ᠪᠤᠳᠤᠭᠤᠨ ᠪᠤᠢᠯᠠᠭᠠᠨ᠎ᠲᠠᠢ ᠭᠤᠪᠢ ᠨᠤᠳᠤᠭ᠎ᠤᠨ ᠴᠠᠭᠠᠨ ᠰᠠᠷ᠎ᠠ
2021-02-27 18:19:29
ᠵᠣᠬᠢᠶᠠᠭ᠍ᠴᠢ᠄
ᠴᠤᠯᠮᠤᠨ
ᠣᠩᠱᠢᠭ᠍ᠰᠠᠨ ᠣᠳᠠᠭ᠎ᠠ᠄
★★★☆☆

《ᠵᠢᠯ᠎ᠤᠨ ᠠᠵᠢᠯ ᠬᠠᠪᠤᠷ᠎ᠲᠠᠭᠠᠨ》 ᠭᠡᠳᠡᠭ᠎ᠢᠶᠠᠷ᠂ ᠬᠦᠳᠡᠭᠡ ᠨᠤᠲᠤᠭ᠎ᠤᠨ ᠬᠠᠪᠤᠷ ᠲᠦᠯ᠎ᠤᠨ ᠳᠠᠭᠤᠨ᠎ᠢᠶᠠᠷ ᠤᠶᠠᠰᠤᠨ᠎ᠠ᠃ ᠲᠡᠮᠡᠭᠡᠳᠦ ᠨᠤᠲᠤᠭ ᠭᠡᠮᠡᠭ᠌ᠳᠡᠳᠡᠭ ᠠᠯᠠᠱᠠ ᠨᠤᠲᠤᠭ᠎ᠤᠨ ᠮᠠᠯᠴᠢᠳ ᠡᠷᠳᠡ ᠬᠠᠪᠤᠷ᠎ᠢᠶᠠᠷ ᠪᠤᠳᠤᠭᠤ ᠲᠤᠰᠤᠭᠠᠳ ᠶᠠᠭᠠᠷᠠᠤ᠃

— ᠱᠢᠨ᠎ᠠ᠎ᠶ᠋ᠢᠨ ᠲᠠᠪᠤᠨ᠎ᠠᠴᠠ ᠡᠬᠢᠯᠡᠨ ᠢᠩᠭᠡ ᠪᠤᠳᠤᠭᠤᠯᠠᠵᠠᠢ ᠭᠡᠵᠦ᠍ ᠠᠯᠠᠱᠠ ᠪᠠᠷᠠᠭᠤᠨ ᠬᠤᠱᠢᠭᠤᠨ᠎ᠤ ᠠᠯᠳ᠋ᠬᠠᠤᠪᠤᠭ᠎ᠠ ᠪᠠᠯᠭᠠᠰᠤᠨ᠎ᠤ ᠬᠦᠨᠳᠡᠯᠡᠢ ᠭᠠᠴᠠᠭᠠᠨ᠎ᠤ ᠮᠠᠯᠴᠢᠨ ᠠᠳᠤᠯᠼᠤᠤ ᠶᠠᠷᠢᠯ᠎ᠠ᠃

— ᠨᠢᠳᠦᠨᠦᠨ ᠲᠠᠪᠢᠭᠠᠳ ᠪᠤᠳᠤᠭᠤ ᠲᠤᠰᠤᠭ᠍ᠰᠠᠨ᠂ ᠡᠨᠡ ᠵᠢᠯ ᠵᠢᠷᠠᠭᠠᠳ ᠢᠩᠭᠡ ᠪᠤᠳᠤᠭᠤᠯᠠᠨ᠎ᠠ᠂ ᠡᠪᠡᠰᠦ ᠲᠡᠵᠢᠭᠡᠯ᠎ᠢᠶᠠᠨ ᠨᠡᠯᠢᠶᠡᠳ ᠰᠠᠢᠨ ᠪᠡᠯᠡᠳᠭᠡᠭ᠌ᠰᠡᠨ ᠭᠡᠵᠦ᠍ ᠠᠳᠤᠯᠼᠤᠤ ᠰᠡᠳᠭᠢᠯ ᠲᠡᠨᠢᠭᠦᠨ ᠪᠠᠢᠯ᠎ᠠ᠃

ᠲᠡᠳᠡᠨ᠎ᠤ᠎ᠬᠢ 《ᠠᠯᠠᠱᠠ ᠪᠠᠷᠠᠭᠤᠨ ᠬᠤᠱᠢᠭᠤᠨ᠎ᠤ ᠰᠠᠭᠠᠯᠢᠴᠢᠨ ᠲᠡᠮᠡᠭᠡ ᠲᠡᠵᠢᠬᠡᠬᠦ᠌ ᠮᠠᠯᠵᠢᠯ᠎ᠤᠨ ᠲᠠᠯᠠᠪᠤᠷ》 ᠎ᠢ ᠪᠠᠢᠭᠤᠯᠤᠭᠠᠳ᠂ ᠢᠩᠭᠡᠨ ᠰᠦ᠎ᠪᠠᠷ᠎ᠢᠶᠠᠨ ᠤᠯᠠᠨ ᠲᠦᠷᠦᠯ᠎ᠤᠨ ᠱᠢᠨ᠎ᠠ ᠪᠦᠲᠦᠭᠡᠭ᠌ᠳᠡᠬᠦᠨ ᠬᠢᠵᠦ᠍᠂ ᠵᠠᠬ᠎ᠠ ᠲᠡᠯᠭᠡᠭᠦᠷ᠎ᠲᠤ ᠭᠠᠷᠭᠠᠵᠤ᠂ ᠤᠯᠵᠠ ᠤᠮᠤᠭ᠎ᠲᠠᠢ ᠶᠠᠪᠤᠭ᠎ᠠ ᠱᠢᠨ᠎ᠡ ᠡᠷᠡᠨ᠎ᠤ ᠮᠠᠯᠴᠢᠨ ᠪᠢᠯᠡ᠃

— ᠡᠨᠡ ᠵᠢᠯ ᠪᠤᠳᠤᠭᠤ ᠤᠯᠠᠨ ᠪᠤᠯᠬᠤᠷ ᠢᠩᠬᠡᠨ ᠰᠦ᠎ᠶ᠋ᠢᠨ ᠤᠷᠤᠯᠭ᠎ᠠ ᠨᠡᠮᠡᠭ᠌ᠳᠡᠬᠦ᠌ ᠪᠠᠢᠳᠠᠯ᠎ᠲᠠᠢ᠂ ᠤᠳᠤ᠎ᠠᠴᠠ ᠢᠩᠭᠡᠨ ᠰᠦ ᠬᠤᠳᠠᠯᠳᠤᠨ ᠠᠪᠬᠤ ᠬᠦᠮᠦᠨ ᠬᠠᠷᠢᠯᠴᠠᠵᠦ᠍ ᠪᠠᠢᠨ᠎ᠠ᠃ ᠪᠢᠳᠡ ᠪᠠᠰᠠ ᠱᠢᠨ᠎ᠠ ᠪᠦᠲᠦᠭᠡᠭ᠌ᠳᠡᠬᠦᠨ ᠬᠢᠬᠦ᠌ ᠬᠦᠰᠡᠯ᠎ᠲᠠᠢ ᠪᠠᠢᠭ᠎ᠠ ᠭᠡᠵᠦ᠍ ᠠᠳᠤᠯᠼᠤᠤ ᠱᠢᠨ᠎ᠡ ᠵᠢᠯ᠎ᠤᠨ ᠲᠦᠰᠦᠪ ᠲᠦᠯᠦᠪᠯᠡᠭᠡ᠎ᠪᠠᠨ ᠶᠠᠷᠢᠵᠤ ᠪᠠᠢᠯ᠎ᠠ᠃


222.png

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠠᠷᠢᠭᠤᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号