ᠪᠢᠳᠡᠬᠦᠨ ᠪᠤᠯᠲᠠᠯ᠎ᠡ ᠠᠵᠢᠯ᠎ᠤᠨ ᠪᠠᠢᠷᠢ᠎ᠪᠠᠨ ᠰᠠᠬᠢᠨ᠎ᠡ
2021-02-27 18:19:34
ᠵᠣᠬᠢᠶᠠᠭ᠍ᠴᠢ᠄
ᠤᠷᠭᠢᠯ
ᠣᠩᠱᠢᠭ᠍ᠰᠠᠨ ᠣᠳᠠᠭ᠎ᠠ᠄
★★★☆☆

2 ᠰᠠᠷ᠎ᠠ᠎ᠶ᠋ᠢᠨ 9 ᠎ᠤ ᠡᠳᠦᠷ᠂ ᠰᠤᠷᠪᠤᠯᠵᠢᠯᠠᠭ᠍ᠴᠢ 《ᠬᠦᠳᠡᠭᠡ ᠨᠤᠲᠤᠭ᠎ᠤᠨ ᠴᠠᠭᠠᠨ ᠰᠠᠷ᠎ᠠ》 ᠎ᠶ᠋ᠢᠨ ᠰᠤᠷᠪᠤᠯᠵᠢᠯᠠᠭ᠎ᠠ᠎ᠪᠠᠷ ᠤᠩᠨᠢᠭᠤᠳ ᠬᠤᠱᠢᠭᠤᠨ᠎ᠤ ᠪᠣᠷᠤᠬᠤᠲᠠ ᠪᠠᠯᠭᠠᠰᠦ᠎ᠳᠤ ᠬᠦᠷᠬᠦ᠌᠎ᠳᠤ ᠵᠠᠬ᠎ᠠ ᠵᠡᠭᠡᠯᠢ᠎ᠠᠴᠠ ᠬᠠᠮ ᠲᠡᠯᠭᠡᠬᠦᠷ ᠬᠦᠷᠲᠡᠯ᠎ᠡ᠂ ᠬᠤᠪᠴᠠᠰᠦᠨ ᠲᠡᠯᠭᠡᠭᠦᠷ᠎ᠠᠴᠠ ᠨᠤᠭᠤᠭ᠎ᠠ ᠵᠢᠮᠢᠰ᠎ᠤᠨ ᠵᠠᠬ᠎ᠠ ᠲᠡᠯᠬᠡᠬᠦᠷ ᠬᠦᠷᠲᠡᠯ᠎ᠡ ᠬᠦᠮᠦᠨ᠎ᠤ ᠳᠠᠯᠠᠢ᠎ᠪᠠᠷ ᠪᠤᠴᠠᠯᠵᠦ᠍᠂ ᠱᠢᠨ᠎ᠡ ᠵᠢᠯ᠎ᠤᠨ ᠪᠠᠷᠠᠭ᠎ᠠ ᠲᠦᠭᠦᠭᠡᠷᠬᠦ᠌ ᠬᠦᠮᠦᠰ᠎ᠢᠶᠠᠷ ᠲᠦᠭᠦᠷᠴᠦ᠍᠂ ᠲᠦᠢᠯ᠎ᠤᠨ ᠬᠦᠭ᠌ᠵᠢᠶᠡᠨ ᠨᠠᠷᠬᠢᠶᠠᠨ᠎ᠲᠠᠢ ᠪᠠᠢᠯ᠎ᠠ᠃

ᠰᠤᠷᠪᠤᠯᠵᠢᠯᠠᠭ᠍ᠴᠢ 《ᠲᠠᠪᠤᠨ ᠦᠩᠭᠡᠲᠦ ᠬᠤᠲᠠ》 ᠬᠠᠮ ᠲᠡᠯᠭᠡᠭᠦᠷ᠎ᠲᠤ ᠬᠦᠷᠬᠦ᠌᠎ᠳᠤ᠂ ᠬᠦᠮᠦᠰ ᠪᠠᠭ᠍ᠲᠠᠵᠤ ᠶᠠᠳᠠᠨ ᠴᠢᠬᠢᠯᠳᠦᠵᠦ᠍᠂ ᠪᠠᠷᠠᠭ᠎ᠠ ᠲᠠᠸᠠᠷ ᠬᠤᠳᠠᠯᠳᠤᠨ ᠠᠪᠴᠠᠭᠠᠵᠤ ᠪᠠᠢᠯ᠎ᠠ᠃ ᠪᠠᠷᠠᠭ᠎ᠠ ᠬᠤᠳᠠᠯᠳᠤᠭ᠍ᠴᠢ᠎ᠠᠴᠠ᠄ 《ᠤᠢ᠍ᠢᠷ᠎ᠠ᠎ᠶ᠋ᠢᠨ ᠰᠠᠷ᠎ᠠ ᠱᠢᠬᠠᠮ᠎ᠤᠨ ᠬᠤᠭᠤᠴᠠᠭᠠᠨ᠎ᠳᠤ ᠡᠳᠦᠷ ᠪᠤᠯᠭᠠᠨ ᠲᠡᠯᠬᠡᠭᠦᠷ᠎ᠢᠶᠠᠷ ᠤᠷᠤᠵᠦ᠍ ᠭᠠᠷᠬᠤ ᠬᠦᠮᠦᠰ᠎ᠤᠨ ᠲᠤᠭ᠎ᠠ ᠨᠡᠮᠡᠭ᠌ᠳᠡᠵᠦ᠍᠂ ᠪᠠᠷᠠᠭ᠎ᠠ᠎ᠶ᠋ᠢᠨ ᠪᠤᠷᠤᠯᠠᠭᠤᠯᠭ᠎ᠠ ᠬᠠᠮᠤᠭ ᠬᠦᠭ᠌ᠵᠢᠶᠡᠨᠳᠡᠢ ᠡᠷᠢᠨ᠎ᠳᠡᠭᠡᠨ ᠤᠷᠤᠭ᠍ᠰᠠᠨ ᠪᠦᠬᠡᠳ ᠵᠠᠷᠢᠮ ᠪᠤᠷᠤᠯᠠᠭᠤᠯᠭ᠎ᠠ ᠰᠠᠢᠳᠠᠢ ᠪᠠᠷᠠᠭ᠎ᠠ᠎ᠶ᠋ᠢ ᠨᠦᠬᠦᠵᠦ᠍ ᠵᠠᠪᠳᠤᠬᠤ ᠦᠭᠡᠢ ᠪᠠᠢᠳᠠᠯ᠎ᠲᠠᠢ ᠪᠤᠯᠵᠠᠢ》 ᠭᠡᠵᠥ᠍    ᠪᠠᠢᠯ᠎ᠠ᠃

《ᠱᠢᠨ᠎ᠡ ᠶᠢᠷᠲᠢᠨᠴᠦ᠍》 ᠬᠤᠳᠠᠯᠳᠤᠭᠠᠨ᠎ᠤ ᠲᠡᠯᠭᠡᠭᠦᠷ᠎ᠲᠤ ᠬᠦᠷᠬᠦ᠌᠎ᠳᠤ ᠬᠡᠳᠦ᠋ᠢᠪᠡᠷ ᠦᠳᠡ᠎ᠶ᠋ᠢᠨ ᠬᠤᠢᠨ᠎ᠠ ᠪᠤᠯᠤᠭ᠍ᠰᠠᠨ ᠪᠤᠯᠪᠠᠴᠦ᠍ ᠮᠠᠢᠮᠠᠢ ᠬᠢᠬᠦ᠌ ᠬᠦᠮᠦᠰ ᠮᠦᠨ ᠮᠠᠰᠢ ᠤᠯᠠᠨ ᠵᠤᠷᠴᠢᠯᠳᠦᠵᠦ᠍᠂ ᠲᠤᠩ ᠬᠦᠭ᠌ᠵᠢᠶᠡᠨ᠎ᠲᠠᠢ ᠪᠠᠢᠯ᠎ᠠ᠃ ᠲᠡᠳᠡ᠄ 《ᠬᠤᠳᠠᠯᠳᠤᠭ᠎ᠠ ᠮᠠᠢᠮᠠᠢ ᠡᠢᠮᠥ᠍ ᠰᠠᠢᠨ ᠪᠠᠢᠬᠤ᠎ᠳᠤ ᠪᠢᠳᠡ ᠪᠢᠳᠡᠬᠦᠨ ᠪᠤᠯᠲᠠᠯ᠎ᠠ ᠠᠵᠢᠯ᠎ᠤᠨ ᠪᠠᠢᠷᠢ᠎ᠪᠠᠨ ᠪᠠᠲᠦ ᠰᠠᠬᠢᠵᠤ᠂ ᠬᠦᠮᠦᠰ᠎ᠲᠤ ᠲᠦᠭᠦᠮ ᠦᠵᠡᠭᠦᠯᠦᠨ᠎ᠡ》 ᠭᠡᠵᠡᠬᠡᠵᠥ᠍ ᠪᠠᠢᠯ᠎ᠠ᠃

ᠰᠠᠷ᠎ᠠ ᠱᠢᠨ᠎ᠡ ᠪᠤᠯ ᠲᠤᠮᠳᠠᠳᠤᠴᠤᠳ᠎ᠤᠨ ᠲᠦᠢᠯ᠎ᠤᠨ ᠴᠢᠬᠤᠯᠠ ᠤᠯᠠᠮᠵᠢᠯᠠᠯᠳᠤ ᠪᠠᠶᠠᠷ ᠪᠤᠯᠬᠤ ᠶᠤᠮ᠂ ᠡᠨᠡ ᠬᠦ᠌ ᠪᠠᠶᠠᠷ᠎ᠢᠶᠠᠨ ᠨᠡᠩᠳᠡ ᠪᠠᠶᠠᠷ ᠨᠠᠷᠬᠢᠶᠠᠨ᠎ᠲᠠᠢ᠂ ᠲᠡᠨᠢᠬᠦᠨ ᠲᠠᠪᠠᠳᠠᠢ ᠦᠩᠬᠡᠷᠡᠬᠦᠯᠬᠦ᠌᠎ᠶ᠋ᠢᠨ ᠲᠦᠯᠥᠬᠡ ᠬᠦᠮᠥᠰ ᠴᠢᠳᠠᠯ᠎ᠤᠨ ᠬᠢᠷᠢ᠎ᠪᠠᠷ᠎ᠢᠶᠠᠨ ᠱᠢᠨ᠎ᠡ᠎ᠶ᠋ᠢᠨ ᠮᠠᠢᠮᠠᠢ᠎ᠪᠠᠨ ᠬᠢᠵᠡᠬᠡᠵᠤ ᠪᠠᠢᠨ᠎ᠠ᠃ ᠬᠤᠳᠠᠯᠳᠤᠭ᠎ᠠ ᠮᠠᠢᠮᠠᠢ ᠬᠦᠭ᠌ᠵᠢᠶᠡᠨ᠎ᠲᠠᠢ᠂ ᠬᠦᠮᠥᠨ ᠠᠷᠠᠳ᠎ᠤᠨ ᠰᠡᠳᠭᠢᠯ ᠦᠶᠦᠭ ᠴᠠᠳᠭᠤᠯᠠᠩ ᠪᠠᠢᠬᠤ ᠪᠤᠯ ᠨᠡᠢᠬᠡᠮ ᠬᠦᠭ᠌ᠵᠢᠵᠤ᠂ ᠠᠷᠠᠳ᠎ᠤᠨ ᠠᠮᠢᠳᠤᠷᠠᠯ ᠰᠠᠢᠵᠢᠷᠠᠭ᠍ᠰᠠᠨ᠎ᠤ ᠴᠢᠬᠤᠯᠠ ᠨᠢᠬᠡᠨ ᠬᠠᠷᠠᠭᠤᠯᠤᠯ ᠪᠤᠯᠬᠤ ᠶᠤᠮ᠃ ᠬᠦᠳᠡᠭᠡ ᠨᠤᠳᠤᠭ᠎ᠤᠨ ᠴᠠᠭᠠᠨ ᠰᠠᠷ᠎ᠠ᠎ᠳᠤ ᠬᠦᠭ᠌ᠵᠢᠶᠡᠨ ᠨᠠᠷᠬᠢᠶᠠᠨ᠎ᠤ ᠦᠩᠬᠡ ᠪᠤᠳᠤᠭ ᠰᠤᠯᠪᠢᠴᠠᠵᠤ᠂ ᠠᠷᠠᠳ ᠤᠯᠠᠨ᠎ᠤ ᠠᠮᠢᠳᠤᠷᠠᠯ ᠠᠬᠤᠢ᠎ᠶ᠋ᠢᠨ ᠴᠢᠬᠤᠯᠠ ᠨᠢᠬᠡᠨ ᠴᠤᠩᠬᠤᠪᠴᠢ ᠪᠤᠯᠵᠤ ᠪᠠᠢᠳᠠᠭ ᠰᠠᠨ᠃

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠠᠷᠢᠭᠤᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号