ᠲᠡᠮᠡᠭᠡᠨ᠎ᠤ ᠬᠤᠷᠱᠢᠶ᠎ᠠ᠎ᠠᠴᠠ ᠪᠠᠶᠠᠵᠢᠯ᠎ᠤᠨ ᠵᠠᠮ ᠵᠤᠷᠠᠢᠨ᠎ᠠ
2021-02-27 18:19:40
ᠵᠣᠬᠢᠶᠠᠭ᠍ᠴᠢ᠄
ᠴᠤᠯᠮᠤᠨ
ᠣᠩᠱᠢᠭ᠍ᠰᠠᠨ ᠣᠳᠠᠭ᠎ᠠ᠄
★★★☆☆

ᠡᠵᠡᠨ᠎ᠡ ᠬᠤᠱᠢᠭᠤᠨ᠎ᠤ ᠲᠠᠯᠠᠢᠬᠦᠪ ᠪᠠᠯᠭᠠᠰᠤᠨ᠎ᠤ ᠤᠯᠠᠭᠠᠨᠭᠡᠷᠡᠯ ᠭᠠᠴᠠᠭᠠᠨ᠎ᠤ ᠲᠡᠮᠡᠭᠡᠨ᠎ᠤ ᠲᠤᠰᠭᠠᠢ ᠬᠤᠷᠱᠢᠶ᠎ᠠ᠎ᠶ᠋ᠢ 2020 ᠣᠨ᠎ᠤ 5 ᠰᠠᠷ᠎ᠠ᠎ᠳᠤ 6 ᠵᠠᠯᠠᠭᠤ ᠡᠭᠦᠰᠭᠡᠨ ᠪᠠᠢᠭᠤᠯᠵᠤ᠂ ᠲᠡᠮᠡᠭᠡ ᠲᠡᠵᠢᠭᠡᠬᠦ᠌ ᠪᠠ ᠢᠩᠭᠡᠨ ᠰᠦ ᠪᠣᠷᠣᠯᠠᠭᠤᠯᠬᠤ᠎ᠪᠠᠷ ᠭᠤᠣᠯᠯᠠᠵᠦ᠍ ᠪᠤᠢ᠃ ᠣᠳᠣᠬᠠᠨ ᠪᠣᠯᠲᠠᠯ᠎ᠠ ᠭᠠᠴᠠᠭ᠎ᠠ᠎ᠶ᠋ᠢᠨ 200 ᠭᠠᠷᠤᠢ ᠮᠠᠯᠴᠢᠨ ᠬᠤᠷᠱᠢᠶ᠎ᠠ᠎ᠳᠤ ᠤᠷᠤᠯᠴᠠᠵᠦ᠍᠂ ᠲᠡᠮᠡᠭᠡᠨ᠎ᠤ ᠠᠵᠤ ᠦᠢᠯᠡᠰ᠎ᠢᠶᠠᠷ ᠣᠷᠣᠯᠭ᠎ᠠ᠎ᠪᠠᠨ ᠨᠡᠮᠡᠭ᠌ᠳᠡᠭᠦᠯᠬᠦ᠌᠎ᠶ᠋ᠢ ᠵᠤᠷᠢᠵᠦ᠍ ᠪᠠᠢᠭ᠎ᠠ ᠶᠤᠮ᠃

ᠬᠤᠷᠱᠢᠶ᠎ᠠ᠎ᠶ᠋ᠢ ᠪᠠᠢᠭᠤᠯᠤᠭ᠍ᠰᠠᠨ ᠡᠬᠢᠨ᠎ᠤ ᠬᠤᠭᠤᠴᠠᠭᠠᠨ᠎ᠳᠤ ᠲᠡᠳᠡ ᠪᠡᠯᠡ ᠮᠥᠩᠭᠦ᠌᠂ ᠮᠡᠷᠭᠡᠵᠢᠯ᠂ ᠢᠩᠭᠡ ᠰᠤᠷᠭᠠᠬᠤ ᠵᠡᠷᠭᠡ ᠤᠯᠠᠨ ᠲᠠᠯ᠎ᠠ᠎ᠳᠤ ᠬᠦᠴᠢᠷᠳᠡᠵᠦ᠍ ᠪᠠᠢᠪᠠ᠃ ᠳᠡᠳᠡᠭᠡᠷ ᠤᠯᠠᠨ ᠠᠰᠠᠭᠤᠳᠠᠯ᠎ᠢ ᠨᠢᠭᠡᠳ ᠨᠢᠭᠡ᠎ᠪᠠᠷ ᠱᠢᠢᠳᠪᠦᠷᠢᠯᠡᠭ᠌ᠰᠡᠨ᠎ᠤ ᠡᠴᠦᠰ᠎ᠲᠤ᠌᠂ 2020 ᠣᠨ᠎ᠤ 9 ᠰᠠᠷ᠎ᠠ᠎ᠠᠴᠠ ᠡᠬᠢᠯᠡᠨ ᠬᠤᠷᠱᠢᠶ᠎ᠠ᠎ᠶ᠋ᠢᠨ᠎ᠢᠶᠠᠨ ᠢᠩᠭᠡᠨ ᠰᠦ᠎ᠪᠠᠨ ᠵᠢᠩᠬᠢᠨᠢ᠎ᠪᠠᠷ ᠪᠣᠷᠣᠯᠠᠭᠤᠯᠵᠠᠢ᠃

— ᠢᠩᠭᠡᠨ ᠰᠦ᠎ᠶ᠋ᠢᠨ ᠱᠢᠮ᠎ᠡ ᠲᠡᠵᠢᠭᠡᠯ ᠦᠨᠳᠦᠷ ᠲᠤᠯᠡ ᠬᠦᠮᠦᠰ ᠪᠤᠯᠢᠶᠠᠯᠳᠤᠨ ᠠᠪᠳᠠᠭ᠃ ᠮᠠᠨ᠎ᠤ ᠬᠤᠷᠱᠢᠶ᠎ᠠ ᠣᠷᠣᠨ᠎ᠤ ᠳᠣᠲᠣᠷ᠎ᠠ ᠪᠣᠷᠣᠯᠠᠭᠤᠯᠵᠦ᠍ ᠪᠠᠢᠬᠤ᠎ᠪᠠᠷ ᠪᠠᠷᠠᠬᠤ ᠥᠬᠡᠶ ᠪᠠᠰᠠ ᠪᠡᠭᠡᠵᠢᠩ᠂ ᠲᠢᠶᠠᠨᠵᠢᠨ᠂ ᠱᠠᠩᠬᠠᠶ ᠵᠡᠷᠭᠡ ᠲᠤᠮᠤ ᠬᠤᠳᠠ᠎ᠪᠠᠷ ᠪᠣᠷᠣᠯᠠᠭᠤᠯᠵᠤ ᠪᠠᠢᠨ᠎ᠠ᠃ ᠡᠨᠡ᠎ᠨᠢ ᠬᠤᠷᠱᠢᠶ᠎ᠠ᠎ᠳᠤ ᠣᠷᠣᠯᠴᠠᠭ᠍ᠰᠠᠨ ᠮᠠᠯᠴᠢᠳ᠎ᠲᠤ ᠢᠲᠡᠭᠡᠯ ᠵᠣᠷᠢᠭ ᠣᠯᠭᠤᠭ᠍ᠰᠠᠨ ᠱᠢᠦ ᠭᠡᠵᠦ᠍ ᠬᠤᠷᠱᠢᠶ᠎ᠠ᠎ᠶ᠋ᠢᠨ ᠡᠬᠦᠰᠭᠡᠨ ᠪᠠᠢᠭᠤᠯᠤᠭ᠍ᠴᠢ᠂ ᠵᠠᠬᠢᠷᠤᠯ ᠡᠷᠳᠡᠨᠢᠳᠠᠯᠠᠢ ᠶᠠᠷᠢᠵᠦ᠍ ᠪᠠᠢᠯ᠎ᠠ᠃

— 《ᠠᠵᠢᠯ ᠬᠢᠪᠡᠯ ᠠᠮᠠ ᠲᠤᠰᠤᠳᠠᠨ᠎ᠠ》 ᠭᠡᠳᠡᠭ᠎ᠢᠶᠠᠷ᠂ 2021 ᠣᠨ᠎ᠳᠤ ᠮᠠᠨ᠎ᠤ ᠬᠤᠷᠱᠢᠶ᠎ᠠ ᠲᠡᠮᠡᠭᠡᠨ᠎ᠤ ᠲᠤᠭ᠎ᠠ᠎ᠪᠠᠨ ᠨᠡᠮᠡᠭ᠌ᠳᠡᠭᠦᠯᠦᠨ᠎ᠡ᠂ ᠤᠳᠤ᠎ᠶ᠋ᠢᠨ 20 ᠢᠩᠭᠡ᠎ᠪᠠᠨ 60 — 70 ᠬᠦᠷᠲᠡᠯ᠎ᠡ ᠨᠡᠮᠡᠭ᠌ᠳᠡᠭᠦᠯᠬᠦ᠌ ᠬᠦᠰᠡᠯ᠎ᠲᠠᠢ᠃ ᠪᠢᠳᠡ ᠢᠩᠭᠡᠨ ᠰᠦ᠎ᠪᠠᠨ ᠪᠥᠬᠦ᠌ ᠤᠯᠤᠰ᠎ᠲᠤ ᠪᠣᠷᠣᠯᠠᠭᠤᠯᠬᠤ᠎ᠪᠠᠷ ᠲᠥᠯᠥᠪᠯᠡᠵᠦ᠍ ᠪᠣᠶ ᠭᠡᠵᠦ᠍ ᠬᠤᠷᠱᠢᠶ᠎ᠠ᠎ᠶ᠋ᠢᠨ ᠪᠤᠷᠤᠯᠠᠭᠤᠯᠭ᠎ᠠ᠎ᠶ᠋ᠢᠨ ᠬᠠᠷᠢᠭᠤᠴᠠᠯᠭᠠᠳᠠᠨ ᠵᠢᠷᠠᠨ᠎ᠠ ᠶᠠᠷᠢᠯ᠎ᠠ᠃

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠠᠷᠢᠭᠤᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号