ᠤᠯᠤᠰ ᠬᠦᠷᠦᠨ᠎ᠳᠤ ᠬᠦᠨᠳᠦ ᠡᠬᠦᠷᠭᠡ ᠡᠬᠦᠷᠭᠡᠯᠡᠬᠦ᠌ ᠴᠠᠭ ᠦᠶ᠎ᠠ᠎ᠶ᠋ᠢᠨ ᠱᠢᠨ᠎ᠠ ᠬᠦᠮᠦᠨ᠎ᠢ ᠬᠦᠮᠦᠵᠢᠬᠦᠯᠰᠦᠭᠡᠢ — ᠭᠤᠷᠪᠠᠨ ᠬᠢᠴᠢᠶᠠᠯ ᠲᠦᠷᠦᠯ᠎ᠤᠨ ᠨᠢᠭᠡᠳᠦᠯᠲᠡᠢ ᠨᠠᠢᠷᠠᠭᠤᠯᠤᠭ᠍ᠰᠠᠨ ᠵᠢᠭᠠᠬᠤ ᠮᠠᠲ᠋ᠧᠷᠢᠶᠠᠯ ᠪᠠ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠤᠨ ᠰᠤᠷᠭᠠᠨ ᠬᠥᠮᠦᠵᠢᠯ᠎ᠤᠨ ᠠᠵᠢᠯ᠎ᠢ ᠪᠦᠬᠦ᠌ ᠬᠦᠴᠦ᠎ᠪᠠᠷ᠎ᠢᠶᠠᠨ ᠰᠠᠢᠲᠤᠷ ᠬᠢᠬᠦ᠌ ᠲᠤᠬᠠᠢ ᠭᠤᠷᠪᠠᠨᠳᠠ ᠥᠭᠦᠯᠡᠬᠦ᠌᠎ᠨᠢ
2021-02-08 09:54:15
ᠵᠣᠬᠢᠶᠠᠭ᠍ᠴᠢ᠄
ᠦᠪᠦᠷ ᠮᠤᠩᠭᠤᠯ᠎ᠤᠨ ᠡᠳᠦᠷ᠎ᠤᠨ ᠰᠣᠨᠢᠨ᠎ᠤ ᠱᠢᠭᠦᠮᠵᠢᠯᠡᠭ᠌ᠴᠢ
ᠣᠩᠱᠢᠭ᠍ᠰᠠᠨ ᠣᠳᠠᠭ᠎ᠠ᠄
★★★☆☆

《ᠳᠤᠮᠳᠠᠳᠤ ᠤᠯᠤᠰ᠎ᠤᠨ ᠬᠦᠮᠦᠨ ᠪᠤᠯᠤᠬ᠍ᠰᠠᠨ᠎ᠤ ᠬᠤᠪᠢ᠎ᠳᠤ᠂ ᠪᠢᠳᠠ ᠪᠦᠬᠦᠨ ᠳᠤᠮᠳᠠᠳᠤ ᠤᠯᠤᠰ᠎ᠤᠨ ᠲᠡᠦᠭᠡ᠎ᠶ᠋ᠢ ᠤᠢ᠍ᠢᠯᠠᠭᠠᠵᠦ᠍᠂ ᠶᠤᠰᠤ ᠰᠤᠷᠳᠠᠬᠤᠨ ᠬᠠᠤᠯᠢᠵᠢᠯ᠎ᠢ ᠢᠳᠡᠭᠡᠨ ᠰᠠᠬᠢᠵᠦ᠍᠂ ᠢᠯᠠᠩᠭᠤᠶ᠎ᠠ ᠤᠯᠤᠰ᠎ᠢᠶᠠᠨ ᠬᠠᠢᠷᠠᠯᠠᠬᠤ ᠬᠠᠢᠷ᠎ᠠ ᠰᠡᠳᠭᠢᠯᠭᠡ᠎ᠲᠠᠢ ᠪᠠᠢᠬᠤ ᠭᠡᠷᠡᠭ᠌ᠲᠡᠢ᠃ ᠤᠯᠤᠰ᠎ᠤᠨ ᠨᠢᠭᠡᠳᠦᠯᠳᠠᠢ ᠨᠠᠢᠷᠠᠭᠤᠯᠤᠭ᠍ᠰᠠᠨ ᠵᠢᠭᠠᠬᠤ ᠮᠠᠲ᠋ᠧᠷᠢᠶᠠᠯ᠎ᠢ ᠳᠡᠯᠭᠡᠷᠡᠬᠦᠯᠦᠨ ᠭᠡᠷᠡᠭ᠌ᠯᠡᠬᠦ᠌᠎ᠪᠠᠷ ᠳᠠᠮᠵᠢᠭᠤᠯᠤᠨ᠂ ᠪᠢᠳᠠ ᠲᠠᠯ᠎ᠠ ᠨᠤᠳᠤᠭ᠎ᠲᠤ ᠦᠨᠳᠦᠰᠦᠯᠡᠭ᠌ᠰᠡᠨ᠂ ᠬᠡᠬᠦᠳᠡᠭ ᠴᠡᠭᠡᠵᠢᠨ᠎ᠠ ᠡᠭᠡ ᠤᠯᠤᠰ᠎ᠢᠶᠠᠨ ᠳᠡᠭᠡᠳᠦᠯᠡᠭ᠌ᠰᠡᠨ᠂ ᠳᠡᠯᠡᠭᠡᠢ ᠳ᠋ᠠᠬᠢᠨ᠎ᠠ ᠬᠠᠷᠠᠭᠠᠰᠤ᠎ᠪᠠᠨ ᠳᠡᠯᠡᠭ᠌ᠰᠡᠨ ᠬᠢᠷᠢ ᠲᠡᠩᠴᠡᠭ᠌ᠰᠡᠨ ᠴᠢᠳᠠᠪᠤᠷᠢᠳᠠᠨ᠎ᠢ ᠬᠦᠮᠦᠵᠢᠬᠦᠯᠬᠦ᠌ ᠭᠡᠷᠡᠭ᠌ᠲᠡᠢ》᠃ ᠤᠯᠤᠰ᠎ᠤᠨ ᠨᠢᠭᠡᠳᠦᠯᠳᠠᠢ ᠨᠠᠢᠷᠠᠭᠤᠯᠤᠭ᠍ᠰᠠᠨ ᠵᠢᠭᠠᠬᠤ ᠮᠠᠲᠧᠷᠢᠶᠠᠯ᠎ᠢ ᠳᠡᠯᠭᠡᠷᠡᠬᠦᠯᠦᠨ ᠭᠡᠷᠡᠭ᠌ᠯᠡᠬᠦ᠌᠎ᠶ᠋ᠢᠨ ᠴᠢᠬᠤᠯᠠ ᠶᠡᠭᠡ ᠪᠠᠢᠯᠳᠤᠬᠤ ᠪᠤᠳᠤᠯᠭ᠎ᠠ᠎ᠶ᠋ᠢᠨ ᠠᠴᠢ ᠬᠤᠯᠪᠤᠭ᠍ᠳᠠᠯ ᠪᠠ ᠠᠯᠤᠰ ᠭᠡᠳᠦ᠎ᠶ᠋ᠢᠨ ᠠᠬᠤᠢ᠍ᠢᠴᠢ ᠠᠴᠢ ᠬᠤᠯᠪᠤᠭ᠍ᠳᠠᠯ᠎ᠤᠨ ᠲᠤᠬᠠᠢ ᠬᠢᠩᠭᠠᠨ ᠠᠢᠮᠠᠬ᠎ᠤᠨ ᠤᠯᠠᠭᠠᠨᠬᠤᠳᠠ᠎ᠶ᠋ᠢᠨ ᠮᠤᠩᠭᠤᠯ ᠦᠨᠳᠦᠰᠦᠳᠡᠨ᠎ᠤ ᠪᠠᠭ᠎ᠠ ᠰᠤᠷᠭᠠᠭᠤᠯᠢ᠎ᠶ᠋ᠢᠨ ᠵᠠᠬᠢᠷᠤᠯ ᠪᠤᠤ ᠶᠦᠩ ᠮᠸᠢ ᠰᠤᠷᠪᠤᠯᠵᠢᠯᠠᠬ᠍ᠴᠢ᠎ᠶ᠋ᠢᠨ ᠰᠤᠷᠪᠤᠯᠵᠢᠯᠠᠭ᠎ᠠ᠎ᠶ᠋ᠢ ᠬᠦᠯᠢᠶᠡᠬᠦ᠌ ᠦᠶ᠎ᠠ᠎ᠶ᠋ᠢᠨ ᠦᠭᠡ ᠶᠠᠷᠢᠶ᠎ᠠ᠎ᠨᠢ ᠦᠷᠭᠡᠨ ᠤᠯᠠᠨ ᠪᠠᠭ᠍ᠰᠢ ᠨᠠᠷ᠎ᠤᠨ ᠬᠠᠮᠳᠦ᠎ᠶ᠋ᠢᠨ ᠲᠠᠨᠢᠯᠳᠠ᠎ᠶ᠋ᠢ ᠭᠡᠯᠡᠵᠦ᠍ ᠭᠠᠷᠭᠠᠵᠠᠢ᠃

ᠰᠤᠷᠭᠠᠨ ᠬᠦᠮᠦᠵᠢᠯ ᠪᠤᠯ ᠤᠯᠤᠰ᠎ᠤᠨ ᠶᠡᠭᠡ ᠠᠷᠭ᠎ᠠ ᠪᠤᠳᠤᠯᠭ᠎ᠠ᠂ ᠨᠠᠮ᠎ᠤᠨ ᠶᠡᠭᠡ ᠠᠷᠭ᠎ᠠ ᠪᠤᠳᠤᠯᠭ᠎ᠠ ᠮᠦᠨ᠃ ᠡᠳᠦᠭᠡ᠂ ᠠᠯᠢ ᠴᠦ᠍ ᠠᠵᠢᠯ ᠦᠢᠯᠡᠰ ᠭᠡᠳ ᠰᠤᠷᠭᠠᠨ ᠬᠦᠮᠦᠵᠢᠯ᠎ᠤᠨ ᠦᠢᠯᠡᠰ ᠱᠢᠭ᠎ᠢᠶᠠᠷ ᠨᠦᠯᠦᠭᠡᠯᠡᠬᠦ᠌ ᠪᠤᠶᠤ ᠴᠢᠨᠠᠬ᠍ᠰᠢᠯᠠᠨ ᠵᠠᠯᠭᠠᠮᠵᠢᠯᠠᠬ᠍ᠴᠢ᠎ᠶ᠋ᠢᠨ ᠠᠰᠠᠭᠤᠳᠠᠯ᠎ᠢ ᠲᠤᠭ᠍ᠳᠠᠭᠠᠵᠦ᠍᠂ ᠤᠯᠤᠰ᠎ᠤᠨ ᠤᠷᠳᠤ ᠤᠳᠠᠭᠠᠨ᠎ᠤ ᠠᠮᠤᠷ ᠲᠤᠭ᠍ᠳᠠᠭᠤᠨ᠎ᠢ ᠲᠤᠭ᠍ᠳᠠᠭᠠᠵᠦ᠍᠂ ᠦᠨᠳᠦᠰᠦᠳᠡᠨ᠎ᠤ ᠰᠡᠷᠬᠦᠨ ᠮᠠᠨᠳᠤᠯᠳᠠ ᠪᠠ ᠤᠯᠤᠰ᠎ᠤᠨ ᠬᠦᠭ᠌ᠵᠢᠯ ᠪᠠᠳᠠᠷᠠᠯ᠎ᠢ ᠲᠤᠭ᠍ᠳᠠᠭᠠᠵᠦ᠍ ᠪᠠᠢᠳᠠᠭ ᠦᠭᠡᠢ᠃

ᠨᠢᠭᠡᠳᠦᠯᠳᠠᠢ ᠨᠠᠢᠷᠠᠭᠤᠯᠤᠭ᠍ᠰᠠᠨ ᠵᠢᠭᠠᠬᠤ ᠮᠠᠲᠧᠷᠢᠶᠠᠯ᠎ᠢ ᠳᠡᠯᠭᠡᠷᠡᠬᠦᠯᠦᠨ ᠭᠡᠷᠡᠭ᠌ᠯᠡᠬᠦ᠌ ᠪᠤᠯ ᠤᠯᠤᠰ᠎ᠤᠨ ᠨᠡᠢᠳᠡᠮ ᠭᠡᠷᠡᠭ᠌ᠯᠡᠬᠦ᠌ ᠦᠭᠡ ᠭᠡᠯᠡ ᠦᠰᠦᠭ ᠪᠢᠴᠢᠭ᠎ᠢ ᠰᠠᠢᠳᠤᠷ ᠰᠤᠷᠴᠦ᠍ ᠰᠠᠢᠳᠤᠷ ᠭᠡᠷᠡᠭ᠌ᠯᠡᠬᠦ᠌᠎ᠶ᠋ᠢᠨ ᠴᠢᠬᠤᠯᠠ ᠠᠴᠢᠶᠠᠯᠠᠪᠤᠷᠢ ᠪᠠ ᠪᠦᠳᠦᠮᠵᠢᠳᠠᠢ ᠠᠷᠭ᠎ᠠ ᠵᠠᠮ ᠮᠦᠨ᠂ ᠡᠨᠡ᠎ᠨᠢ ᠦᠨᠳᠦᠰᠦᠳᠡᠨ᠎ᠨᠦᠭᠦᠳ᠎ᠤᠨ ᠳᠤᠮᠳᠠᠳᠤ᠎ᠶ᠋ᠢᠨ ᠦᠨᠳᠦᠰᠦᠳᠡᠨ᠎ᠤ ᠬᠠᠮᠳᠦ ᠴᠤᠬ᠍ᠴᠠ᠎ᠶ᠋ᠢᠨ ᠤᠬᠠᠮᠰᠠᠷ᠎ᠢ ᠲᠠᠰᠤᠷᠠᠯᠳᠠ ᠦᠭᠡᠢ ᠪᠠᠳᠤ ᠴᠤᠬ᠍ᠴᠠᠯᠠᠵᠦ᠍᠂ ᠶᠠᠪᠤᠯᠴᠠᠭ᠎ᠠ ᠰᠤᠯᠢᠯᠴᠠᠭ᠎ᠠ ᠠᠭᠤᠰᠤᠯᠴᠠᠭ᠎ᠠ᠎ᠶ᠋ᠢ ᠠᠬᠢᠭᠤᠯᠬᠤ᠎ᠳᠤ ᠠᠱᠢᠬ᠎ᠲᠠᠢ᠎ᠪᠠᠷ ᠦᠯᠦ᠍ ᠪᠠᠷᠠᠮ ᠪᠠᠰᠠ ᠦᠨᠳᠦᠰᠦᠳᠡᠨ᠎ᠤ ᠤᠷᠤᠨ᠎ᠤ ᠠᠵᠤ ᠠᠬᠤᠢ ᠨᠡᠢᠭᠡᠮ᠎ᠤᠨ ᠬᠦᠭ᠌ᠵᠢᠯᠳᠠ ᠪᠠ ᠴᠦᠭᠡᠨ ᠲᠤᠭᠠᠳᠦ ᠦᠨᠳᠦᠰᠦᠳᠡᠨ᠎ᠤ ᠰᠤᠷᠤᠬ᠍ᠴᠢᠳ᠎ᠤᠨ ᠤᠳᠤ ᠦᠶ᠎ᠠ᠎ᠶ᠋ᠢᠨ ᠨᠡᠢᠭᠡᠮ᠎ᠳᠤ ᠨᠡᠩ ᠰᠠᠢᠳᠤᠷ ᠠᠭᠤᠰᠤᠯᠴᠠᠨ ᠤᠷᠤᠬᠤ᠎ᠳᠤ ᠴᠦ᠍ ᠠᠱᠢᠬ᠎ᠲᠠᠢ ᠶᠤᠮ᠃

ᠨᠢᠭᠡᠳᠤᠯᠳᠠᠢ ᠨᠠᠢᠷᠠᠭᠤᠯᠤᠬ᠍ᠰᠡᠨ ᠵᠢᠭᠠᠬᠤ ᠮᠠᠲ᠋ᠧᠷᠢᠶᠠᠯ᠎ᠢ ᠲᠡᠯᠭᠡᠷᠡᠬᠦᠯᠤᠨ ᠭᠡᠷᠡᠭ᠌ᠯᠡᠬᠦ᠌ ᠬᠦᠮᠦᠵᠢᠯ᠎ᠤᠨ ᠠᠵᠢᠯᠯᠠᠭ᠎ᠠ ᠲᠤᠮᠳᠠ᠂ ᠰᠤᠷᠤᠬ᠍ᠴᠢᠳ᠎ᠤᠨ ᠰᠤᠷᠤᠬ᠍ᠰᠡᠨ᠎ᠨᠢ ᠰᠠᠢᠨ ᠡᠰᠡᠬᠦ᠌᠎ᠨᠢ ᠭᠡᠳᠦ᠋ᠢᠪᠡᠷ ᠴᠢᠬᠤᠯᠠ ᠪᠤᠯᠪᠠᠴᠤ᠌ ᠪᠠᠭ᠍ᠰᠢ ᠨᠠᠷ᠎ᠤᠨ ᠵᠢᠭᠠᠬ᠍ᠰᠡᠨ᠎ᠨᠢ ᠬᠢᠷᠢ ᠵᠡᠷᠭᠡ᠎ᠨᠢ ᠰᠠᠢ ᠬᠠᠮᠤᠭ᠎ᠤᠨ ᠵᠠᠩᠭᠢᠯᠠᠭ᠎ᠠ᠎ᠶ᠋ᠢᠨ ᠨᠢᠬᠡ ᠭᠤᠬ᠍ᠴᠤᠭ᠎ᠠ ᠪᠤᠯᠤᠨ᠎ᠡ᠂ ᠤᠴᠢᠷ᠎ᠨᠢ ᠪᠠᠭ᠍ᠰᠢ ᠪᠤᠯ ᠰᠤᠷᠭᠠᠨ ᠬᠦᠮᠦᠵᠢᠯ ᠪᠠ ᠵᠢᠭᠠᠨ ᠰᠤᠷᠭᠠᠯᠳᠠ᠎ᠶ᠋ᠢᠨ ᠡᠬᠢ ᠪᠠᠶᠠᠯᠢᠭ᠎ᠢ ᠨᠡᠢᠳᠭᠡᠬᠦ᠂ ᠠᠱᠢᠬ᠍ᠯᠠᠬᠤ ᠪᠤᠳᠠᠳᠠᠢ ᠭᠡᠷᠡᠭ᠌ᠵᠢᠬᠦᠯᠦᠭ᠌ᠴᠢ ᠮᠦᠨ᠃ ᠴᠢᠨᠠᠷ ᠰᠠᠢᠳᠠᠢ ᠰᠤᠷᠭᠠᠨ ᠬᠦᠮᠦᠵᠢᠯ᠎ᠤᠨ ᠡᠬᠢ ᠪᠠᠶᠠᠯᠢᠭ᠎ᠤᠨ ᠦᠢᠯᠡᠳᠤᠯ᠎ᠢ ᠬᠦᠢᠴᠡᠳ ᠪᠠᠳᠠᠷᠠᠭᠤᠯᠵᠤ᠂ ᠵᠢᠱ᠌ᠢᠭ᠌ᠰᠡᠨ ᠵᠢᠭᠠᠨ ᠰᠤᠷᠭᠠᠯᠳᠠ᠎ᠶ᠋ᠢᠨ ᠦᠷ᠎ᠡ ᠳ᠋ᠦᠩ᠎ᠳᠤ ᠬᠦᠷᠭᠡᠬᠦ᠌᠎ᠳᠤ ᠡᠩ ᠲᠡᠷᠢᠬᠦᠨ᠎ᠳᠤ ᠪᠠᠭ᠍ᠰᠢ᠎ᠶ᠋ᠢᠨ ᠡᠩᠨᠡᠭᠡᠨ᠎ᠤ ᠬᠦᠴᠤᠨ᠎ᠢ ᠲᠤᠬᠢᠷᠠᠭᠤᠯᠤᠨ ᠬᠦᠴᠦᠷᠭᠡᠭ᠌ᠵᠢᠬᠦᠯᠬᠦ᠌ ᠭᠡᠷᠡᠭ᠌ᠳᠠᠢ᠃ ᠪᠦᠬᠦ᠌ ᠤᠷᠤᠨ᠎ᠤ ᠡᠯ᠎ᠡ ᠱᠠᠳᠤ ᠡᠯ᠎ᠡ ᠭᠠᠵᠠᠷ ᠤᠷᠤᠨ ᠡᠯ᠎ᠡ ᠬᠤᠯᠪᠤᠬ᠍ᠳᠠᠯ ᠪᠦᠬᠦᠢ ᠰᠠᠯᠠᠭ᠎ᠠ ᠮᠦᠴᠢᠷ᠎ᠤᠨ᠎ᠬᠢᠨ ᠨᠢᠭᠡᠳᠤᠯᠳᠠᠢ ᠨᠠᠢᠷᠠᠭᠤᠯᠤᠬ᠍ᠰᠡᠨ ᠵᠢᠭᠠᠬᠤ ᠮᠠᠲᠧᠷᠢᠶᠠᠯ᠎ᠤᠨ ᠪᠠᠭ᠍ᠰᠢ᠎ᠶ᠋ᠢᠨ ᠡᠩᠨᠡᠭᠡᠨ᠎ᠤ ᠪᠠᠢᠭᠤᠯᠤᠯᠳᠠ᠎ᠶ᠋ᠢ ᠲᠡᠭᠡᠳᠤ ᠬᠡᠮᠵᠢᠶ᠎ᠡ᠎ᠪᠠᠷ ᠴᠢᠬᠤᠯᠠᠴᠢᠯᠠᠵᠤ᠂ ᠦᠨᠡᠨ ᠬᠦ᠌ ᠡᠯ᠎ᠡ ᠲᠠᠯ᠎ᠡ᠎ᠶ᠋ᠢᠨ ᠠᠵᠢᠯ᠎ᠢ ᠪᠤᠳᠠᠳᠠᠢ ᠬᠢᠵᠤ ᠨᠠᠷᠢᠯᠢᠭ ᠬᠢᠵᠤ ᠲᠦᠢᠯᠪᠦᠷᠢᠳᠠᠢ ᠬᠢᠵᠦ᠍᠂ ᠨᠢᠭᠡᠳᠤᠯᠳᠠᠢ ᠨᠠᠢᠷᠠᠭᠤᠯᠤᠬ᠍ᠰᠡᠨ ᠵᠢᠭᠠᠬᠤ ᠮᠠᠲ᠋ᠧᠷᠢᠶᠠᠯ᠎ᠢ ᠲᠡᠯᠭᠡᠷᠡᠬᠦᠯᠤᠨ ᠭᠡᠷᠡᠭ᠌ᠯᠡᠬᠦ᠌ ᠠᠵᠢᠯ᠎ᠢ ᠯᠠᠪᠳᠠᠭᠤᠨ ᠪᠠᠳᠤᠳᠠᠢ ᠠᠬᠢᠭᠤᠯᠵᠤ᠂ ᠤᠯᠤᠰ᠎ᠤᠨ ᠨᠡᠢᠳᠡᠮ ᠭᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠤᠨ ᠰᠤᠷᠭᠠᠨ ᠬᠦᠮᠦᠵᠢᠯ᠎ᠢ ᠪᠦᠬᠦ᠌ ᠲᠠᠯ᠎ᠡ᠎ᠪᠠᠷ ᠴᠢᠩᠭᠠᠳᠭᠠᠬᠤ᠎ᠳᠤ ᠬᠦᠴᠤᠳᠠᠢ ᠲᠠᠮᠵᠢᠯᠭᠡ ᠬᠠᠨᠭ᠌ᠭᠠᠵᠤ᠂ ᠰᠠᠢᠨ ᠰᠠᠢᠬᠠᠨ ᠨᠦᠬᠦᠴᠡᠯ᠎ᠢ ᠡᠬᠦᠳᠬᠦ᠌ ᠭᠡᠷᠡᠭ᠌ᠳᠠᠢ᠃ ᠡᠯ᠎ᠡ ᠱᠠᠳᠤᠨ᠎ᠤ ᠰᠤᠷᠭᠠᠨ ᠬᠦᠮᠦᠵᠢᠯ᠎ᠤᠨ ᠵᠠᠰᠠᠭ ᠵᠠᠬᠢᠷᠭᠠᠨ᠎ᠤ ᠰᠠᠯᠠᠭ᠎ᠠ ᠮᠦᠴᠢᠷ᠎ᠤᠨ᠎ᠬᠢᠨ ᠬᠠᠷᠢᠶ᠎ᠡ ᠭᠠᠵᠠᠷ᠎ᠤᠨ ᠬᠠᠮᠢᠶᠡᠷᠤᠯᠳᠠ᠎ᠶ᠋ᠢᠨ ᠵᠠᠷᠴᠢᠮ ᠶᠤᠰᠤᠭᠠᠷ᠂ ᠲᠤᠱᠢᠶᠠᠯ ᠬᠠᠷᠢᠭᠤᠴᠠᠯᠭ᠎ᠠ᠎ᠪᠠᠨ ᠲᠤᠳᠤᠷᠬᠠᠢᠯᠠᠵᠤ᠂ ᠰᠠᠨᠠᠭᠠᠴᠢᠯᠠᠭ᠎ᠠ᠎ᠠᠴᠠ᠎ᠪᠠᠨ ᠵᠢᠳᠬᠦᠯ ᠴᠢᠷᠮᠠᠢᠯᠭ᠎ᠠ ᠭᠠᠷᠭᠠᠵᠤ᠂ ᠪᠠᠭ᠍ᠰᠢ᠎ᠶ᠋ᠢᠨ ᠡᠩᠨᠡᠭᠡᠨ᠎ᠤ ᠪᠠᠳᠤᠯᠠᠭ᠎ᠠ᠎ᠶ᠋ᠢᠨ ᠠᠵᠢᠯ᠎ᠢ ᠪᠦᠬᠦ᠌ ᠬᠦᠴᠤᠨ᠎ᠢᠶᠠᠷ᠎ᠢᠶᠠᠨ ᠰᠠᠢᠳᠤᠷ ᠬᠢᠬᠦ᠌ ᠭᠡᠷᠡᠭ᠌ᠳᠠᠢ᠃ ᠤᠳᠤ᠎ᠶ᠋ᠢᠨ ᠪᠠᠢᠭ᠎ᠠ ᠪᠠᠭ᠍ᠰᠢ᠎ᠶ᠋ᠢᠨ ᠡᠩᠨᠡᠭᠡᠨ᠎ᠤ ᠰᠠᠭᠤᠷᠢ ᠲᠤᠭ᠎ᠠ᠎ᠶ᠋ᠢ ᠪᠦᠬᠦ᠌ ᠲᠠᠯ᠎ᠡ᠎ᠪᠠᠷ ᠲᠤᠳᠤᠷᠬᠠᠢ ᠮᠡᠳᠡᠭ᠌ᠰᠡᠨ᠎ᠤ ᠰᠠᠭᠤᠷᠢᠨ᠎ᠳᠤ᠂ ᠭᠤᠷᠪᠡᠨ ᠬᠢᠴᠢᠶᠠᠯ ᠲᠦᠷᠦᠯ᠎ᠤᠨ ᠬᠢᠴᠢᠶᠠᠯ᠎ᠤᠨ ᠪᠠᠭ᠍ᠰᠢ᠎ᠶ᠋ᠢᠨ ᠲᠤᠳᠠᠬ᠍ᠳᠠᠯ᠎ᠤᠨ ᠭᠡᠷᠡᠭ᠌ᠴᠡᠭᠡ᠎ᠶ᠋ᠢ ᠤᠨᠤᠴᠠᠳᠠᠢ ᠬᠢᠨᠡᠨ ᠪᠤᠳᠤᠵᠤ᠂ ᠠᠵᠢᠯ᠎ᠤᠨ ᠪᠠᠢᠷᠢᠨ᠎ᠳᠤ ᠪᠠᠢᠭ᠎ᠠ ᠪᠠᠭ᠍ᠰᠢ᠎ᠶ᠋ᠢ ᠲᠤᠰᠭᠠᠢ ᠪᠤᠯᠪᠠᠰᠤᠷᠠᠭᠤᠯᠬᠤ᠂ ᠱᠢᠶᠠᠨ᠎ᠤ ᠬᠡᠪᠴᠢᠶᠠᠨ᠎ᠳᠤ ᠱᠢᠯᠵᠢᠬᠦᠯᠤᠨ ᠲᠤᠬᠢᠷᠠᠭᠤᠯᠬᠤ᠂ 《ᠠᠯᠪᠡᠨ ᠵᠠᠷᠤᠳᠠᠯ᠎ᠢᠶᠠᠷ ᠬᠦᠮᠦᠵᠢᠬᠦᠯᠦᠭ᠌ᠰᠡᠨ ᠪᠠᠭ᠍ᠰᠢ᠎ᠶ᠋ᠢᠨ ᠰᠤᠷᠭᠠᠭᠤᠯᠢ᠎ᠶ᠋ᠢᠨ ᠰᠤᠷᠤᠬ᠍ᠴᠢ》 ᠎ᠶ᠋ᠢ ᠤᠷᠢᠵᠤ ᠭᠡᠷᠡᠭ᠌ᠯᠡᠬᠦ᠂ 《ᠤᠨᠴᠠ ᠠᠵᠢᠯ᠎ᠤᠨ ᠪᠠᠢᠷᠢ᠎ᠶ᠋ᠢᠨ ᠪᠠᠭ᠍ᠰᠢ》 ᠎ᠶ᠋ᠢ ᠤᠷᠢᠵᠤ ᠡᠯᠰᠡᠬᠦ᠂ ᠰᠤᠷᠭᠠᠭᠤᠯᠢ᠎ᠶ᠋ᠢᠨ ᠬᠤᠭᠤᠷᠤᠨᠳᠤ 《ᠬᠠᠮᠳᠤᠷᠠᠯᠴᠠᠨ ᠪᠠᠢᠭᠤᠯᠬᠤ》 ᠵᠡᠷᠭᠡ ᠠᠷᠭ᠎ᠠ ᠬᠡᠮᠵᠢᠶ᠎ᠡ᠎ᠪᠠᠷ ᠲᠠᠮᠵᠢᠭᠤᠯᠵᠤ᠂ ᠦᠨᠳᠤᠰᠤᠳᠡᠨ᠎ᠤ ᠦᠭᠡ ᠬᠡᠯᠡ᠎ᠪᠠᠷ ᠬᠢᠴᠢᠶᠠᠯᠯᠠᠵᠤ ᠪᠠᠢᠭ᠎ᠠ ᠰᠤᠷᠭᠠᠭᠤᠯᠢ᠎ᠶ᠋ᠢᠨ ᠭᠤᠷᠪᠡᠨ ᠬᠢᠴᠢᠶᠠᠯ ᠲᠦᠷᠦᠯ᠎ᠤᠨ ᠪᠠᠭ᠍ᠰᠢ᠎ᠶ᠋ᠢᠨ ᠡᠩᠨᠡᠭᠡᠨ᠎ᠤ ᠭᠡᠷᠡᠭ᠌ᠴᠡᠭᠡ᠎ᠶ᠋ᠢ ᠦᠨᠡᠨ ᠬᠦ᠌ ᠪᠠᠳᠤᠯᠠᠵᠤ᠂ ᠭᠤᠷᠪᠡᠨ ᠬᠢᠴᠢᠶᠠᠯ ᠲᠦᠷᠦᠯ᠎ᠤᠨ ᠪᠠᠭ᠍ᠰᠢ᠎ᠶ᠋ᠢᠨ ᠤᠯᠤᠰ᠎ᠤᠨ ᠨᠡᠢᠳᠡᠮ ᠭᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠤᠨ ᠲᠦᠪᠱᠢᠨ ᠪᠠ ᠰᠤᠷᠭᠠᠨ ᠬᠦᠮᠦᠵᠢᠯ ᠵᠢᠭᠠᠨ ᠰᠤᠷᠭᠠᠯᠳᠠ᠎ᠶ᠋ᠢᠨ ᠴᠢᠳᠠᠪᠤᠷᠢ᠎ᠶ᠋ᠢ ᠬᠦᠴᠤᠯᠠᠨ ᠲᠡᠭᠡᠭ᠌ᠰᠢᠯᠡᠬᠦᠯᠬᠦ᠌ ᠭᠡᠷᠡᠭ᠌ᠳᠠᠢ᠃

ᠪᠠᠭ᠍ᠰᠢ ᠪᠤᠯ ᠬᠦᠮᠤᠨ ᠲᠦᠷᠤᠯᠬᠢᠳᠠᠨ᠎ᠤ ᠰᠦᠭ ᠰᠦᠨᠠᠰᠤ᠎ᠶ᠋ᠢᠨ ᠢᠨᠵᠧᠨᠧᠷ᠂ ᠬᠦᠮᠤᠨ ᠲᠦᠷᠤᠯᠬᠢᠳᠠᠨ᠎ᠤ ᠪᠤᠯᠪᠠᠰᠤᠨ᠎ᠤ ᠤᠯᠠᠮᠵᠢᠯᠠᠬ᠍ᠴᠢ ᠮᠦᠨ᠂ ᠲᠡᠷᠢᠬᠦᠨ᠎ᠤ ᠰᠤᠶᠤᠯ᠎ᠢ ᠤᠯᠠᠮᠵᠢᠯᠠᠬᠤ᠂ ᠴᠠᠬ ᠦᠶ᠎ᠠ᠎ᠶ᠋ᠢᠨ ᠱᠢᠨ᠎ᠠ ᠬᠦᠮᠤᠨ᠎ᠢ ᠬᠦᠮᠤᠵᠢᠬᠦᠯᠬᠦ᠌ ᠲᠡᠤᠬᠡᠳᠤ ᠡᠬᠦᠷᠬᠡ᠎ᠶ᠋ᠢ ᠡᠬᠦᠷᠬᠡᠯᠠᠵᠤ ᠪᠠᠢᠨ᠎ᠠ᠃ ᠨᠢᠬᠡᠳᠤᠯᠳᠠᠢ ᠨᠠᠢᠷᠠᠭᠤᠯᠤᠬ᠍ᠰᠠᠨ ᠵᠢᠭᠠᠬᠤ ᠮᠠᠲ᠋ᠧᠷᠢᠶᠠᠯ᠎ᠢ ᠳᠡᠯᠭᠡᠷᠡᠬᠦᠯᠦᠨ ᠭᠡᠷᠡᠭ᠌ᠯᠡᠬᠦ᠌ ᠲᠤᠮᠳᠠ᠂ ᠪᠠᠭ᠍ᠰᠢ ᠨᠢᠬᠡᠪᠤᠷᠢ ᠮᠤᠷᠠᠯ᠎ᠢᠶᠠᠷ ᠬᠦᠮᠤᠨ᠎ᠢ ᠬᠦᠮᠤᠵᠢᠬᠦᠯᠬᠦ᠌ ᠦᠩᠬᠡ ᠬᠡᠷᠡᠯᠳᠤ ᠡᠬᠦᠷᠬᠡ ᠬᠠᠷᠢᠭᠤᠴᠠᠯᠭ᠎ᠠ᠎ᠶ᠋ᠢ ᠡᠬᠦᠷᠬᠡᠯᠠᠵᠤ᠂ ᠶᠡᠭᠡ ᠶᠤᠰᠤ᠎ᠶ᠋ᠢ ᠡᠵᠡᠮᠱᠢᠵᠦ᠍᠂ ᠬᠢᠬᠦ᠌ ᠦᠯᠦ᠍ ᠬᠢᠬᠦ᠌᠎ᠶ᠋ᠢ ᠮᠡᠳᠡᠨ᠂ ᠦᠯᠢᠬᠡᠷ ᠲᠠᠭᠤᠷᠢᠶᠠᠯ ᠦᠵᠡᠬᠦᠯᠵᠤ᠂ ᠲᠡᠷᠢᠬᠦᠨ᠎ᠤ ᠦᠵᠡᠯ ᠰᠠᠨᠠᠭ᠎ᠠ ᠰᠤᠶᠤᠯ᠎ᠤᠨ ᠤᠯᠠᠮᠵᠢᠯᠠᠬ᠍ᠴᠢ᠂ ᠨᠠᠮ᠎ᠤᠨ ᠲᠦᠷᠤ ᠪᠠᠷᠢᠬᠤ ᠡᠷᠡᠰ ᠪᠠᠳᠤ ᠲᠡᠮᠵᠢᠭ᠌ᠴᠢ᠂ ᠰᠤᠷᠤᠬ᠍ᠴᠢ᠎ᠶ᠋ᠢᠨ ᠡᠷᠡᠬᠦᠯ᠎ᠢᠶᠠᠷ ᠦᠰᠤᠨ ᠪᠤᠢᠵᠢᠬᠤ ᠵᠢᠭᠤᠯᠤᠳᠤᠬ᠍ᠴᠢ ᠪᠤᠯᠤᠨ ᠵᠠᠮᠴᠢᠯᠠᠬ᠍ᠴᠢ ᠪᠤᠯᠵᠤ᠂ ᠨᠠᠮ᠎ᠤᠨ ᠲᠦᠪ ᠬᠤᠷᠢᠶᠠᠨ᠎ᠤ ᠨᠢᠬᠡᠳᠤᠯᠳᠠᠢ ᠨᠠᠢᠷᠠᠭᠤᠯᠤᠬ᠍ᠰᠠᠨ ᠵᠢᠭᠠᠬᠤ ᠮᠠᠲ᠋ᠧᠷᠢᠶᠠᠯ᠎ᠢ ᠳᠡᠯᠭᠡᠷᠡᠬᠦᠯᠦᠨ ᠠᠬᠢᠭᠤᠯᠬᠤ᠂ ᠤᠯᠤᠰ᠎ᠤᠨ ᠨᠡᠢᠳᠡᠮ ᠭᠡᠷᠡᠭ᠌ᠯᠡᠬᠦ᠌ ᠦᠬᠡ ᠬᠡᠯᠡ ᠦᠰᠦᠭ ᠪᠢᠴᠢᠭ᠎ᠤᠨ ᠰᠤᠷᠭᠠᠨ ᠬᠦᠮᠤᠵᠢᠯ᠎ᠢ ᠪᠦᠬᠦ᠌ ᠲᠠᠯ᠎ᠠ᠎ᠪᠠᠷ ᠴᠢᠩᠭᠠᠳᠭᠠᠬᠤ ᠲᠤᠬᠠᠢ ᠴᠢᠬᠤᠯᠠ ᠱᠢᠢᠳᠪᠤᠷᠢᠳᠤ ᠪᠤᠳᠤᠯᠭ᠎ᠠ ᠪᠠᠢᠷᠢᠯᠠᠭᠤᠯᠤᠯᠳᠠ᠎ᠶ᠋ᠢ ᠡᠷᠡᠰ ᠭᠤᠢᠪᠢᠰᠢ ᠦᠬᠡᠢ᠎ᠪᠠᠷ ᠪᠤᠳᠠᠳᠠᠢ ᠨᠠᠢᠳᠠᠪᠤᠷᠢᠵᠢᠭᠤᠯᠬᠤ ᠭᠡᠷᠡᠭ᠌ᠳᠠᠢ᠃ ᠡᠬᠦᠨ᠎ᠤ ᠬᠠᠮᠳᠤ᠂ ᠠᠷᠠᠳ ᠲᠦᠮᠡᠨ᠎ᠤ ᠬᠦᠨᠳᠤ ᠬᠦᠰᠡᠯ ᠨᠠᠢᠳᠠᠯᠭ᠎ᠠ᠎ᠶ᠋ᠢ ᠬᠦᠰᠡᠷᠳᠡᠬᠦᠯᠬᠦ᠌ ᠦᠬᠡᠢ᠎ᠪᠠᠷ᠂ 《ᠲᠦᠷᠪᠡᠨ ᠪᠠᠢᠬᠤ》 ᠰᠠᠢᠨ ᠪᠠᠭ᠍ᠰᠢ ᠪᠤᠯᠬᠤ᠎ᠪᠠᠷ ᠴᠢᠷᠮᠠᠢᠵᠤ᠂ 《ᠶᠠᠮᠠᠷ ᠬᠦᠮᠤᠨ᠎ᠢ ᠬᠦᠮᠤᠵᠢᠬᠦᠯᠬᠦ᠂ ᠶᠠᠭᠠᠬᠢᠵᠤ ᠬᠦᠮᠤᠨ᠎ᠢ ᠬᠦᠮᠤᠵᠢᠬᠦᠯᠬᠦ᠂ ᠬᠡᠨ᠎ᠤ ᠲᠦᠯᠤᠬᠡ ᠬᠦᠮᠤᠵᠢᠬᠦᠯᠬᠦ᠌》 ᠡᠨᠡ ᠬᠦ᠌ ᠦᠨᠳᠤᠰᠤᠨ ᠠᠰᠠᠭᠤᠳᠠᠯ᠎ᠤᠨ ᠲᠤᠭᠤᠷᠢᠨ᠎ᠳᠤ᠂ ᠳᠤᠮᠳᠠᠳᠤ᠎ᠶ᠋ᠢᠨ ᠦᠨᠳᠤᠰᠤᠳᠠᠨ᠎ᠤ ᠬᠠᠮᠳᠤ ᠴᠤᠬ᠍ᠴᠠ᠎ᠶ᠋ᠢᠨ ᠤᠬᠠᠮᠰᠠᠷ᠎ᠢ ᠪᠠᠳᠤ ᠴᠤᠬ᠍ᠴᠠᠯᠠᠬᠤ ᠡᠨᠡ ᠬᠦ᠌ ᠢᠯᠠ ᠳᠤᠳᠤᠷᠬᠠᠢ ᠭᠤᠤᠯ ᠱᠢᠵᠢᠮ᠎ᠢ ᠰᠤᠶᠤᠯ ᠮᠡᠳᠡᠯᠬᠡ᠎ᠶ᠋ᠢᠨ ᠬᠦᠮᠤᠵᠢᠯ᠂ ᠦᠵᠡᠯ ᠰᠠᠨᠠᠭ᠎ᠠ ᠶᠤᠰᠤ ᠮᠤᠷᠠᠯ᠎ᠤᠨ ᠬᠦᠮᠤᠵᠢᠯ᠂ ᠨᠡᠢᠬᠡᠮ᠎ᠤᠨ ᠤᠢ᠍ᠢᠯᠡᠳᠤᠯᠬᠡ᠎ᠶ᠋ᠢᠨ ᠬᠦᠮᠤᠵᠢᠯ᠎ᠤᠨ ᠡᠯ᠎ᠠ ᠭᠤᠬ᠍ᠴᠤᠭ᠎ᠠ ᠪᠦᠬᠦ᠌ ᠶᠠᠪᠤᠴᠠ᠎ᠳᠤ ᠠᠭᠤᠰᠤᠯᠴᠠᠭᠤᠯᠵᠤ᠂ ᠤᠯᠤᠰ᠎ᠲᠤ ᠶᠤᠰᠤ ᠮᠤᠷᠠᠯ ᠤᠶᠤᠨ ᠤᠬᠠᠭᠠᠨ ᠪᠠᠶ᠎ᠠ ᠮᠠᠬᠠᠪᠤᠳ ᠭᠤᠸ᠎ᠠ ᠰᠠᠢᠬᠠᠨ ᠬᠦᠳᠡᠯᠮᠤᠷᠢ ᠪᠦᠬᠦ᠌ ᠲᠠᠯ᠎ᠠ᠎ᠪᠠᠷ ᠬᠦᠭ᠌ᠵᠢᠭ᠌ᠰᠡᠨ᠂ ᠴᠠᠭ ᠦᠶ᠎ᠠ᠎ᠶ᠋ᠢᠨ ᠬᠦᠨᠳᠤ ᠡᠬᠦᠷᠬᠡ᠎ᠶ᠋ᠢ ᠵᠤᠷᠢᠬ᠍ᠳᠠᠢ ᠡᠬᠦᠷᠬᠡᠯᠡᠬᠦ᠌ ᠨᠡᠢᠬᠡᠮ ᠵᠢᠷᠤᠮ᠎ᠤᠨ ᠪᠦᠳᠤᠬᠡᠨ ᠪᠠᠢᠭᠤᠯᠤᠬ᠍ᠴᠢ ᠪᠤᠯᠤᠨ ᠵᠠᠯᠭᠠᠮᠵᠢᠯᠠᠬ᠍ᠴᠢ᠎ᠶ᠋ᠢ ᠴᠢᠷᠮᠠᠢᠨ ᠬᠦᠮᠤᠵᠢᠬᠦᠯᠬᠦ᠌ ᠭᠡᠷᠡᠭ᠌ᠳᠠᠢ᠃ 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号