠠᠭᠤ ᠬᠦᠴᠷᠳᠡᠯᠲᠡᠢ ᠡᠷᠦᠭᠡ ᠵᠢᠨ ᠡᠪᠡᠳᠴᠢᠨ ᠡᠮᠬᠡᠭ ᠦᠵᠡᠭᠦᠯᠬᠦ᠂ ᠨᠡᠭᠦᠷᠡᠰᠦ ᠲᠦᠯᠡᠭᠡ ᠬᠤᠳᠠᠯᠳᠤᠨ ᠠᠪᠬᠤ ᠳ᠋ᠦ ᠬᠡᠷᠡᠭᠯᠡᠵᠦ ᠪᠠᠢᠨ᠎ᠠ》 ᠬᠡᠵᠦ ᠤᠯᠠᠭᠠᠨᠴᠢᠯᠠᠭᠤ ᠭᠠᠴᠠᠭᠠᠨᠤ ᠨᠠᠮᠤᠨ ᠡᠭᠦᠷᠤᠨ ᠱᠦᠵᠢ ᠤᠷᠢᠬᠠᠨ ᠶᠠᠷᠢᠵᠤ ᠪᠢᠯᠠ᠃
ᠰᠢᠨ᠎ᠡ ᠴᠠᠭ ᠦᠶ᠎ᠡ᠂ ᠰᠢᠨ᠎ᠡ ᠬᠦᠭᠵᠢᠯᠳᠡ ᠵᠢᠨ ᠠᠵᠠ ᠲᠤᠬᠢᠶᠠᠯᠢ ᠢᠪᠡᠭᠡᠨ᠎ᠡ᠃ ᠤᠯᠠᠭᠠᠨᠴᠢᠯᠠᠭᠤ ᠭᠠᠴᠠᠭ᠎ᠠ ᠨᠠᠮᠤᠨ ᠦᠨᠳᠦᠰᠦᠳᠡᠨᠤ ᠲᠦᠷᠦ ᠵᠢᠨ ᠪᠤᠳᠤᠯᠭ᠎ᠠ ᠵᠢ ᠦᠨᠳᠦᠰᠦᠨ ᠱᠠᠳᠤᠨ ᠳ᠋ᠤ ᠡᠷᠡᠰ ᠭᠤᠢᠪᠢᠰᠢ ᠦᠭᠡᠢ ᠲᠤᠭᠤᠱᠢᠯᠠᠭᠤᠯᠵᠤ᠂ ᠦᠨᠳᠦᠰᠦᠳᠡᠨ ᠨᠤᠬᠦᠳᠤᠨ ᠰᠤᠯᠢᠯᠴᠠᠭ᠎ᠠ ᠶᠠᠪᠤᠯᠴᠠᠭ᠎ᠠ ᠠᠭᠤᠰᠤᠯᠴᠠᠯᠢ ᠴᠢᠨᠠᠭᠰᠢᠳᠠ ᠠᠬᠢᠭᠤᠯᠵᠤ᠂ ᠠᠵᠤ ᠠᠬᠤᠢ ᠵᠢᠨ ᠰᠠᠭᠤᠷᠢ ᠨᠦᠭᠦᠴᠡᠯᠢ ᠪᠡᠬᠢᠵᠢᠭᠦᠯᠵᠦ᠂ ᠬᠠᠮᠲᠤ ᠪᠡᠷ ᠴᠢᠨᠠᠭᠡᠯᠢᠭᠵᠢᠯᠤᠨ ᠵᠠᠮ ᠵᠢᠡᠷ ᠵᠠᠮᠨᠠᠨ᠎ᠠ᠃